ᠦᠷᠬᠦᠯᠵᠢ ᠴᠤᠩᠬᠤ ᠪᠠᠨ ᠨᠡᠬᠡᠬᠡᠵᠤ ᠰᠠᠯᠬᠢ ᠨᠡᠪᠳᠡᠷᠡᠬᠦᠯᠵᠤ ᠪᠠᠶᠢᠬᠤ ᠬᠡᠷᠡᠭᠳᠡᠢ
ᠨᠡᠶᠢᠲᠡᠯᠡᠭᠰᠡᠨ ᠴᠠᠭ᠄
2025/1/3
    ᠠᠮᠢᠳᠤᠷᠠᠯ ᠨᠠᠷᠠᠨ ᠤ ᠬᠡᠷᠡᠯ᠂ ᠠᠭᠠᠷ ᠪᠠ ᠤᠰᠤᠨ ᠠᠴᠠ ᠰᠠᠯᠵᠤ ᠴᠢᠳᠠᠬᠤ ᠦᠬᠡᠢ᠃ ᠨᠠᠷᠠᠨ ᠤ ᠬᠡᠷᠡᠯ ᠢ ᠬᠦᠢᠴᠡᠳ ᠡᠳ᠋ᠯᠡᠨ᠂ ᠠᠷᠢᠭᠤᠨ ᠴᠡᠪᠡᠷ ᠠᠭᠠᠷ ᠢᠶᠠᠷ ᠠᠮᠢᠰᠬᠤᠬᠤ ᠨᠢ ᠡᠷᠡᠬᠦᠯ ᠮᠠᠨᠳᠤ ᠪᠠᠨ  ᠬᠠᠮᠠᠭᠠᠯᠠᠬᠤ ᠳᠤ ᠳᠤᠳᠠᠭᠳᠠᠵᠤ ᠪᠤᠯᠤᠰᠢ ᠦᠬᠡᠢ ᠶᠠᠪᠤᠳᠠᠯ ᠮᠦᠨ᠃    ᠨᠠᠷᠠᠨ ᠤ ᠬᠡᠷᠡᠯ ᠨᠢ ᠬᠦᠮᠦᠨ ᠳᠤ ᠬᠡᠷᠡᠯ ᠬᠡᠬᠡ ᠪᠠ ᠬᠠᠯᠠᠭᠤᠨ ᠪᠥᠯᠢᠶᠡᠨ ᠢ ᠰᠤᠶᠤᠷᠬᠠᠳᠠᠭ ᠲᠠᠳᠤᠢ ᠦᠬᠡᠢ᠂ ᠤᠷᠮ᠎ᠠ ᠵᠣᠷᠢᠭ ᠢ ᠬᠦᠭᠵᠢᠬᠡᠨ᠂ ᠠᠵᠢᠯ ᠰᠤᠷᠤᠯᠭ᠎ᠠ ᠶᠢᠨ ᠦᠷ᠎ᠠ ᠪᠦᠳᠤᠮᠵᠢ ᠶᠢ  ᠳᠡᠭᠡᠭᠰᠢᠯᠡᠭᠦᠯᠬᠦ ᠳᠤ ᠴᠤ ᠰᠠᠶᠢᠨ ᠦᠢᠯᠡᠴᠢᠯᠡᠳᠡᠭ ᠶᠤᠮ᠃ ᠨᠠᠷᠠᠨ ᠤ ᠬᠡᠷᠡᠯ ᠳᠤᠳᠤᠷᠡᠬᠢ ᠬᠡᠳᠤ ᠬᠦᠷᠠᠩ ᠰᠠᠴᠤᠷᠠᠭ ᠨᠢ ᠬᠦᠮᠦᠨ ᠤ ᠪᠠᠶ᠎ᠠ ᠳᠤ ᠸᠢᠲ᠋ᠠᠮᠢᠨ D ᠨᠡᠶᠢᠯᠡᠭᠦᠯᠬᠦ ᠳᠤ ᠳᠤᠰᠠᠯᠠᠳᠠᠭ᠃ ᠸᠢᠲ᠋ᠠᠮᠢᠨ D ᠨᠢ ᠬᠦᠮᠦᠨ ᠤ ᠪᠠᠶ᠎ᠠ ᠶᠢᠨ ᠺᠠᠯᠼ ᠰᠢᠩᠬᠡᠬᠡᠬᠦ ᠶᠢ ᠠᠬᠢᠭᠤᠯᠳᠠᠭ ᠪᠤᠯᠬᠤᠷ ᠵᠤᠬᠢᠰᠳᠠᠢ ᠪᠠᠷ ᠨᠠᠷᠠᠨ ᠳᠤ ᠪᠠᠶ᠎ᠠ ᠪᠠᠨ ᠡᠬᠡᠬᠡᠬᠦ ᠨᠢ ᠨᠢᠯᠬ᠎ᠠ ᠬᠡᠦᠬᠡᠳ ᠤᠨ ᠶᠠᠰᠤ ᠵᠦᠬᠡᠯᠡᠷᠡᠬᠦ ᠡᠪᠡᠳᠴᠢᠨ ᠢ ᠰᠡᠷᠭᠡᠶᠢᠯᠡᠵᠦ᠂ ᠬᠡᠤᠬᠡᠳ ᠪᠠᠭᠠᠴᠤᠳ ᠤᠨ ᠦᠰᠦᠯᠳᠠ ᠪᠣᠶᠢᠵᠢᠯᠲᠠ ᠶᠢ ᠬᠠᠮᠠᠭᠠᠯᠠᠵᠤ᠂ ᠨᠠᠰᠤᠨ ᠳᠤ ᠬᠦᠷᠦᠭᠰᠡᠳ ᠤᠨ ᠺᠠᠯᠼ ᠳᠤᠳᠠᠬᠤ ᠶᠢ ᠰᠡᠷᠭᠡᠶᠢᠯᠡᠵᠦ᠂ ᠶᠠᠰᠤᠨ ᠤ ᠡᠳ᠋ ᠵᠦᠬᠡᠯᠡᠷᠡᠬᠦ ᠡᠪᠡᠳᠴᠢᠨ ᠨᠢᠷᠤᠭᠤ ᠰᠡᠬᠡᠷ ᠤᠨ ᠡᠪᠡᠳᠴᠢᠨ᠂ ᠬᠦᠵᠦᠭᠦᠨ ᠤ ᠶᠠᠰᠤᠨ ᠤ ᠡᠪᠡᠳᠴᠢᠨ ᠵᠡᠷᠬᠡ ᠶᠢ ᠤᠯᠬᠤ ᠶᠢ ᠴᠦᠬᠡᠳᠬᠡᠨ᠎ᠠ᠃ ᠨᠠᠷᠠᠨ ᠤ ᠬᠡᠷᠡᠯ ᠳᠤᠳᠤᠷᠡᠬᠢ ᠬᠡᠳᠤ ᠬᠦᠷᠡᠩ ᠰᠠᠴᠤᠷᠠᠭ ᠨᠢ ᠪᠠᠺᠲ᠋ᠧᠷᠢ ᠠᠯᠠᠬᠤ ᠦᠢᠯᠡᠳᠦᠯ ᠢᠶᠠᠷ ᠰᠠᠶᠢᠨ ᠪᠤᠯᠬᠤᠷ ᠤᠬᠤᠷᠬᠠᠨ ᠴᠠᠭ ᠤᠨ ᠳᠤᠳᠤᠷ᠎ᠠ ᠠᠭᠤᠰᠬᠢᠨ ᠤ ᠦᠷᠪᠢᠰᠤᠯ ᠤᠨ ᠬᠡᠯᠬᠢᠶ᠎ᠠ ᠪᠦᠮᠪᠤᠬᠡᠨ ᠪᠠᠺᠲ᠋ᠧᠷᠢ᠂ ᠰᠦᠷᠢᠶ᠎ᠠ ᠶᠢᠨ ᠰᠠᠪᠬᠠᠨᠴᠢᠷ ᠪᠠᠺᠲ᠋ᠧᠷᠢ᠂ ᠡᠯᠢᠭᠡᠨ ᠤ A ᠦᠷᠪᠢᠰᠤᠯ ᠤᠨ ᠸᠢᠷᠦ᠋ᠰ ᠵᠡᠷᠬᠡ ᠤᠯᠠᠨ ᠵᠦᠢᠯ ᠤᠨ ᠡᠪᠡᠳᠴᠢᠨ ᠡᠬᠦᠰᠬᠡᠭᠴᠢ ᠬᠤᠮᠡᠬᠢ ᠠᠮᠢᠳᠤ ᠪᠤᠳᠠᠰ ᠢ ᠠᠯᠠᠵᠤ ᠴᠢᠳᠠᠨ᠎ᠠ᠃ ᠨᠠᠷᠠᠨ ᠤ ᠬᠡᠷᠡᠯ ᠨᠢ ᠤᠰᠤᠨ ᠤ ᠠᠭᠤᠷ ᠪᠤᠯᠤᠨ ᠲᠡᠭᠳᠡᠬᠦ ᠶᠢ ᠠᠬᠢᠭᠤᠯᠳᠠᠭ ᠳᠤᠯᠠ ᠥᠷᠦᠭᠡᠨ ᠳᠡᠭᠡᠨ ᠨᠠᠷᠠᠨ ᠤ ᠬᠡᠷᠡᠯ ᠦᠷᠬᠦᠯᠵᠢ ᠳᠤᠰᠬᠠᠵᠤ ᠪᠠᠶᠢᠪᠠᠯ ᠦᠷᠤᠬᠡ ᠬᠠᠭᠤᠷᠠᠢ ᠴᠡᠪᠡᠷᠬᠡᠨ ᠪᠠᠶᠢᠵᠤ᠂ ᠪᠠᠺᠲ᠋ᠧᠷᠢ ᠬᠦᠬᠡᠴᠤ ᠦᠷᠡᠵᠢᠬᠦ ᠶᠢ ᠪᠠᠭᠠᠰᠬᠠᠬᠤ ᠪᠤᠯᠬᠤᠷ ᠡᠬᠦᠳᠠ ᠴᠤᠩᠬᠤ ᠪᠠᠨ ᠦᠷᠬᠦᠯᠵᠢ ᠨᠡᠬᠡᠬᠡᠵᠤ  ᠨᠠᠷᠠᠨ ᠤ ᠬᠡᠷᠡᠯ ᠢ ᠥᠷᠦᠭᠡᠨ  ᠳᠡᠭᠡᠨ ᠳᠤᠰᠬᠠᠬᠤ ᠮᠦᠷᠳᠡᠬᠡᠨ ᠬᠦᠨᠵᠢᠯᠠ ᠲᠠᠪᠢᠰᠬᠡᠷ᠂ ᠬᠤᠪᠴᠠᠰᠤ ᠬᠤᠨᠠᠷ ᠢᠶᠠᠨ ᠢᠯᠡᠬᠦᠤ ᠤᠬᠢᠶᠠᠵᠤ ᠨᠠᠷᠠᠨ ᠳᠤ ᠰᠠᠶᠢᠨ ᠡᠬᠡᠬᠡᠬᠦ ᠨᠢ ᠨᠠᠷᠠᠨ ᠤ ᠬᠡᠷᠡᠯ ᠢᠶᠠᠷ ᠪᠠᠺᠲ᠋ᠧᠷᠢ ᠠᠯᠠᠬᠤ ᠪᠠ ᠠᠷᠢᠭᠤᠳᠬᠠᠬᠤ ᠳᠤ ᠳᠤᠰᠠᠯᠠᠳᠠᠭ᠃    ᠡᠬᠦᠳᠠ ᠴᠤᠩᠬᠤ ᠪᠠᠨ ᠢᠯᠡᠬᠦᠤ ᠨᠡᠬᠡᠬᠡᠵᠤ ᠠᠭᠠᠷ ᠨᠡᠪᠳᠡᠷᠡᠬᠦᠯᠬᠦ ᠨᠢ ᠥᠷᠦᠭᠡᠨ ᠤ ᠠᠭᠠᠷ ᠢ ᠴᠡᠪᠡᠷ ᠰᠤᠷᠭᠤᠭ ᠪᠠᠶᠢᠯᠭᠠᠬᠤ ᠳᠤ ᠳᠤᠳᠠᠭᠳᠠᠵᠤ ᠪᠤᠯᠤᠰᠢ ᠦᠬᠡᠢ ᠠᠷᠭ᠎ᠠ ᠮᠦᠨ᠃ ᠠᠭᠠᠷ ᠰᠠᠯᠬᠢ ᠨᠡᠪᠳᠡᠷᠡᠬᠦ ᠦᠬᠡᠢ ᠥᠷᠦᠭᠡᠨ ᠳᠤ᠂ ᠬᠦᠮᠤᠰ ᠤᠨ ᠠᠮᠢᠰᠬᠤᠵᠤ ᠭᠠᠷᠭᠠᠭᠰᠠᠠ ᠬᠡᠢ ᠪᠠᠶᠠᠳᠤ ᠨᠢ ᠥᠷᠦᠭᠡᠨ ᠳᠡᠭᠡᠨ ᠦᠯᠡᠳᠡᠵᠤ᠂ ᠥᠷᠦᠭᠡᠨ ᠳᠤ ᠨᠠᠭᠠᠰᠢ ᠴᠠᠭᠠᠰᠢ ᠶᠠᠪᠤᠬᠤ ᠳᠤ ᠭᠠᠷᠤᠭᠰᠠᠠ ᠬᠤᠬ ᠳᠤᠭᠤᠰᠤ ᠨᠢ ᠴᠤ ᠠᠭᠠᠷ ᠳᠤᠳᠤᠷ᠎ᠠ ᠬᠤᠷᠠᠮᠳᠤᠵᠤ᠂ ᠤᠳᠠᠭᠠᠨ ᠲᠠᠭᠠᠨ ᠠᠭᠠᠷ ᠲᠠᠬᠢ ᠨᠠᠬᠦᠷᠠᠰᠦᠳᠦ᠋ᠷᠦᠭᠴᠢ ᠶᠢᠨ ᠲᠠᠪᠬᠤᠷ ᠢᠰᠤᠯ ᠤᠨ ᠦᠳᠬᠡᠴᠠ ᠨᠢ ᠨᠡᠮᠡᠭᠳᠡᠵᠤ᠂ ᠬᠦᠴᠢᠯᠳᠦ᠋ᠷᠦᠭᠴᠢ ᠶᠢᠨ ᠦᠳᠬᠡᠴᠠ ᠪᠠᠭᠤᠷᠠᠨ᠂ ᠪᠠᠺᠲ᠋ᠧᠷᠢ ᠪᠠ ᠸᠢᠷᠦ᠋ᠰ ᠤᠨ ᠥᠷᠦᠭᠡ ᠳᠠᠬᠢ ᠲᠠᠷᠬᠠᠯᠳᠠ ᠴᠤ ᠨᠡᠮᠡᠭᠳᠡᠬᠦ ᠪᠤᠯᠤᠨ᠎ᠠ᠃ ᠤᠷᠳᠤ ᠬᠤᠭᠤᠴᠠᠭ᠎ᠠ ᠡᠶᠢᠮᠦ ᠠᠭᠠᠷ ᠢᠶᠠᠷ ᠠᠮᠢᠰᠬᠤᠪᠠᠯ᠂ ᠠᠮᠢᠰᠬᠤᠯ ᠤᠨ ᠵᠠᠮ ᠤᠨ ᠡᠪᠡᠳᠴᠢᠨ ᠡᠮᠬᠡᠭ ᠠᠮᠠᠷᠬᠠᠨ ᠳᠤᠰᠬᠤ ᠪᠠᠷ ᠦᠯᠤ ᠪᠠᠷᠠᠮ ᠪᠠᠶ᠎ᠠ ᠶᠢᠨ ᠡᠪᠡᠳᠴᠢᠨ ᠡᠰᠡᠷᠬᠦᠴᠠᠬᠦ ᠴᠢᠳᠠᠪᠤᠷᠢ ᠪᠠᠭᠤᠷᠠᠵᠤ᠂ ᠬᠠᠯᠳᠠᠪᠤᠷᠢᠳᠤ ᠡᠪᠡᠳᠴᠢᠨ ᠳᠤ ᠨᠡᠷᠪᠡᠭᠳᠡᠬᠦ ᠳᠤᠬᠢᠶᠠᠯ ᠨᠡᠮᠡᠭᠳᠡᠨ᠎ᠠ᠃ ᠠᠭᠠᠷ ᠮᠠᠭᠤ ᠨᠡᠪᠳᠡᠷᠡᠬᠦ  ᠥᠷᠦᠭᠡᠨ ᠳᠤ ᠲᠡᠮᠡᠬᠢ ᠲᠠᠳᠠᠪᠠᠯ᠂ ᠤᠲᠤᠭᠠᠨ ᠳᠠᠬᠢ ᠬᠤᠤᠷ ᠲᠠᠢ ᠪᠤᠳᠠᠰ ᠨᠢ ᠦᠷᠤᠬᠡ ᠳᠠᠬᠢ ᠬᠦᠮᠤᠨ ᠪᠣᠯᠭᠠᠨ ᠢ ᠤᠳᠠᠭᠠᠨ ᠬᠤᠤᠷᠯᠠᠬᠤ ᠪᠤᠯᠤᠨ᠎ᠠ᠃ ᠡᠬᠦᠳᠠ ᠴᠤᠩᠬᠤ ᠪᠠᠨ ᠴᠢᠩᠭ᠎ᠠ ᠪᠢᠳᠡᠬᠦᠮᠵᠢᠯᠡᠭᠰᠡᠡ ᠥᠷᠦᠭᠡ ᠳᠤ ᠬᠤᠭᠤᠯᠠ ᠪᠠᠯᠡᠳᠴᠤ᠂ ᠭᠠᠯ ᠨᠤᠴᠤᠭᠠᠵᠤ ᠳᠤᠯᠠᠭᠠᠯᠠᠪᠠᠯ᠂ ᠥᠷᠦᠭᠡᠨ ᠤ ᠠᠭᠠᠷ ᠲᠠᠬᠢ ᠬᠦᠴᠢᠯᠳᠦ᠋ᠷᠦᠭᠴᠢ ᠶᠢᠨ ᠠᠭᠤᠯᠬᠤᠨ ᠢ ᠪᠠᠭᠠᠰᠬᠠᠭᠠᠳ ᠨᠡᠬᠦᠷᠡᠰᠦᠳᠦ᠋ᠷᠦᠭᠴᠢ ᠶᠢᠨ ᠲᠠᠩ ᠢᠰᠤᠯ ᠵᠡᠷᠬᠡ ᠬᠤᠤᠷᠳᠤ ᠬᠡᠢ ᠪᠠᠶᠠᠳᠤ ᠶᠢᠨ ᠦᠳᠬᠡᠴᠠ ᠶᠢ ᠨᠡᠮᠡᠭᠳᠡᠬᠦᠯᠳᠡᠭ ᠪᠤᠯᠬᠤᠷ ᠬᠦᠮᠤᠰ ᠢᠢᠮᠤᠷᠬᠦᠤ ᠥᠷᠦᠭᠡ ᠳᠤ ᠤᠳᠠᠭᠠᠨ ᠰᠠᠭᠤᠪᠠᠯ ᠳᠤᠯᠤᠭᠠᠢ ᠲᠦᠷᠤᠬᠦᠤ ᠡᠷᠬᠢᠵᠤ᠂ ᠴᠠᠭᠠᠰᠢᠯᠠᠭᠠᠳ ᠨᠡᠬᠦᠷᠠᠰᠤᠨ ᠬᠡᠢ ᠳᠤ ᠬᠤᠤᠷᠳᠠᠭᠳᠠᠬᠤ ᠪᠤᠯᠤᠨ᠎ᠠ᠃ ᠡᠬᠦᠳᠠ ᠴᠤᠩᠬᠤ ᠪᠠᠨ ᠴᠢᠩᠭ᠎ᠠ ᠪᠢᠳᠡᠬᠦᠮᠵᠢᠯᠡᠪᠡᠯ ᠥᠷᠦᠭᠡᠨ  ᠳᠠᠬᠢ ᠪᠠᠷᠢᠯᠭ᠎ᠠ ᠶᠢᠨ ᠮᠠᠲ᠋ᠧᠷᠢᠶᠠᠯ ᠪᠠ ᠬᠡᠷ ᠤᠨ ᠵᠠᠰᠠᠯ ᠴᠢᠮᠡᠭᠯᠡᠯ ᠤᠨ ᠮᠠᠲ᠋ᠧᠷᠢᠶᠠᠯ ᠤᠨ ᠬᠤᠤᠷᠳᠤ ᠪᠤᠳᠠᠰ ᠨᠢ  ᠥᠷᠦᠭᠡᠨ ᠤ ᠠᠭᠠᠷ ᠲᠤ ᠪᠦᠬᠡᠮᠨᠡᠷᠡᠬᠡᠳ ᠡᠷᠡᠬᠦᠯ ᠮᠠᠨᠳᠤ ᠶᠢ ᠬᠦᠨᠤᠬᠡᠳᠡᠭ᠃    ᠴᠤᠩᠬᠤ ᠡᠬᠦᠳᠡ ᠪᠠᠨ ᠦᠷᠬᠦᠯᠵᠢ ᠨᠡᠬᠡᠬᠡᠵᠤ ᠠᠭᠠᠷ ᠨᠡᠪᠳᠡᠷᠡᠬᠦᠯᠪᠡᠯ ᠦᠷᠤᠬᠡᠨ ᠭᠠᠳᠡᠨᠡᠬᠢ ᠰᠢᠨ᠎ᠠ ᠰᠤᠷᠭᠤᠭ ᠠᠭᠠᠷ ᠤᠷᠤᠵᠤ ᠢᠷᠡᠬᠡᠳ᠂ ᠠᠭᠠᠷ ᠲᠠᠬᠢ ᠬᠤᠮᠡᠬᠢ ᠠᠮᠢᠳᠤ ᠪᠤᠳᠠᠰ ᠰᠡᠶᠢᠷᠡᠭᠵᠢᠬᠦ ᠪᠠ ᠠᠷᠢᠯᠵᠤ᠂ ᠬᠦᠮᠤᠰ ᠪᠤᠬᠢᠷ ᠬᠤᠤᠷᠳᠡᠢ ᠠᠭᠠᠷ ᠢᠶᠠᠷ ᠲᠠᠬᠢᠨ ᠠᠮᠢᠰᠬᠤᠬᠤ ᠦᠬᠡᠢ ᠪᠤᠯᠳᠠᠭ᠃    ᠡᠬᠦᠳᠠ ᠴᠤᠩᠬᠤ ᠪᠠᠨ ᠦᠷᠬᠦᠯᠵᠢ ᠨᠡᠬᠡᠬᠡᠳᠡᠭ ᠵᠠᠩᠰᠢᠯ ᠲᠠᠢ ᠪᠤᠯᠬᠤ ᠬᠡᠷᠡᠭᠳᠡᠢ᠃ ᠬᠠᠬᠢᠷ ᠬᠦᠢᠳᠡᠨ ᠡᠪᠦᠯ ᠳᠤ ᠴᠤ ᠡᠳᠤᠷ ᠪᠦᠷᠢ ᠴᠤᠩᠬᠤ ᠪᠠᠨ ᠨᠡᠬᠡᠬᠡᠵᠤ ᠠᠭᠠᠷ ᠨᠡᠪᠳᠡᠷᠡᠬᠦᠯᠤᠨ᠎ᠠ᠂ ᠦᠷᠯᠦᠬᠡ᠂ ᠦᠳᠠ᠂ ᠤᠷᠤᠢ ᠳᠤᠰ ᠳᠤᠰ ᠨᠢᠬᠡ ᠤᠳᠠᠭ᠎ᠠ᠂ ᠤᠳᠠᠭ᠎ᠠ ᠪᠦᠷᠢ ᠳᠤ 15 — 20 ᠮᠢᠨᠦ᠋ᠲ ᠨᠡᠬᠡᠬᠡᠪᠡᠯ ᠬᠠᠮᠤᠭ ᠤᠨ ᠰᠠᠶᠢᠨ᠃ ᠢᠯᠠᠩᠭᠤᠶ᠎ᠠ 10 — 30 ᠮᠢᠨᠦ᠋ᠲ ᠨᠡᠬᠡᠬᠡᠵᠤ ᠠᠭᠠᠷ ᠨᠡᠪᠳᠡᠷᠡᠬᠦᠯᠬᠦ ᠬᠡᠷᠡᠭᠳᠡᠢ᠃ ᠴᠤᠩᠬᠤ ᠪᠠᠨ ᠨᠡᠬᠡᠬᠡᠬᠦ ᠴᠠᠭ ᠨᠢ ᠦᠳᠡ ᠶᠢᠨ ᠡᠮᠤᠨᠡᠬᠢ 9᠄ 00 — 11᠄ 00 ᠴᠠᠭ ᠪᠤᠶᠤ ᠦᠳᠡ ᠶᠢᠨ ᠬᠤᠢᠨᠡᠬᠢ 2᠄ 00 — 4᠄ 00 ᠴᠠᠭ ᠲᠤ ᠪᠠᠶᠢᠪᠠᠯ  ᠰᠠᠶᠢᠨ ᠬᠡᠵᠤ ᠵᠠᠷᠢᠮ ᠬᠦᠮᠤᠨ ᠦᠵᠡᠵᠤ ᠪᠤᠢ᠂ ᠡᠨᠡ ᠴᠠᠭ ᠲᠤ ᠠᠭᠤᠷ ᠠᠮᠢᠰᠬᠤᠯ ᠳᠤᠯᠠᠭᠠᠨ ᠪᠤᠯᠵᠤ᠂ ᠶᠡᠭᠡ ᠠᠭᠠᠷ ᠮᠠᠨᠳᠠᠯ ᠲᠤ ᠳᠤᠨᠤᠵᠤ ᠪᠠᠶᠢᠭᠰᠠᠨ ᠬᠤᠤᠷ ᠲᠠᠢ ᠬᠡᠢ ᠪᠤᠳᠠᠰ ᠰᠠᠷᠨᠢᠭᠠᠳ᠂ ᠴᠤᠩᠬᠤ ᠪᠠᠨ ᠨᠡᠬᠡᠬᠡᠵᠤ ᠠᠭᠠᠷ ᠨᠡᠪᠲᠡᠷᠡᠭᠦᠯᠬᠦ ᠳᠤ ᠨᠡᠯᠢᠶᠠᠳ ᠰᠠᠶᠢᠨ ᠪᠠᠶᠢᠳᠠᠭ ᠪᠤᠯᠬᠤᠷ ᠢᠩᠬᠢᠵᠤ ᠬᠡᠯᠡᠳᠡᠭ ᠶᠤᠮ᠃ ᠠᠭᠠᠷ ᠳᠤᠬᠢᠷᠠᠭᠤᠯᠤᠭᠴᠢ ᠬᠡᠷᠡᠭᠯᠡᠵᠤ ᠪᠠᠶᠢᠭ᠎ᠠ ᠪᠠᠶᠢᠰᠢᠩ ᠳᠤ ᠠᠭᠠᠷ ᠰᠡᠯᠬᠢ ᠨᠡᠪᠳᠡᠷᠡᠬᠦᠯᠬᠦ ᠶᠢ ᠠᠩᠬᠠᠷᠴᠤ᠂ ᠳᠤᠬᠳᠠᠮᠠᠯ ᠬᠤᠭᠤᠴᠠᠭ᠎ᠠ ᠲᠠᠢ ᠪᠠᠷ ᠠᠭᠠᠷ ᠳᠤᠬᠢᠷᠠᠭᠤᠯᠤᠭᠴᠢ ᠪᠠᠨ ᠴᠡᠪᠡᠷᠯᠡᠬᠦ ᠬᠡᠷᠡᠭᠳᠡᠢ᠃   ᠥᠷᠦᠭᠡᠨ ᠳᠠᠬᠢ ᠠᠭᠠᠷ ᠪᠤᠬᠢᠷᠳᠤᠬᠤ ᠠᠴᠠ ᠰᠡᠷᠭᠡᠶᠢᠯᠡᠬᠦ ᠶᠢᠨ ᠲᠦᠯᠦᠬᠡ ᠥᠷᠦᠭᠡᠨ ᠳᠤ ᠲᠠᠮᠡᠬᠢ ᠲᠠᠳᠠᠬᠤ ᠦᠬᠡᠢ ᠪᠦᠬᠡᠳ ᠦᠷᠬᠦᠯᠵᠢ ᠦᠷᠤᠬᠡ ᠪᠠᠨ ᠠᠷᠢᠯᠭᠠᠨ ᠴᠡᠪᠡᠷᠯᠡᠵᠤ ᠪᠠᠶᠢᠬᠤ ᠬᠡᠷᠡᠭᠳᠡᠢ᠃ ᠱᠠᠯᠠ ᠴᠡᠪᠡᠷᠯᠡᠬᠦ ᠳᠡᠭᠡᠨ ᠳᠤᠳᠠᠭᠤ ᠱᠦᠬᠦᠷᠳᠡᠵᠤ ᠢᠯᠡᠬᠦᠤ ᠵᠦᠯᠬᠦᠨ᠂ ᠨᠤᠷᠭᠠᠭᠠᠳ ᠰᠠᠶᠢᠨ ᠬᠠᠳᠠᠭᠠᠨ᠎ᠠ᠃ ᠳᠤᠭᠤᠭᠠᠨ ᠬᠡᠷ ᠤᠨ ᠠᠭᠠᠷ ᠬᠠᠮᠤᠭ ᠤᠨ ᠬᠢᠯᠪᠠᠷᠬᠠᠨ ᠪᠤᠬᠢᠷᠳᠤᠳᠠᠭ᠃ ᠬᠠᠭᠤᠷᠴᠤ  ᠬᠠᠭᠠᠷᠢᠬᠤ ᠳᠤ ᠭᠠᠷᠤᠭᠰᠠᠠ ᠳᠤᠰᠤ ᠤᠳᠤᠭ᠎ᠠ ᠵᠢᠴᠢ ᠨᠡᠬᠦᠷᠡᠰᠤ ᠰᠢᠲᠠᠬᠤ ᠳᠤ ᠭᠠᠷᠤᠭᠰᠠᠠ ᠮᠦᠬᠦᠯᠢᠭᠳᠦ ᠪᠤᠳᠠᠰ ᠪᠠ ᠰᠢᠳᠠᠮᠠᠬᠠᠢ ᠬᠡᠢ ᠰᠢᠳᠠᠬᠤ ᠶᠠᠪᠤᠴᠠ ᠳᠠᠬᠢ ᠨᠡᠬᠦᠷᠠᠰᠦᠳᠦ᠋ᠷᠦᠭᠴᠢ ᠶᠢᠨ ᠲᠠᠩ ᠢᠰᠤᠯ ᠨᠢ ᠡᠷᠡᠬᠦᠯ ᠮᠠᠨᠳᠤ ᠶᠢ ᠮᠠᠰᠢ ᠶᠡᠭᠡ ᠪᠠᠷ ᠬᠤᠤᠷᠳᠠᠭᠤᠯᠳᠠᠭ᠃ ᠡᠶᠢᠮᠦ ᠪᠤᠯᠬᠤᠷ ᠳᠤᠭᠤᠭᠠᠨ ᠬᠡᠷ ᠲᠡᠭᠡᠨ ᠠᠭᠠᠷ ᠨᠡᠪᠳᠡᠷᠡᠬᠦᠯᠬᠦ ᠶᠢ ᠣᠨᠴᠠᠭᠠᠶᠢᠯᠠᠨ ᠠᠩᠬᠠᠷᠬᠤ ᠬᠡᠷᠡᠭᠳᠡᠢ᠂ ᠵᠤᠤᠬᠠᠨ ᠲᠡᠬᠡᠷ᠎ᠠ ᠪᠠᠨ ᠳᠤᠰᠤᠨ ᠤᠳᠤᠭ᠎ᠠ ᠶᠢᠨ ᠰᠤᠷᠤᠭᠤᠯ ᠪᠤᠶᠤ ᠠᠭᠠᠷ ᠰᠤᠷᠤᠭᠤᠯ ᠳᠤᠬᠢᠷᠠᠭᠤᠯᠪᠠᠯ ᠬᠠᠮᠤᠭ ᠤᠨ ᠰᠠᠶᠢᠨ ᠶᠤᠮ᠃    ︵︽ᠡᠷᠡᠬᠦᠯ ᠮᠠᠨᠳᠤ ᠶᠢᠨ 66 ᠵᠤᠷᠪᠤᠰ︾ ᠬᠡᠮᠡᠬᠦ ᠨᠤᠮ ᠠᠴᠠ ᠨᠠᠢᠷᠠᠭᠤᠯᠤᠨ ᠠᠪᠤᠪᠠ︶     ᠨᠠᠶᠢᠷᠠᠭᠤᠯᠤᠭᠴᠢ᠄ ᠬᠦᠰᠡᠯᠡᠩ
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠠ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号