| | | ᠡᠪᠦᠯ ᠤᠨ ᠡᠷᠴᠢ ᠴᠢᠩᠭᠠᠷᠠᠵᠤ᠂ ᠤᠮᠠᠷᠠᠲᠤ ᠣᠷᠣᠨ ᠮᠥᠰᠥ ᠴᠠᠰᠤᠨ ᠳᠤ ᠬᠤᠴᠢᠭᠳᠠᠨ ᠠᠭᠤᠷ ᠠᠮᠢᠰᠬᠤᠯ | ᠢᠯᠡᠳᠲᠡ ᠬᠦᠢᠲᠡᠷᠡᠭᠰᠡᠨ ᠪᠠᠶᠢᠨ᠎ᠠ᠃ ᠴᠠᠭ ᠠᠭᠤᠷ ᠤᠨ ᠬᠤᠪᠢᠷᠠᠯᠲᠠ ᠶᠢ ᠳᠠᠭᠠᠯᠳᠤᠨ ᠬᠠᠯᠠᠭᠤᠨ ᠢᠶᠠᠷ ᠨᠢ | ᠪᠠᠶᠢᠯᠭᠠᠬᠤ ᠴᠣᠮᠣ ᠶᠢᠨ ᠪᠣᠷᠣᠯᠠᠭᠤᠯᠤᠯᠲᠠ ᠴᠤ ᠠᠭᠠᠵᠢᠮ ᠢᠶᠠᠷ ᠰᠠᠶᠢᠵᠢᠷᠠᠵᠤ᠂ ᠠᠮᠤᠷ ᠲᠦᠪᠰᠢᠨ ᠬᠡᠷᠡᠭᠯᠡᠬᠦ ᠪᠠ | ᠰᠣᠩᠭᠤᠬᠤ ᠨᠢ ᠬᠥᠮᠥᠰ ᠤᠨ ᠠᠩᠬᠠᠷᠤᠯ ᠢ ᠶᠡᠬᠡᠳᠡ ᠲᠠᠲᠠᠬᠤ ᠪᠣᠯᠵᠠᠢ᠃ | ᠳᠤᠯᠠᠭᠠᠨ ᠢ ᠬᠠᠳᠠᠭᠠᠯᠠᠬᠤ ᠴᠢᠨᠠᠷ ᠪᠣᠯ ᠬᠠᠯᠠᠭᠤᠨ ᠢᠶᠠᠷ ᠨᠢ ᠪᠠᠶᠢᠯᠭᠠᠬᠤ ᠴᠣᠮᠣ ᠶᠢᠨ ᠭᠤᠣᠯ ᠴᠥᠮ᠎ᠡ ᠮᠥᠨ᠃ | ᠴᠣᠮᠣ ᠶᠢᠨ ᠳᠤᠯᠠᠭᠠᠨ ᠤ ᠬᠡᠮᠵᠢᠶ᠎ᠡ ᠶᠢ ᠬᠡᠷᠬᠢᠨ ᠮᠠᠭᠠᠳᠯᠠᠬᠤ ᠲᠤᠬᠠᠢ ᠵᠠᠷᠢᠮ ᠰᠦᠯᠵᠢᠶᠡᠨ ᠠᠨᠳᠠ ᠨᠠᠷ ᠰᠠᠨᠠᠯ ᠢᠶᠠᠨ | ᠳᠠᠶᠠᠭᠠᠷ ᠤᠯᠠᠨ ᠲᠠᠢ ᠬᠤᠪᠢᠶᠠᠯᠴᠠᠭᠰᠠᠨ ᠪᠠᠶᠢᠨ᠎ᠠ᠃ ᠴᠣᠮᠣ ᠤᠷᠤᠭᠤ ᠪᠠᠨ ᠨᠢᠭᠡ ᠦᠯᠢᠶᠡᠭᠡᠳ ᠬᠤᠷᠳᠤᠬᠠᠨ ᠴᠣᠮᠣ | ᠪᠠᠨ ᠴᠢᠬᠢᠨ ᠳᠡᠭᠡᠨ ᠲᠠᠯᠪᠢᠵᠤ ᠴᠢᠩᠨᠠᠵᠤ ᠦᠵᠡᠨ᠎ᠡ᠂ ᠬᠡᠷᠪᠡ ᠢᠯᠡᠷᠬᠡᠢ ︽ᠳᠦᠩᠭᠢᠨᠡᠬᠦ︾ ᠳᠠᠭᠤ ᠭᠠᠷᠴᠤ ᠪᠠᠶᠢᠪᠠᠯ | ᠴᠣᠮᠣ ᠶᠢᠨ ᠬᠠᠯᠠᠭᠤᠨ ᠢᠶᠠᠷ ᠨᠢ ᠪᠠᠶᠢᠯᠭᠠᠬᠤ ᠴᠢᠳᠠᠪᠤᠷᠢ ᠨᠢ ᠰᠠᠶᠢᠨ ᠭᠡᠳᠡᠭ ᠢ ᠲᠣᠳᠣᠷᠬᠠᠶᠢᠯᠠᠵᠤ ᠲᠠᠶᠢᠯᠤᠨ᠎ᠠ ᠭᠡᠪᠡ᠃ | ᠡᠶᠢᠮᠦ ᠠᠷᠭ᠎ᠠ ᠨᠢ ᠰᠦᠯᠵᠢᠶᠡᠨ ᠳᠡᠭᠡᠷ᠎ᠡ ︽ᠬᠡᠢ ᠦᠯᠢᠶᠡᠵᠦ ᠴᠢᠩᠨᠠᠬᠤ︾ ᠠᠷᠭ᠎ᠠ ᠭᠡᠳᠡᠭ᠃ ᠡᠨᠡ ᠠᠷᠭ᠎ᠠ | ᠨᠠᠶᠢᠳᠠᠪᠤᠷᠢᠲᠠᠢ ᠤᠤ︖ | ︽ᠬᠡᠢ ᠦᠯᠢᠶᠡᠵᠦ ᠴᠢᠩᠨᠠᠬᠤ︾ ᠠᠷᠭ᠎ᠠ ᠨᠢ ᠦᠨᠡᠨ ᠳᠡᠭᠡᠨ ︽ᠬᠢᠰᠤᠭᠠᠨ ᠬᠠᠪᠲᠠᠰᠤ ᠶᠢᠨ ᠳᠠᠷᠪᠢᠯᠲᠠ ᠶᠢᠨ | ᠤᠭ ᠶᠣᠰᠣ ᠲᠠᠢ ᠠᠳᠠᠯᠢᠪᠲᠤᠷ︾ ᠶᠤᠮ᠃ ᠴᠦᠩᠴᠢᠩ ᠶᠡᠭᠡ ᠰᠤᠷᠭᠠᠭᠤᠯᠢ ᠶᠢᠨ ᠹᠢᠽᠢᠺ ᠤᠨ ᠤᠬᠠᠭᠠᠨ ᠤ ᠳᠡᠭᠡᠳᠦ | ᠰᠤᠷᠭᠠᠭᠤᠯᠢ ᠶᠢᠨ ᠳᠡᠳ᠋ ᠫᠷᠣᠹᠧᠰᠰᠣᠷ ᠭᠦᠩ ᠶᠢᠤ ᠫᠢᠨ᠄ ︽ᠬᠥᠮᠥᠰ ᠴᠣᠮᠣ᠂ ᠬᠤᠨᠳᠠᠭ᠎ᠠ ᠮᠡᠲᠦ ᠶᠢᠨ ᠠᠮᠠᠰᠠᠷ ᠨᠢ | ᠬᠠᠭᠠᠰ ᠨᠡᠭᠡᠭᠡᠯᠲᠡᠲᠡᠢ ᠪᠣᠳᠠᠰ ᠢ ᠴᠢᠬᠢᠨ ᠳᠡᠭᠡᠨ ᠲᠠᠯᠪᠢᠬᠤ ᠳᠤ ᠴᠣᠮᠣ ᠶᠢᠨ ᠭᠠᠳᠠᠨᠠᠬᠢ ᠠᠭᠠᠷ ᠤᠨ ᠤᠷᠤᠰᠬᠠᠯ ᠨᠢ | ᠴᠣᠮᠣ ᠶᠢᠨ ᠳᠣᠲᠣᠷ᠎ᠠ ᠣᠷᠣᠵᠤ ᠢᠷᠡᠨ᠎ᠠ᠂ ᠲᠠᠷᠠ ᠨᠢ ᠴᠣᠮᠣ ᠶᠢᠨ ᠳᠣᠲᠣᠷ ᠬᠠᠨ᠎ᠠ ᠪᠣᠯᠣᠨ ᠴᠢᠬᠢ ᠪᠠᠷ ᠳᠠᠭᠢᠨ | ᠳᠠᠪᠲᠠᠨ ᠪᠤᠴᠠᠵᠤ ᠡᠷᠭᠢᠳᠡᠭ ᠠᠴᠠ ︿ᠳᠦᠩᠭᠢᠨᠡᠬᠦ﹀ ᠳᠠᠭᠤ ᠭᠠᠷᠳᠠᠭ ᠪᠠᠶᠢᠨ᠎ᠠ᠃ ᠪᠢᠳᠡ ᠶᠠᠮᠠᠷᠪᠠ ᠮᠠᠲ᠋ᠧᠷᠢᠶᠠᠯ ᠤᠨ | ᠴᠣᠮᠣ ᠤᠷᠤᠭᠤ ᠬᠡᠢ ᠦᠯᠢᠶᠡᠭᠡᠳ ᠴᠢᠬᠢᠨ ᠳᠡᠭᠡᠨ ᠲᠠᠯᠪᠢᠵᠤ ᠰᠣᠨᠣᠰᠪᠠᠯ ᠪᠦᠷ ︿ᠳᠦᠩᠭᠢᠨᠡᠬᠦ﹀ ᠳᠠᠭᠤᠨ ᠢ ᠣᠯᠵᠤ | ᠰᠣᠨᠣᠰᠤᠨ᠎ᠠ᠂ ᠴᠢᠨᠠᠭᠰᠢᠯᠠᠪᠠᠯ ᠬᠡᠢ ᠦᠯᠢᠶᠡᠬᠦ ᠦᠭᠡᠢ ᠴᠤ ᠭᠡᠰᠡᠨ ︿ᠳᠦᠩᠭᠢᠨᠡᠬᠦ﹀ ᠳᠠᠭᠤᠨ ᠰᠣᠨᠣᠰᠳᠠᠳᠠᠭ᠂ ᠲᠠᠷᠠ | ᠨᠢ ᠦᠨᠡᠨ ᠳᠡᠭᠡᠨ ᠠᠭᠠᠷ ᠤᠨ ᠤᠷᠤᠰᠬᠠᠯ ᠤᠨ ᠱᠤᠤᠭᠢᠶᠠᠨ ᠲᠡᠳᠦᠢ︾ ᠭᠡᠨ᠎ᠡ᠃ | ᠲᠡᠭᠡᠪᠡᠯ ᠶᠠᠮᠠᠷᠰᠢᠤ ᠬᠠᠯᠠᠭᠤᠨ ᠢᠶᠠᠷ ᠨᠢ ᠪᠠᠶᠢᠯᠭᠠᠬᠤ ᠴᠣᠮᠣ ᠶᠢᠨ ᠴᠢᠳᠠᠪᠬᠢ ᠨᠢ ᠨᠠᠩ ᠰᠠᠶᠢᠨ ᠪᠣᠯ︖ | ᠳᠤᠯᠠᠭᠠᠨ ᠢ ᠬᠠᠳᠠᠭᠠᠯᠠᠬᠤ ᠴᠣᠮᠣ ᠡᠩ ᠤᠨ ᠴᠣᠮᠣ ᠲᠠᠢ ᠠᠳᠠᠯᠢ ᠦᠭᠡᠢ᠂ ᠬᠤᠭᠤᠰᠤᠨ ᠳᠠᠪᠬᠤᠷᠭ᠎ᠠ ᠲᠠᠢ ᠮᠥᠷᠲᠡᠭᠡᠨ | ᠠᠮᠠᠰᠠᠷ ᠨᠢ ᠪᠠᠭ᠎ᠠ ᠪᠣᠯᠬᠤᠷ ᠳᠤᠯᠠᠭᠠᠨ ᠢ ᠳᠠᠮᠵᠢᠭᠤᠯᠬᠤ ᠪᠠ ᠳᠤᠯᠠᠭᠠᠨ ᠢ ᠰᠣᠯᠢᠯᠴᠠᠭᠤᠯᠬᠤ ᠶᠢ ᠬᠤᠷᠢᠬᠯᠠᠳᠠᠭ᠃ | ᠴᠣᠮᠣ ᠶᠢᠨ ᠳᠣᠲᠣᠷ ᠬᠠᠨ᠎ᠠ ᠶᠢ ᠶᠡᠷᠦ ᠨᠢ ᠨᠢᠭᠡ ᠳᠠᠪᠬᠤᠷᠭ᠎ᠠ ᠮᠥᠩᠭᠦ ᠪᠤᠶᠤ ᠭᠠᠤᠯᠢ ᠪᠠᠷ ᠥᠩᠭᠡᠯᠡᠵᠦ᠂ ᠬᠠᠯᠠᠭᠤᠨ | ᠰᠠᠴᠤᠷᠠᠯᠲᠠ ᠶᠢ ᠪᠠᠭᠠᠰᠬᠠᠬᠤ ᠳᠤ ᠲᠤᠰᠠᠲᠠᠢ ᠪᠠᠶᠢᠳᠠᠭ᠃ ᠭᠦᠩ ᠶᠢᠦ ᠫᠢᠨ ᠬᠡᠯᠡᠬᠦ ᠳᠡᠭᠡᠨ᠂ ᠬᠠᠯᠠᠭᠤᠨ ᠢᠶᠠᠷ ᠨᠢ | ᠪᠠᠶᠢᠯᠭᠠᠬᠤ ᠴᠣᠮᠣ ᠶᠢᠨ ᠬᠤᠭᠤᠰᠤᠨ ᠳᠠᠪᠬᠤᠷᠭ᠎ᠠ ᠶᠢᠨ ᠤᠷ᠎ᠠ ᠮᠡᠷᠭᠡᠵᠢᠯ ᠪᠣᠯ ᠬᠠᠯᠠᠭᠤᠨ ᠢᠶᠠᠷ ᠨᠢ ᠪᠠᠶᠢᠯᠭᠠᠬᠤ ᠦᠷ᠎ᠡ | ᠪᠦᠲᠦᠮᠵᠢ ᠶᠢᠨ ᠵᠠᠩᠭᠢᠯᠠᠭ᠎ᠠ ᠮᠥᠨ᠂ ᠭᠡᠪᠡᠴᠦ ᠡᠩ ᠤᠨ ᠬᠡᠷᠡᠭᠯᠡᠭᠴᠢᠳ ᠲᠤ ᠠᠪᠴᠤ ᠬᠡᠯᠡᠪᠡᠯ ᠤᠷ᠎ᠠ ᠮᠡᠷᠭᠡᠵᠢᠯ ᠤᠨ | ᠰᠠᠶᠢᠨ ᠮᠠᠭᠤ ᠶᠢ ᠮᠠᠭᠠᠳᠯᠠᠬᠤ ᠳᠤ ᠮᠠᠰᠢ ᠬᠦᠴᠢᠷ ᠶᠤᠮ᠃ ᠡᠶᠢᠮᠦ ᠠᠴᠠ ᠬᠡᠷᠡᠭᠯᠡᠭᠴᠢᠳ ᠬᠠᠯᠠᠭᠤᠨ ᠢᠶᠠᠷ ᠨᠢ | ᠪᠠᠶᠢᠯᠭᠠᠬᠤ ᠴᠣᠮᠣ ᠶᠢ ᠬᠤᠳᠠᠯᠳᠤᠨ ᠠᠪᠬᠤ ᠳᠠᠭᠠᠨ ᠳᠦᠷᠢᠮ ᠲᠣᠭᠲᠠᠭᠠᠯ ᠳᠤ ᠨᠡᠶᠢᠴᠡᠬᠦ ᠲᠡᠮᠳᠡᠭ ᠪᠠ ᠬᠢᠷᠢ | ᠲᠡᠩᠴᠡᠭᠰᠡᠨ ᠦᠨᠡᠮᠯᠡᠯ ᠲᠠᠢ ᠪᠦᠲᠦᠭᠡᠭᠳᠡᠬᠦᠨ ᠢ ᠬᠤᠳᠠᠯᠳᠤᠨ ᠠᠪᠬᠤ ᠶᠢ ᠰᠠᠨᠠᠭᠤᠯᠵᠤ ᠪᠠᠶᠢᠨ᠎ᠠ᠃ ᠡᠭᠦᠨ ᠠᠴᠠ | ᠭᠠᠳᠠᠨ᠎ᠠ᠂ ᠠᠳᠠᠯᠢ ᠪᠤᠰᠤ ᠪᠦᠲᠦᠭᠡᠭᠳᠡᠬᠦᠨ ᠤ ᠬᠠᠯᠠᠭᠤᠨ ᠢᠶᠠᠷ ᠨᠢ ᠪᠠᠶᠢᠯᠭᠠᠬᠤ ᠲᠤᠷᠰᠢᠯᠲᠠ ᠶᠢᠨ ᠮᠡᠳᠡᠭᠦᠯᠦᠯᠲᠡ ᠪᠠᠷ | ᠳᠠᠮᠵᠢᠨ ᠬᠠᠯᠠᠭᠤᠨ ᠢᠶᠠᠷ ᠨᠢ ᠪᠠᠶᠢᠯᠭᠠᠬᠤ ᠴᠣᠮᠣ ᠶᠢ ᠰᠣᠩᠭᠤᠵᠤ ᠪᠣᠯᠣᠨ᠎ᠠ ᠭᠡᠨ᠎ᠡ᠃ | ᠨᠠᠷᠢᠯᠢᠭᠵᠢᠭᠤᠯᠤᠭᠰᠠᠨ ᠬᠡᠮᠵᠢᠶ᠎ᠡ ᠨᠢ ᠨᠡᠯᠢᠶᠡᠳ ᠥᠨᠳᠥᠷ ᠬᠠᠯᠠᠭᠤᠨ ᠢᠶᠠᠷ ᠨᠢ ᠪᠠᠶᠢᠯᠭᠠᠬᠤ ᠴᠣᠮᠣ ᠶᠢᠨ ᠵᠠᠬ᠎ᠠ | ᠳᠡᠯᠭᠡᠭᠦᠷ ᠤᠨ ᠡᠮᠦᠨ᠎ᠡ᠂ ᠲᠤᠰᠬᠠᠢ ᠮᠡᠷᠭᠡᠵᠢᠯᠲᠡᠳ ᠠᠴᠠ ᠬᠠᠯᠠᠭᠤᠨ ᠢᠶᠠᠷ ᠨᠢ ᠪᠠᠶᠢᠯᠭᠠᠬᠤ ᠦᠷ᠎ᠡ ᠪᠦᠲᠦᠮᠵᠢ ᠶᠢ | ᠠᠩᠬᠠᠷᠬᠤ ᠠᠴᠠ ᠭᠠᠳᠠᠨ᠎ᠠ ᠥᠪᠡᠷ ᠤᠨ ᠬᠡᠷᠡᠭᠴᠡᠭᠡ ᠱᠠᠭᠠᠷᠳᠠᠯᠭ᠎ᠠ ᠪᠠᠨ ᠦᠨᠳᠦᠰᠦᠯᠡᠨ ᠲᠣᠬᠢᠷᠠᠮᠵᠢᠲᠠᠢ ᠮᠠᠲ᠋ᠧᠷᠢᠶᠠᠯ | ᠪᠦᠬᠦᠢ ᠬᠠᠯᠠᠭᠤᠨ ᠢᠶᠠᠷ ᠨᠢ ᠪᠠᠶᠢᠯᠭᠠᠬᠤ ᠴᠣᠮᠣ ᠶᠢ ᠰᠣᠩᠭᠤᠬᠤ ᠨᠢ ᠪᠠᠰᠠ ᠲᠤᠶᠢᠯ ᠤᠨ ᠴᠢᠬᠤᠯᠠ ᠭᠡᠵᠦ | ᠰᠠᠨᠠᠭᠤᠯᠪᠠ᠃ | ᠣᠯᠠᠨ ᠡᠯᠧᠺᠲᠷᠣᠨ ᠬᠤᠳᠠᠯᠳᠤᠭᠠᠨ ᠤ ᠲᠠᠪᠴᠠᠩ ᠠᠴᠠ ︽ᠬᠠᠯᠠᠭᠤᠨ ᠢᠶᠠᠷ ᠨᠢ ᠪᠠᠶᠢᠯᠭᠠᠬᠤ ᠴᠣᠮᠣ︾ ᠪᠠᠷ | ᠵᠠᠩᠭᠢᠯᠠᠭ᠎ᠠ ᠶᠢᠨ ᠦᠭᠡ ᠪᠣᠯᠭᠠᠨ ᠬᠠᠶᠢᠪᠠᠯ᠂ ᠵᠠᠬ᠎ᠠ ᠳᠡᠯᠭᠡᠭᠦᠷ ᠳᠡᠭᠡᠷᠡᠬᠢ ᠬᠠᠯᠠᠭᠤᠨ ᠢᠶᠠᠷ ᠨᠢ ᠪᠠᠶᠢᠯᠭᠠᠬᠤ ᠴᠣᠮᠣ ᠶᠢᠨ | ᠳᠣᠲᠣᠷ ᠪᠣᠯᠣᠨ ᠱᠦᠭᠦᠬᠦ ᠲᠣᠣᠷ ᠤᠨ ᠮᠠᠲ᠋ᠧᠷᠢᠶᠠᠯ ᠤᠨ ᠴᠢᠨᠠᠷ ᠨᠢ ᠦᠨᠳᠦᠰᠦᠨ ᠳᠡᠭᠡᠨ 304 ᠵᠢᠪᠡᠷᠡᠬᠦ ᠦᠭᠡᠢ | ᠪᠣᠯᠣᠳ᠂ 316 ᠵᠢᠪᠡᠷᠡᠬᠦ ᠦᠭᠡᠢ ᠪᠣᠯᠣᠳ ᠵᠡᠷᠭᠡ ᠪᠠᠶᠢᠵᠤ᠂ ᠴᠣᠮᠣ ᠶᠢᠨ ᠮᠠᠲ᠋ᠧᠷᠢᠶᠠᠯ ᠤᠨ ᠡᠳ᠋ ᠤᠨ ᠣᠯᠠᠩᠬᠢ ᠨᠢ | ᠴᠠᠬᠢᠭᠤᠷᠲᠤ ᠰᠢᠷᠣᠢ᠂ ᠫᠷᠤᠫᠧᠨ ᠤ ᠪᠥᠭᠡᠭᠡᠨᠡᠪᠦᠷᠢ ︵PP︶ ᠵᠡᠷᠭᠡ ᠪᠣᠯᠣᠨ᠎ᠠ᠃ ᠭᠦᠩ ᠶᠢᠦ ᠫᠢᠨ ᠬᠡᠯᠡᠬᠦ ᠳᠡᠭᠡᠨ᠂ | ᠬᠡᠳᠦᠶᠢᠪᠡᠷ ᠢᠳᠡᠭᠡᠨ ᠤ ᠳᠡᠰ ᠤᠨ 304 ᠵᠢᠪᠡᠷᠡᠬᠦ ᠦᠭᠡᠢ ᠪᠣᠯᠣᠳ ᠤᠨ ᠬᠠᠯᠠᠭᠤᠨ ᠢᠶᠠᠷ ᠨᠢ ᠪᠠᠶᠢᠯᠭᠠᠬᠤ ᠴᠣᠮᠣ ᠨᠢ | ᠦᠷᠭᠦᠯᠵᠢ ᠬᠠᠷᠠᠭᠳᠠᠳᠠᠭ ᠪᠤᠯᠪᠠᠴᠤ ᠤᠷᠲᠤ ᠬᠤᠭᠤᠴᠠᠭ᠎ᠠ ᠪᠠᠷ ᠴᠠᠢ ᠤᠤᠭᠤᠬᠤ ᠪᠤᠶᠤ ᠢᠰᠬᠦᠯᠡᠩ ᠤᠮᠳᠠᠭᠠᠨ | ᠰᠠᠪᠠᠯᠠᠬᠤ ᠬᠡᠷᠡᠭᠴᠡᠭᠡ ᠲᠠᠢ ᠶᠤᠮ ᠪᠣᠯ᠂ ᠢᠳᠡᠮᠡᠬᠡᠢ ᠴᠢᠨᠠᠷ ᠢ ᠡᠰᠡᠷᠭᠦᠴᠡᠬᠦ ᠴᠢᠨᠠᠷ ᠢᠶᠠᠷ ᠨᠡᠩ ᠴᠢᠩᠭ᠎ᠠ | ᠡᠮᠴᠢᠯᠡᠭᠡᠨ ᠳᠤ ᠬᠡᠷᠡᠭᠯᠡᠬᠦ ᠳᠡᠰ ᠤᠨ 316 ᠵᠢᠪᠡᠷᠡᠬᠦ ᠦᠭᠡᠢ ᠪᠣᠯᠣᠳ ᠮᠠᠲ᠋ᠧᠷᠢᠶᠠᠯ ᠤᠨ ᠴᠢᠨᠠᠷ ᠢ ᠰᠣᠩᠭᠤᠨ | ᠬᠡᠷᠡᠭᠯᠡᠪᠡᠯ ᠵᠣᠬᠢᠨ᠎ᠠ᠃ ᠴᠠᠬᠢᠭᠤᠷᠲᠤ ᠰᠢᠷᠣᠢ᠂ PP ᠮᠠᠲ᠋ᠧᠷᠢᠶᠠᠯ ᠢᠶᠠᠷ ᠦᠢᠯᠡᠳᠦᠭᠰᠡᠨ ᠴᠣᠮᠣ ᠨᠢ ᠬᠠᠷᠢᠴᠠᠩᠭᠤᠢ | ᠠᠮᠤᠷ ᠲᠦᠪᠰᠢᠨ ᠪᠠᠶᠢᠵᠤ᠂ ᠥᠨᠳᠥᠷ ᠬᠠᠯᠠᠭᠤᠨ ᠳᠤ ᠬᠤᠣᠷᠲᠤ ᠪᠣᠳᠠᠰ ᠢ ᠠᠮᠠᠷᠬᠠᠨ ᠭᠠᠷᠭᠠᠬᠤ ᠦᠭᠡᠢ ᠪᠣᠯᠬᠤᠷ | ᠰᠠᠨᠠᠭ᠎ᠠ ᠠᠮᠤᠷ ᠰᠣᠩᠭᠤᠨ ᠬᠤᠳᠠᠯᠳᠤᠨ ᠠᠪᠴᠤ ᠪᠣᠯᠣᠨ᠎ᠠ ᠭᠡᠪᠡ᠃ | ᠭᠦᠩ ᠶᠢᠦ ᠫᠢᠨ᠂ ᠬᠥᠮᠥᠰ ᠤᠨ ᠬᠡᠷᠡᠭᠯᠡᠭᠡᠨ ᠤ ᠬᠡᠷᠡᠭᠴᠡᠭᠡ ᠶᠢᠨ ᠲᠠᠰ ᠳᠡᠪᠰᠢᠬᠦ ᠶᠢ ᠳᠠᠭᠠᠯᠳᠤᠨ ᠬᠠᠯᠠᠭᠤᠨ ᠢᠶᠠᠷ | ᠨᠢ ᠪᠠᠶᠢᠯᠭᠠᠬᠤ ᠴᠣᠮᠣ ᠶᠢᠨ ᠵᠠᠭᠪᠤᠷ ᠨᠢ ᠤᠯᠠᠮ ᠰᠢᠨᠡᠳᠴᠦ᠂ ᠴᠢᠳᠠᠮᠵᠢ ᠨᠢ ᠴᠦ ᠲᠠᠩ ᠭᠠᠭᠴᠠ ᠬᠠᠯᠠᠭᠤᠨ ᠢᠶᠠᠷ ᠨᠢ | ᠪᠠᠶᠢᠯᠭᠠᠬᠤ ᠪᠠᠶᠢᠭᠰᠠᠨ ᠠᠴᠠ ᠪᠠᠨ ᠨᠠᠩ ᠶᠡᠷᠦᠩᠬᠡᠶᠢᠯᠡᠭᠰᠡᠨ ᠴᠢᠨᠠᠷᠲᠠᠢ ᠪᠣᠯᠵᠤ᠂ ᠬᠡᠷᠡᠭᠯᠡᠭᠴᠢᠳ ᠤᠨ ᠬᠡᠷᠡᠭᠴᠡᠭᠡ | ᠱᠠᠭᠠᠷᠳᠠᠯᠭ᠎ᠠ ᠶᠢ ᠬᠠᠩᠭᠠᠬᠤ ᠪᠣᠯᠤᠭᠰᠠᠨ ᠪᠠᠶᠢᠨ᠎ᠠ᠂ ᠵᠢᠱᠢᠶᠡᠯᠡᠪᠡᠯ᠂ ᠳᠤᠯᠠᠭᠠᠨ ᠤ ᠬᠡᠮᠵᠢᠶ᠎ᠡ ᠶᠢᠨ ᠦᠵᠡᠭᠦᠯᠭᠦ | ᠳᠡᠯᠭᠡᠴᠡ ᠲᠠᠢ᠂ ᠤᠰᠤ ᠤᠤᠭᠤᠬᠤ ᠴᠠᠭ ᠢ ᠰᠠᠨᠠᠭᠤᠯᠬᠤ ᠵᠡᠷᠭᠡ ᠣᠶᠤᠨᠴᠢᠯᠠᠭᠰᠠᠨ ᠴᠢᠳᠠᠮᠵᠢ ᠲᠠᠢ ᠪᠣᠯᠵᠠᠢ᠃ | ᠬᠡᠷᠡᠭᠯᠡᠭᠴᠢᠳ ᠬᠠᠯᠠᠭᠤᠨ ᠢᠶᠠᠷ ᠨᠢ ᠪᠠᠶᠢᠯᠭᠠᠬᠤ ᠴᠣᠮᠣ ᠶᠢ ᠰᠣᠩᠭᠤᠵᠤ ᠬᠤᠳᠠᠯᠳᠤᠨ ᠠᠪᠬᠤ ᠳᠠᠭᠠᠨ ᠲᠤᠰ | ᠪᠡᠶ᠎ᠡ ᠶᠢᠨ ᠬᠡᠷᠡᠭᠯᠡᠬᠦ ᠬᠡᠷᠡᠭᠴᠡᠭᠡ ᠱᠠᠭᠠᠷᠳᠠᠯᠭ᠎ᠠ ᠪᠠᠨ ᠦᠨᠳᠦᠰᠦᠯᠡᠨ᠂ ᠲᠡᠮᠳᠡᠭ ᠨᠢ ᠪᠦᠷᠢᠨ ᠭᠦᠢᠴᠡᠳ᠂ ᠤᠷ᠎ᠠ | ᠮᠡᠷᠭᠡᠵᠢᠯ ᠨᠢ ᠲᠡᠷᠢᠭᠦᠨ ᠤ ᠬᠢ᠂ ᠮᠠᠲ᠋ᠧᠷᠢᠶᠠᠯ ᠤᠨ ᠴᠢᠨᠠᠷ ᠨᠢ ᠠᠮᠤᠷ ᠲᠦᠪᠰᠢᠨ ᠬᠠᠯᠠᠭᠤᠨ ᠢᠶᠠᠷ ᠨᠢ ᠪᠠᠶᠢᠯᠭᠠᠬᠤ | ᠴᠣᠮᠣ ᠶᠢ ᠤᠷᠢᠳ ᠢᠶᠠᠷ ᠰᠣᠩᠭᠤᠬᠤ ᠬᠡᠷᠡᠭᠲᠡᠢ ᠭᠡᠵᠦ ᠰᠠᠨᠠᠭᠤᠯᠤᠭᠰᠠᠨ ᠪᠠᠶᠢᠨ᠎ᠠ᠃ |