ᠨᠢᠭᠡ᠂ ᠮᠡᠷᠭᠡᠵᠢᠯ ᠤᠨ ᠳᠠᠪᠠᠭᠤᠯᠢᠭ | ᠨᠡᠷᠡᠨ ᠬᠤᠸᠠᠷ ᠤᠨ ᠲᠠᠪᠠᠭ ᠢ ᠬᠠᠳᠬᠤᠵᠤ ᠬᠠᠲᠠᠭᠠᠬᠤ ᠮᠡᠷᠭᠡᠵᠢᠯ ᠪᠣᠯ ᠣᠭᠲᠣᠯᠵᠤ ᠠᠪᠤᠭᠰᠠᠨ ᠨᠡᠷᠡᠨ | ᠬᠤᠸᠠᠷ ᠤᠨ ᠲᠠᠪᠠᠭ ᠢᠶᠠᠨ ᠡᠰᠢᠨ ᠳᠡᠭᠡᠷ᠎ᠡ ᠬᠠᠳᠬᠤᠵᠤ᠂ ᠨᠡᠷᠡᠨ ᠤ ᠭᠡᠷᠡᠯ ᠳᠣᠣᠷ᠎ᠠ ᠬᠠᠲᠠᠭᠠᠬᠤ ᠨᠢᠭᠡ ᠵᠦᠢᠯ ᠤᠨ | ᠬᠡᠷᠡᠭᠯᠡᠭᠡᠨ ᠤ ᠮᠡᠷᠭᠡᠵᠢᠯ ᠪᠣᠯᠣᠨ᠎ᠠ᠃ ᠲᠣᠰ ᠮᠡᠷᠭᠡᠵᠢᠯ ᠤᠨ ᠬᠠᠲᠠᠭᠠᠬᠤ ᠠᠰᠢᠭᠯᠠᠮᠵᠢ ᠨᠢ ᠥᠨᠳᠥᠷ᠂ ᠬᠠᠲᠠᠭᠠᠬᠤ | ᠦᠷ᠎ᠡ ᠪᠦᠲᠦᠭᠡᠯ ᠨᠢ ᠰᠠᠶᠢᠨ᠂ ᠥᠪᠡᠷ ᠤᠨ ᠥᠷᠲᠡᠭ ᠢ ᠨᠢ ᠪᠠᠭᠤᠷᠠᠭᠤᠯᠵᠤ ᠴᠢᠳᠠᠬᠤ ᠮᠥᠷᠲᠡᠭᠡᠨ ᠴᠢᠨᠠᠷ | ᠴᠢᠨᠰᠠᠭ᠎ᠠ ᠶᠢ ᠨᠢ ᠬᠠᠮᠠᠭᠠᠯᠠᠵᠤ ᠴᠢᠳᠠᠬᠤ ᠶᠢᠨ ᠬᠠᠮᠲᠤ ᠬᠡᠷᠡᠭᠯᠡᠬᠦ ᠳᠤ ᠲᠥᠬᠦᠮ ᠪᠣᠯᠬᠤᠷ ᠳᠡᠯᠭᠡᠷᠡᠭᠦᠯᠦᠨ ᠬᠡᠷᠡᠭᠯᠡᠵᠦ | ᠪᠣᠯᠣᠨ᠎ᠠ᠃ | ᠬᠤᠶᠠᠷ᠂ ᠲᠠᠪᠠᠭ ᠢ ᠬᠠᠳᠬᠤᠬᠤ ᠬᠤᠭᠤᠴᠠᠭ᠎ᠠ | ᠢᠳᠡᠰᠢᠨ ᠤ ᠨᠡᠷᠡᠨ ᠬᠤᠸᠠᠷ ᠤᠨ ᠲᠠᠪᠠᠭ ᠤᠨ ᠠᠷᠤ ᠲᠠᠯ᠎ᠠ ᠨᠢ ᠰᠢᠷᠠᠯᠠᠵᠤ᠂ ᠴᠡᠴᠡᠭ ᠤᠨ ᠲᠠᠪᠠᠭ ᠤᠨ | ᠬᠥᠪᠡᠭᠡ ᠨᠢ ᠵᠢᠭᠠᠬᠠᠨ ᠨᠣᠭᠤᠭᠠᠨ᠂ ᠬᠡᠯᠡ ᠬᠡᠯᠪᠡᠷᠢᠲᠦ ᠴᠡᠴᠡᠭ ᠤᠨ ᠬᠡᠯᠲᠡᠰ ᠨᠢ ᠦᠬᠦᠰᠢᠷᠡᠨ ᠬᠤᠪᠠᠭ᠋ᠠᠶᠢᠷᠠᠬᠤ ᠪᠤᠶᠤ | ᠬᠠᠳᠠᠵᠤ᠂ ᠪᠠᠭᠯᠠᠭᠴᠢ ᠨᠠᠪᠴᠢ ᠨᠢ ᠰᠢᠷᠠᠯᠠᠵᠤ᠂ ᠨᠠᠪᠴᠢᠨ ᠢᠯᠳᠠᠰᠤ ᠨᠢ ᠰᠢᠷᠠᠯᠠᠨ ᠨᠣᠭᠤᠭᠠᠷᠠᠬᠤ ᠪᠤᠶᠤ ᠰᠢᠷᠠᠯᠠᠨ | ᠤᠨᠵᠢᠢᠵᠤ᠂ ᠵᠢᠮᠢᠰ ᠤᠨ ᠬᠠᠯᠢᠰᠤ ᠨᠢ ᠬᠠᠲᠠᠭᠤ ᠪᠣᠯᠪᠠᠯ ᠳᠠᠷᠤᠢ ᠲᠠᠪᠠᠭ ᠢ ᠨᠢ ᠬᠠᠳᠬᠤᠨ ᠬᠠᠳᠠᠭᠠᠵᠤ ᠪᠣᠯᠤᠨ᠎ᠠ᠃ | ᠭᠤᠷᠪᠠ᠂ ᠠᠵᠢᠯᠯᠠᠬᠤ ᠠᠷᠭ᠎ᠠ ︽ᠬᠤᠶᠠᠷ ᠣᠭᠲᠣᠯᠵᠤ ᠨᠢᠭᠡ ᠬᠠᠳᠬᠤᠬᠤ︾ ᠠᠷᠭ᠎ᠠ ᠪᠠᠷ ᠲᠠᠪᠠᠭ ᠢ ᠨᠢ | ᠬᠠᠳᠬᠤᠵᠤ ᠬᠠᠲᠠᠭᠠᠨ᠎ᠠ᠂ ᠪᠣᠳᠠᠲᠠᠢ ᠬᠢᠬᠦ ᠠᠷᠭ᠎ᠠ ᠨᠢ ᠳᠣᠣᠷᠠᠬᠢ ᠮᠡᠲᠦ᠄ | 1. ᠨᠢᠭᠡᠳᠦᠭᠡᠷ ᠣᠭᠲᠣᠯᠣᠯ ᠨᠢ ᠴᠡᠴᠡᠭ ᠤᠨ ᠲᠠᠪᠠᠭ ᠢ ᠣᠭᠲᠣᠯᠣᠨ ᠠᠪᠴᠤ᠂ ᠬᠤᠶᠠᠳᠤᠭᠠᠷ ᠣᠭᠲᠣᠯᠣᠯ ᠨᠢ | 80 ᠰᠠᠨᠲ᠋ᠢᠮᠧᠳ᠋ᠷ ᠣᠷᠴᠢᠮ ᠤᠨ ᠥᠨᠳᠥᠷ ᠤᠨ ᠬᠡᠮᠵᠢᠶ᠎ᠡ ᠪᠠᠷ ᠡᠰᠢ ᠶᠢ ᠨᠢ ᠲᠠᠰᠢᠭᠤ ᠣᠭᠲᠣᠯᠵᠤ᠂ ᠲᠠᠪᠠᠭ ᠤᠨ | ᠭᠠᠳᠠᠷᠭᠤ ᠶᠢ ᠡᠮᠦᠨᠡᠰᠢ ᠵᠢᠰᠢᠭᠦᠦ ᠳᠡᠭᠡᠭᠰᠢ ᠬᠠᠨᠳᠤᠭᠤᠯᠤᠨ ᠵᠣᠷᠭᠤᠵᠤ ᠲᠠᠯᠪᠢᠭᠰᠠᠨ ᠡᠰᠢ ᠶᠢᠨ ᠳᠡᠭᠡᠷ᠎ᠡ ᠬᠠᠳᠬᠤᠵᠤ᠂ | ᠴᠡᠴᠡᠭ ᠤᠨ ᠲᠠᠪᠠᠭ ᠢ ᠭᠠᠵᠠᠷ ᠤᠨ ᠭᠠᠳᠠᠷᠭᠤ ᠲᠠᠢ 45 ᠭᠷᠡᠳᠦ᠋ᠰ ᠤᠨ ᠥᠨᠴᠥᠭ ᠲᠠᠢ ᠪᠠᠶᠢᠯᠭᠠᠨ᠎ᠠ᠃ | 2. ᠴᠡᠴᠡᠭ ᠤᠨ ᠲᠠᠪᠠᠭ ᠢ ᠬᠠᠳᠬᠤᠭᠰᠠᠨ ᠤ ᠳᠠᠷᠠᠭ᠎ᠠ ᠴᠠᠭ ᠠᠭᠤᠷ ᠤᠨ ᠪᠠᠶᠢᠳᠠᠯ ᠢ ᠦᠵᠡᠵᠦ 7~10 | ᠡᠳᠦᠷ ᠨᠡᠷᠡᠨ ᠳᠤ ᠡᠭᠡᠭᠡᠵᠦ᠂ ᠮᠥᠬᠦᠯᠢᠭ ᠤᠨ ᠤᠰᠤᠨ ᠤ ᠠᠭᠤᠯᠤᠭᠳᠠᠴᠠ ᠨᠢ 15% ᠠᠴᠠ ᠳᠣᠷᠣᠭᠰᠢ ᠪᠣᠯᠬᠤ | ᠦᠶ᠎ᠡ ᠳᠤ ᠲᠠᠪᠠᠭ ᠢᠶᠠᠨ ᠬᠤᠷᠢᠶᠠᠵᠤ᠂ ᠮᠦᠯᠢᠭᠦᠨᠡ᠃ | 3. ᠲᠤᠬᠠᠢ ᠶᠢᠨ ᠭᠠᠵᠠᠷ ᠤᠨ ᠪᠠᠶᠢᠳᠠᠯ ᠢ ᠦᠨᠳᠦᠰᠦᠯᠡᠨ᠂ ᠲᠣᠮᠣ ᠬᠡᠯᠪᠡᠷᠢ ᠶᠢᠨ ᠪᠤᠶᠤ ᠵᠢᠵᠢᠭ ᠬᠡᠯᠪᠡᠷᠢ ᠶᠢᠨ | ᠮᠥᠯᠢᠬᠦ ᠮᠠᠰᠢᠨ ᠢ ᠰᠣᠩᠭᠤᠨ ᠮᠥᠯᠢᠵᠦ᠂ ᠬᠥᠮᠥᠨ ᠤ ᠬᠦᠴᠦ ᠪᠠᠷ ᠬᠠᠪᠰᠤᠷᠤᠨ ᠬᠤᠷᠢᠶᠠᠬᠤ ᠪᠠ ᠮᠠᠲ᠋ᠧᠷᠢᠶᠠᠯ | ᠣᠷᠤᠭᠤᠯᠤᠨ᠎ᠠ᠃ | ᠳᠥᠷᠪᠡ᠂ ᠠᠩᠬᠠᠷᠬᠤ ᠵᠦᠢᠯ | 1. ᠬᠤᠭ ᠡᠪᠡᠰᠦ ᠶᠢ ᠠᠷᠢᠯᠭᠠᠬᠤ᠃ ᠮᠥᠯᠢᠬᠦ ᠮᠠᠰᠢᠨ ᠢᠶᠠᠷ ᠠᠵᠢᠯᠯᠠᠬᠤ ᠳᠠᠭᠠᠨ ᠬᠥᠬᠡ ᠳᠡᠯᠳᠡᠦ᠂ ᠵᠠᠩᠭᠤᠤ | ᠵᠡᠷᠭᠡ ᠬᠤᠭ ᠡᠪᠡᠰᠦ ᠶᠢ ᠵᠠᠶᠢᠯᠠᠭᠤᠯᠬᠤ ᠪᠤᠶᠤ ᠠᠷᠢᠯᠭᠠᠬᠤ ᠶᠢ ᠠᠩᠬᠠᠷᠴᠤ᠂ ᠨᠡᠷᠡᠨ ᠬᠤᠸᠠᠷ ᠲᠤ ᠬᠤᠯᠢᠯᠳᠤᠨ | ᠣᠷᠣᠵᠤ ᠦᠷ᠎ᠡ ᠶᠢᠨ ᠲᠠᠸᠠᠷ ᠤᠨ ᠴᠢᠨᠠᠷ ᠴᠢᠨᠰᠠᠭ᠎ᠠ ᠶᠢ ᠨᠥᠯᠥᠭᠡᠯᠡᠬᠦ ᠠᠴᠠ ᠰᠡᠷᠭᠡᠶᠢᠯᠡᠬᠦ ᠬᠡᠷᠡᠭᠲᠡᠢ᠃ | 2. ᠬᠡᠪ ᠤᠨ ᠪᠤᠰᠤ ᠴᠡᠴᠡᠭ ᠤᠨ ᠲᠠᠪᠠᠭ᠃ ᠬᠤᠷᠢᠶᠠᠬᠤ ᠶᠠᠪᠤᠴᠠ ᠳᠤ ᠭᠠᠵᠠᠷ ᠤᠨᠠᠭᠰᠠᠨ᠂ ᠡᠪᠡᠳᠴᠢᠨ ᠤ | ᠬᠤᠣᠷ ᠬᠥᠨᠥᠭᠡᠯ ᠤᠨ ᠸᠠᠯᠠᠵᠤ ᠢᠯᠵᠢᠷᠡᠭᠰᠡᠨ ᠲᠠᠪᠠᠭ᠂ ᠬᠤᠯᠢᠮᠠᠭ ᠲᠠᠪᠠᠭ ᠢ ᠠᠷᠢᠯᠭᠠᠬᠤ ᠶᠢ ᠠᠩᠬᠠᠷᠴᠤ᠂ ᠸᠠᠯᠠᠭᠰᠠᠨ | ᠦᠷ᠎ᠡ ᠪᠠ ᠣᠨᠳᠣᠣ ᠲᠦᠷᠦᠯ ᠤᠨ ᠦᠷ᠎ᠡ ᠶᠢ ᠬᠤᠯᠢᠯᠳᠤᠭᠤᠯᠤᠨ ᠣᠷᠤᠭᠤᠯᠣᠭᠰᠠᠨ ᠠᠴᠠ ᠲᠠᠸᠠᠷ ᠤᠨ ᠴᠢᠨᠠᠷ | ᠴᠢᠨᠰᠠᠭ᠎ᠠ ᠶᠢ ᠪᠠᠭᠤᠷᠠᠭᠤᠯᠤᠨ᠂ ᠪᠣᠷᠣᠯᠠᠭᠤᠯᠬᠤ ᠦᠨ᠎ᠡ ᠶᠢ ᠨᠥᠯᠥᠭᠡᠯᠡᠬᠦ ᠠᠴᠠ ᠵᠠᠶᠢᠯᠠᠰᠬᠢᠬᠦ ᠬᠡᠷᠡᠭᠲᠡᠢ᠃ | 3. ᠬᠤᠷᠢᠶᠠᠨ ᠠᠪᠤᠭᠰᠠᠨ ᠤ ᠳᠠᠷᠠᠭᠠᠬᠢ ᠲᠠᠷᠢᠶᠠᠨ ᠭᠠᠵᠠᠷ ᠢ ᠴᠡᠪᠡᠷᠯᠡᠬᠦ᠃ ᠴᠡᠴᠡᠭ ᠤᠨ ᠲᠠᠪᠠᠭ ᠢ | ᠬᠤᠷᠢᠶᠠᠭᠰᠠᠨ ᠤ ᠳᠠᠷᠠᠭ᠎ᠠ᠂ ᠲᠠᠷᠢᠶᠠᠨ ᠭᠠᠵᠠᠷ ᠤᠨ ᠡᠰᠢ ᠰᠦᠷᠡᠯ ᠪᠠ ᠦᠯᠡᠳᠡᠭᠳᠡᠯ ᠪᠦᠷᠬᠦᠪᠴᠢ ᠶᠢ ᠴᠠᠭ | ᠲᠤᠬᠠᠢ ᠳᠤᠨᠢ ᠴᠡᠪᠡᠷᠯᠡᠵᠦ᠂ ᠡᠪᠦᠯᠵᠢᠬᠦ ᠡᠪᠡᠳᠴᠢᠨ ᠬᠤᠷᠣᠬᠠᠢ ᠶᠢᠨ ᠰᠠᠭᠤᠷᠢ ᠲᠤᠭ᠎ᠠ ᠶᠢ ᠳᠣᠷᠣᠭᠰᠢᠯᠠᠭᠤᠯᠬᠤ | ᠬᠡᠷᠡᠭᠲᠡᠢ᠃ |