| | | | ᠡᠯᠢᠭᠡ ᠶᠢᠨ ᠦᠨᠳᠦᠰᠦᠨ ᠴᠢᠳᠠᠪᠬᠢ ᠨᠢ ᠳᠠᠷᠤᠢ ᠬᠤᠣᠷ ᠢ ᠲᠠᠶᠢᠯᠬᠤ ᠶᠠᠪᠤᠳᠠᠯ ᠪᠣᠯᠣᠨ᠎ᠠ᠂ ᠡᠯᠢᠭᠡ ᠨᠢ | ᠬᠥᠮᠥᠨ ᠤ ᠪᠡᠶ᠎ᠡ ᠶᠢᠨ ᠳᠣᠲᠣᠭᠠᠳᠤ ᠵᠣᠬᠢᠴᠠᠭᠤᠯᠭ᠎ᠠ ᠶᠢᠨ ᠠᠵᠢᠯᠯᠠᠭ᠎ᠠ ᠳᠤ ᠢᠳᠡᠪᠬᠢᠲᠡᠢ ᠣᠷᠣᠯᠴᠠᠳᠠᠭ᠃ ᠡᠯᠢᠭᠡ ᠶᠢ | ᠬᠠᠪᠰᠤᠷᠤᠨ ᠬᠤᠣᠷ ᠢ ᠲᠠᠶᠢᠯᠳᠠᠭ ᠢᠳᠠᠭᠡᠨ ᠤ ᠵᠦᠢᠯ ᠤᠯᠠᠨ ᠪᠠᠶᠢᠳᠠᠭ᠂ ᠲᠠᠭᠢᠪᠠᠯ ᠬᠥᠮᠥᠰ ᠪᠠᠰᠠ ︽ᠡᠯᠢᠭᠡ | ᠰᠠᠶᠢᠨ ᠪᠣᠯ ᠨᠢᠳᠦ ᠴᠤᠭ ᠲᠠᠢ︾ ᠭᠡᠵᠦ ᠶᠠᠷᠢᠳᠠᠭ᠃ ᠡᠯᠢᠭᠡ ᠡᠷᠡᠭᠦᠯ ᠪᠣᠯ ᠰᠠᠶ᠋ᠢ ᠲᠤᠨᠤᠷᠠᠭᠰᠠᠨ ᠰᠠᠶᠢᠬᠠᠨ ᠨᠢᠳᠦ | ᠲᠠᠢ ᠪᠠᠶᠢᠵᠤ ᠴᠢᠳᠠᠨ᠎ᠠ᠃ | ᠡᠯᠢᠭᠡᠨ ᠤ ᠬᠤᠣᠷ ᠢ ᠲᠠᠶᠢᠯᠬᠤ ᠴᠢᠬᠤᠯᠠ ᠲᠠᠢ ᠪᠣᠯᠤᠭᠰᠠᠨ ᠤ ᠢᠯᠡᠷᠡᠯ᠄ | 1. ᠬᠢᠮᠤᠰᠤᠨ ᠲᠣᠯᠢ ᠳᠡᠭᠡᠷ᠎ᠡ ᠭᠦᠳᠦᠭᠦᠷ ᠰᠤᠳᠠᠰᠤ ᠭᠠᠷᠬᠤ ᠡᠰᠡᠪᠡᠯ ᠬᠢᠮᠤᠰᠤ ᠳᠣᠲᠣᠭᠰᠢ ᠪᠠᠨ ᠬᠤᠲᠣᠶᠢᠨᠠ᠃ | ᠬᠢᠲᠠᠳ ᠡᠮᠨᠠᠯᠭᠡ ᠳᠤ ︽ᠡᠯᠢᠭᠡ ᠰᠢᠷᠪᠦᠰᠦ ᠶᠢ ᠲᠥᠯᠵᠢᠭᠦᠯᠦᠨᠡ︾ ᠭᠡᠵᠦ ᠦᠵᠡᠨ᠂ ᠬᠢᠮᠤᠰᠤ ᠨᠢ ᠰᠢᠷᠪᠦᠰᠦ ᠳᠤ | ᠪᠠᠭᠲᠠᠳᠠᠭ ᠪᠣᠯᠬᠤᠷ ᠡᠯᠢᠭᠡ ᠬᠤᠣᠷ ᠢᠶᠠᠨ ᠲᠡᠶᠢᠯᠵᠤ ᠲᠡᠶᠢᠯᠭᠦ ᠦᠭᠡᠢ ᠪᠣᠯᠪᠠᠯ ᠬᠢᠮᠤᠰᠤᠨ ᠳᠤ ᠢᠯᠡᠷᠬᠡᠢ ᠰᠢᠨᠵᠢ | ᠲᠡᠮᠳᠡᠭ ᠭᠠᠷᠲᠠᠬ᠃ | 2. ᠬᠥᠬᠦᠨ ᠤ ᠪᠤᠯᠴᠢᠷᠬᠠᠢ ᠴᠢᠨᠦᠷᠡᠵᠦ᠂ ᠰᠠᠷ᠎ᠠ ᠶᠢᠨ ᠭᠬᠢᠷ ᠢᠷᠡᠬᠦ ᠠᠴᠠ ᠡᠮᠦᠨ᠎ᠡ ᠪᠤᠯᠴᠢᠷᠬᠠᠢ ᠴᠢᠨᠦᠷᠡᠵᠦ | ᠡᠪᠡᠳᠬᠦ ᠪᠠᠶᠢᠳᠠᠯ ᠢᠯᠡᠷᠬᠡᠢ ᠨᠡᠮᠡᠭᠳᠡᠨ᠎ᠡ᠃ ᠬᠥᠬᠦᠨ ᠪᠤᠯᠴᠢᠷᠬᠠᠢ ᠨᠢ ᠡᠯᠢᠭᠡᠨ ᠰᠤᠳᠠᠯ ᠤᠨ ᠡᠷᠭᠢᠯᠲᠡ ᠶᠢᠨ ᠵᠠᠮ | ᠳᠡᠭᠡᠷᠡᠬᠢ ᠴᠢᠬᠤᠯᠠ ᠬᠦᠢᠰᠦ ᠦᠷᠳᠡᠭᠡ ᠪᠠᠶᠢᠵᠤ᠂ ᠡᠯᠢᠭᠡᠨ ᠬᠤᠣᠷ ᠢᠶᠠᠨ ᠲᠡᠶᠢᠯᠵᠤ ᠲᠡᠶᠢᠯᠭᠦ ᠦᠭᠡᠢ ᠪᠣᠯᠪᠠᠯ | ᠳᠣᠣᠷ᠎ᠠ ᠨᠢ ᠬᠥᠬᠦᠨ ᠪᠤᠯᠴᠢᠷᠬᠠᠢ ᠴᠢᠨᠦᠷᠡᠬᠦ ᠢᠯᠡᠷᠡᠯ ᠭᠠᠷᠳᠠᠭ᠂ ᠣᠨᠴᠠᠭᠠᠶᠢᠯᠠᠨ ᠭᠬᠢᠷ ᠢᠷᠡᠬᠦ ᠪᠤᠯᠬᠤ ᠳᠤ ᠴᠢᠰᠤ ᠬᠡᠢ | ᠬᠥᠭᠡᠷᠦᠨ᠂ ᠬᠥᠬᠦᠨ ᠪᠤᠯᠴᠢᠷᠬᠠᠢ ᠴᠢᠨᠦᠷᠡᠵᠦ ᠡᠪᠡᠳᠬᠦ ᠪᠠᠶᠢᠳᠠᠯ ᠭᠠᠷᠳᠠᠭ᠃ | 3. ᠭᠠᠩᠰᠠᠷᠠᠬᠤ ᠪᠠᠶᠢᠳᠠᠯ ᠳᠤ ᠠᠮᠠᠷᠬᠠᠨ ᠣᠷᠣᠳᠠᠭ᠃ ᠡᠯᠢᠭᠡ ᠪᠣᠯ ᠪᠡᠶ᠎ᠡ ᠶᠢᠨ ᠳᠣᠲᠣᠭᠠᠳᠤ ᠶᠢᠨ ᠰᠡᠳᠬᠢᠯ ᠤᠨ | ᠬᠥᠳᠡᠯᠭᠡᠭᠡᠨ ᠢ ᠵᠣᠬᠢᠴᠠᠭᠤᠯᠳᠠᠭ ᠡᠷᠬᠡᠲᠡᠨ ᠪᠣᠯᠣᠨ᠎ᠠ᠃ ᠡᠯᠢᠭᠡᠨ ᠬᠤᠣᠷ ᠴᠠᠭ ᠲᠠᠭᠠᠨ ᠭᠠᠳᠠᠭᠰᠢᠯᠠᠵᠤ ᠲᠠᠶᠢᠯᠭᠦ | ᠦᠭᠡᠢ᠂ ᠬᠡᠢ ᠶᠢᠨ ᠵᠠᠮ ᠢ ᠪᠥᠭᠯᠡᠬᠦ ᠳᠤ ᠭᠦᠷᠪᠠᠯ ᠤᠷᠮ᠎ᠠ ᠰᠡᠳᠬᠢᠯᠭᠡ ᠳᠣᠣᠷ᠎ᠠ ᠪᠠᠶᠢᠳᠠᠯ ᠢ ᠪᠤᠢ ᠪᠣᠯᠭᠠᠳᠠᠭ᠃ | 4. ᠲᠠᠯ᠎ᠠ ᠲᠣᠯᠣᠭᠠᠢ ᠡᠪᠡᠳᠬᠦ᠂ ᠬᠠᠴᠠᠷ ᠤᠨ ᠬᠤᠶᠠᠷ ᠲᠠᠯ᠎ᠠ ᠪᠠᠷᠳᠠᠭᠡᠷ ᠰᠡᠪᠬᠡ ᠭᠠᠷᠴᠤ᠂ ᠰᠠᠷ᠎ᠠ ᠶᠢᠨ ᠭᠬᠢᠷ ᠤᠨ | ᠡᠪᠡᠷᠰᠢᠶᠡᠯ ᠢᠯᠡᠷᠡᠳᠡᠭ᠃ ᠬᠤᠶᠠᠷ ᠬᠠᠴᠠᠷ ᠪᠠ ᠳᠠᠪᠤᠰᠠᠩ ᠤᠨ ᠬᠡᠰᠡᠭ ᠪᠣᠯ ᠡᠯᠢᠭᠡ ᠪᠣᠯᠣᠨ ᠰᠥᠰᠥᠨ ᠤ ᠬᠠᠷᠢᠶ᠎ᠠ | ᠭᠠᠵᠠᠷ ᠪᠣᠯᠣᠨ᠎ᠠ᠂ ᠲᠠᠶᠢᠮᠤ ᠠᠴᠠ ᠡᠯᠢᠭᠡ ᠰᠥᠰᠥ ᠡᠪ ᠦᠭᠡᠢ ᠪᠣᠯᠪᠠᠯ ᠬᠠᠮᠤᠭ ᠤᠨ ᠲᠡᠷᠢᠭᠦᠨ ᠳᠤ ᠲᠤᠰᠬᠠᠯ | ᠭᠠᠷᠳᠠᠭ᠃ | ᠡᠯᠢᠭᠡᠨ ᠤ ᠬᠤᠣᠷ ᠢ ᠲᠠᠶᠢᠯᠬᠤ ᠠᠷᠭ᠎ᠠ᠄ | 1. ᠬᠥᠬᠡ ᠥᠩᠭᠡ ᠶᠢᠨ ᠢᠳᠠᠭᠡᠨ ᠢ ᠢᠳᠡᠨ᠎ᠡ᠃ ᠬᠢᠲᠠᠳ ᠡᠮᠨᠠᠯᠭᠡ ᠶᠢᠨ ᠲᠠᠪᠤᠨ ᠮᠠᠬᠠᠪᠤᠳ ᠤᠨ ᠤᠨᠤᠯ ᠢ | ᠦᠨᠳᠦᠰᠦᠯᠡᠪᠡᠯ᠂ ᠬᠥᠬᠡ ᠥᠩᠭᠡ ᠶᠢᠨ ᠢᠳᠠᠭᠡᠨ ᠨᠢ ᠡᠯᠢᠭᠡᠨ ᠤ ᠬᠡᠢ ᠶᠢ ᠨᠠᠪᠲᠠᠷᠡᠭᠦᠯᠵᠦ᠂ ᠡᠯᠢᠭᠡ ᠶᠢ | ᠲᠥᠯᠵᠢᠭᠦᠯᠵᠦ᠂ ᠬᠤᠣᠷ ᠢ ᠲᠠᠶᠢᠯᠬᠤ᠂ ᠤᠷᠮ᠎ᠠ ᠰᠡᠳᠬᠢᠯᠭᠡ ᠶᠢ ᠬᠥᠭᠵᠢᠭᠡᠬᠦ ᠦᠢᠯᠡᠳᠦᠯ ᠨᠢ ᠲᠤᠩ ᠰᠠᠶᠢᠨ | ᠪᠠᠶᠢᠵᠤ᠂ ᠡᠯᠢᠭᠡ ᠶᠢ ᠲᠥᠯᠵᠢᠭᠦᠯᠦᠨ ᠬᠤᠣᠷ ᠢ ᠭᠠᠳᠠᠭᠰᠢᠯᠠᠭᠤᠯᠳᠠᠭ ᠢᠳᠠᠭᠡᠨ ᠪᠣᠯᠣᠨ᠎ᠠ᠃ ᠬᠢᠲᠠᠳ ᠡᠮᠴᠢ ᠨᠠᠷ | ᠨᠣᠭᠤᠭᠠᠨ ᠵᠦᠷᠵᠢ ᠶᠢ ᠬᠠᠯᠢᠰᠤ ᠲᠠᠢ ᠪᠠᠷ ᠨᠢ ᠰᠢᠭᠦᠰᠦ ᠶᠢ ᠰᠢᠬᠠᠵᠤ᠂ ᠨᠣᠭᠤᠭᠠᠨ ᠨᠢᠮᠪᠡᠭᠡ ᠶᠢ ᠬᠠᠯᠢᠰᠤ ᠲᠠᠢ ᠪᠠᠷ | ᠨᠢ ᠤᠰᠤᠨ ᠳᠤ ᠳᠡᠪᠲᠦᠭᠡᠵᠦ ᠤᠤᠭᠤᠪᠠᠯ ᠰᠠᠶᠢᠨ ᠭᠡᠵᠦ ᠦᠵᠡᠳᠡᠭ᠃ | 2. ᠴᠢᠨ᠋ᠸ᠎ᠠ ᠶᠢᠨ ᠬᠠᠷᠮᠠᠭ ᠡᠯᠢᠭᠡᠨ ᠤ ᠬᠤᠣᠷ ᠢ ᠲᠠᠶᠢᠯᠬᠤ ᠴᠢᠳᠠᠪᠤᠷᠢ ᠶᠢ ᠳᠡᠭᠡᠭᠰᠢᠯᠡᠭᠦᠯᠳᠡᠭ᠃ ᠴᠢᠨ᠋ᠸ᠎ᠠ ᠶᠢᠨ | ᠬᠠᠷᠮᠠᠭ ᠨᠢ ᠡᠯᠢᠭᠡ ᠶᠢ ᠬᠠᠮᠠᠭᠠᠯᠠᠬᠤ᠂ ᠬᠤᠣᠷᠲᠤ ᠪᠣᠳᠠᠰ ᠤᠨ ᠲᠦᠷᠢᠯᠲᠡ ᠶᠢ ᠳᠠᠭᠠᠭᠠᠬᠤ ᠴᠢᠳᠠᠪᠤᠷᠢ ᠶᠢ | ᠲᠠᠭᠡᠭᠰᠢᠯᠠᠭᠦᠯᠭᠦ ᠦᠢᠯᠡᠳᠦᠯ ᠲᠠᠢ ᠪᠠᠶᠢᠳᠠᠭ᠃ ᠴᠢᠨ᠋ᠸ᠎ᠠ ᠶᠢᠨ ᠬᠠᠷᠮᠠᠭ ᠢ ᠨᠢᠭᠡ ᠡᠳᠦᠷ ᠨᠢᠭᠡ ᠠᠳᠬᠤ ᠢᠳᠡᠵᠦ | ᠰᠠᠶᠢᠨ ᠵᠠᠵᠢᠯᠤᠨ᠎ᠠ᠃ | 3. ᠡᠯᠢᠭᠡᠨ ᠤ ᠬᠤᠣᠷ ᠢ ᠭᠠᠳᠠᠭᠰᠢᠯᠠᠭᠤᠯᠬᠤ ᠪᠠᠯᠴᠢᠷ ᠢ ᠨᠤᠬᠤᠯᠠᠨ᠎ᠠ᠃ ᠲᠠᠷᠠ ᠨᠢ ᠲᠠᠢ ᠴᠦᠡᠭ ᠪᠠᠯᠴᠢᠷ | ᠪᠣᠯᠣᠨ᠎ᠠ᠂ ᠲᠠᠢ ᠴᠦᠡᠭ ᠪᠠᠯᠴᠢᠷ ᠨᠢ ᠬᠥᠯ ᠤᠨ ᠰᠡᠭᠡᠷ ᠳᠡᠭᠡᠷ᠎ᠡ ᠨᠢᠭᠡ ᠬᠤᠶᠠᠳᠤᠭᠠᠷ ᠮᠡᠬᠦᠷᠬᠡᠢ ᠶᠠᠰᠤᠨ ᠤ | ᠠᠭᠤᠯᠵᠠᠷ ᠤᠨ ᠡᠮᠦᠨᠡᠬᠢ ᠬᠤᠩᠬᠤᠷ ᠲᠤ ᠪᠠᠶᠢᠨ᠎ᠠ᠃ ᠡᠷᠡᠬᠡᠢ ᠬᠤᠷᠤᠭᠤ ᠪᠠᠷ ᠢᠶᠠᠨ 3 ~ 5 ᠮᠢᠨᠦ᠋ᠲ ᠬᠥᠩᠭᠡᠨ | ᠨᠤᠬᠤᠯᠠᠵᠤ᠂ ᠴᠢᠨᠦᠷᠡᠬᠦ ᠱᠠᠷᠬᠢᠷᠠᠬᠤ ᠪᠠᠶᠢᠳᠠᠯ ᠭᠠᠷᠪᠠᠯ ᠪᠣᠯᠴᠢᠬᠠᠨ᠎ᠠ᠂ ᠭᠡᠳᠤ ᠬᠦᠴᠦᠯᠡᠵᠦ ᠪᠤᠯᠬᠤ ᠦᠭᠡᠢ᠂ ᠬᠤᠶᠠᠷ | ᠬᠥᠯ ᠢᠶᠠᠨ ᠡᠭᠡᠯᠵᠢᠯᠡᠵᠦ ᠨᠤᠬᠤᠯᠠᠨ᠎ᠠ᠃ | 4. ᠨᠢᠯᠪᠤᠰᠤ ᠪᠠᠷ ᠬᠤᠣᠷ ᠲᠠᠭᠤᠯᠭᠠᠬᠤ ᠠᠷᠭ᠎ᠠ ᠶᠢ ᠬᠡᠷᠡᠭᠯᠡᠨ᠎ᠡ᠃ ᠤᠭᠢᠯᠠᠬᠤ ᠶᠢ ᠮᠡᠳᠡᠳᠡᠭ ᠦᠭᠡᠢ ᠡᠷᠡᠴᠦᠦᠯ | ᠲᠠᠢ ᠬᠠᠷᠢᠭᠤᠴᠠᠪᠠᠯ᠂ ᠪᠦᠰᠡᠭᠦᠶᠢᠴᠦᠦᠯ ᠬᠠᠷᠢᠴᠠᠩᠭᠤᠢ ᠤᠷᠳᠤ ᠨᠠᠰᠤᠯᠠᠳᠠᠭ ᠨᠢ ᠨᠢᠯᠪᠤᠰᠤ ᠲᠠᠢ ᠬᠤᠯᠪᠤᠭ᠎ᠠ ᠲᠠᠢ | ᠭᠡᠳᠡᠭ᠃ ᠨᠢᠯᠪᠤᠰᠤ ᠨᠢ ᠮᠥᠨ ᠨᠢᠭᠡ ᠵᠦᠢᠯ ᠤᠨ ᠭᠠᠳᠠᠭᠰᠢᠯᠠᠭᠤᠯᠤᠯᠲᠠ ᠶᠢᠨ ᠰᠢᠩᠭᠡᠨ ᠪᠣᠯᠬᠤᠷ ᠬᠥᠯᠥᠰᠦ ᠪᠠ | ᠰᠢᠭᠡᠰᠦ ᠲᠠᠢ ᠠᠳᠠᠯᠢ ᠪᠠᠷ ᠬᠥᠮᠥᠨ ᠤ ᠪᠡᠶ᠎ᠡ ᠶᠢᠨ ᠬᠤᠣᠷ ᠢ ᠭᠠᠳᠠᠭᠰᠢᠯᠠᠭᠤᠯᠳᠠᠭ᠃ ᠡᠶᠢᠮᠦ ᠠᠴᠠ ᠵᠣᠪᠠᠭᠰᠠᠨ | ᠦᠶ᠎ᠡ ᠲᠡᠭᠡᠨ᠂ ᠭᠤᠮᠣᠳᠠᠭᠰᠠᠨ ᠦᠶ᠎ᠡ ᠳᠡᠭᠡᠨ᠂ ᠳᠠᠷᠤᠭᠠᠰᠤ ᠶᠡᠬᠡᠳᠡᠭᠰᠡᠨ ᠦᠶ᠎ᠡ ᠳᠡᠭᠡᠨ ᠨᠢᠭᠤᠵᠤ ᠬᠠᠪᠴᠢᠯ ᠦᠭᠡᠢ | ᠤᠭᠢᠯᠠᠴᠢᠬᠠᠬᠤ ᠳᠤ ᠪᠡᠶ᠎ᠡ ᠳᠤ ᠴᠢᠨᠢ ᠮᠠᠭᠤ ᠪᠤᠯᠬᠤ ᠦᠭᠡᠢ᠃ ᠰᠡᠳᠬᠢᠯ ᠲᠤᠬᠳᠤᠯᠤᠭᠤᠯᠤᠬᠰᠠᠨ ᠺᠢᠨᠣ᠋ ᠲᠧᠯᠸᠢᠰ | ᠦᠵᠡᠵᠦ ᠨᠢᠯᠪᠤᠰᠤ ᠤᠷᠤᠰᠬᠠᠬᠤ ᠨᠢ ᠴᠤ ᠬᠤᠣᠷ ᠢ ᠲᠠᠭᠤᠬᠤ ᠰᠠᠶᠢᠨ ᠠᠷᠭ᠎ᠠ ᠪᠣᠯᠣᠨ᠎ᠠ᠃ | 5. ᠪᠡᠯᠭᠡᠲᠦ ᠳᠡᠯᠳᠡᠦ ᠪᠠᠷ ᠡᠯᠢᠭᠡᠨ ᠤ ᠬᠤᠣᠷ ᠢ ᠲᠡᠶᠢᠯᠵᠤ ᠪᠣᠯᠣᠨ᠎ᠠ᠃ ᠪᠡᠯᠭᠡᠲᠦ ᠳᠡᠯᠳᠡᠦ ᠨᠢ ᠡᠯᠢᠭᠡᠨ ᠤ | ᠡᠮ ᠤᠨ ᠵᠦᠢᠯ᠂ ᠬᠤᠣᠷᠲᠤ ᠪᠣᠳᠠᠰ ᠤᠨ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠵᠤ᠂ ᠬᠤᠣᠷᠳᠠᠯᠭ᠎ᠠ ᠠᠴᠠ | ᠪᠣᠯᠤᠭᠰᠠᠨ ᠡᠯᠢᠭᠡᠨ ᠦᠷᠪᠢᠰᠦᠯ ᠳᠤ ᠠᠪᠴᠤ ᠬᠡᠯᠡᠪᠡᠯ᠂ ᠪᠡᠯᠭᠡᠲᠦ ᠳᠡᠯᠳᠡᠦ ᠨᠢ ᠲᠣᠯᠣᠭᠠᠢ ᠡᠷᠭᠢᠬᠦ᠂ ᠲᠠᠮᠢᠷᠳᠠᠬᠤ᠂ | ᠳᠤᠷ᠎ᠠ ᠪᠣᠯᠭᠢᠬᠤ᠂ ᠡᠯᠢᠭᠡᠨ ᠤ ᠡᠮᠵᠡᠭᠯᠡᠯ ᠵᠡᠷᠭᠡ ᠢᠯᠡᠷᠡᠯ ᠢ ᠨᠠᠮᠳᠠᠭᠤᠯᠵᠤ᠂ ᠡᠯᠢᠭᠡᠨ ᠤ ᠴᠢᠳᠠᠪᠬᠢ ᠶᠢ | ᠰᠠᠶᠢᠵᠢᠷᠠᠭᠤᠯᠳᠠᠭ᠃ ᠡᠶᠢᠮᠦ ᠠᠴᠠ ᠪᠡᠯᠭᠡᠲᠦ ᠳᠡᠯᠳᠡᠦ ᠨᠢ ᠤᠳᠠᠭᠠᠨ ᠴᠢᠨᠠᠷᠲᠠᠢ ᠬᠤᠣᠷᠳᠠᠯᠭ᠎ᠠ᠂ ᠡᠯ᠎ᠡ ᠲᠦᠷᠤᠯ ᠤᠨ | ᠤᠵᠢᠭ ᠴᠢᠨᠠᠷᠲᠠᠢ ᠡᠯᠢᠭᠡᠨ ᠦᠷᠪᠢᠰᠦᠯ᠂ ᠡᠯᠢᠭᠡᠨ ᠤ ᠬᠠᠲᠠᠭᠤᠷᠠᠯ᠂ ᠡᠯᠢᠭᠡᠨ ᠤ ᠴᠢᠳᠠᠪᠬᠢ ᠶᠢᠨ ᠰᠠᠭᠠᠲᠠᠯ ᠵᠡᠷᠭᠡ ᠶᠢ | ᠡᠮᠨᠡᠨ ᠵᠠᠰᠠᠬᠤ ᠦᠢᠯᠡᠳᠦᠯ ᠲᠠᠢ ᠪᠠᠶᠢᠳᠠᠭ᠃ | 6. ᠰᠥᠨᠢ ᠳᠤᠮᠳᠠ ᠶᠢᠨ 23 ~ 1 ᠴᠠᠭ ᠪᠣᠯ ᠡᠯᠢᠭᠡᠨ ᠤ ᠬᠤᠣᠷ ᠢ ᠭᠠᠳᠠᠭᠰᠢᠯᠠᠭᠤᠯᠬᠤ ᠴᠠᠭ ᠪᠣᠯᠣᠨ᠎ᠠ᠂ | ᠡᠨᠡ ᠦᠶ᠎ᠡ ᠳᠤ ᠲᠤᠭ ᠨᠣᠶᠢᠷ ᠲᠠᠭᠠᠨ ᠪᠠᠶᠢᠪᠠᠯ ᠵᠣᠬᠢᠨ᠎ᠠ᠂ ᠰᠥᠨᠢᠵᠢᠨ ᠰᠠᠭᠤᠬᠤ ᠠᠴᠠ ᠵᠠᠶᠢᠯᠠᠰᠬᠢᠬᠦ ᠨᠢ ᠡᠯᠢᠭᠡ | ᠪᠠᠨ ᠬᠠᠮᠠᠭᠠᠯᠠᠬᠤ ᠳᠤ ᠲᠤᠶᠢᠯ ᠤᠨ ᠲᠤᠰᠠᠲᠠᠢ ᠪᠠᠶᠢᠳᠠᠭ᠃ | ︵ᠳᠠᠳᠤᠯᠭ᠎ᠠ ᠶᠢᠨ ᠰᠤᠷᠤᠬᠴᠢ ᠶᠢᠨ ᠯᠢᠩ ᠣᠷᠴᠢᠭᠤᠯᠤᠨ ᠨᠠᠶᠢᠷᠠᠭᠤᠯᠪᠠ ︶ |