ᠱᠠᠩᠰᠢ ᠨᠢ ᠬᠤᠷᠴᠢᠨᠴᠣᠳ ᠲᠤ ᠠᠶᠢᠯ ᠲᠣᠰᠬᠤᠨ ᠤ ᠬᠢᠨ ᠦᠮᠦᠭ ᠲᠦᠰᠢᠭ ᠡᠵᠡᠳ ᠰᠠᠬᠢᠭᠤᠰᠣ ᠪᠠᠷ | ᠦᠵᠡᠭᠳᠡᠵᠦ ᠪᠠᠶᠢᠬᠰᠠᠨ ᠠᠴᠠ ᠱᠠᠩᠰᠢ ᠶᠢᠨ ᠲᠠᠬᠢᠯᠭ᠎ᠠ ᠪᠠᠨ ᠲᠡᠳᠡ ᠶᠡᠭᠡ ᠪᠠᠷ ᠬᠦᠨᠳᠦᠳᠭᠡᠳᠡᠭ ᠪᠠᠶᠢᠵᠠᠢ᠃ | ᠱᠠᠩᠰᠢ ᠶᠢᠨ ᠮᠤᠳᠦ ᠶᠢᠨ ᠤᠯᠠᠩᠬᠢ ᠨᠢ ᠬᠠᠶᠢᠯᠠᠰᠤᠨ ᠮᠤᠳᠦ ᠪᠤᠯᠪᠠᠴᠤ ᠵᠠᠷᠢᠮ ᠭᠠᠵᠠᠷ ᠤᠨ ᠬᠢᠨ ᠤᠳᠠ ᠪᠠ ᠪᠤᠰᠤᠳ | ᠲᠦᠷᠦᠯ ᠤᠨ ᠮᠤᠳᠦ ᠪᠠᠷ ᠴᠦ ᠱᠠᠩᠰᠢ ᠪᠤᠯᠭᠠᠳᠠᠭ ᠴᠦ ᠪᠤᠢ᠃ ᠱᠠᠩᠰᠢ ᠲᠠᠬᠢᠬᠤ ᠡᠳᠦᠷ ᠪᠣᠯᠬᠤ ᠲᠠᠢ ᠵᠡᠷᠭᠡ ᠠᠶᠢᠯ | ᠲᠣᠰᠬᠤᠨ ᠤ ᠡᠷᠡᠭᠳᠡᠶᠢᠴᠣᠳ ᠱᠠᠩᠰᠢ ᠶᠢᠨ ᠮᠣᠳᠣᠨ ᠲᠣᠣᠷ᠎ᠠ ᠪᠠᠨ ᠴᠣᠬᠯᠠᠷᠠᠯᠳᠣᠵᠦ ᠲᠠᠬᠢᠯᠭ᠎ᠠ ᠶᠢᠨ ᠠᠵᠢᠯ ᠢᠶᠠᠨ | ᠡᠬᠢᠯᠡᠭᠦᠯᠳᠡᠭ᠃ ᠬᠤᠷᠴᠢᠨ ᠲᠠᠷᠢᠶᠠᠴᠢᠳ ᠤᠨ ᠱᠠᠩᠰᠢ ᠶᠢᠨ ᠲᠠᠬᠢᠯᠭ᠎ᠠ ᠳᠤ ︽ᠱᠠᠩᠰᠢ ᠶᠢᠨ ᠰᠠᠬᠢᠭᠤᠰᠣ ᠪᠠᠭᠤᠯᠭᠠᠬᠤ | ᠶᠣᠰᠣᠨ︾᠂ ︽ᠱᠠᠩᠰᠢ ᠡᠷᠭᠢᠬᠦ ᠶᠣᠰᠣᠨ︾᠂ ︽ᠱᠠᠩᠰᠢ ᠳᠤ ᠰᠢᠭᠦᠰᠦ ᠡᠷᠭᠦᠬᠦ ᠶᠣᠰᠣᠨ︾᠂ ︽ᠱᠠᠩᠰᠢ | ᠪᠠᠶᠠᠰᠬᠠᠬᠤ ᠶᠣᠰᠣᠨ︾ ᠭᠡᠵᠦ ᠪᠠᠶᠢᠳᠠᠬ᠃ | ᠱᠠᠩᠰᠢ ᠶᠢᠨ ᠰᠠᠬᠢᠭᠤᠰᠣ ᠪᠠᠭᠤᠯᠭᠠᠬᠤ ᠶᠣᠰᠣᠨ | ᠬᠤᠷᠴᠢᠨᠴᠣᠳ ᠤᠨ ᠱᠠᠩᠰᠢ ᠶᠢᠨ ᠲᠠᠬᠢᠯᠭ᠎ᠠ ᠨᠢ ᠦᠨᠡᠨ ᠳᠡᠭᠡᠨ᠂ ᠬᠤᠷᠴᠢᠨ ᠤ ᠪᠦᠭᠡ ᠶᠢᠨ ᠱᠠᠰᠢᠨ ᠤ ᠵᠠᠩ | ᠦᠢᠯᠡ᠂ ᠣᠯᠠᠮᠵᠢᠯᠠᠯᠳᠦ ᠵᠢᠷᠣᠬᠠᠢ ᠶᠢᠨ ᠣᠬᠠᠭᠠᠨ ᠲᠠᠢ ᠨᠢᠬᠳᠠ ᠣᠶᠠᠯᠳᠣᠵᠦ ᠬᠤᠯᠪᠣᠯᠳᠣᠬᠰᠠᠨ ᠲᠠᠬᠢᠯᠭ᠎ᠠ ᠪᠣᠯᠣᠨ᠎ᠠ᠃ | ᠱᠠᠩᠰᠢ ᠶᠢᠨ ᠲᠠᠬᠢᠯᠭ᠎ᠠ ᠳᠤ ᠡᠮᠡᠭᠳᠡᠢ ᠬᠦᠮᠦᠨ ᠣᠷᠣᠯᠴᠠᠬᠤ ᠶᠣᠰᠣ ᠪᠠᠶᠢᠳᠠᠬ ᠦᠭᠡᠢ᠃ ᠬᠤᠷᠴᠢᠨᠴᠣᠳ | ᠱᠠᠩᠰᠢ ᠶᠢᠨ ᠮᠣᠳᠣ ᠪᠠᠨ ᠲᠠᠬᠢᠬᠤ ᠳᠠᠭᠠᠨ ᠲᠣᠷ᠎ᠠ ᠶᠢᠨ ᠨᠢᠭᠡ ᠡᠳᠦᠷ ᠰᠣᠩᠭᠤᠭᠠᠳ ᠶᠠᠪᠣᠬᠳᠠᠭᠤᠯᠬᠤ ᠪᠢᠰᠢ ᠵᠠᠪᠠᠯ | ᠬᠠᠷ᠎ᠠ᠂ ᠬᠠᠷᠠᠬᠴᠢᠨ᠂ ᠬᠦᠬᠡ᠂ ᠬᠦᠭᠡᠭᠴᠢᠨ ᠡᠳᠦᠷ ᠢ ᠰᠢᠯᠢᠵᠦ ᠯᠣᠣ᠂ ᠮᠣᠭᠠᠢ ᠡᠳᠦᠷ ᠢ ᠰᠣᠩᠭᠤᠨ᠎ᠠ ᠭᠡᠳᠡᠭ᠃ | ᠬᠡᠷᠪᠡ ᠡᠳᠦᠷ ᠤᠨ ᠦᠡᠭᠭᠡ ᠪᠣᠯᠣᠨ ᠡᠳᠦᠷ ᠤᠨ ᠡᠷᠬᠡᠰ ᠨᠢ ᠲᠠᠭᠠᠷᠠᠬᠤ ᠦᠭᠡᠢ ᠪᠣᠯ ᠱᠠᠩᠰᠢ ᠶᠢᠨ ᠰᠠᠬᠢᠭᠤᠰᠣ ᠨᠢ | ᠮᠣᠳᠣᠨ ᠳᠠᠭᠠᠨ ᠪᠠᠭᠤᠬᠤ ᠳᠤ ᠬᠠᠷᠰᠢ ᠲᠣᠬᠢᠶᠠᠯᠳᠣᠳᠠᠬ ᠠᠴᠠ ᠱᠠᠩᠰᠢ ᠶᠢᠨ ᠰᠠᠬᠢᠭᠤᠰᠣ ᠬᠢᠯᠢᠩᠨᠡᠵᠦ ᠲᠡᠭᠡᠳᠦ | ᠲᠡᠭᠷᠢ ᠠᠴᠠ ᠪᠣᠷᠣᠭᠠᠨ ᠬᠤᠷ᠎ᠠ ᠭᠤᠶᠣᠵᠦ ᠦᠭᠬᠦ ᠦᠭᠡᠢ ᠪᠣᠯᠳᠠᠬ ᠠᠴᠠ ᠬᠡᠴᠢᠨᠡᠬᠡᠨ ᠵᠠᠯᠪᠠᠷᠢᠬᠰᠠᠨ ᠴᠦ ᠲᠣᠰᠠ | ᠦᠭᠡᠢ ᠶᠣᠮ ᠭᠡᠨ᠎ᠡ᠃ ᠡᠭᠦᠨ ᠤ ᠲᠣᠬᠠᠢ ᠭᠠᠳᠠᠰᠣ ᠠᠴᠠ᠄ ︽ᠬᠠᠷ᠎ᠠ᠂ ᠬᠠᠷᠠᠬᠴᠢᠨ ᠨᠢ ᠮᠣᠩᠭᠤᠯ ᠤᠨ | ᠣᠯᠠᠮᠵᠢᠯᠠᠯᠳᠦ ᠵᠢᠷᠣᠬᠠᠢ ᠶᠢᠨ ᠲᠠᠪᠣᠨ ᠮᠠᠬᠠᠪᠣᠳ ᠤᠨ ᠶᠣᠰᠣᠨ ᠳᠤ ᠣᠰᠣ ᠶᠢ ᠲᠦᠯᠦᠭᠡᠯᠡᠵᠦ᠂ ᠬᠦᠬᠡ᠂ | ᠬᠦᠭᠡᠭᠴᠢᠨ ᠨᠢ ᠮᠣᠳᠣ ᠶᠢ ᠲᠦᠯᠦᠭᠡᠯᠡᠳᠡᠭ ᠶᠣᠮ᠃ ᠬᠤᠷᠴᠢᠨ ᠳᠤ ᠪᠠᠰᠠ ︿ᠯᠣᠣ᠂ ᠮᠣᠭᠠᠢ ᠨᠢ ᠯᠣᠣᠰ ᠤᠨ ᠡᠵᠡᠳ᠂ | ᠪᠣᠷᠣᠭᠠᠨ ᠤ ᠰᠠᠬᠢᠭᠤᠰᠣ﹀ ᠭᠡᠵᠦ ᠶᠠᠷᠢᠳᠠᠬ ᠠᠴᠠ ᠱᠠᠩᠰᠢ ᠶᠢᠨ ᠪᠣᠷᠬᠠᠨ ᠨᠢ ᠬᠦᠭᠡᠭᠴᠢᠨ ᠯᠣᠣ᠂ ᠬᠦᠭᠡᠭᠴᠢᠨ | ᠮᠣᠭᠠᠢ ᠡᠳᠦᠷ ᠱᠠᠩᠰᠢ ᠶᠢᠨ ᠮᠣᠳᠣᠨ ᠳᠠᠭᠠᠨ ᠠᠮᠠᠷᠬᠠᠨ ᠵᠠᠯᠠᠷᠠᠨ ᠪᠠᠭᠤᠵᠦ᠂ ᠬᠠᠷᠠᠬᠴᠢᠨ ᠯᠣᠣ᠂ ᠬᠠᠷᠠᠬᠴᠢᠨ ᠮᠣᠭᠠᠢ | ᠡᠳᠦᠷ ᠯᠣᠣᠰ ᠤᠨ ᠡᠵᠡᠳ ᠲᠠᠢ ᠰᠠᠨᠠᠭ᠎ᠠ ᠪᠠᠨ ᠲᠦᠷᠭᠡᠨ ᠣᠯᠣᠯᠴᠠᠵᠦ ᠲᠡᠶᠢᠯᠦᠨ᠎ᠡ ᠭᠡᠵᠦ ᠰᠡᠳᠭᠢᠭᠰᠡᠨ ᠲᠠᠢ | ᠬᠤᠯᠪᠣᠭ᠎ᠠ ᠲᠠᠢ᠃ ᠡᠳᠦᠷ ᠤᠨ ᠦᠡᠭᠭᠡ ᠨᠢ ᠲᠠᠭᠠᠷᠠᠪᠠᠯ ᠮᠣᠷᠢ ᠬᠤᠨᠢᠨ ᠡᠳᠦᠷ ᠢ ᠪᠠᠰᠠ ᠰᠣᠩᠭᠤᠵᠦ ᠪᠣᠯᠣᠨ᠎ᠠ ᠭᠡᠳᠡᠭ | ᠃ ᠱᠠᠩᠰᠢ ᠶᠢᠨ ᠲᠠᠬᠢᠯᠭ᠎ᠠ ᠶᠢ ᠵᠠᠷᠢᠮ ᠨᠣᠳᠤᠬ ᠤᠨ ᠬᠢᠨ ᠲᠣᠬᠳᠠᠬᠰᠠᠨ ᠡᠳᠦᠷ ᠭᠠᠷᠭᠠᠵᠦ ᠶᠠᠪᠣᠬᠳᠠᠭᠤᠯᠳᠠᠬ᠃ | ᠮᠠᠨ ᠤ ᠬᠦᠷᠢᠶ᠎ᠡ ᠬᠤᠰᠢᠭᠤᠨ ᠤ ᠵᠠᠷᠢᠮ ᠭᠠᠵᠠᠷ ᠲᠤ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ ᠠᠷᠪᠠᠨ | ᠭᠤᠷᠪᠠᠨ ᠢ ᠰᠣᠩᠭᠤᠵᠦ ᠱᠠᠩᠰᠢ ᠶᠢᠨ ᠲᠠᠬᠢᠯᠭ᠎ᠠ ᠪᠠᠨ ᠶᠠᠪᠣᠬᠳᠠᠭᠤᠯᠳᠠᠬ ᠶᠣᠮ︾ ᠭᠡᠪᠡ᠃ | ᠱᠠᠩᠰᠢ ᠶᠢᠨ ᠰᠠᠬᠢᠭᠤᠰᠣ ᠪᠠᠭᠤᠯᠭᠠᠬᠤ ᠶᠣᠰᠣ ᠭᠡᠳᠡᠭ ᠨᠢ ᠱᠠᠩᠰᠢ ᠲᠠᠬᠢᠬᠤ ᠭᠡᠵᠦ ᠪᠠᠶᠢᠭ᠎ᠠ ᠠᠶᠢᠯ | ᠲᠣᠰᠬᠤᠨ ᠤ ᠬᠢᠨ ᠯᠠᠮᠠ ᠪᠣᠶᠣ ᠪᠦᠬᠡ ᠵᠠᠯᠠᠵᠦ ᠨᠣᠮ ᠲᠠᠷᠨᠢ ᠣᠡᠭᠰᠢᠭᠤᠯᠵᠦ ᠪᠠᠶᠢᠭᠠᠳ ᠱᠠᠩᠰᠢ ᠶᠢᠨ ᠪᠣᠷᠬᠠᠨ ᠢ | ᠱᠠᠩᠰᠢ ᠶᠢᠨ ᠮᠣᠳᠣᠨ ᠳᠤᠨᠢ ᠵᠠᠯᠠᠵᠦ ᠪᠠᠭᠤᠯᠭᠠᠬᠤ ᠶᠢ ᠬᠡᠯᠡᠳᠡᠭ᠃ ᠱᠠᠩᠰᠢ ᠪᠠᠭᠤᠯᠭᠠᠬᠤ ᠶᠣᠰᠣᠨ ᠤ ᠲᠣᠬᠠᠢ | ᠭᠠᠳᠠᠰᠣ ᠠᠴᠠ᠄ ︽ᠮᠣᠩᠭᠤᠯᠴᠣᠳ ᠡᠷᠳᠡ ᠲᠡᠭᠡᠳᠦ ᠦᠶ᠎ᠡ ᠳᠤ ᠪᠦᠭᠡ ᠶᠢᠨ ᠱᠠᠰᠢᠨ ᠢ ᠰᠢᠳᠦᠵᠦ ᠪᠠᠶᠢᠬᠰᠠᠨ | ᠪᠤᠯᠬᠤᠷ ᠰᠢᠷ᠎ᠠ ᠶᠢᠨ ᠱᠠᠰᠢᠨ ᠨᠢ ᠬᠤᠷᠴᠢᠨ ᠨᠣᠳᠤᠬ ᠲᠤ ᠣᠯᠠᠮᠵᠢᠯᠠᠬᠳᠠᠨ ᠣᠷᠣᠵᠦ ᠢᠷᠡᠬᠦ ᠠᠴᠠ ᠡᠮᠦᠨ᠎ᠡ | ᠱᠠᠩᠰᠢ ᠶᠢᠨ ᠰᠠᠬᠢᠭᠤᠰᠣ ᠪᠠᠭᠤᠯᠭᠠᠬᠤ ᠠᠵᠢᠯ ᠢ ᠪᠦᠭᠡ ᠨᠠᠷ ᠬᠦᠢᠴᠡᠳᠭᠡᠵᠦ ᠪᠠᠶᠢᠬᠰᠠᠨ ᠨᠢ ᠯᠠᠪᠳᠠᠢ᠃ ᠪᠦᠭᠡ | ᠢᠳᠣᠭᠠᠨ ᠨᠠᠷ ᠤᠨ ᠣᠡᠭᠭᠤᠳ ᠰᠢᠳᠦᠭᠡᠨ ᠨᠢ ᠢᠮᠠᠬᠳᠠ ᠬᠡᠭᠡᠷ᠎ᠡ ᠭᠠᠳᠠᠨ᠎ᠠ ᠭᠠᠭᠴᠠ ᠮᠣᠳᠣᠨ ᠳᠤ ᠰᠠᠭᠤᠳᠠᠬ ᠪᠣᠶᠣ | ᠮᠣᠳᠣ ᠲᠠᠢ ᠬᠤᠯᠪᠣᠭ᠎ᠠ ᠲᠠᠢ ᠭᠡᠳᠡᠭ᠃ ᠡᠶᠢᠮᠦ ᠠᠴᠠ ᠪᠦᠬᠡ ᠨᠠᠷ ᠱᠠᠩᠰᠢ ᠶᠢᠨ ᠮᠣᠳᠣ ᠶᠢ ᠰᠠᠬᠢᠭᠤᠰᠣ ᠪᠣᠯᠭᠠᠨ | ᠲᠠᠬᠢᠳᠠᠬ ᠪᠦᠭᠡᠳ ᠲᠡᠭᠷᠢ ᠲᠠᠬᠢᠬᠤ ᠪᠠᠷ ᠪᠣᠰᠬᠠᠬᠰᠠᠨ ᠣᠪᠣᠭᠠᠨ ᠲᠡᠭᠡᠷ᠎ᠡ ᠪᠠᠨ ᠵᠡᠯᠮ᠎ᠡ ᠶᠢᠨ ᠮᠣᠳᠣ ᠬᠠᠳᠬᠤᠳᠠᠬ | ᠶᠣᠮ ᠭᠡᠨ᠎ᠡ᠃ ᠡᠷᠳᠡᠨ ᠳᠤ ᠪᠦᠭᠡ ᠢᠳᠣᠭᠠᠨ ᠦᠬᠦᠪᠡᠯ ᠪᠠᠰᠠ ᠲᠦᠷᠪᠡᠨ ᠮᠦᠴᠢ ᠪᠠᠷ ᠨᠢ ᠲᠣᠶᠠᠴᠢᠵᠦ ᠱᠠᠩᠰᠢ ᠶᠢᠨ | ᠮᠣᠳᠣᠨ ᠳᠤ ᠡᠯᠬᠦᠳᠡᠭ ᠴᠦ ᠪᠠᠶᠢᠵᠠᠢ᠃ ᠡᠯᠭᠦᠵᠦ ᠲᠠᠯᠪᠢᠬᠰᠠᠨ ᠶᠠᠰᠣ ᠮᠢᠬ᠎ᠠ ᠶᠢ ᠨᠢ ᠬᠡᠳᠦᠨ ᠲᠣᠯᠤᠭ᠎ᠠ ᠬᠤᠨᠤᠬ ᠲᠤ | ᠰᠢᠪᠠᠭᠤ᠂ ᠱᠠᠭᠠᠵᠠᠭᠠᠢ᠂ ᠡᠯᠢᠶ᠎ᠡ᠂ ᠪᠦᠷᠭᠦᠳ ᠵᠡᠷᠭᠡ ᠶᠢᠨ ᠵᠢᠭᠦᠷᠳᠡᠨ ᠠᠮᠢᠳᠠᠳ ᠢᠳᠡᠵᠦ ᠪᠠᠷᠠᠪᠠᠯ ᠶᠡᠭᠡ ᠰᠠᠶᠢᠨ | ᠭᠡᠳᠡᠭ ᠶᠤᠮ᠃ ᠡᠭᠦᠨ ᠢ ᠪᠠᠰᠠ ︿ᠰᠦᠷᠯᠡᠡ ᠣᠷᠣᠰᠢᠭᠤᠯᠬᠤ﹀ ᠭᠡᠵᠦ ᠬᠡᠯᠡᠳᠡᠭ᠃ ᠪᠦᠭᠡ ᠶᠢᠨ ᠱᠠᠰᠢᠨ ᠤ | ᠶᠣᠰᠣᠨ ᠳᠤ ᠪᠦᠭᠡ ᠨᠠᠷ ᠦᠬᠦᠪᠡᠯ ᠰᠦᠨᠡᠰᠦ ᠨᠢ ᠰᠠᠬᠢᠭᠤᠰᠣ ᠪᠣᠶᠣ ᠰᠢᠳᠦᠭᠡᠨ ᠪᠣᠯᠳᠠᠬ ᠠᠴᠠ ᠪᠢᠰᠢ ᠡᠩ ᠤᠨ | ᠬᠦᠮᠦᠨ ᠤ ᠰᠦᠨᠡᠰᠦ ᠰᠢᠭ ᠲᠦᠷᠦᠯ ᠡᠷᠢᠵᠦ ᠶᠠᠪᠣᠳᠠᠬ ᠦᠭᠡᠢ ᠭᠡᠨ᠎ᠡ᠃ ᠬᠤᠷᠴᠢᠨᠴᠣᠳ ᠪᠠᠰᠠ ᠪᠦᠭᠡ ᠶᠢ | ᠲᠡᠭᠷᠢ ᠶᠢᠨ ᠵᠢᠭᠡ ᠭᠡᠵᠦ ᠰᠢᠳᠢᠴᠢᠯᠡᠨ ᠶᠠᠷᠢᠳᠠᠬ ᠪᠣᠯᠬᠤᠷ ᠦᠬᠦᠭᠰᠡᠨ ᠪᠦᠭᠡ ᠨᠠᠷ ᠢ ᠱᠠᠩᠰᠢ ᠶᠢᠨ ᠮᠣᠳᠣᠨ ᠳᠤ ᠬᠡᠢ | ᠲᠠᠯᠪᠢᠨ ᠣᠷᠣᠰᠢᠭᠤᠯᠪᠠᠯ ᠱᠠᠩᠰᠢ ᠶᠢᠨ ᠰᠠᠬᠢᠭᠤᠰᠣ ᠠᠴᠠ ᠦᠬᠦᠭᠰᠡᠨ ᠪᠦᠭᠡ ᠶᠢᠨ ᠰᠦᠭ ᠰᠦᠨᠡᠰᠦ ᠶᠢ ᠨᠢ ᠢᠪᠡᠭᠡᠵᠦ | ᠰᠢᠳᠢ ᠶᠢᠨ ᠬᠦᠴᠦᠨ ᠢ ᠨᠢ ᠨᠡᠮᠡᠭᠳᠡᠭᠦᠯᠦᠨ ᠡᠷᠳᠡᠮᠳᠡᠨ ᠪᠦᠭᠡ ᠶᠢᠨ ᠲᠣᠬᠰᠢᠨ ᠰᠢᠳᠦᠭᠡᠨ ᠪᠣᠯᠭᠠᠵᠦ ᠲᠡᠶᠢᠯᠦᠨ᠎ᠡ | ᠭᠡᠳᠡᠭ᠃ ᠬᠤᠵᠢᠮ ᠨᠢ ᠪᠣᠯᠵᠦ ᠢᠷᠡᠭᠡᠳ ᠡᠨᠡ ᠬᠦ ᠪᠦᠭᠡ ᠨᠠᠷ ᠢ ︿ᠰᠦᠷᠯᠠᠡ ᠣᠷᠤᠰᠢᠭᠤᠯᠬᠤ﹀ ᠶᠣᠰᠣ ᠨᠢ | ᠠᠷᠠᠳ ᠤᠨ ᠲᠣᠮᠳᠠ ᠴᠦ ᠲᠠᠷᠬᠠᠬᠰᠠᠨ ᠶᠣᠮ᠃ ᠮᠠᠨ ᠤ ᠠᠶᠢᠯ ᠠᠴᠠ ᠬᠤᠶᠢᠰᠢ ᠲᠠᠪᠣᠨ ᠭᠠᠵᠠᠷ ᠤᠨ ᠠᠯᠣᠰ ᠲᠤ | ᠨᠢᠭᠡ ᠭᠠᠷᠪᠤ ᠶᠢ ᠬᠡᠢ ᠲᠡᠭᠡᠷ᠎ᠡ ᠲᠡᠭᠳᠡᠭᠡᠭᠰᠡᠨ ᠭᠡᠳᠡᠭ ᠮᠣᠳᠣ ᠪᠠᠶᠢᠬᠰᠠᠨ ᠶᠣᠮ᠃ ᠡᠨᠡ ᠮᠣᠳᠣᠨ ᠲᠡᠭᠡᠷ᠎ᠡ ᠵᠢᠷᠠᠭᠠᠳ | ᠣᠨ ᠤ ᠦᠶ᠎ᠡ ᠳᠤ ᠭᠠᠷᠪᠤ ᠭᠡᠳᠡᠭ ᠬᠦᠮᠦᠨ ᠤ ᠬᠡᠭᠦᠷ ᠢ ᠲᠠᠯᠪᠢᠬᠰᠠᠨ ᠭᠡᠳᠡᠭ᠃ ᠢᠡᠭᠭᠢᠵᠦ ᠲᠡᠭᠳᠡᠭᠡᠵᠦ ᠲᠠᠯᠪᠢᠬᠰᠠᠨ | ᠡᠭᠡᠯ ᠬᠦᠮᠦᠨ ᠤ ᠰᠦᠨᠡᠰᠦ ᠨᠢ ᠴᠦ ᠪᠦᠭᠡ ᠨᠠᠷ ᠤᠨ ᠬᠦᠯᠦᠭ ᠪᠣᠯᠵᠦ ᠠᠳᠠ ᠴᠢᠳᠭᠦᠷ ᠲᠤ ᠲᠠᠷᠣᠯᠭ᠎ᠠ ᠬᠢᠬᠦ ᠳᠤᠨᠢ | ᠬᠠᠪᠰᠣᠷᠤᠯᠭᠠ ᠪᠣᠯᠳᠠᠬ᠃ ᠡᠭᠦᠨ ᠠᠴᠠ ᠪᠢᠳᠡ ᠱᠠᠩᠰᠢ ᠨᠢ ᠪᠦᠭᠡ ᠨᠠᠷ ᠤᠨ ᠴᠢᠬᠤᠯᠠ ᠨᠢᠭᠡ ᠰᠢᠳᠦᠭᠡᠨ ᠪᠠᠶᠢᠬᠰᠠᠨ | ᠭᠡᠳᠡᠭ ᠢ ᠮᠡᠳᠡᠵᠦ ᠪᠣᠯᠣᠨ᠎ᠠ︾ ᠭᠡᠵᠡᠢ᠃ ᠬᠦᠷᠢᠶ᠎ᠡ ᠬᠤᠰᠢᠭᠤᠨ ᠤ ᠪᠦᠭᠡ ᠶᠢᠨ ᠣᠷᠢᠯᠭ᠎ᠠ ᠳᠤ᠄ | ᠴᠠᠰᠣ ᠴᠠᠭᠠᠨ ᠠᠭᠤᠯᠠ | ᠴᠠᠬᠢᠭᠤᠷ ᠴᠠᠭᠠᠨ ᠬᠠᠳᠠ | ᠱᠠᠰᠳᠢᠷ ᠤᠨ ᠭᠠᠭᠴᠠ ᠮᠣᠳᠣ | ᠰᠠᠯᠠᠭ᠎ᠠ ᠪᠣᠯᠭᠠᠨ ᠨᠢ ᠰᠠᠨᠠᠯ | ᠰᠠᠨᠠᠯ ᠤᠨ ᠮᠢᠩᠭᠠᠨ ᠰᠣᠬᠠᠢ | ᠨᠠᠪᠴᠢ ᠶᠢᠨ ᠲᠦᠮᠡᠨ ᠦᠵᠦᠭ | ᠭᠡᠵᠦ ᠭᠠᠷᠳᠠᠬ ᠪᠠ ︽ᠠᠷᠣ ᠬᠢᠨᠭ᠍ᠭᠠᠨ ᠤ ᠠᠷᠣ ᠳᠠᠬᠢ ᠠᠷᠪᠠᠨ ᠭᠤᠷᠪᠠᠨ ᠣᠪᠣᠭᠠᠨ ᠲᠣᠮᠳᠠᠬᠢ ᠠᠭᠠᠷᠣ ᠽᠠᠨᠳᠠᠨ | ᠮᠣᠳᠣᠨ ᠤ ᠪᠠᠷᠠᠭᠤᠨ ᠬᠤᠶᠢᠳᠦ ᠰᠠᠯᠠᠭᠠᠨ ᠳᠤ ᠬᠤᠪᠣᠬᠳᠦ ᠠᠪᠤ ᠶᠢᠨ ᠪᠠᠶᠢᠷᠢ ᠰᠠᠭᠤᠳᠠᠯ ᠲᠠᠢ᠂ ᠵᠡᠭᠦᠨ ᠣᠷᠢᠳᠦ | ᠰᠠᠯᠠᠭᠠᠨ ᠳᠤ ᠬᠤᠳᠣᠬᠳᠦ ᠠᠪᠠᠢ ᠰᠠᠭᠤᠳᠠᠬ︾ ᠶᠣᠮ ᠭᠡᠨ᠎ᠡ᠃ ︽ᠲᠡᠭᠦᠨ ᠢ ᠪᠠᠰᠠ ᠲᠡᠭᠷᠢ ᠶᠢᠨ ᠬᠦᠯ︾ ᠬᠡᠯᠴᠡᠳᠡᠭ | ᠭᠡᠵᠦ ᠪᠠ᠊ · ᠰᠦᠬᠡ ᠶᠢᠨ ᠭᠤᠣᠯᠯᠠᠨ ᠨᠠᠶᠢᠷᠠᠭᠤᠯᠣᠬᠰᠠᠨ ︽ᠠᠨᠳᠠᠢ ᠶᠢᠨ ᠨᠣᠳᠤᠬ ᠬᠦᠷᠢᠶ᠎ᠡ ᠬᠤᠰᠢᠭᠤᠨ ᠤ ᠲᠡᠦᠬᠡ | ᠰᠣᠶᠣᠯ ᠤᠨ ᠲᠣᠪᠴᠢᠶ᠎ᠠ︾ ᠭᠡᠬᠦ ᠨᠣᠮ ᠳᠤ ᠲᠣᠳᠣᠷᠬᠠᠢ ᠲᠡᠮᠳᠡᠭᠯᠡᠵᠦ ᠪᠠᠶᠢᠭ᠎ᠠ ᠶᠣᠮ᠃ ᠲᠣᠰ ᠲᠡᠮᠳᠡᠭᠯᠡᠯ ᠠᠴᠠ | ᠦᠵᠡᠪᠡᠯ ᠬᠤᠪᠣᠬᠳᠤ ᠪᠦᠬᠡ ᠪᠠ ᠬᠤᠳᠣᠬᠳᠦ ᠠᠪᠠᠢ ᠨᠢ ᠪᠦᠷ ᠱᠠᠩᠰᠢ ᠶᠢᠨ ᠮᠣᠳᠣᠨ ᠳᠤ ᠰᠠᠭᠤᠳᠠᠬ ᠨᠢ ᠲᠣᠳᠣᠷᠬᠠᠢ | ᠃ ᠬᠤᠪᠣᠬᠳᠤ ᠪᠦᠭᠡ ᠶᠢ ᠬᠤᠷᠴᠢᠨ ᠪᠦᠭᠡ ᠨᠠᠷ ᠤᠨ ᠶᠡᠭᠡ ᠪᠠᠭᠰᠢ᠂ ᠡᠪᠦᠭᠡ ᠭᠡᠵᠦ ᠬᠤᠷᠴᠢᠨᠴᠣᠳ ᠦᠵᠡᠳᠡᠭ ᠠᠴᠠ | ᠰᠢᠨᠵᠢᠪᠡᠯ ᠱᠠᠩᠰᠢ ᠶᠢᠨ ᠲᠠᠬᠢᠯᠭ᠎ᠠ ᠶᠢ ᠠᠯᠢ ᠡᠷᠳᠡ ᠳᠤ ᠪᠦᠭᠡ ᠨᠠᠷ ᠡᠷᠭᠢᠯᠡᠨ ᠶᠠᠪᠣᠬᠳᠠᠭᠤᠯᠵᠦ ᠪᠠᠶᠢᠭᠰᠠᠨ ᠨᠢ | ᠯᠠᠪᠳᠠᠢ᠃ ᠲᠣᠰ ᠨᠣᠮ ᠳᠤ ᠲᠡᠮᠳᠡᠭᠯᠡᠭᠰᠡᠨ ᠢᠶᠠᠷ᠄ ︽ᠵᠠᠷᠢᠮ ᠠᠶᠢᠯ ᠤᠨ ᠬᠢᠨ ᠪᠠᠰᠠ ᠠᠶᠢᠯ ᠠᠶᠢᠮᠠᠬ ᠲᠠᠭᠠᠨ | ᠬᠡᠯᠡᠮᠦᠷᠴᠢ ᠴᠣᠯᠠ ᠲᠠᠢ ᠨᠠᠰᠣᠳᠠᠨ ᠢᠶᠠᠨ ︿ᠴᠠᠭᠠᠨ ᠡᠪᠦᠭᠡᠨ﹀ ᠡᠷᠭᠦᠮᠵᠢᠯᠡᠭᠡᠳ ᠱᠠᠩᠰᠢ ᠶᠢᠨ ᠡᠵᠡᠨ ᠤ ᠵᠠᠬ᠎ᠠ ᠳᠤ | ᠰᠠᠭᠤᠯᠭᠠᠵᠦ᠂ ︿ᠬᠡᠰᠢᠭ ᠤᠨ ᠲᠡᠭᠡᠵᠢ﹀ ᠬᠤᠨᠢᠨ ᠡᠪᠴᠢᠭᠦᠦ ᠪᠠᠷᠢᠭᠤᠯᠵᠦ ᠢᠷᠦᠭᠡᠯ ᠣᠡᠭᠰᠢᠭᠤᠯᠬᠤ ᠶᠢᠨ ᠬᠠᠮᠳᠦ | ᠣᠯᠠᠨ ᠢᠶᠠᠷ ᠢᠶᠠᠨ ᠮᠦᠷᠭᠦᠵᠡᠭᠡᠳᠡᠭ ᠶᠣᠮ᠃ ᠡᠨᠡ ᠦᠶᠡᠰ ᠴᠠᠭᠠᠨ ᠡᠪᠦᠭᠡᠨ ᠨᠢ᠄ | ᠡᠭᠦᠯᠡᠨ ᠤ ᠵᠠᠪᠰᠠᠷ ᠢᠶᠠᠷ ᠲᠡᠭᠷᠢ ᠦᠵᠡ | ᠡᠭᠦᠳᠡᠨ ᠤ ᠴᠢᠯᠦᠭᠡ ᠪᠠᠷ ᠪᠣᠷᠬᠠᠨ ᠦᠵᠡ | ᠦᠷ᠎ᠡ ᠬᠡᠦᠬᠡᠳ ᠲᠤ ᠮᠢᠨᠢ ᠡᠪᠡᠳᠴᠢᠨ ᠦᠭᠡᠢ | ᠡᠩ ᠲᠡᠯᠡᠬᠡᠢ ᠳᠤ ᠰᠠᠮᠠᠭᠤᠨ ᠦᠭᠡᠢ | ᠦᠯᠵᠡᠢ ᠵᠢᠷᠭᠠᠯ ᠬᠤᠣᠰᠯᠠᠬᠤ ᠶᠣᠮ ᠡ | ᠦᠨᠢ ᠡᠭᠦᠷᠢᠳᠡ ᠲᠠᠶᠢᠪᠤᠡᠭ ᠶᠣᠮ ᠡ | ᠲᠠᠪᠣᠨ ᠲᠠᠷᠢᠶ᠎ᠠ ᠲᠡᠭᠰᠢ ᠲᠦᠷᠦᠬᠦ ᠶᠣᠮ ᠡ | ᠲᠠᠪᠣᠨ ᠬᠤᠰᠢᠭᠤ ᠮᠠᠯ ᠠᠳᠠᠯᠢ ᠦᠰᠬᠦ ᠶᠣᠮ ᠡ᠃ | ᠭᠤᠣᠨᠢ ᠪᠡᠶ᠎ᠡ ᠳᠤ ᠭᠠᠷᠣᠵᠠ ᠦᠭᠡᠢ | ᠭᠤᠸᠠᠩᠭᠠᠨ ᠰᠣᠪᠳᠠᠬ ᠲᠤ ᠭᠡᠮ ᠦᠭᠡᠢ | ᠭᠠᠯ ᠭᠤᠯᠣᠮᠳᠠ ᠪᠠᠳᠠᠷᠠᠬᠤ ᠶᠣᠮ ᠡ | ᠭᠠᠴᠢᠬ ᠵᠣᠪᠠᠯᠠᠩ ᠠᠴᠠ ᠬᠡᠯᠳᠦᠷᠢᠬᠦ ᠶᠣᠮ ᠡ | ᠦᠨᠦᠴᠢᠨ ᠬᠡᠦᠬᠡᠳ ᠲᠤ ᠡᠮᠬᠡᠭ ᠦᠭᠡᠢ | ᠡᠷ᠎ᠡ ᠦᠭᠡᠢ ᠪᠡᠯᠪᠡᠰᠦᠨ ᠳᠤ ᠨᠢᠭᠦᠯ ᠦᠭᠡᠢ | ᠡᠴᠢᠭᠡ ᠡᠬᠡ ᠪᠠᠨ ᠬᠦᠨᠳᠦᠯᠡᠬᠦ ᠶᠣᠮ ᠡ | ᠦᠷ᠎ᠡ ᠵᠣᠯᠵᠠᠭ᠎ᠠ ᠪᠠᠨ ᠦᠰᠭᠡᠬᠦ ᠶᠣᠮ ᠡ᠃ | ᠮᠣᠩᠭᠤᠯ ᠲᠠᠷᠢᠶ᠎ᠠ ᠪᠠᠨ ᠬᠠᠶᠢᠷᠠᠯᠠᠪᠠᠯ | ᠮᠦᠡᠭᠬᠡ ᠲᠡᠭᠷᠢ ᠪᠠᠶᠠᠰᠬᠤ ᠶᠣᠮ ᠡ | ᠮᠦᠨᠳᠦᠷ ᠦᠭᠡᠢ ᠵᠦᠰᠡᠷ ᠪᠣᠷᠣᠭᠠᠨ ᠢ | ᠮᠦᠨᠦ ᠮᠠᠷᠭᠠᠰᠢ ᠣᠷᠣᠭᠤᠯᠬᠤ ᠶᠣᠮ ᠡ | ᠬᠤᠷᠠᠭ᠎ᠠ ᠢᠰᠢᠭᠡ ᠪᠠᠨ ᠬᠠᠶᠢᠷᠠᠯᠠᠪᠠᠯ | ᠬᠤᠷᠮᠣᠰᠳᠠ ᠲᠡᠭᠷᠢ ᠪᠠᠶᠠᠰᠬᠤ ᠶᠣᠮ ᠡ | ᠬᠤᠣᠷ ᠦᠭᠡᠢ ᠵᠦᠭᠡᠯᠡᠨ ᠬᠤᠷ᠎ᠠ ᠶᠢ | ᠬᠤᠭᠤᠴᠠᠭ᠎ᠠ ᠬᠤᠭᠤᠴᠠᠭᠠᠨ ᠳᠤᠨᠢ ᠪᠠᠭᠤᠯᠭᠠᠬᠤ ᠶᠣᠮ ᠡ ᠭᠡᠬᠦ ᠮᠡᠳᠦ ᠪᠠᠷ ᠢᠷᠦᠭᠡᠯ ᠲᠠᠯᠪᠢᠳᠠᠬ︾ ᠭᠡᠵᠦ ᠬᠦᠷᠢᠶ᠎ᠡ | ᠬᠤᠰᠢᠭᠤᠨ ᠤ ᠵᠠᠷᠢᠮ ᠭᠠᠵᠠᠷ ᠤᠨ ᠱᠠᠩᠰᠢ ᠲᠠᠬᠢᠬᠤ ᠶᠣᠰᠣᠨ ᠤ ᠲᠣᠬᠠᠢ ᠵᠠᠩ ᠦᠢᠯᠡ ᠶᠢ ᠲᠡᠮᠳᠡᠭᠯᠡᠵᠠᠢ᠃ | ᠱᠠᠩᠰᠢ ᠲᠠᠬᠢᠬᠤ ᠡᠳᠦᠷ ᠪᠣᠯᠬᠤ ᠲᠠᠢ ᠵᠡᠷᠭᠡ ᠠᠶᠢᠯ ᠤᠨ ᠣᠯᠠᠨ ᠢᠶᠠᠷ ᠢᠶᠠᠨ ᠱᠠᠩᠰᠢ ᠶᠢᠨ ᠮᠣᠳᠣᠨ ᠤ ᠪᠠᠨ | ᠲᠣᠣᠷ᠎ᠠ ᠴᠣᠬᠯᠠᠷᠠᠬᠰᠠᠨ ᠤ ᠲᠠᠷᠠᠭ᠎ᠠ ᠵᠠᠯᠠᠯᠭᠠᠨ ᠳᠤ ᠢᠷᠡᠭᠰᠡᠨ ᠯᠠᠮᠠ ᠨᠢ ᠱᠠᠩᠰᠢ ᠶᠢᠨ ᠮᠣᠳᠣᠨ ᠤ ᠬᠤᠶᠢᠳᠦ | ᠵᠦᠭ ᠲᠤ ᠰᠢᠷᠡᠭᠡ ᠲᠠᠯᠪᠢᠵᠦ ᠱᠠᠩᠰᠢ ᠶᠢᠨ ᠮᠣᠳᠣ ᠵᠦᠭ ᠡᠮᠦᠨᠡᠰᠢ ᠬᠠᠨᠳᠣᠨ ᠰᠠᠭᠤᠭᠠᠳ ᠠᠷᠠᠵᠠ ᠬᠦᠵᠢ ᠠᠰᠠᠭᠠᠵᠦ | ᠂ ᠴᠠᠭᠠᠨ ᠢᠳᠡᠭᠡ ᠦᠷᠦᠵᠦ᠂ ᠬᠤᠨᠭ᠍ᠬᠤ ᠰᠠᠵᠢᠨ ᠱᠠᠩᠰᠢ ᠶᠢᠨ ᠪᠣᠷᠬᠠᠨ ᠢ ᠲᠠᠭᠤᠳᠠᠵᠦ᠂ ᠯᠣᠣᠰ ᠤᠨ ᠡᠵᠡᠨ ᠢ | ᠪᠠᠶᠠᠰᠬᠠᠬᠤ ᠨᠣᠮ ᠲᠠᠷᠨᠢ ᠪᠠᠨ ᠡᠬᠢᠯᠡᠭᠦᠯᠳᠡᠭ᠃ ᠪᠠᠰᠠ ᠨᠦᠬᠦᠴᠡᠯ ᠰᠠᠶᠢᠨ ᠠᠶᠢᠯ ᠤᠨ ᠬᠢᠨ ᠬᠡᠳᠦ ᠬᠡᠳᠦᠨ ᠯᠠᠮᠠ | ᠵᠠᠯᠠᠵᠦ ᠨᠣᠮ ᠣᠡᠭᠰᠢᠭᠤᠯᠳᠠᠬ ᠴᠦ ᠪᠣᠢ᠃ ᠱᠠᠩᠰᠢ ᠪᠠᠨ ᠲᠠᠬᠢᠵᠦ ᠪᠠᠷᠠᠬᠰᠠᠨ ᠤ ᠲᠠᠷᠠᠭᠠᠬᠢ ᠭᠤᠷᠪᠠᠨ ᠬᠤᠨᠤᠬ ᠲᠤ | ᠬᠤᠷ᠎ᠠ ᠪᠣᠷᠣᠭᠠᠨ ᠪᠠᠭᠤᠪᠠᠯ ᠱᠠᠩᠰᠢ ᠶᠢᠨ ᠢᠷᠦᠭᠡᠯ ᠣᠡᠭᠰᠢᠬᠰᠠᠨ ᠯᠠᠮᠠ ᠶᠢ ᠣᠡᠭᠰᠢᠯᠭ᠎ᠠ ᠰᠠᠶᠢᠨ ᠯᠠᠮᠠ ᠭᠡᠵᠦ | ᠪᠦᠭᠦᠳᠡᠭᠡᠷ ᠢᠶᠠᠨ ᠡᠷᠭᠦᠨ ᠮᠠᠬᠳᠠᠵᠦ᠂ ᠦᠭᠯᠢᠭᠡ ᠪᠠᠷᠢᠴᠠ ᠪᠠᠷᠢᠵᠦ᠂ ᠡᠷᠦᠬᠡ ᠭᠡᠷ ᠲᠡᠭᠡᠨ ᠵᠠᠯᠠᠵᠦ ᠨᠣᠳᠤᠬ | ᠣᠰᠣ ᠪᠠᠨ ᠪᠠᠶᠠᠰᠬᠠᠬᠤ ᠨᠣᠮ ᠣᠡᠭᠰᠢᠭᠤᠯᠳᠠᠬ ᠶᠣᠮ᠃ | ᠱᠠᠩᠰᠢ ᠡᠷᠭᠢᠬᠦ ᠶᠣᠰᠣᠨ | ᠯᠠᠮᠠ ᠨᠠᠷ ᠠᠴᠠ ᠱᠠᠩᠰᠢ ᠲᠠᠬᠢᠬᠤ ᠨᠣᠮ ᠢᠶᠠᠨ ᠣᠡᠭᠰᠢᠵᠦ ᠪᠠᠷᠠᠬᠰᠠᠨ ᠤ ᠲᠠᠷᠠᠭ᠎ᠠ᠂ ᠠᠶᠢᠯ ᠤᠨ | ᠣᠯᠠᠨ ᠢᠶᠠᠷ ᠢᠶᠠᠨ ᠱᠠᠩᠰᠢ ᠶᠢᠨ ᠮᠣᠳᠣᠨ ᠳᠠᠭᠠᠨ ᠮᠦᠷᠭᠦᠨ ᠲᠠᠭᠠᠳᠬᠠᠵᠦ ᠮᠦᠷᠯᠡᠨ ᠵᠢᠬᠰᠠᠭᠠᠵᠦ᠂ ᠬᠠᠭᠤᠷᠠᠢ | ᠪᠣᠳᠠᠭ᠎ᠠ᠂ ᠠᠷᠢᠬᠢ᠂ ᠴᠠᠭᠠᠨ ᠢᠳᠡᠭᠡ᠂ ᠰᠦ ᠰᠠᠭᠠᠯᠢ᠂ ᠵᠡᠷᠭᠡ ᠶᠢ ᠪᠡᠷᠢᠵᠦ ᠱᠠᠩᠰᠢ ᠶᠢᠨ ᠮᠣᠳᠣᠨ ᠳᠠᠭᠠᠨ ᠢᠳᠡᠭᠡᠨ | ᠣᠮᠳᠠᠭᠠᠨ ᠤ ᠲᠡᠭᠡᠵᠢ ᠪᠠᠨ ᠡᠷᠭᠦᠨ ᠰᠡᠷᠵᠢᠮᠯᠡᠵᠦ᠂ ᠵᠦᠡᠭ ᠪᠡᠯᠭᠡᠳᠦ ᠦᠭᠡ ᠬᠠᠶᠢᠷᠠᠯᠠᠵᠦ ᠨᠠᠷᠠᠨ ᠤ ᠡᠷᠭᠢᠯᠳᠡ ᠶᠢ | ᠲᠠᠭᠠᠵᠦ ᠭᠤᠷᠪᠠ ᠣᠳᠠᠭ᠎ᠠ ᠲᠣᠭᠤᠷᠢᠨ ᠡᠷᠭᠢᠨ᠎ᠡ᠃ ᠭᠡᠬᠦ ᠳᠤ ᠡᠮᠡᠭᠳᠡᠢ ᠬᠦᠮᠦᠰ ᠱᠠᠩᠰᠢ ᠶᠢᠨ ᠲᠠᠬᠢᠯᠭ᠎ᠠ ᠳᠤ | ᠣᠷᠣᠯᠴᠠᠪᠠᠯ ᠱᠠᠩᠰᠢ ᠶᠢᠨ ᠪᠣᠷᠬᠠᠨ ᠬᠢᠯᠢᠩᠨᠡᠬᠦ ᠪᠣᠶᠣ ᠪᠣᠵᠠᠷᠯᠠᠬᠳᠠᠵᠦ ᠰᠢᠳᠢ ᠶᠢᠨ ᠬᠦᠴᠦᠨ ᠨᠢ ᠪᠠᠭᠤᠷᠠᠳᠠᠬ ᠶᠣᠮ | ᠭᠡᠨ᠎ᠡ᠃ ᠲᠠᠬᠢᠯᠭ᠎ᠠ ᠳᠤ ᠣᠷᠣᠯᠴᠠᠬᠰᠠᠨ ᠡᠮᠡᠭᠳᠡᠢ ᠴᠦ ᠱᠠᠩᠰᠢ ᠶᠢᠨ ᠪᠣᠷᠬᠠᠨ ᠢ ᠬᠢᠯᠢᠩᠨᠡᠭᠦᠯᠦᠭᠰᠡᠨ ᠠᠴᠠ ᠪᠣᠯᠵᠦ | ᠰᠡᠪᠤᠷᠬᠡᠵᠦ᠂ ᠰᠣᠯᠢᠶ᠎ᠠ ᠡᠯᠢᠶ᠎ᠡ ᠡᠪᠡᠳᠴᠢᠨ ᠲᠣᠰᠬᠤ ᠪᠣᠶᠣ ᠬᠠᠨᠢᠶᠠᠳᠦ ᠲᠠᠬᠰᠢᠭᠤᠷ ᠲᠤ ᠨᠡᠷᠪᠡᠭᠳᠡᠬᠦ ᠠᠶᠣᠯᠳᠠᠢ᠃ | ᠡᠭᠦᠨ ᠤ ᠲᠣᠬᠠᠢ ᠭᠠᠳᠠᠰᠣ ᠠᠴᠠ᠄ ︽ᠱᠠᠩᠰᠢ ᠶᠢᠨ ᠲᠠᠬᠢᠯᠭ᠎ᠠ ᠳᠤ ᠡᠮᠡᠭᠳᠡᠢ ᠬᠦᠮᠦᠨ ᠢ ᠣᠷᠣᠯᠴᠠᠭᠤᠯᠳᠠᠬ ᠦᠭᠡᠢ | ᠶᠣᠰᠣ ᠨᠢ ᠬᠡᠵᠢᠶ᠎ᠡ ᠠᠴᠠ ᠪᠣᠢ ᠪᠣᠯᠵᠠᠢ ᠭᠡᠳᠡᠭ ᠨᠢ ᠣᠳᠣ ᠪᠣᠯᠳᠠᠯ᠎ᠠ ᠲᠣᠳᠣᠷᠬᠠᠢ ᠦᠭᠡᠢ ᠪᠠᠶᠢᠬᠰᠠᠭᠠᠷ᠃ ᠡᠨᠡ ᠨᠢ | ᠮᠣᠩᠭᠤᠯ ᠣᠷᠣᠨ ᠳᠤ ᠰᠢᠷ᠎ᠠ ᠶᠢᠨ ᠱᠠᠰᠢᠨ ᠲᠡᠯᠭᠡᠷᠡᠵᠦ᠂ ᠯᠠᠮᠠ ᠨᠠᠷ ᠠᠴᠠ ᠲᠠᠬᠢᠯᠭ᠎ᠠ ᠶᠢᠨ ᠶᠣᠰᠣᠯᠠᠯ ᠡᠷᠬᠢᠯᠡᠬᠦ | ᠪᠣᠯᠣᠬᠰᠠᠨ ᠤ ᠲᠠᠷᠠᠭ᠎ᠠ ᠪᠣᠢ ᠪᠣᠯᠣᠬᠰᠠᠨ ᠶᠠᠪᠣᠳᠠᠯ ᠪᠠᠶᠢᠵᠦ ᠴᠦ ᠮᠡᠳᠡᠨ᠎ᠡ᠃ ᠣᠴᠢᠷ ᠨᠢ ᠰᠢᠷ᠎ᠠ ᠶᠢᠨ ᠱᠠᠰᠢᠨ ᠤ | ᠶᠣᠰᠣ ᠭᠤᠷᠢᠮ ᠳᠤ ᠰᠠᠬᠢᠯ ᠰᠠᠨᠸᠠᠷ ᠠᠪᠣᠬᠰᠠᠨ ᠯᠠᠮᠠ ᠨᠠᠷ ᠡᠬᠡᠨᠡᠷ ᠠᠪᠴᠦ ᠪᠣᠯᠳᠠᠬ ᠦᠭᠡᠢ᠂ ᠡᠮᠡᠭᠳᠡᠢ ᠬᠦᠮᠦᠨ ᠲᠠᠢ | ᠣᠢᠢᠷᠠᠳᠴᠦ ᠪᠣᠯᠬᠤ ᠦᠭᠡᠢ ᠭᠡᠳᠡᠭ ᠶᠣᠰᠣ ᠪᠠᠶᠢᠳᠠᠬ ᠠᠴᠠ ᠱᠠᠩᠰᠢ ᠶᠢᠨ ᠰᠠᠬᠢᠭᠤᠰᠣ ᠶᠢ ᠯᠠᠮᠠ ᠶᠢᠨ ᠱᠠᠰᠢᠨ ᠤ ᠨᠢᠭᠡ | ᠲᠦᠷᠦᠯ ᠪᠣᠯᠭᠠᠨ ᠱᠠᠩᠰᠢ ᠶᠢᠨ ᠮᠤᠳᠦ ᠶᠢ ᠪᠣᠷᠬᠠᠨᠴᠢᠯᠠᠨ ᠦᠵᠡᠭᠰᠡᠨ ᠯᠦᠭᠡ ᠬᠤᠯᠪᠣᠭ᠎ᠠ ᠲᠠᠢ ᠮᠠᠭᠠᠳ︾ ᠭᠡᠵᠡᠢ᠃ | | ᠰᠢᠷ᠎ᠠ ᠶᠢᠨ ᠱᠠᠰᠢᠨ ᠨᠢ ᠬᠤᠷᠴᠢᠨ ᠨᠣᠳᠤᠬ ᠲᠤ ᠴᠡᠴᠡᠭᠯᠡᠯᠳᠡ ᠪᠠᠨ ᠣᠯᠬᠤ ᠠᠴᠠ ᠡᠮᠦᠨ᠎ᠡ ᠲᠠᠬᠢᠯᠭ᠎ᠠ | ᠲᠠᠪᠢᠯᠭ᠎ᠠ ᠶᠢᠨ ᠶᠣᠰᠣᠯᠠᠯ ᠤᠨ ᠦᠢᠯᠡ ᠶᠢ ᠭᠤᠣᠯᠳᠠᠭᠤ ᠪᠦᠭᠡ ᠢᠳᠣᠭᠠᠨ ᠨᠠᠷ ᠬᠦᠢᠴᠡᠳᠭᠡᠵᠦ ᠪᠠᠶᠢᠵᠠᠢ᠃ | ᠪᠦᠭᠡ ᠶᠢᠨ ᠱᠠᠰᠢᠨ ᠳᠤ ᠡᠷᠡᠭᠳᠡᠢ ᠶᠢ ᠨᠢ ᠪᠦᠭᠡ ᠭᠡᠵᠦ᠂ ᠡᠮᠡᠭᠳᠡᠢ ᠶᠢ ᠨᠢ ᠢᠳᠣᠭᠠᠨ ᠭᠡᠵᠦ ᠬᠡᠯᠡᠳᠡᠭ᠃ ᠪᠦᠭᠡ | ᠮᠦᠷᠭᠦᠯ ᠢ ᠡᠬᠡᠴᠢᠯᠡᠯ ᠤᠨ ᠣᠪᠣᠬ ᠲᠦᠷᠦᠯ ᠤᠨ ᠦᠶ᠎ᠡ ᠳᠤ ᠪᠣᠢ ᠪᠣᠯᠵᠠᠢ ᠭᠡᠵᠦ ᠡᠷᠳᠡᠮᠳᠡᠳ ᠦᠵᠡᠳᠡᠭ ᠠᠴᠠ ᠠᠯᠢ | ᠡᠷᠳᠡ ᠪᠠᠯᠠᠷ ᠡᠷᠳᠡᠨ ᠤ ᠦᠶ᠎ᠡ ᠳᠤ ᠢᠳᠦᠭᠠᠨ ᠨᠢ ᠪᠦᠭᠡ ᠶᠢᠨ ᠱᠠᠰᠢᠨ ᠳᠤ ᠭᠤᠣᠯᠯᠠᠵᠦ᠂ ᠱᠠᠰᠢᠨ ᠤ ᠦᠢᠯᠡ ᠶᠢ | ᠡᠷᠭᠢᠯᠡᠳᠡᠭ ᠪᠠᠶᠢᠯ᠎ᠠ᠃ ᠢᠳᠣᠭᠠᠨ ᠨᠢ ᠬᠡᠳᠦ᠋ᠢᠪᠡᠷ ᠲᠡᠭᠷᠢ ᠪᠠ ᠡᠵᠡᠳ ᠰᠠᠬᠢᠭᠤᠰᠣ ᠶᠢ ᠲᠦᠯᠦᠭᠡᠯᠡᠵᠦ ᠦᠭᠡ ᠶᠠᠷᠢᠳᠠᠬ | ᠪᠣᠯᠪᠠᠴᠦ ᠡᠮᠡᠭᠳᠡᠢ ᠬᠦᠮᠦᠨ ᠪᠣᠯᠬᠤᠷ ᠮᠣᠳᠣᠨ ᠲᠠᠬᠢᠯᠭ᠎ᠠ᠂ ᠲᠡᠭᠷᠢ ᠲᠠᠬᠢᠯᠭ᠎ᠠ ᠁ ᠮᠡᠳᠦ ᠶᠢᠨ ᠲᠠᠬᠢᠯᠭ᠎ᠠ | ᠲᠠᠪᠢᠯᠭ᠎ᠠ ᠶᠢᠨ ᠶᠣᠰᠣᠯᠠᠯ ᠵᠡᠷᠭᠡ ᠳᠤ ᠡᠮᠡᠭᠳᠡᠢ ᠬᠦᠮᠦᠨ ᠣᠷᠣᠯᠴᠠᠵᠦ ᠪᠠᠶᠢᠬᠰᠠᠨ ᠨᠢ ᠯᠠᠪᠳᠠᠢ᠃ ᠡᠬᠡᠴᠢᠯᠡᠯ ᠤᠨ | ᠨᠡᠶᠢᠭᠡᠮ ᠵᠠᠳᠠᠷᠠᠬᠰᠠᠨ ᠤ ᠲᠠᠷᠠᠭ᠎ᠠ ᠡᠴᠢᠭᠡᠴᠢᠯᠡᠯ ᠤᠨ ᠨᠡᠶᠢᠭᠡᠮ ᠪᠣᠢ ᠪᠣᠯᠵᠦ ᠪᠦᠭᠡ ᠨᠠᠷ ᠠᠴᠠ ᠲᠠᠬᠢᠯᠭ᠎ᠠ | ᠲᠠᠪᠢᠯᠭ᠎ᠠ ᠶᠢᠨ ᠶᠣᠰᠣᠯᠠᠯ ᠢ ᠡᠷᠬᠢᠯᠡᠨ ᠬᠢᠬᠦ ᠪᠣᠯᠵᠠᠢ᠃ ᠣᠯᠣᠰ ᠪᠠᠶᠢᠭᠤᠯᠤᠭᠳᠠᠬᠤ ᠠᠴᠠ ᠡᠮᠦᠨᠡᠬᠡᠨ ᠪᠣᠯᠳᠠᠯ᠎ᠠ | ᠡᠮᠡᠭᠳᠡᠶᠢᠴᠣᠳ ᠤᠨ ᠪᠠᠶᠢᠷᠢ ᠰᠠᠭᠤᠷᠢ ᠨᠢ ᠡᠷᠡᠭᠳᠡᠢ ᠬᠦᠮᠦᠨ ᠠᠴᠠ ᠲᠣᠣᠷ᠎ᠠ ᠪᠠᠶᠢᠬᠰᠠᠨ ᠴᠦ ᠡᠮᠡᠭᠳᠡᠶᠢᠴᠦᠳ ᠢ | ᠲᠠᠬᠢᠯᠭ᠎ᠠ ᠰᠢᠳᠦᠯᠭᠡ ᠶᠢᠨ ᠶᠣᠰᠣᠯᠠᠯ ᠳᠤ ᠣᠷᠣᠯᠴᠠᠭᠤᠯᠬᠤ ᠦᠭᠡᠢ ᠭᠡᠵᠦ ᠭᠠᠳᠠᠭᠤᠷᠬᠠᠵᠦ ᠦᠵᠡᠳᠡᠭ | ᠮᠣᠩᠭᠤᠯᠴᠣᠳ ᠤᠨ ᠲᠣᠬᠠᠢ ᠶᠣᠰᠣ ᠵᠠᠩᠰᠢᠯ ᠢ ᠲᠡᠮᠳᠡᠭᠯᠡᠭᠰᠡᠨ ᠰᠣᠳᠣᠷ ᠨᠣᠮ ᠲᠣᠩ ᠴᠦᠬᠡᠨ ᠬᠠᠷᠠᠬᠳᠠᠨ᠎ᠠ᠃ | ᠭᠡᠪᠡᠴᠦ ᠡᠷᠳᠡ ᠦᠶ᠎ᠡ ᠳᠤ ᠠᠷᠪᠠᠨ ᠨᠠᠢᠮᠠᠨ ᠨᠠᠰᠣᠳᠠᠢ ᠬᠡᠦᠬᠡᠨ ᠢᠶᠠᠷ ᠯᠣᠣᠰ ᠲᠠᠬᠢᠵᠦ ᠪᠠᠶᠢᠬᠰᠠᠨ᠂ ᠡᠰᠡᠬᠦᠯ᠎ᠡ ᠶᠠᠮᠠᠷ | ᠨᠢᠭᠡᠨ ᠰᠢᠳᠦᠭᠡᠨ ᠢᠶᠠᠨ ᠲᠠᠬᠢᠬᠤ ᠳᠤ ᠡᠮᠡᠭᠳᠡᠢ ᠬᠦᠮᠦᠨ ᠪᠤᠶᠤ ᠬᠡᠤᠬᠡᠳ ᠢᠶᠠᠷ ᠠᠮᠢᠳᠦ ᠬᠦᠮᠦᠨ ᠤ ᠲᠠᠬᠢᠯᠭ᠎ᠠ | ᠪᠣᠯᠭᠠᠵᠦ ᠪᠠᠶᠢᠬᠰᠠᠨ ᠲᠣᠬᠠᠢ ᠦᠯᠢᠭᠡᠷ ᠲᠣᠮᠤᠬ ᠣᠳᠣᠬᠠᠨ ᠪᠣᠯᠳᠠᠯ᠎ᠠ ᠣᠯᠠᠮᠵᠢᠯᠠᠬᠳᠠᠬᠰᠠᠭᠠᠷ ᠪᠠᠶᠢᠨ᠎ᠠ᠃ | ᠱᠠᠩᠰᠢ ᠶᠢᠨ ᠲᠠᠬᠢᠯᠭ᠎ᠠ ᠳᠤ ᠡᠮᠡᠭᠳᠡᠢ ᠬᠦᠮᠦᠨ ᠣᠷᠣᠯᠴᠠᠪᠠᠯ ᠰᠡᠪᠤᠷᠬᠡᠵᠦ ᠡᠪᠡᠳᠴᠢᠯᠡᠨ᠎ᠡ ᠭᠡᠳᠡᠭ ᠨᠢ ᠪᠠᠷᠤᠬ | ᠲᠣᠮᠤᠬ ᠲᠤ ᠭᠠᠷᠳᠠᠬ ᠡᠷᠳᠡ ᠦᠶ᠎ᠡ ᠶᠢᠨ ᠪᠠᠯᠠᠷᠯᠢᠬ ᠲᠠᠬᠢᠯᠭ᠎ᠠ ᠠᠴᠠ ᠦᠨᠳᠦᠰᠦᠯᠡᠯ ᠲᠠᠢ ᠪᠠᠶᠢᠵᠦ ᠮᠡᠳᠡᠨ᠎ᠡ᠃ | | ᠲᠠᠬᠢᠯᠭ᠎ᠠ ᠳᠤ ᠣᠷᠣᠯᠴᠠᠬᠰᠠᠨ ᠬᠦᠮᠦᠰ ᠱᠠᠩᠰᠢ ᠶᠢᠨ ᠮᠣᠳᠣ ᠪᠠᠨ ᠨᠠᠷᠠᠨ ᠡᠷᠭᠢᠯᠳᠡ ᠪᠠᠷ ᠭᠤᠷᠪᠠᠨᠳᠠ | ᠲᠣᠭᠤᠷᠢᠵᠦ ᠰᠢᠪᠰᠢᠨ ᠲᠠᠭᠠᠳᠬᠠᠵᠦ ᠪᠠᠷᠠᠬᠰᠠᠨ ᠤ ᠲᠠᠷᠠᠭ᠎ᠠ ᠱᠠᠩᠰᠢ ᠶᠢᠨ ᠮᠣᠳᠣᠨ ᠲᠡᠭᠡᠷ᠎ᠡ ᠪᠠᠨ ᠰᠠᠭᠤᠯᠠᠭ᠎ᠠ | ᠰᠠᠪᠠ ᠪᠠᠷ ᠣᠰᠣ ᠰᠦᠷᠴᠢᠵᠦ ᠪᠣᠷᠣᠭᠠᠨ ᠬᠦᠰᠡᠵᠦ ᠪᠠᠶᠢᠬᠤ ᠰᠠᠨᠠᠭ᠎ᠠ ᠪᠠᠨ ᠢᠯᠡᠳᠭᠡᠳᠡᠭ᠃ ᠱᠠᠩᠰᠢ ᠶᠢᠨ | ᠮᠣᠳᠣᠨ ᠳᠤ ᠣᠰᠣ ᠰᠦᠷᠴᠢᠵᠦ ᠪᠠᠷᠠᠬᠰᠠᠨ ᠤ ᠲᠠᠷᠠᠭ᠎ᠠ᠂ ᠴᠣᠬᠯᠠᠷᠠᠬᠰᠠᠨ ᠣᠯᠠᠨ ᠢᠶᠠᠷ ᠢᠶᠠᠨ ᠨᠠᠰᠣᠳᠠᠢ ᠵᠠᠯᠠᠭᠤᠰ | ᠢᠯᠭᠠᠯ ᠦᠭᠡᠢ ᠬᠠᠷᠢᠯᠴᠠᠨ ᠣᠰᠣ ᠰᠦᠷᠴᠢᠯᠳᠦᠵᠦ ︽ᠪᠤᠷᠤᠭᠠᠨ ᠤᠷᠤᠵᠦ ᠪᠠᠶᠢᠨ᠎ᠠ︾ ᠭᠡᠵᠦ ᠬᠦᠭᠡᠷᠦᠯᠳᠦᠨ | ᠪᠠᠶᠠᠰᠣᠯᠴᠠᠳᠠᠬ ᠶᠣᠮ᠃ ᠬᠤᠷᠴᠢᠨᠴᠣᠳ ᠡᠨᠡ ᠬᠦ ᠱᠠᠩᠰᠢ ᠶᠢᠨ ᠲᠠᠬᠢᠯᠭ᠎ᠠ ᠳᠤ ᠣᠰᠣ ᠰᠦᠷᠴᠢᠬᠦ ᠶᠤᠰᠦ ᠪᠠᠨ᠄ ︽ | ᠬᠡᠳᠦᠢ ᠠᠷᠪᠢᠨ ᠣᠰᠣ ᠰᠦᠷᠴᠢᠵᠦ ᠬᠡᠳᠦᠢ ᠶᠡᠭᠡ ᠨᠣᠷᠪᠠᠯ ᠲᠡᠳᠦᠢ ᠶᠡᠭᠡ ᠪᠣᠷᠣᠭᠠᠨ ᠣᠷᠣᠨ᠎ᠠ᠃ ᠬᠡᠨ ᠨᠢ | ᠣᠰᠣᠨ ᠳᠤ ᠢᠯᠡᠭᠦᠦ ᠨᠣᠷᠤᠬᠳᠠᠪᠠᠯ ᠲᠡᠭᠦᠨ ᠤ ᠲᠠᠷᠢᠶ᠎ᠡ ᠡᠨᠡ ᠵᠢᠯ ᠲᠡᠯᠪᠡ ᠲᠦᠷᠦᠨ᠎ᠡ︾ ᠬᠡᠮᠡᠨ ᠪᠡᠯᠭᠡᠰᠢᠶᠡᠳᠡᠭ᠃ | | ᠱᠠᠩᠰᠢ ᠳᠤ ᠰᠢᠭᠦᠰᠦ ᠡᠷᠭᠦᠬᠦ ᠶᠣᠰᠣᠨ | ᠱᠠᠩᠰᠢ ᠳᠤ ᠰᠢᠭᠦᠰᠦ ᠡᠷᠭᠦᠬᠦ ᠳᠤ ᠭᠤᠣᠯᠳᠠᠭᠤ ᠬᠤᠨᠢ ᠪᠣᠶᠣ ᠢᠮᠠᠭ᠎ᠠ ᠪᠠᠷ ᠰᠢᠭᠦᠰᠦ ᠡᠷᠭᠦᠳᠡᠭ᠃ ᠭᠡᠬᠦ ᠳᠤ | ᠡᠮ᠎ᠡ ᠬᠤᠨᠢ ᠪᠣᠶᠣ ᠡᠮ᠎ᠡ ᠢᠮᠠᠭ᠎ᠠ ᠪᠠᠶᠢᠵᠦ ᠪᠣᠯᠬᠤ ᠦᠭᠡᠢ ᠵᠠᠪᠠᠯ ᠢᠷᠭᠡ ᠪᠣᠶᠣ ᠰᠡᠷᠬᠡ ᠪᠠᠶᠢᠵᠦ᠂ ᠲᠡᠮᠳᠡᠭ ᠦᠭᠡᠢ | ᠰᠢᠷᠬ᠎ᠠ ᠰᠣᠷᠪᠢ ᠦᠭᠡᠢ ᠲᠣᠩ ᠴᠠᠭᠠᠨ ᠬᠤᠨᠢ ᠪᠣᠯ ᠬᠠᠮᠤᠬ ᠰᠠᠶᠢᠨ ᠪᠠᠶᠢᠳᠠᠬ᠃ | ᠡᠭᠦᠨ ᠤ ᠲᠣᠬᠠᠢ ᠭᠠᠳᠠᠰᠣ ᠠᠴᠠ᠄ ︽ᠮᠣᠩᠭᠤᠯᠴᠣᠳ ᠡᠷᠳᠡᠨ ᠠᠴᠠ ᠠᠪᠣᠭᠠᠳ ᠲᠠᠪᠣᠨ ᠬᠤᠰᠢᠭᠤ ᠮᠠᠯ ᠤᠨ | ᠨᠢᠭᠡ ᠪᠣᠯᠬᠤ ᠬᠤᠨᠢ ᠶᠢ ᠬᠠᠯᠠᠭᠤᠨ ᠬᠤᠰᠢᠭᠤᠳᠦ ᠲᠡᠵᠢᠭᠡᠪᠦᠷᠢ ᠭᠡᠵᠦ ᠬᠦᠨᠳᠦᠳᠭᠡᠨ ᠲᠡᠭᠷᠢ ᠶᠢᠨ ᠲᠠᠬᠢᠯᠭ᠎ᠠ᠂ | ᠣᠪᠣᠭ᠎ᠠ ᠱᠠᠩᠰᠢ ᠶᠢᠨ ᠲᠠᠬᠢᠯᠭ᠎ᠠ ᠁ ᠶᠣᠰᠣᠯᠠᠯ ᠲᠠᠬᠢᠯᠭ᠎ᠠ ᠵᠡᠷᠭᠡ ᠳᠤ ᠬᠦᠨᠳᠦᠳᠭᠡᠨ ᠬᠡᠷᠡᠭᠯᠡᠭᠰᠡᠭᠡᠷ ᠢᠷᠡᠭᠰᠡᠨ | ᠶᠣᠮ᠃ ᠨᠡᠩ ᠢᠯᠠᠩᠭᠤᠶ᠎ᠠ ᠲᠡᠮᠳᠡᠭ ᠦᠭᠡᠢ ᠴᠠᠭᠠᠨ ᠬᠤᠨᠢ ᠨᠢ ᠲᠡᠭᠷᠢ ᠪᠣᠷᠬᠠᠨ ᠵᠢᠴᠢ ᠡᠵᠡᠳ ᠰᠠᠬᠢᠭᠤᠰᠣ ᠶᠢᠨ | ᠨᠢᠳᠦᠨ ᠳᠤ ᠲᠠᠭᠠᠯᠠᠬᠳᠠᠳᠠᠬ ᠠᠴᠠ ᠪᠦᠭᠡ ᠨᠠᠷ ᠴᠦ ᠭᠡᠰᠡᠨ ᠪᠢᠯᠢᠭ ᠤᠨ ᠣᠯᠠᠷᠢᠯ ᠤᠨ ᠶᠢᠰᠦᠨ ᠰᠠᠷ᠎ᠠ ᠶᠢᠨ ᠶᠢᠰᠦᠨ ᠤ | ᠡᠳᠦᠷ ᠲᠡᠭᠷᠢ ᠲᠠᠬᠢᠬᠤ ᠳᠠᠭᠠᠨ ᠲᠡᠮᠳᠡᠭ ᠦᠭᠡᠢ ᠴᠠᠭᠠᠨ ᠬᠤᠨᠢ ᠪᠠᠷ ᠲᠠᠬᠢᠯ ᠪᠣᠯᠭᠠᠳᠠᠬ᠃ ᠱᠠᠩᠰᠢ ᠶᠢᠨ ᠲᠠᠬᠢᠯᠭ᠎ᠠ ᠨᠢ | ᠴᠦ ᠡᠭᠦᠨ ᠲᠠᠢ ᠬᠤᠯᠪᠣᠭ᠎ᠠ ᠲᠠᠢ ᠪᠠᠶᠢᠵᠦ ᠮᠡᠳᠡᠨ᠎ᠡ︾ ᠭᠡᠵᠡᠢ᠃ | ᠱᠠᠩᠰᠢ ᠶᠢᠨ ᠲᠠᠬᠢᠯᠭ᠎ᠠ ᠳᠤ ᠬᠡᠷᠡᠭᠯᠡᠬᠦ ᠬᠤᠨᠢ ᠪᠠᠨ ᠱᠠᠩᠰᠢ ᠶᠢᠨ ᠮᠣᠳᠣᠨ ᠤ ᠲᠣᠣᠷ᠎ᠠ ᠠᠪᠠᠴᠢᠭᠠᠳ ︽ | ᠱᠠᠩᠰᠢ ᠶᠢᠨ ᠪᠣᠷᠬᠠᠨ ᠳᠤ ᠡᠷᠭᠦᠬᠦ ᠬᠤᠨᠢ︾ ᠭᠡᠵᠦ ᠨᠡᠷ᠎ᠡ ᠵᠢᠭᠠᠬᠰᠠᠨ ᠤ ᠲᠠᠷᠠᠭ᠎ᠠ ᠱᠠᠩᠰᠢ ᠶᠢᠨ ᠮᠣᠳᠣᠨ ᠤ ᠲᠣᠣᠷ᠎ᠠ | ᠬᠦᠯᠢᠵᠦ ᠲᠠᠯᠪᠢᠨ᠎ᠠ᠃ ᠡᠨᠡ ᠦᠶᠡᠰ ᠱᠠᠩᠰᠢ ᠶᠢᠨ ᠵᠠᠯᠠᠯᠭ᠎ᠠ ᠳᠤ ᠢᠷᠡᠭᠰᠡᠨ ᠯᠠᠮᠠ ᠠᠴᠠ ᠲᠠᠬᠢᠯ ᠲᠠᠪᠰᠢ ᠲᠠᠯᠪᠢᠨ | ᠱᠠᠩᠰᠢ ᠲᠠᠬᠢᠬᠤ ᠨᠣᠮ ᠣᠡᠭᠰᠢᠨᠠ᠃ ᠨᠣᠮ ᠦᠨᠳᠦᠷᠯᠡᠭᠰᠡᠨ ᠤ ᠲᠠᠷᠠᠭ᠎ᠠ ᠱᠠᠩᠰᠢ ᠳᠤ ᠨᠡᠷ᠎ᠡ ᠵᠢᠭᠠᠬᠰᠠᠨ ᠡᠨᠡ ᠬᠦ | ᠬᠤᠨᠢ ᠪᠠᠨ ᠦᠷᠦᠴᠡᠯᠡᠨ ᠨᠢᠳᠦᠯᠵᠦ ᠱᠠᠩᠰᠢ ᠳᠤ ᠰᠢᠭᠦᠰᠦ ᠡᠷᠭᠦᠨ᠎ᠡ᠃ ᠱᠠᠩᠰᠢ ᠶᠢᠨ ᠰᠢᠭᠦᠰᠦ ᠴᠢᠨᠠᠬᠰᠠᠨ | ᠱᠦᠯᠦᠨ ᠳᠤ ᠴᠠᠭᠠᠨ ᠪᠣᠳᠠᠭ᠎ᠠ ᠣᠢᠢᠵᠦ ᠠᠮᠤᠰᠣ ᠪᠣᠯᠭᠠᠭᠠᠳ ᠠᠶᠢᠯ ᠤᠨ ᠣᠯᠠᠨ ᠢᠶᠠᠷ ᠢᠶᠠᠨ ᠱᠠᠩᠰᠢ ᠶᠢᠨ ᠬᠡᠰᠢᠭ | ᠭᠡᠵᠦ ᠬᠤᠪᠢᠶᠠᠯᠴᠠᠵᠦ ᠢᠳᠡᠳᠡᠭ᠃ ᠠᠮᠦᠰᠣ ᠳᠤ ᠬᠡᠷᠡᠭᠯᠡᠬᠦ ᠴᠠᠭᠠᠨ ᠪᠣᠳᠠᠭ᠎ᠠ ᠶᠢ ᠱᠠᠩᠰᠢ ᠶᠢᠨ ᠲᠠᠬᠢᠯᠭ᠎ᠠ ᠳᠤ | ᠣᠷᠣᠯᠴᠠᠬᠤ ᠬᠦᠮᠦᠨ ᠪᠣᠯᠭᠠᠨ ᠭᠡᠷ ᠠᠴᠠ ᠪᠠᠨ ᠠᠪᠴᠦ ᠣᠴᠢᠳᠠᠬ ᠶᠣᠮ᠃ ᠭᠠᠭᠴᠠ ᠡᠷᠦᠬᠡ ᠪᠣᠶᠣ ᠬᠡᠳᠦᠬᠡᠨ | ᠭᠡᠷ ᠤᠨ ᠬᠢᠨ ᠱᠠᠩᠰᠢ ᠶᠢᠨ ᠲᠠᠬᠢᠯᠭ᠎ᠠ ᠳᠤ ᠬᠡᠷᠡᠭᠯᠡᠬᠦ ᠴᠠᠭᠠᠨ ᠪᠣᠳᠠᠭ᠎ᠠ ᠶᠢ ᠭᠠᠷᠭᠠᠬᠤ ᠶᠢ ᠠᠶᠢᠯ ᠬᠤᠳᠠᠯᠠᠭᠠᠷ ᠢᠶᠠᠨ | ᠵᠦᠪᠰᠢᠶᠡᠷᠡᠳᠡᠭ ᠦᠭᠡᠢ ᠶᠣᠰᠣ ᠪᠠᠶᠢᠳᠠᠬ᠃ ᠡᠭᠦᠨ ᠤ ᠲᠣᠬᠠᠢ ᠭᠠᠳᠠᠰᠣ ᠠᠴᠠ᠄ ︽ᠱᠠᠩᠰᠢ ᠶᠢᠨ ᠲᠠᠬᠢᠯᠭ᠎ᠠ ᠶᠢᠨ | ᠡᠳᠦᠷ ᠪᠣᠯᠬᠤ ᠲᠠᠢ ᠵᠡᠷᠭᠡ ᠱᠠᠩᠰᠢ ᠶᠢᠨ ᠲᠠᠬᠢᠯᠭ᠎ᠠ ᠳᠤ ᠣᠷᠣᠯᠴᠠᠬᠤ ᠬᠦᠮᠦᠨ ᠪᠦᠷᠢ ᠱᠠᠩᠰᠢ ᠶᠢᠨ ᠲᠠᠬᠢᠯᠭ᠎ᠠ ᠳᠤ | ᠬᠡᠷᠡᠭᠰᠡᠬᠦ ᠴᠠᠭᠠᠨ ᠪᠣᠳᠠᠭ᠎ᠠ ᠭᠡᠵᠦ ᠭᠡᠷ ᠠᠴᠠ ᠪᠠᠨ ᠨᠢᠭᠡ ᠠᠶᠠᠭ᠎ᠠ ᠪᠣᠶᠣ ᠬᠤᠶᠠᠷ ᠠᠶᠠᠭ᠎ᠠ ᠲᠡᠭᠦᠵᠢᠯᠡᠵᠦ ᠣᠴᠢᠭᠠᠳ | ᠱᠠᠩᠰᠢ ᠪᠠᠨ ᠬᠠᠮᠳᠦ ᠪᠠᠷ ᠲᠠᠬᠢᠳᠠᠬ ᠶᠣᠮ᠃ ︿ᠣᠯᠠᠨ ᠤ ᠬᠦᠴᠦᠨ ᠳᠤ ᠣᠪᠣᠭ᠎ᠠ ᠰᠢᠯᠵᠢᠨ᠎ᠡ﹀ ᠭᠡᠳᠡᠭ ᠢᠶᠠᠷ ᠣᠯᠠᠨ | ᠬᠦᠮᠦᠨ ᠤ ᠰᠦᠵᠢᠭ ᠤᠨ ᠬᠦᠴᠦᠨ ᠳᠤ ᠡᠵᠡᠳ ᠰᠠᠬᠢᠭᠤᠰᠣ ᠴᠦ ᠲᠣᠬᠳᠣᠯᠣᠨ ᠪᠠᠶᠠᠰᠳᠠᠬ ᠶᠣᠰᠣ ᠪᠠᠶᠢᠳᠠᠬ ᠠᠴᠠ | ᠱᠠᠩᠰᠢ ᠶᠢᠨ ᠲᠠᠬᠢᠯᠭ᠎ᠠ ᠶᠢ ᠬᠠᠮᠢᠶᠠᠷᠣᠬᠴᠢ ᠴᠦ ᠠᠶᠢᠯ ᠲᠣᠰᠬᠤᠨ ᠤ ᠪᠠᠨ ᠬᠡᠨ ᠨᠢᠭᠡ ᠬᠦᠮᠦᠨ ᠤ ᠲᠠᠬᠢᠯᠭ᠎ᠠ ᠳᠤ | ᠬᠡᠷᠡᠭᠰᠡᠬᠦ ᠴᠠᠭᠠᠨ ᠪᠣᠳᠠᠭ᠎ᠠ ᠶᠢ ᠣᠷᠬᠢᠬᠳᠠᠭᠤᠯᠣᠯ ᠦᠭᠡᠢ ᠬᠡᠷᠡᠭᠯᠡᠬᠦ ᠶᠢ ᠬᠢᠴᠢᠶᠡᠳᠡᠭ᠃ ᠡᠪᠦᠭᠡᠴᠦᠳ ᠤᠨ | ᠶᠠᠷᠢᠶᠠᠨ ᠳᠤ ︿ᠵᠠᠭᠤᠨ ᠡᠷᠦᠬᠡ ᠶᠢᠨ ᠪᠦᠰ ᠤᠨ ᠦᠭᠡᠳᠡᠰᠦ ᠪᠠᠷ ᠬᠤᠶᠠᠭ ᠬᠢᠭᠰᠡᠨ ᠪᠦᠭᠡ ᠨᠠᠷ ᠰᠠᠶ᠋ᠢ ᠲᠡᠭᠷᠢ ᠳᠤ | ᠭᠠᠷᠬᠤ ᠣᠪᠠᠳᠢᠰ ᠪᠦᠷᠢᠳᠦᠭᠦᠯᠵᠦ ᠴᠢᠳᠠᠨ᠎ᠠ᠃ ᠵᠠᠭᠤᠨ ᠠᠶᠢᠯ ᠤᠨ ᠴᠠᠪ ᠢ ᠪᠠᠷᠢᠵᠦ ᠶᠠᠪᠣᠬᠰᠠᠨ ᠪᠠᠳᠢᠷᠴᠢ ᠯᠠᠮᠠ | ᠰᠠᠶ᠋ᠢ ᠪᠣᠷᠬᠠᠨ ᠪᠣᠯᠬᠤ ᠦᠨᠡᠨ ᠤ ᠮᠦᠷ ᠢ ᠣᠯᠵᠦ ᠴᠢᠳᠠᠨ᠎ᠠ﹀ ᠭᠡᠳᠡᠭ᠃ ᠮᠣᠩᠭᠤᠯ ᠤᠨ ᠰᠡᠴᠡᠨ ᠦᠭᠡᠨ ᠳᠤ ᠪᠠᠰᠠ | ︿ᠭᠠᠭᠴᠠ ᠮᠣᠳᠣ ᠭᠠᠯ ᠪᠣᠯᠬᠤ ᠦᠭᠡᠢ᠂ ᠭᠠᠭᠴᠠ ᠬᠦᠮᠦᠨ ᠠᠶᠢᠯ ᠪᠣᠯᠬᠤ ᠦᠭᠡᠢ﹀ ᠭᠡᠬᠦ ᠰᠠᠶᠢᠬᠠᠨ ᠦᠭᠡ | ᠪᠠᠶᠢᠳᠠᠬ ᠠᠴᠠ ᠱᠠᠩᠰᠢ ᠶᠢᠨ ᠰᠠᠬᠢᠭᠤᠰᠣ ᠨᠢ ᠴᠦ ᠣᠯᠠᠨ ᠡᠷᠦᠬᠡ ᠶᠢᠨ ᠴᠠᠭᠠᠨ ᠪᠣᠳᠠᠭ᠎ᠠ ᠶᠢᠨ ᠲᠠᠬᠢᠯᠭ᠎ᠠ ᠳᠤ ᠰᠠᠶ᠋ᠢ | ᠰᠢᠳᠢ ᠶᠢᠨ ᠬᠦᠴᠦᠨ ᠨᠢ ᠨᠡᠮᠡᠭᠳᠡᠵᠦ ᠬᠤᠷ᠎ᠠ ᠪᠣᠷᠣᠭᠠᠨ ᠣᠷᠣᠭᠤᠯᠵᠦ ᠲᠡᠶᠢᠯᠳᠡᠭ ᠶᠣᠮ︾ ᠭᠡᠵᠡᠢ᠃ | ᠱᠠᠩᠰᠢ ᠶᠢᠨ ᠲᠠᠬᠢᠯᠭ᠎ᠠ ᠶᠢᠨ ᠰᠢᠭᠦᠰᠦ᠂ ᠪᠣᠳᠠᠭ᠎ᠠ ᠶᠢ ᠲᠠᠶᠠᠭᠠᠷ ᠢᠶᠠᠨ ᠬᠤᠪᠢᠶᠠᠯᠴᠠᠵᠦ ᠢᠳᠡᠨ᠎ᠡ᠃ ᠭᠡᠬᠦ ᠳᠡᠭᠡᠨ | ᠪᠣᠯᠢᠶᠠᠯᠳᠣᠵᠦ ᠪᠣᠯᠳᠠᠬ ᠦᠭᠡᠢ᠃ ᠱᠠᠩᠰᠢ ᠶᠢᠨ ᠲᠠᠬᠢᠯᠭ᠎ᠠ ᠳᠤ ᠬᠡᠷᠡᠭᠦᠯ ᠶᠠᠷᠭᠢᠶᠠᠨ ᠭᠠᠷᠪᠠᠯ ᠱᠠᠩᠰᠢ ᠶᠢᠨ ᠪᠣᠷᠬᠠᠨ | ᠬᠢᠯᠢᠩᠨᠡᠵᠦ᠂ ᠭᠤᠷᠪᠠᠨ ᠵᠢᠯ ᠭᠠᠨᠭ᠌ ᠭᠠᠴᠢᠬ ᠪᠣᠯᠬᠤ᠂ ᠵᠠᠭᠤᠷᠮᠠᠬ ᠰᠦᠨᠡᠰᠦ ᠣᠯᠠᠰᠢᠷᠠᠬᠤ᠂ ᠡᠪᠡᠳᠴᠢᠨ ᠬᠢᠵᠢᠭ | ᠲᠡᠯᠭᠡᠷᠡᠬᠦ ᠮᠡᠳᠦ ᠶᠢᠨ ᠦᠭᠡᠳᠡ ᠦᠭᠡᠢ ᠣᠴᠢᠷ ᠠᠶᠢᠯ ᠬᠤᠳᠠᠯᠠᠭᠠᠷ ᠤᠨ ᠲᠣᠮᠳᠠ ᠲᠣᠬᠢᠶᠠᠯᠳᠣᠨ᠎ᠠ ᠭᠡᠳᠡᠭ ᠶᠣᠮ᠃ | ︽︿ᠠᠪᠤ ᠶᠢᠨ ᠬᠡᠦᠬᠡᠳ ᠠᠳᠠᠯᠢ ᠦᠭᠡᠢ᠂ ᠠᠷᠪᠠᠨ ᠬᠤᠷᠣᠭᠤ ᠲᠡᠭᠰᠢ ᠦᠭᠡᠢ ᠭᠡᠳᠡᠭ﹀ ᠢᠶᠠᠷ ᠵᠠᠷᠢᠮ | ᠠᠶᠢᠯ ᠤᠨ ᠬᠢᠨ ᠲᠦᠷᠦᠭᠦᠦ ᠬᠡᠳᠦᠨ ᠵᠢᠯ ᠱᠠᠩᠰᠢ ᠶᠢᠨ ᠲᠠᠬᠢᠯᠭ᠎ᠠ ᠳᠤ ᠬᠤᠭᠤᠷᠣᠨᠳᠦ ᠪᠠᠨ ᠬᠡᠯᠡ ᠠᠮᠠ | ᠪᠣᠯᠣᠬᠰᠠᠨ ᠠᠴᠠ ᠭᠤᠷᠪᠠᠨ ᠵᠢᠯ ᠳᠤ ᠲᠣᠰᠣᠯ ᠪᠣᠷᠣᠭᠠᠨ ᠴᠦ ᠣᠷᠣᠬᠰᠠᠨ ᠦᠭᠡᠢ ᠦᠵᠡᠭᠳᠡᠯ ᠴᠦ ᠭᠠᠷᠴᠦ | ᠦᠡᠭᠭᠡᠷᠡᠭᠰᠡᠨ ᠶᠣᠮ᠃ ᠲᠡᠭᠷᠢ ᠲᠦᠮᠡᠨ ᠨᠢᠳᠦ ᠲᠠᠢ ᠭᠡᠳᠡᠭ ᠨᠢ ᠦᠨᠡᠨ ᠶᠣᠮ ᠪᠠᠶᠢᠵᠠᠢ᠃ ᠢᠪ ᠢᠯᠡᠬᠡᠨ ᠬᠤᠶᠢᠳᠦ | ᠠᠶᠢᠯ ᠳᠤ ᠪᠣᠷᠣᠭᠠᠨ ᠨᠡᠪᠳᠡᠷᠡᠳᠡᠯ᠎ᠡ ᠣᠷᠣᠬᠰᠠᠨ ᠪᠠᠶᠢᠳᠠᠯ᠎ᠠ ᠱᠠᠩᠰᠢ ᠶᠢᠨ ᠲᠠᠬᠢᠯᠭ᠎ᠠ ᠳᠤ ᠬᠡᠯᠡ ᠠᠮᠠ ᠪᠣᠯᠵᠦ | ᠦᠡᠭᠭᠡᠷᠡᠭᠰᠡᠨ᠂ ᠪᠡᠯᠴᠢᠭᠡᠷ ᠣᠰᠣ ᠨᠡᠶᠢᠯᠡᠵᠦ ᠪᠠᠶᠢᠭ᠎ᠠ ᠡᠮᠦᠨ᠎ᠡ ᠠᠶᠢᠯ ᠳᠤᠨᠢ ᠲᠣᠰᠣᠯ ᠪᠣᠷᠣᠭᠠᠨ ᠴᠦ ᠣᠷᠣᠬᠤ ᠦᠭᠡᠢ | ᠦᠵᠡᠭᠳᠡᠯ ᠭᠠᠷᠳᠠᠬ ᠨᠢ ᠰᠣᠨᠢᠨ ᠡ︾ ᠭᠡᠵᠦ ᠬᠦᠷᠢᠶ᠎ᠡ ᠨᠣᠳᠣᠬᠳᠠᠢ ᠨᠢᠭᠡᠨ ᠲᠠᠷᠢᠶᠠᠴᠢᠨ ᠡᠪᠦᠭᠡᠨ ᠠᠴᠠ | ᠬᠠᠭᠤᠴᠢᠯᠠᠵᠦ ᠪᠠᠶᠢᠬᠰᠠᠨ ᠶᠣᠮ᠃ ᠱᠠᠩᠰᠢ ᠶᠢᠨ ᠲᠠᠬᠢᠯᠭ᠎ᠠ ᠳᠤ ᠬᠡᠯᠡ ᠠᠮᠠ ᠪᠣᠯᠬᠤ ᠠᠴᠠ ᠬᠦᠮᠦᠨ ᠪᠦᠬᠦᠨ | ᠬᠢᠴᠢᠶᠡᠳᠡᠭ ᠠᠴᠠ ᠠᠶᠢᠯ ᠠᠶᠢᠮᠠᠬ ᠲᠠᠭᠠᠨ ᠢᠳᠡᠭᠡᠯ ᠲᠠᠢ᠂ ᠲᠦᠪ ᠭᠤᠣᠯᠴᠢ᠂ ᠬᠡᠯᠡ ᠠᠮᠠᠨ ᠳᠠᠭᠠᠨ ᠬᠤᠷᠴᠠ᠂ | ᠣᠷᠢᠶᠠᠯᠠᠬᠤ ᠬᠦᠴᠦᠨ ᠢᠶᠠᠷ ᠴᠢᠩᠭ᠎ᠠ ᠨᠢᠭᠡ ᠶᠢ ᠪᠠᠨ ᠪᠦᠭᠦᠳᠡᠭᠡᠷ ᠢᠶᠠᠨ ᠱᠠᠩᠰᠢ ᠬᠠᠮᠢᠶᠠᠷᠣᠬᠴᠢ ᠪᠠᠷ ᠰᠣᠩᠭᠤᠨ | ᠭᠠᠷᠭᠠᠵᠦ ᠱᠠᠩᠰᠢ ᠶᠢᠨ ᠬᠡᠰᠢᠭ ᠢ ᠬᠦᠮᠦᠨ ᠪᠦᠷᠢ ᠳᠤ ᠠᠳᠠᠯᠢ ᠲᠡᠭᠰᠢ ᠬᠤᠪᠢᠶᠠᠨ ᠦᠭᠬᠦ ᠶᠢ ᠬᠢᠴᠢᠶᠡᠳᠡᠭ ᠪᠦᠭᠡᠳ | ᠲᠠᠬᠢᠯᠭ᠎ᠠ ᠳᠤ ᠣᠷᠣᠯᠴᠠᠬᠰᠠᠨ ᠬᠦᠮᠦᠰ ᠴᠦ ᠡᠷᠦᠢ ᠬᠤᠷᠣᠢ ᠦᠭᠡ ᠶᠠᠷᠢᠵᠦ ᠱᠠᠩᠰᠢ ᠶᠢᠨ ᠪᠣᠷᠬᠠᠨ ᠢ | ᠬᠢᠯᠢᠩᠨᠡᠭᠦᠯᠬᠦ ᠠᠴᠠ ᠬᠡᠷᠰᠡᠦᠯᠡᠳᠡᠭ᠃ ᠣᠯᠠᠨ ᠢᠶᠠᠷ ᠢᠶᠠᠨ ᠱᠠᠩᠰᠢ ᠶᠢᠨ ᠬᠡᠰᠢᠭ ᠢ ᠬᠦᠷᠳᠡᠵᠦ ᠪᠠᠷᠠᠬᠰᠠᠨ ᠤ ᠲᠠᠷᠠᠭ᠎ᠠ | ᠱᠠᠩᠰᠢ ᠶᠢᠨ ᠰᠢᠭᠦᠰᠦ ᠪᠣᠳᠠᠭ᠎ᠠ ᠨᠢ ᠪᠠᠰᠠ ᠦᠯᠡᠳᠡᠪᠦᠷᠢ ᠲᠠᠢ ᠪᠠᠶᠢᠪᠠᠯ ᠬᠡᠨ ᠬᠦᠮᠦᠨ ᠴᠦ ᠭᠡᠰᠡᠨ ᠭᠡᠷ ᠲᠡᠭᠡᠨ | ᠠᠪᠠᠴᠢᠵᠦ ᠪᠣᠯᠳᠠᠬ ᠦᠭᠡᠢ ᠶᠣᠮ᠃ ᠱᠠᠩᠰᠢ ᠶᠢᠨ ᠬᠡᠰᠢᠭ ᠢ ᠭᠡᠷ ᠲᠡᠭᠡᠨ ᠬᠤᠯᠠᠭᠤᠵᠦ ᠠᠪᠠᠴᠢᠬᠰᠠᠨ ᠬᠦᠮᠦᠨ | ᠪᠠᠶᠢᠪᠠᠯ ᠠᠶᠢᠯ ᠲᠣᠰᠬᠤᠨ ᠳᠤ ᠬᠤᠯᠠᠭᠠᠢᠢᠴᠢ ᠲᠡᠭᠡᠷᠡᠮ ᠰᠠᠮᠠᠭᠤᠷᠠᠵᠦ᠂ ᠱᠠᠩᠰᠢ ᠶᠢᠨ ᠬᠡᠰᠢᠭ ᠬᠤᠯᠠᠭᠠᠢᠢᠯᠠᠬᠰᠠᠨ | ᠬᠦᠮᠦᠨ ᠤ ᠭᠡᠷ ᠲᠤ ᠠᠶᠣᠯ ᠭᠠᠮᠰᠢᠬ ᠪᠣᠯᠣᠨ᠎ᠠ ᠭᠡᠵᠦ ᠣᠯᠠᠨ ᠢᠶᠠᠷ ᠢᠶᠠᠨ ᠦᠵᠡᠳᠡᠭ ᠠᠴᠠ ᠦᠯᠡᠳᠡᠭᠰᠡᠨ ᠱᠠᠩᠰᠢ ᠶᠢᠨ | ᠴᠠᠪ ᠢᠶᠠᠨ ᠰᠢᠳᠠᠭᠠᠬᠤ ᠪᠣᠶᠣ ᠱᠠᠩᠰᠢ ᠶᠢᠨ ᠮᠣᠳᠣᠨ ᠤ ᠬᠠᠪᠢ ᠳᠤ ᠨᠦᠬᠡ ᠮᠠᠯᠳᠠᠭᠠᠳ ᠢᠷᠦᠭᠡᠯ᠂ ᠨᠣᠮ ᠣᠡᠭᠰᠢᠵᠦ | ᠪᠠᠶᠢᠭᠠᠳ ᠪᠣᠯᠠᠵᠦ ᠬᠠᠶᠠᠬᠤ ᠶᠣᠰᠣ ᠪᠠᠶᠢᠳᠠᠬ᠃ ᠨᠣᠮ ᠣᠡᠭᠰᠢᠬᠤ ᠦᠢᠯᠡ ᠶᠢ ᠱᠠᠩᠰᠢ ᠶᠢᠨ ᠵᠠᠯᠠᠯᠭ᠎ᠠ ᠳᠤ ᠢᠷᠡᠭᠰᠡᠨ | ᠯᠠᠮᠠ ᠨᠠᠷ ᠠᠴᠠ ᠬᠦᠢᠴᠡᠳᠭᠡᠳᠡᠭ᠃ | ᠱᠠᠩᠰᠢ ᠶᠢᠨ ᠲᠠᠬᠢᠯᠭ᠎ᠠ ᠣᠷᠣᠬᠰᠢ ᠲᠠᠢ ᠪᠣᠯᠪᠠᠯ ᠱᠠᠩᠰᠢ ᠶᠢᠨ ᠰᠠᠬᠢᠭᠤᠰᠣ ᠨᠢ ᠮᠣᠳᠣᠨ ᠳᠠᠭᠠᠨ ᠲᠦᠷᠭᠡᠨ | ᠵᠠᠯᠠᠷᠠᠨ ᠰᠠᠭᠠᠳᠠᠭᠠᠳ ᠰᠡᠳᠭᠢᠯ ᠰᠠᠨᠠᠭ᠎ᠠ ᠨᠢ ᠬᠦᠭᠰᠡᠨ ᠪᠠᠶᠠᠰᠴᠦ ᠲᠠᠬᠢᠯᠭ᠎ᠠ ᠶᠢᠨ ᠦᠢᠯᠡ ᠪᠠᠷᠠᠬᠤ ᠠᠴᠠ ᠡᠮᠦᠨ᠎ᠡ | ᠵᠦᠭᠡᠯᠡᠨ ᠰᠠᠯᠬᠢ ᠬᠦᠳᠡᠯᠭᠡᠵᠦ᠂ ᠴᠢᠬᠢᠭ ᠤᠨ ᠦᠨᠦᠷ ᠰᠡᠩᠭᠢᠨᠡᠭᠦᠯᠦᠨ ᠡᠭᠦᠯᠡ ᠡᠪᠬᠡᠷᠡᠯᠳᠦᠭᠦᠯᠵᠦ ᠬᠤᠷ᠎ᠠ | ᠪᠣᠷᠣᠭᠠᠨ ᠢᠶᠠᠨ ᠵᠠᠯᠠᠨ ᠪᠠᠭᠤᠯᠭᠠᠳᠠᠬ ᠶᠣᠮ ᠭᠡᠨ᠎ᠡ᠃ | ᠱᠠᠩᠰᠢ ᠪᠠᠶᠠᠰᠬᠠᠬᠤ ᠶᠣᠰᠣᠨ | ᠱᠠᠩᠰᠢ ᠪᠠᠨ ᠡᠷᠭᠢᠵᠦ᠂ ᠱᠠᠩᠰᠢ ᠳᠠᠭᠠᠨ ᠰᠢᠭᠦᠰᠦ ᠡᠷᠭᠦᠵᠦ ᠪᠠᠷᠠᠬᠰᠠᠨ ᠤ ᠲᠠᠷᠠᠭ᠎ᠠ ᠮᠣᠩᠭᠤᠯ ᠤᠨ | ᠣᠯᠠᠮᠵᠢᠯᠠᠯᠳᠦ ᠡᠷ᠎ᠡ ᠶᠢᠨ ᠭᠤᠷᠪᠠᠨ ᠨᠠᠭᠠᠳᠣᠮ ᠢ ᠶᠠᠪᠣᠬᠳᠠᠭᠤᠯᠳᠠᠬ᠃ ᠡᠭᠦᠨ ᠳᠤ ︽ᠰᠣᠷ ᠬᠠᠷᠪᠣᠬᠤ︾ ︽ᠪᠦᠬᠡ | ᠪᠠᠷᠢᠯᠳᠣᠬᠤ︾ ︽ᠮᠣᠷᠢ ᠣᠷᠣᠯᠳᠣᠬᠤ︾ ᠵᠡᠷᠭᠡ ᠪᠠᠭᠳᠠᠨ᠎ᠠ᠃ ᠡᠭᠦᠨ ᠢᠶᠠᠨ ᠪᠠᠰᠠ ᠬᠤᠷᠴᠢᠨᠴᠣᠳ ︽ᠱᠠᠩᠰᠢ | ᠪᠠᠶᠠᠰᠬᠠᠬᠤ︾ ᠭᠡᠳᠡᠭ᠃ | ᠱᠠᠩᠰᠢ ᠶᠢᠨ ᠲᠠᠬᠢᠯᠭ᠎ᠠ ᠶᠠᠪᠣᠬᠳᠠᠭᠤᠯᠵᠦ ᠪᠠᠶᠢᠭ᠎ᠠ ᠴᠢᠮᠡᠭᠡ ᠪᠠᠷ ᠬᠤᠯᠠ ᠣᠢᠢᠷ᠎ᠠ ᠶᠢᠨ ᠠᠶᠢᠯ ᠲᠣᠰᠬᠤᠨ ᠤ | ᠨᠡᠷᠡᠳᠦ ᠪᠦᠭᠡᠴᠤᠳ᠂ ᠬᠠᠪᠣᠳᠦ ᠰᠣᠷᠴᠢᠳ᠂ ᠬᠤᠷᠳᠣᠨ ᠮᠣᠷᠢᠨ ᠤ ᠣᠶᠠᠭᠠᠴᠢᠳ ᠱᠠᠩᠰᠢ ᠶᠢᠨ ᠨᠠᠶᠢᠷ ᠲᠤ | ᠣᠷᠣᠯᠴᠠᠬᠤ ᠭᠡᠵᠦ ᠬᠤᠷᠠᠨ ᠴᠣᠬᠯᠠᠷᠠᠵᠦ ᠨᠠᠶᠢᠷ ᠲᠤ ᠬᠦᠷ ᠨᠡᠮᠡᠳᠡᠭ᠃ ᠡᠶᠢᠮᠦᠷᠬᠦᠤ ᠨᠠᠶᠢᠷ ᠨᠢ ᠵᠠᠷᠢᠮ ᠭᠠᠵᠠᠷ ᠲᠤ | ᠬᠤᠶᠠᠷ ᠭᠤᠷᠪᠠᠨ ᠡᠳᠦᠷ ᠢᠶᠠᠷ ᠦᠷᠭᠦᠯᠵᠢᠯᠡᠳᠡᠭ ᠴᠦ ᠪᠣᠢ᠃ ᠱᠠᠩᠰᠢ ᠶᠢᠨ ᠪᠣᠷᠬᠠᠨ ᠨᠢ ᠨᠠᠶᠢᠷ ᠬᠦᠷ ᠲᠤ ᠲᠣᠷᠠᠳᠠᠢ | ᠡᠪᠦᠬᠡᠨ ᠰᠠᠬᠢᠭᠤᠰᠣ ᠪᠣᠯᠬᠤᠷ ᠨᠠᠶᠢᠷ ᠨᠠᠭᠠᠳᠣᠮ ᠨᠢ ᠪᠦᠷ ᠱᠠᠩᠰᠢ ᠶᠢᠨ ᠮᠣᠳᠣᠨ ᠤ ᠣᠷᠴᠢᠮ ᠳᠤ ᠶᠠᠪᠣᠬᠳᠠᠳᠠᠬ | ᠪᠠᠶᠢᠵᠠᠢ᠃ ᠱᠠᠩᠰᠢ ᠶᠢᠨ ᠨᠠᠶᠢᠷ ᠲᠤ ᠲᠡᠷᠢᠭᠦᠯᠡᠭᠰᠡᠨ ᠮᠣᠷᠢ᠂ ᠪᠦᠬᠡ᠂ ᠬᠠᠷᠪᠣᠭᠠᠴᠢᠨ ᠵᠡᠷᠭᠡ ᠪᠠᠨ ᠪᠠᠰᠠ ︽ | ᠱᠠᠩᠰᠢ ᠶᠢᠨ ᠨᠠᠶᠢᠷ ᠲᠤ ᠬᠡᠳᠦ ᠣᠳᠠᠭ᠎ᠠ ᠲᠡᠷᠢᠭᠦᠯᠡᠭᠰᠡᠨ︾ ᠭᠡᠵᠦ ᠠᠯᠳᠠᠷ ᠴᠣᠯᠠ ᠶᠢ ᠨᠢ ᠡᠷᠭᠦᠨ ᠢᠷᠦᠬᠡᠨ ᠮᠠᠬᠳᠠᠵᠦ | ᠱᠠᠩᠰᠢ ᠶᠢᠨ ᠱᠠᠩ ᠬᠦᠷᠳᠡᠭᠡᠳᠡᠭ ᠠᠴᠠ ᠱᠠᠩᠰᠢ ᠲᠠᠬᠢᠬᠰᠠᠨ ᠠᠶᠢᠯ ᠲᠣᠰᠬᠤᠨ ᠤ ᠬᠢᠨ ᠴᠦ ᠱᠠᠩᠰᠢ ᠶᠢᠨ | ᠲᠡᠷᠢᠬᠦᠨ ᠢᠶᠠᠨ ᠪᠣᠰᠣᠳ ᠲᠤ ᠠᠯᠳᠠᠬᠤ ᠦᠭᠡᠢ ᠭᠡᠵᠦ ᠨᠠᠶᠢᠷ ᠲᠤ ᠢᠳᠡᠪᠬᠢᠳᠡᠢ ᠣᠷᠣᠯᠴᠠᠵᠦ ᠰᠠᠶᠢᠨ ᠮᠣᠷᠢ᠂ ᠰᠠᠶᠢᠨ | ᠬᠠᠷᠪᠣᠭᠠᠴᠢ᠂ ᠰᠠᠶᠢᠨ ᠪᠦᠬᠡᠴᠦᠳ ᠢᠶᠠᠨ ᠭᠠᠷᠭᠠᠵᠦ ᠱᠠᠩᠰᠢ ᠶᠢᠨ ᠪᠣᠷᠬᠠᠨ ᠢᠶᠠᠨ ᠪᠠᠶᠠᠰᠠᠬᠳᠠᠬ᠃ ᠨᠠᠶᠢᠷ | ᠦᠨᠳᠦᠷᠯᠡᠭᠰᠡᠨ ᠤ ᠲᠠᠷᠠᠭ᠎ᠠ ᠱᠠᠩᠰᠢ ᠲᠠᠬᠢᠬᠴᠢᠳ ᠠᠴᠠ ᠱᠠᠩᠰᠢ ᠶᠢᠨ ᠬᠡᠰᠢᠭ ᠢᠶᠠᠨ ᠬᠦᠷᠳᠡᠵᠦ ᠨᠢᠭᠡ ᠵᠢᠯ ᠤᠨ | ᠱᠠᠩᠰᠢ ᠶᠢᠨ ᠲᠠᠬᠢᠯᠭ᠎ᠠ ᠶᠢᠨ ᠠᠵᠢᠯ ᠢᠶᠠᠨ ᠬᠤᠷᠢᠶᠠᠳᠠᠬ᠃ ᠭᠡᠪᠡᠴᠦ ᠱᠠᠩᠰᠢ ᠶᠢᠨ ᠲᠠᠬᠢᠯᠭ᠎ᠠ ᠶᠢ ᠡᠷᠭᠢᠯᠡᠨ | ᠶᠠᠪᠣᠬᠳᠠᠭᠤᠯᠪᠠᠯ ᠵᠠᠪᠠᠯ ᠭᠤᠷᠪᠠᠨ ᠵᠢᠯ ᠲᠠᠷᠠᠭᠠᠯᠠᠨ ᠲᠣᠬᠳᠠᠬᠰᠠᠨ ᠡᠳᠦᠷ ᠲᠡᠭᠡᠨ ᠵᠠᠪᠡᠯ ᠬᠢᠬᠦ ᠶᠣᠰᠣᠳᠠᠢ ᠪᠠᠶᠢᠳᠠᠬ᠃ | ᠬᠡᠷᠪᠡ ᠭᠤᠷᠪᠠᠨ ᠵᠢᠯ ᠤᠨ ᠲᠤᠭ᠎ᠠ ᠬᠤᠭᠤᠴᠠᠭ᠎ᠠ ᠨᠢ ᠭᠦᠢᠴᠡᠬᠦ ᠦᠭᠡᠢ ᠪᠣᠯ ᠱᠠᠩᠰᠢ ᠶᠢᠨ ᠪᠣᠷᠬᠠᠨ ᠭᠤᠮᠣᠷᠬᠠᠵᠦ | ᠭᠠᠨᠭ᠌ ᠭᠠᠴᠢᠭ ᠪᠣᠯᠣᠭᠠᠳ ᠬᠡᠴᠢᠨᠡᠬᠡᠨ ᠣᠳᠠᠭ᠎ᠠ ᠲᠠᠬᠢᠯᠭ᠎ᠠ ᠶᠠᠪᠣᠬᠳᠠᠭᠤᠯᠣᠬᠰᠠᠨ ᠴᠦ ᠪᠣᠷᠣᠭᠠᠨ ᠬᠤᠷ᠎ᠠ ᠪᠠᠭᠤᠬᠤ | ᠦᠭᠡᠢ ᠶᠣᠮ ᠭᠡᠨ᠎ᠡ᠃ ᠨᠣᠳᠤᠬ ᠤᠨ ᠬᠦᠮᠦᠰ ᠤᠨ ᠬᠠᠭᠤᠴᠢᠯᠠᠬᠤ ᠪᠠᠷ᠄ ︽ᠬᠦᠷᠢᠶ᠎ᠡ ᠬᠤᠰᠢᠭᠤᠨ ᠤ ᠮᠠᠩᠬᠠᠨ | ᠰᠣᠮᠣᠨ ᠤ ᠲᠠᠪᠤᠨᠮᠣᠳᠦ ᠭᠠᠴᠠᠭᠠᠨ ᠤ ᠴᠣᠬᠴᠢᠭᠦᠦ ᠭᠡᠳᠡᠭ ᠠᠶᠢᠯ ᠨᠢ ᠲᠡᠭᠡᠷ᠎ᠡ ᠵᠠᠭᠤᠨ ᠤ ᠶᠡᠷᠡᠨ ᠨᠠᠢᠮᠠᠨ ᠣᠨ ᠤ | ᠶᠡᠭᠡ ᠦᠶᠡᠷ ᠣᠰᠣᠳᠣᠯ ᠤᠨ ᠦᠶ᠎ᠡ ᠳᠤ᠂ ᠪᠣᠰᠣᠳ ᠠᠶᠢᠯ ᠤᠨ ᠬᠢᠨ ᠬᠠᠰᠢᠯᠭ᠎ᠠ ᠪᠣᠰᠬᠠᠭᠠᠳ ᠶᠠᠭᠠᠷᠠᠵᠦ ᠪᠠᠶᠢᠬᠤ ᠳᠤ | ᠡᠨᠡ ᠠᠶᠢᠯ ᠤᠨ ᠬᠢᠨ ᠱᠠᠩᠰᠢ ᠶᠢᠨ ᠲᠠᠬᠢᠯᠭ᠎ᠠ ᠶᠠᠪᠣᠬᠳᠠᠭᠤᠯᠵᠦ ᠪᠠᠶᠢᠯ᠎ᠠ︾ ᠭᠡᠳᠡᠭ᠃ ᠡᠭᠦᠨ ᠤ ᠲᠣᠬᠠᠢ ᠲᠣᠰ | ᠠᠶᠢᠯ ᠤᠨ ᠲᠠᠷᠢᠶᠠᠴᠢᠨ ᠪᠠᠢ ᠬᠤ᠋ ᠬᠠᠭᠤᠴᠢᠯᠠᠬᠤ ᠳᠠᠭᠠᠨ᠄ ︽ᠲᠡᠭᠡᠷ᠎ᠡ ᠵᠠᠭᠤᠨ ᠤ ᠶᠡᠷᠡᠨ ᠵᠢᠷᠭᠤᠭᠠᠨ ᠣᠨ ᠳᠤ | ᠮᠠᠨ ᠤ ᠡ᠊ᠨᠳᠡ ᠶᠡᠭᠡ ᠭᠠᠨᠭ᠌ ᠬᠠᠭᠰᠠᠷᠠᠭᠠᠨ ᠪᠣᠯᠵᠦ ᠪᠢᠳᠠᠨ ᠤ ᠠᠶᠢᠯ ᠲᠣᠰᠬᠤᠨ ᠢᠶᠠᠷ ᠢᠶᠠᠨ ᠱᠠᠩᠰᠢ ᠶᠢᠨ ᠮᠣᠳᠣ ᠪᠠᠨ | ᠲᠠᠬᠢᠬᠰᠠᠨ ᠶᠣᠮ᠃ ᠶᠡᠷᠡᠨ ᠲᠣᠯᠣᠭᠠᠨ ᠣᠨ ᠴᠦ ᠭᠠᠶᠢᠭᠤᠢ᠂ ᠶᠡᠷᠡᠨ ᠨᠡᠢᠮᠡᠨ ᠣᠨ ᠳᠤ ᠬᠤᠷ᠎ᠠ ᠪᠣᠷᠣᠭᠠᠨ | ᠶᠡᠬᠡᠳᠦᠭᠡᠳ ᠡᠷᠭᠢᠨ ᠲᠣᠭᠤᠷᠢᠨ ᠤ ᠠᠶᠢᠯ ᠲᠣᠰᠬᠤᠨ ᠳᠤ ᠶᠡᠭᠡ ᠦᠶᠡᠷ ᠣᠰᠤᠳᠣᠯ ᠪᠣᠯᠣᠬᠰᠠᠨ ᠶᠣᠮ᠃ ᠭᠡᠪᠡᠴᠦ | ᠱᠠᠩᠰᠢ ᠶᠢᠨ ᠲᠠᠬᠢᠯᠭ᠎ᠠ ᠶᠠᠪᠣᠬᠳᠠᠭᠤᠯᠪᠠᠯ ᠵᠠᠪᠠᠯ ᠭᠤᠷᠪᠠᠨ ᠵᠢᠯ ᠲᠠᠷᠠᠭᠠᠯᠠᠨ ᠲᠣᠬᠳᠠᠬᠰᠠᠨ ᠡᠳᠦᠷ ᠲᠡᠭᠡᠨ ᠲᠠᠬᠢᠯᠭ᠎ᠠ | ᠲᠠᠯᠪᠢᠬᠤ ᠶᠣᠰᠣᠳᠠᠢ ᠭᠡᠳᠡᠭ ᠲᠡᠭᠡᠳᠦ ᠠᠴᠠ ᠣᠯᠠᠮᠵᠢᠯᠠᠬᠰᠠᠨ ᠶᠣᠰᠣ ᠪᠠᠶᠢᠳᠠᠬ ᠪᠣᠯᠬᠤᠷ ᠪᠢᠳᠡ ᠠᠷᠭ᠎ᠠ ᠦᠭᠡᠢ ᠶᠡᠷᠡᠨ | ᠨᠠᠢᠮᠠᠨ ᠣᠨ ᠳᠤ ᠪᠠᠰᠠ ᠱᠠᠩᠰᠢ ᠶᠢᠨ ᠲᠠᠬᠢᠯᠭ᠎ᠠ ᠪᠠᠨ ᠶᠠᠪᠣᠬᠳᠠᠭᠤᠯᠵᠠᠢ᠃ ᠪᠠᠰᠠ ᠨᠢᠭᠡ ᠠᠪᠴᠦ ᠬᠡᠯᠡᠪᠡᠯ᠂ ᠮᠠᠩᠬᠠᠨ | ᠨᠣᠳᠤᠬ ᠲᠤ ᠦᠶᠡᠷ ᠣᠰᠣᠳᠣᠯ ᠤᠨ ᠭᠠᠮᠰᠢᠬ ᠡᠭᠦᠰᠬᠦ ᠨᠢ ᠲᠣᠩ ᠴᠦᠬᠡᠨ᠃ ᠬᠠᠷᠢᠨ ᠨᠢᠭᠡᠯᠬᠡᠨ ᠭᠠᠷᠠᠬ ᠬᠤᠷ᠎ᠠ | ᠪᠠᠭᠤᠬᠤ ᠦᠭᠡᠢ ᠪᠣᠯ ᠭᠠᠨᠭ᠌ ᠭᠠᠴᠢᠬ ᠪᠣᠯᠴᠢᠬᠠᠳᠠᠬ ᠪᠣᠯᠬᠤᠷ ᠣᠯᠠᠮᠵᠢᠯᠠᠯᠳᠦ ᠶᠣᠰᠣ ᠪᠠᠨ ᠡᠷᠡᠰ ᠪᠠᠷᠢᠮᠳᠠᠯᠠᠬᠤ ᠶᠢ | ᠠᠶᠢᠯ ᠬᠤᠳᠠᠯᠠᠭᠠᠷ ᠢᠶᠠᠨ ᠰᠠᠨᠠᠯ ᠨᠢᠭᠡᠳᠡᠢ ᠵᠦᠪᠰᠢᠶᠡᠷᠡᠭᠰᠡᠨ ᠶᠣᠮ︾ ᠭᠡᠵᠡᠢ᠃ | ᠮᠣᠩᠭᠤᠯᠴᠣᠳ ᠡᠷᠳᠡ ᠲᠡᠭᠡᠳᠦ ᠦᠶ᠎ᠡ ᠠᠴᠠ ᠪᠠᠨ ᠣᠰᠣᠨ ᠤ ᠲᠣᠩᠭᠠᠯᠠᠬ ᠡᠪᠡᠰᠦᠨ ᠤ ᠰᠣᠷᠭᠤᠬ ᠢ ᠲᠠᠭᠠᠵᠦ | ᠨᠡᠭᠦᠳᠡᠯᠯᠡᠨ ᠮᠠᠯᠵᠢᠵᠦ᠂ ᠡᠬᠡ ᠪᠠᠶᠢᠭᠠᠯᠢ ᠲᠠᠢ ᠪᠠᠨ ᠵᠣᠬᠢᠴᠠᠯᠳᠣᠨ ᠠᠮᠢᠳᠣᠷᠠᠬᠰᠠᠭᠠᠷ ᠢᠷᠡᠪᠡ᠃ ᠡᠬᠡ | ᠪᠠᠶᠢᠭᠠᠯᠢ ᠶᠢᠨ ᠢᠶᠠᠨ ᠣᠡᠭᠭᠤᠨ ᠲᠠᠷᠬᠠᠨ ᠲᠦᠷᠢ ᠲᠦᠷᠬᠦ ᠶᠢ ᠵᠠᠭᠤᠨ ᠮᠢᠩᠭᠠᠨ ᠵᠢᠯ ᠢᠶᠠᠷ ᠬᠠᠮᠠᠭᠠᠯᠠᠵᠦ ᠬᠢᠮᠠᠭᠠᠳᠠᠵᠦ | ᠢᠷᠡᠬᠦ ᠳᠡᠭᠡᠨ ᠠᠮᠢᠳᠠᠨ ᠪᠣᠳᠠᠰ ᠢᠶᠠᠨ ᠰᠠᠬᠢᠭᠤᠯᠰᠣᠨᠴᠢᠯᠠᠨ ᠰᠢᠳᠦᠬᠦ ᠠᠷᠭ᠎ᠠ ᠪᠠᠷᠢᠯ ᠢᠶᠠᠷ ᠪᠠᠶᠢᠭᠠᠯᠢ ᠲᠠᠢ ᠪᠠᠨ | ᠰᠠᠨᠠᠭ᠎ᠠ ᠪᠠᠨ ᠣᠯᠣᠯᠴᠠᠵᠦ ᠪᠠᠶᠢᠵᠠᠢ᠃ ᠮᠣᠩᠭᠤᠯᠴᠣᠳ ᠤᠨ ᠲᠣᠮᠳᠠ ︽ᠠᠭᠤᠯᠠ ᠪᠣᠯᠭᠠᠨ ᠳᠤ ᠰᠠᠬᠢᠭᠤᠰᠣ ᠲᠠᠢ᠂ | ᠣᠷᠭᠤᠮᠠᠯ ᠪᠣᠯᠭᠠᠨ ᠳᠤ ᠡᠵᠡᠳ ᠲᠠᠢ︾ ᠭᠡᠵᠦ ᠶᠠᠷᠢᠬᠳᠠᠳᠠᠬ ᠠᠴᠠ ᠲᠡᠳᠡ ᠠᠭᠤᠯᠠ ᠠᠴᠠ ᠣᠷᠭᠤᠮᠠᠯ᠂ ᠣᠰᠣ᠂ | ᠴᠢᠮᠬᠢ ᠰᠢᠷᠣᠢ ᠳᠠᠭᠠᠨ ᠬᠦᠷᠳᠡᠯ᠎ᠡ ᠬᠠᠶᠢᠷᠠᠯᠠᠨ ᠬᠠᠮᠠᠭᠠᠯᠠᠵᠦ ᠰᠢᠳᠣᠨ ᠪᠢᠰᠢᠷᠡᠭᠰᠡᠭᠡᠷ ᠢᠷᠡᠪᠡ᠃ ᠬᠤᠵᠢᠮ ᠨᠢ | ᠲᠠᠷᠢᠶᠠᠯᠠᠬᠤ ᠰᠣᠶᠣᠯ ᠨᠢ ᠬᠡᠳᠦ᠋ᠢᠪᠡᠷ ᠨᠡᠪᠴᠢᠨ ᠣᠷᠣᠵᠦ ᠢᠷᠡᠭᠰᠡᠨ ᠪᠣᠯᠪᠠᠴᠦ ᠲᠡᠳᠡᠡ ᠤ ᠡᠬᠡ ᠪᠠᠶᠢᠭᠠᠯᠢ ᠪᠠᠨ | ᠰᠢᠳᠦᠨ ᠪᠢᠰᠢᠷᠡᠵᠦ᠂ ᠬᠠᠶᠢᠷᠠᠯᠠᠵᠦ᠂ ᠬᠠᠮᠠᠭᠠᠯᠠᠬᠤ ᠵᠠᠩ ᠵᠠᠩᠰᠢᠯ ᠨᠢ ᠠᠯᠳᠠᠬᠳᠠᠭᠠ ᠦᠭᠡᠢ ᠪᠠᠷ ᠣᠳᠣ ᠳᠤ | ᠲᠣᠯᠳᠠᠯ᠎ᠠ ᠦᠷᠭᠦᠯᠵᠢᠯᠡᠭᠰᠡᠭᠡᠷ ᠪᠠᠶᠢᠨ᠎ᠠ᠃ | ᠱᠠᠩᠰᠢ ᠶᠢᠨ ᠮᠣᠳᠣ ᠪᠠᠷ ᠵᠢᠷᠣᠬᠠᠢ ᠦᠵᠡᠬᠦ ᠠᠷᠭ᠎ᠠ | ᠬᠤᠷᠴᠢᠨᠴᠣᠳ ᠤᠨ ᠲᠣᠮᠳᠠ ︽ᠱᠠᠩᠰᠢ ᠶᠢᠨ ᠮᠣᠳᠣ ᠶᠢ ᠰᠢᠨᠵᠢᠵᠦ ᠵᠢᠯ ᠤᠨ ᠦᠡᠭᠭᠡ ᠶᠢ ᠪᠠᠷᠣᠬᠴᠠᠭᠠᠯᠠᠨ | ᠮᠡᠳᠡᠬᠦ︾ ᠨᠢᠭᠤᠴᠠ ᠨᠢᠭᠡᠨ ᠵᠢᠷᠣᠬᠠᠢ ᠶᠢᠨ ᠣᠬᠠᠭᠠᠨ ᠣᠳᠣ ᠳᠤ ᠲᠣᠯᠳᠠᠯ᠎ᠠ ᠣᠯᠠᠮᠵᠢᠯᠠᠬᠳᠠᠵᠦ ᠢᠷᠡᠵᠡᠢ᠃ ᠭᠡᠪᠡᠴᠦ | ᠡᠨᠡ ᠬᠦ ᠵᠢᠷᠣᠬᠠᠢ ᠶᠢᠨ ᠣᠬᠠᠭᠠᠨ ᠢ ᠬᠤᠷᠴᠢᠨᠴᠣᠳ ᠪᠦᠬᠦᠨ ᠮᠡᠳᠡᠬᠦ ᠪᠢᠰᠢ ᠴᠦᠬᠡᠨ ᠲᠣᠭᠠᠨ ᠤ ᠠᠵᠢᠬᠴᠢ ᠬᠢᠷᠠᠬᠠᠢ | ᠨᠠᠰᠣᠳᠠᠶᠢᠴᠣᠣᠯ ᠯᠡ ᠰᠠᠶ᠋ᠢ ᠮᠡᠳᠡᠳᠡᠭ ᠪᠣᠯᠪᠠᠴᠦ ᠪᠦᠷᠢᠨ ᠮᠡᠳᠡᠭᠴᠢᠳ ᠲᠣᠩ ᠴᠦᠬᠡᠨ ᠪᠠᠶᠢᠨ᠎ᠠ᠃ ᠱᠠᠩᠰᠢ ᠶᠢᠨ | ᠮᠣᠳᠣ ᠪᠠᠷ ᠵᠢᠷᠣᠬᠠᠢ ᠰᠢᠨᠵᠢᠬᠦ ᠳᠤ ᠶᠠᠭᠤᠨ ᠤ ᠣᠷᠢᠳ ᠱᠠᠩᠰᠢ ᠶᠢᠨ ᠮᠣᠳᠣᠨ ᠤ ᠵᠣᠭᠠᠯᠠᠬᠤ᠂ ᠨᠠᠪᠴᠢᠯᠠᠬᠤ᠂ | ᠬᠦᠬᠡᠷᠡᠬᠦ᠂ ᠨᠠᠪᠴᠢ ᠨᠢ ᠰᠢᠷᠡᠯᠠᠬᠤ ᠳᠤᠨᠢ ᠬᠦᠷᠳᠡᠯ᠎ᠡ ᠨᠢᠬᠳᠠ ᠰᠢᠨᠵᠢᠯᠡᠵᠦ ᠡᠳᠦᠷ᠂ ᠰᠠᠷ᠎ᠠ᠂ ᠣᠯᠠᠷᠢᠯ ᠲᠠᠢ | ᠬᠠᠷᠭᠤᠭᠤᠯᠣᠨ ᠰᠢᠨᠵᠢᠯᠡᠬᠦ ᠴᠢᠬᠤᠯᠠᠳᠠᠢ ᠶᠣᠮ᠃ ᠡᠨᠡ ᠬᠦ ᠠᠷᠭ᠎ᠠ ᠶᠢᠨ ᠲᠣᠬᠠᠢ ᠭᠠᠳᠠᠰᠣ ᠠᠴᠠ᠄ ︽ᠣᠷᠭᠤᠮᠠᠯ᠂ | ᠠᠮᠢᠳᠠᠨ ᠨᠢ ᠵᠢᠯ ᠤᠨ ᠦᠡᠭᠭᠡ ᠶᠢ ᠲᠠᠨᠢᠵᠦ ᠮᠡᠳᠡᠬᠦ ᠲᠠᠯ᠎ᠠ ᠪᠠᠷ ᠬᠦᠮᠦᠨ ᠠᠴᠠ ᠬᠠᠪᠢ ᠦᠭᠡᠢ ᠮᠡᠷᠭᠡᠨ ᠪᠠᠶᠢᠳᠠᠬ᠃ | ᠨᠡᠩ ᠢᠯᠠᠩᠭᠤᠶ᠎ᠠ ᠱᠠᠩᠰᠢ ᠶᠢᠨ ᠮᠣᠳᠣ ᠨᠢ ᠣᠷᠳᠦ ᠣᠳᠠᠭᠠᠨ ᠰᠠᠯᠬᠢ ᠪᠣᠷᠣᠭᠠᠨ ᠢ ᠦᠡᠭᠭᠡᠷᠡᠭᠦᠯᠵᠦ ᠣᠨ ᠵᠢᠯ | ᠣᠳᠠᠬᠰᠠᠨ ᠮᠣᠳᠣ ᠪᠣᠯᠬᠤᠷ ᠦᠨᠳᠦᠰᠦ ᠨᠢ ᠬᠤᠯᠠ ᠭᠦᠶᠦᠵᠦ᠂ ᠨᠠᠪᠴᠢ ᠨᠠᠮᠠᠭ᠎ᠠ ᠨᠢ ᠶᠡᠭᠡ ᠪᠠᠷ ᠰᠢᠬᠦᠷᠯᠡᠨ | ᠣᠷᠭᠤᠳᠠᠬ ᠠᠴᠠ ᠪᠠᠶᠢᠭᠠᠯᠢ ᠶᠢᠨ ᠠᠭᠤᠷ ᠠᠮᠢᠰᠬᠤᠯ ᠢ ᠲᠠᠨᠢᠬᠤ ᠲᠠᠯ᠎ᠠ ᠪᠠᠷ ᠣᠨᠣᠪᠴᠢᠳᠠᠢ ᠪᠠᠶᠢᠳᠠᠬ᠃ ᠱᠠᠩᠰᠢ ᠶᠢᠨ | ᠮᠣᠳᠣ ᠠᠴᠠ ᠴᠠᠬ ᠠᠭᠤᠷ ᠢ ᠰᠢᠨᠵᠢᠬᠦ ᠶᠢ ᠵᠢᠷᠣᠬᠠᠢ ᠶᠢᠨ ᠣᠬᠠᠭᠠᠨ ᠭᠡᠵᠦ ᠬᠡᠯᠡᠭᠰᠡᠨ ᠴᠦ ᠪᠣᠯᠣᠨ᠎ᠠ᠃ ᠪᠠᠰᠠ | ᠠᠵᠢᠬᠴᠢ ᠬᠢᠷᠠᠬᠠᠢ ᠬᠦᠮᠦᠰ ᠤᠨ ᠰᠢᠨᠵᠢᠯᠡᠨ ᠰᠣᠳᠣᠯᠵᠦ ᠮᠡᠳᠡᠭᠰᠡᠨ ᠠᠮᠢᠳᠣᠷᠠᠯ ᠤᠨ ᠲᠣᠮᠳᠠᠬᠢ ᠲᠣᠷᠰᠢᠯᠭ᠎ᠠ ᠭᠡᠵᠦ | ᠶᠠᠷᠢᠬᠰᠠᠨ ᠴᠦ ᠪᠣᠯᠣᠨ᠎ᠠ︾ ᠭᠡᠵᠡᠢ᠃ ᠱᠠᠩᠰᠢ ᠶᠢᠨ ᠮᠣᠳᠣ ᠶᠢ ᠭᠤᠣᠯᠳᠠᠭᠤ ᠬᠠᠪᠣᠷ᠂ ᠵᠣᠨ ᠤ ᠣᠯᠠᠷᠢᠯ ᠳᠤ | ᠰᠢᠨᠵᠢᠳᠡᠭ ᠶᠣᠮ᠃ ᠲᠣᠣᠷ᠎ᠠ ᠬᠡᠳᠦᠨ ᠠᠷᠭ᠎ᠠ ᠠᠴᠠ ᠬᠤᠪᠢᠶᠠᠯᠴᠠᠶ᠎ᠠ᠃ | ᠬᠠᠪᠣᠷ ᠤᠨ ᠣᠯᠠᠷᠢᠯ ᠳᠤ ᠱᠠᠩᠰᠢ ᠶᠢᠨ ᠮᠣᠳᠣ ᠶᠢ ᠰᠢᠨᠵᠢᠬᠦ ᠠᠷᠭ᠎ᠠ᠃ ᠬᠠᠪᠣᠷ ᠤᠨ ᠣᠯᠠᠷᠢᠯ ᠳᠤ ᠭᠤᠣᠯᠳᠠᠭᠤ | ᠱᠠᠩᠰᠢ ᠶᠢᠨ ᠮᠣᠳᠣ ᠪᠠᠷ ᠵᠢᠯ ᠤᠨ ᠬᠤᠷ᠎ᠠ ᠪᠣᠷᠣᠭᠠᠨ᠂ ᠰᠠᠯᠬᠢ᠂ ᠡᠪᠡᠳᠴᠢᠨ ᠬᠢᠵᠢᠭ ᠵᠡᠷᠭᠡ ᠶᠢ ᠰᠢᠨᠵᠢᠯᠡᠳᠡᠭ᠃ | ᠬᠠᠪᠣᠷ ᠮᠣᠳᠣ ᠬᠦᠯᠦᠭᠡᠯᠡᠬᠦ ᠦᠶᠡᠰ ᠱᠠᠩᠰᠢ ᠶᠢᠨ ᠮᠣᠳᠣᠨ ᠤ ᠡᠭᠡᠪᠦᠷ ᠲᠠᠯ᠎ᠠ ᠨᠢ ᠡᠷᠳᠡ ᠬᠦᠯᠦᠭᠡᠯᠡᠭᠰᠡᠨ ᠪᠠᠶᠢᠪᠠᠯ | ᠵᠣᠨ ᠤ ᠣᠯᠠᠷᠢᠯ ᠤᠨ ᠡᠬᠢᠨ ᠰᠠᠷ᠎ᠠ ᠪᠠᠷ ᠪᠣᠷᠣᠭᠠᠨ ᠬᠤᠷ᠎ᠠ ᠴᠦᠬᠡᠨ᠂ ᠲᠣᠮᠳᠠ ᠰᠠᠷ᠎ᠠ ᠪᠠᠷ ᠪᠣᠷᠣᠭᠠᠨ ᠬᠤᠷ᠎ᠠ ᠡᠯᠪᠡᠭ | ᠃ ᠰᠡᠭᠦᠳᠡᠷ ᠲᠠᠯ᠎ᠠ ᠶᠢᠨ ᠬᠢᠨ ᠡᠷᠳᠡ ᠬᠦᠯᠦᠭᠡᠯᠡᠭᠰᠡᠨ ᠪᠠᠶᠢᠪᠠᠯ ᠬᠠᠪᠣᠷ ᠤᠨ ᠲᠠᠷᠢᠯᠭ᠎ᠠ ᠶᠢᠨ ᠬᠤᠭᠤᠴᠠᠭᠠᠨ ᠳᠤ | ᠪᠣᠷᠣᠭᠠᠨ ᠬᠤᠷ᠎ᠠ ᠲᠣᠳᠠᠬᠤ ᠦᠭᠡᠢ᠃ ᠪᠦᠬᠦᠳᠡᠭᠡᠷ ᠢᠶᠠᠨ ᠵᠢᠭᠳᠡ ᠭᠦᠯᠦᠭᠡᠯᠡᠭᠰᠡᠨ ᠪᠠᠶᠢᠪᠠᠯ ᠪᠣᠷᠣᠭᠠᠨ ᠬᠤᠷ᠎ᠠ | ᠲᠡᠭᠰᠢᠬᠡᠨ ᠵᠢᠯ ᠪᠣᠯᠣᠨ᠎ᠠ᠃ ᠬᠠᠶᠢᠯᠠᠰᠣᠨ ᠱᠠᠩᠰᠢ ᠵᠣᠭᠠᠯᠠᠬᠤ ᠦᠶᠡᠰ ᠲᠤ ᠮᠣᠳᠣᠨ ᠤ ᠣᠷᠣᠢ ᠳᠤᠨᠢ ᠵᠤᠭ᠎ᠠ | ᠵᠣᠵᠠᠭᠠᠨ ᠰᠠᠭᠤᠬᠰᠠᠨ ᠪᠣᠯ ᠠᠶᠢᠯ ᠠᠴᠠ ᠠᠷᠪᠠᠨ ᠲᠠᠪᠣᠨ ᠭᠠᠵᠠᠷ ᠠᠴᠠ ᠭᠤᠴᠢᠨ ᠭᠠᠵᠠᠷ ᠵᠠᠢ ᠳᠤ ᠪᠠᠶᠢᠭ᠎ᠠ ᠠᠶᠢᠯ | ᠲᠣᠰᠬᠤᠨ ᠢᠶᠠᠷ ᠪᠣᠷᠣᠭᠠᠨ ᠬᠤᠷ᠎ᠠ ᠡᠯᠪᠡᠭ ᠰᠢᠭ᠂ ᠵᠣᠨ ᠤ ᠡᠬᠢᠨ ᠰᠠᠷ᠎ᠠ ᠪᠠᠷ ᠭᠠᠨᠭ᠍ᠳᠠᠵᠦ ᠨᠠᠮᠣᠷ ᠣᠢᠢᠷᠠᠳᠬᠤ ᠪᠠᠷ | ᠪᠣᠷᠣᠭᠠᠨ ᠬᠤᠷ᠎ᠠ ᠡᠯᠪᠡᠭ᠃ ᠮᠣᠳᠣᠨ ᠤ ᠲᠣᠣᠷᠠᠬᠢ ᠰᠠᠯᠠᠭ᠎ᠠ ᠨᠠᠮᠠᠭ᠎ᠠ ᠶᠢᠨ ᠵᠤᠭ᠎ᠠ ᠨᠢ ᠵᠣᠵᠠᠭᠠᠨ ᠪᠣᠯ ᠵᠣᠨ ᠤ ᠡᠬᠢᠨ | ᠰᠠᠷ᠎ᠠ ᠪᠠᠷ ᠪᠣᠷᠣᠭᠠᠨ ᠲᠠᠢ᠂ ᠵᠣᠨ ᠤ ᠭᠤᠣᠯ ᠬᠠᠯᠠᠭᠤᠨ ᠳᠤ ᠭᠠᠨᠭ᠌ ᠪᠣᠯᠣᠨ᠎ᠠ᠃ ᠵᠤᠭ᠎ᠠ ᠵᠢᠭᠳᠡ ᠪᠠᠷ ᠵᠣᠵᠠᠭᠠᠨ | ᠰᠠᠭᠤᠪᠠᠯ ᠬᠤᠷ᠎ᠠ ᠪᠣᠷᠣᠭᠠᠨ ᠲᠡᠭᠰᠢ ᠵᠢᠯ ᠪᠣᠯᠣᠨ᠎ᠠ᠃ ᠵᠤᠭ᠎ᠠ ᠪᠦᠬᠦᠨ ᠢᠶᠠᠷ ᠢᠶᠠᠨ ᠰᠡᠶᠢᠷᠡᠭ ᠪᠠᠶᠢᠪᠠᠯ ᠵᠣᠨ ᠤ | ᠣᠯᠠᠷᠢᠯ ᠳᠤ ᠬᠤᠷ᠎ᠠ ᠪᠣᠷᠣᠭᠠᠨ ᠴᠦᠬᠡᠨ᠂ ᠡᠪᠦᠯ ᠤᠨ ᠣᠯᠠᠷᠢᠯ ᠳᠤ ᠴᠠᠰᠣ ᠵᠣᠳ ᠡᠯᠪᠡᠭ ᠵᠢᠯ ᠪᠣᠯᠣᠨ᠎ᠠ᠃ | | ᠵᠣᠨ ᠤ ᠣᠯᠠᠷᠢᠯ ᠳᠤ ᠱᠠᠩᠰᠢ ᠶᠢᠨ ᠮᠣᠳᠣ ᠶᠢ ᠰᠢᠨᠵᠢᠬᠦ ᠠᠷᠭ᠎ᠠ᠃ ᠱᠠᠩᠰᠢ ᠶᠢᠨ ᠮᠣᠳᠣ ᠪᠣᠳᠠᠯᠠᠵᠦ ᠨᠠᠪᠴᠢᠯᠠᠬᠤ | ᠦᠶᠡᠰ ᠵᠡᠭᠦᠨ ᠬᠤᠶᠢᠳᠦ ᠵᠦᠭ ᠤᠨ ᠰᠠᠯᠠᠭᠠᠨ ᠳᠠᠬᠢ ᠨᠠᠪᠴᠢ ᠨᠢ ᠡᠷᠳᠡ ᠢᠯᠡᠭᠦᠦ ᠬᠦᠬᠡᠷᠡᠭᠰᠡᠨ ᠪᠠᠶᠢᠪᠠᠯ ᠵᠣᠨ ᠤ | ᠲᠣᠮᠳᠠ ᠰᠠᠷ᠎ᠠ ᠪᠠᠷ ᠪᠠᠷᠠᠭᠤᠨ ᠡᠮᠦᠨ᠎ᠡ ᠵᠦᠭ ᠠᠴᠠ ᠰᠠᠯᠬᠢ ᠡᠯᠪᠡᠭ ᠪᠣᠯᠵᠦ ᠭᠠᠨᠭ᠌ ᠪᠣᠯᠬᠤ ᠠᠶᠣᠯᠳᠠᠢ᠂ ᠡᠷᠭᠢᠬᠦ | ᠵᠢᠯ ᠤᠨ ᠬᠠᠪᠣᠷ ᠡᠪᠡᠳᠴᠢᠨ ᠬᠢᠵᠢᠭ ᠲᠡᠯᠭᠡᠷᠡᠨ᠎ᠡ᠃ ᠪᠠᠷᠠᠭᠤᠨ ᠬᠤᠶᠢᠳᠦ ᠵᠦᠭ ᠲᠤ ᠡᠷᠳᠡ ᠬᠦᠬᠡᠷᠡᠭᠰᠡᠨ ᠪᠠᠶᠢᠪᠠᠯ | ᠨᠠᠮᠣᠷ ᠰᠠᠯᠬᠢ ᠢᠯᠡᠭᠦᠦ᠂ ᠬᠤᠶᠢᠳᠦ ᠵᠦᠭ ᠲᠤ ᠡᠷᠳᠡ ᠬᠦᠬᠡᠷᠡᠭᠰᠡᠨ ᠪᠣᠯ ᠭᠠᠨᠭ᠌ ᠪᠣᠯᠣᠨ᠎ᠠ᠂ ᠪᠠᠷᠠᠭᠤᠨ ᠲᠠᠯ᠎ᠠ ᠨᠢ | ᠡᠷᠳᠡ ᠬᠦᠬᠡᠷᠡᠭᠰᠡᠨ ᠪᠣᠯ ᠬᠢᠷᠠᠭᠤ ᠡᠷᠳᠡ ᠣᠨᠠᠨ᠎ᠠ᠃ ᠪᠠᠷᠠᠭᠤᠨ ᠡᠮᠦᠨ᠎ᠡ ᠵᠦᠭ ᠲᠤ ᠡᠷᠳᠡ ᠬᠦᠬᠡᠷᠡᠭᠰᠡᠨ ᠪᠣᠯ | ᠨᠠᠮᠣᠷ ᠲᠤ ᠪᠣᠷᠣᠭᠠᠨ ᠡᠯᠪᠡᠭ ᠪᠣᠯᠣᠨ᠎ᠠ᠂ ᠡᠮᠦᠨ᠎ᠡ ᠡᠷᠳᠡ ᠬᠦᠬᠡᠷᠡᠭᠰᠡᠨ ᠪᠣᠯ ᠬᠤᠷ᠎ᠠ ᠡᠯᠪᠡᠭ ᠦᠶᠡᠷ ᠣᠰᠣᠳᠣᠯ ᠤᠨ | ᠭᠠᠮᠰᠢᠬ ᠪᠣᠯᠵᠦ ᠮᠡᠳᠡᠨ᠎ᠡ᠃ ᠵᠡᠭᠦᠨ ᠡᠮᠦᠨ᠎ᠠ ᠬᠦᠬᠡᠷᠡᠭᠰᠡᠨ ᠪᠣᠯ ᠪᠦᠷᠬᠦᠭ ᠡᠳᠦᠷ ᠠᠷᠪᠢᠨ᠂ ᠪᠣᠷᠣᠭᠠᠨ ᠲᠠᠢ ᠡᠳᠦᠷ | ᠴᠦᠬᠡᠨ ᠪᠣᠯᠬᠤᠷ ᠭᠤᠸ᠎ᠠ ᠶᠢᠨ ᠲᠠᠷᠢᠶᠠᠨ ᠳᠤ ᠮᠠᠭᠤ᠂ ᠵᠡᠭᠦᠨ ᠡᠷᠳᠡ ᠬᠦᠬᠡᠷᠡᠭᠰᠡᠨ ᠪᠣᠯ ᠣᠷᠣᠢ ᠶᠢᠨ ᠲᠠᠷᠢᠶ᠎ᠠ ᠳᠤ | ᠰᠠᠶᠢᠨ᠃ ᠬᠦᠬᠡᠷᠡᠭᠰᠡᠨ ᠨᠢ ᠪᠣᠰᠣᠳ ᠮᠣᠳᠣᠨ ᠠᠴᠠ ᠬᠤᠯᠠ ᠣᠷᠣᠢ ᠪᠣᠯ ᠲᠠᠷᠠᠭ᠎ᠠ ᠡᠪᠦᠯ ᠲᠡᠰᠭᠢᠮ᠎ᠡ ᠬᠦᠢᠳᠡᠨ᠂ | ᠡᠪᠦᠯ ᠤᠨ ᠣᠯᠠᠷᠢᠯ ᠳᠤ ᠨᠠᠰᠣᠳᠠᠢ ᠨᠢᠯᠬᠠᠰ ᠡᠪᠡᠳᠴᠢᠯᠡᠬᠦ ᠬᠦᠮᠦᠨ ᠣᠯᠠᠨ᠃ ᠣᠷᠣᠢ ᠨᠢ ᠡᠷᠳᠡ ᠬᠦᠬᠡᠷᠡᠭᠰᠡᠨ ᠪᠣᠯ | ᠡᠷᠳᠡ ᠶᠢᠨ ᠲᠠᠷᠢᠶ᠎ᠠ ᠳᠤ ᠰᠠᠶᠢᠨ᠂ ᠲᠣᠣᠷᠠᠬᠢ ᠰᠠᠯᠠᠭ᠎ᠠ ᠨᠢ ᠡᠷᠳᠡ ᠬᠦᠬᠡᠷᠡᠭᠰᠡᠨ ᠪᠣᠯ ᠪᠣᠷᠴᠠᠬ ᠡᠯᠪᠡᠭ ᠬᠤᠷᠢᠶᠠᠨ᠎ᠠ᠃ | ᠪᠦᠬᠦᠳᠡᠭᠡᠷ ᠢᠶᠠᠨ ᠵᠢᠭᠳᠡ ᠬᠦᠬᠡᠷᠡᠭᠰᠡᠨ ᠪᠣᠯ ᠬᠤᠷ᠎ᠠ ᠪᠣᠷᠣᠭᠠᠨ ᠲᠡᠭᠰᠢ ᠵᠢᠯ ᠪᠣᠯᠣᠨ᠎ᠠ ᠭᠡᠳᠡᠭ᠃ | ᠡᠭᠦᠨ ᠠᠴᠠ ᠭᠠᠳᠠᠨ᠎ᠠ᠂ ᠬᠤᠷᠴᠢᠨ ᠤ ᠵᠠᠷᠢᠮ ᠪᠦᠭᠡ ᠨᠠᠷ ᠠᠴᠠ ᠬᠡᠭᠡᠷ᠎ᠡ ᠭᠠᠳᠠᠨ᠎ᠠ ᠣᠨ ᠵᠢᠯ ᠣᠳᠠᠳᠠᠯ᠎ᠠ ᠬᠤᠷ᠎ᠠ | ᠣᠷᠭᠤᠬᠰᠠᠨ ᠮᠣᠳᠣ ᠶᠢ ᠱᠠᠩᠰᠢ ᠬᠡᠮᠡᠨ ᠰᠢᠳᠦᠵᠦ᠂ ᠰᠠᠬᠢᠭᠤᠰᠣ ᠪᠣᠯᠭᠠᠨ ᠬᠡᠷᠡᠭᠯᠡᠳᠡᠭ ᠶᠣᠮ ᠭᠡᠨ᠎ᠡ᠃ ᠰᠢᠨᠵᠢᠯᠡᠬᠦ | ᠣᠬᠠᠭᠠᠨ ᠬᠠᠷᠠᠬᠠᠨ ᠴᠡᠴᠡᠭᠯᠡᠨ ᠬᠦᠭᠵᠢᠭᠡ ᠦᠭᠡᠢ ᠪᠠᠶᠢᠬᠰᠠᠨ ᠡᠷᠳᠡ ᠴᠠᠬ ᠲᠤ ᠪᠦᠭᠡ ᠨᠠᠷ ᠠᠴᠠ ᠱᠠᠩᠰᠢ ᠶᠢᠨ | ᠮᠣᠳᠣᠨ ᠤ ᠰᠠᠬᠢᠭᠤᠰᠣ ᠶᠢ ᠪᠡᠶ᠎ᠡ ᠳᠡᠭᠡᠨ ᠣᠷᠣᠰᠢᠭᠤᠯᠣᠬᠰᠠᠨ ᠤ ᠲᠠᠷᠠᠭ᠎ᠠ ᠦᠡᠭᠭᠡᠷᠡᠭᠰᠡᠨ ᠢᠷᠡᠭᠡᠳᠦᠢ ᠶᠢ ᠰᠢᠠᠵᠢᠯᠡᠵᠦ | ᠦᠵᠡᠯᠭᠡ ᠲᠦᠯᠭᠡ ᠠᠶᠢᠯᠠᠳᠣᠨ ᠮᠡᠷᠭᠡᠯᠡᠵᠦ ᠴᠢᠳᠠᠳᠠᠬ ᠶᠣᠮ ᠭᠡᠨ᠎ᠡ᠃ ᠪᠠᠰᠠ ᠬᠤᠷᠣᠭᠤ ᠪᠠᠨ ᠬᠠᠵᠠᠵᠦ᠂ | ᠭᠡᠳᠡᠰᠦ ᠪᠠᠨ ᠵᠢᠳᠠᠯᠠᠨ ᠴᠢᠰᠣ ᠭᠠᠷᠭᠠᠭᠠᠳ ᠪᠣᠰᠣᠳ ᠲᠤ ᠵᠠᠶ᠋ᠢᠬ ᠲᠠᠷᠨᠢ ᠪᠢᠴᠢᠵᠦ ᠦᠭᠭᠦᠭᠡᠳ ᠡᠪᠡᠳᠴᠢᠨ | ᠬᠠᠭᠤᠴᠢᠨ ᠢ ᠨᠢ ᠵᠠᠰᠠᠳᠠᠬ ᠪᠠᠶᠢᠪᠠ᠃ ᠡᠭᠦᠨ ᠤ ᠲᠣᠬᠠᠢ ᠬᠦᠷᠢᠶ᠎ᠡ ᠬᠤᠰᠢᠭᠤ ᠨᠣᠳᠤᠬ ᠲᠠᠢ ᠬᠠᠰᠪᠠᠶᠠᠷ ᠪᠦᠬᠡ ᠠᠴᠠ | ᠄ ︽ᠪᠦᠭᠡ ᠨᠠᠷ ᠤᠨ ᠲᠣᠮᠳᠠ ᠵᠢᠳᠠ ᠰᠢᠩᠭᠡᠬᠦ ᠭᠡᠳᠡᠭ ᠨᠢᠭᠡᠨ ᠨᠢᠭᠤᠴᠠ ᠣᠪᠠᠳᠢᠰ ᠪᠠᠶᠢᠳᠠᠬ᠃ ᠡᠨᠡ ᠨᠢ ᠲᠣᠬᠰᠢᠨ | ᠠᠳᠠ ᠴᠢᠳᠭᠦᠷ ᠢ ᠨᠣᠮᠣᠬᠠᠳᠬᠠᠬᠤ᠂ ᠬᠦᠨᠳᠦ ᠡᠪᠡᠳᠴᠢᠳᠡᠨ ᠢ ᠪᠦᠭᠡᠯᠡᠨ ᠵᠠᠰᠠᠬᠤ ᠳᠤ ᠬᠡᠷᠡᠭᠯᠡᠳᠡᠭ ᠡᠷᠳᠡᠮ ᠪᠣᠯᠣᠨ᠎ᠠ᠃ | ᠡᠭᠦᠨ ᠢ ᠡᠷᠳᠡᠮ ᠴᠢᠳᠠᠯ ᠪᠦᠷᠢᠳᠦᠭᠰᠡᠨ ᠮᠣᠳᠣᠨ ᠰᠢᠳᠦᠯᠭᠡ ᠲᠠᠢ ᠪᠦᠬᠡ ᠨᠠᠷ ᠰᠠᠶ᠋ᠢ ᠬᠦᠢᠴᠠᠳᠬᠡᠵᠤ ᠴᠢᠳᠠᠳᠠᠬ ᠠᠴᠠ | ᠪᠢᠰᠢ ᠬᠢᠷᠢ ᠪᠠᠷᠤᠬ ᠤᠨ ᠪᠦᠭᠡ ᠨᠠᠷ ᠬᠢᠵᠦ ᠴᠢᠳᠠᠳᠠᠬ ᠦᠭᠡᠢ ᠶᠣᠮ᠃ ᠡᠷᠳᠡᠮ ᠴᠢᠳᠠᠯ ᠬᠦᠢᠴᠡᠬᠦ ᠦᠬᠡᠢ ᠪᠦᠭᠡ ᠨᠠᠷ | ᠰᠢᠩᠬᠡᠬᠡᠪᠠᠯ ᠠᠮᠢ ᠪᠠᠨ ᠴᠦ ᠠᠯᠳᠠᠬᠤ ᠠᠶᠣᠯ ᠲᠠᠢ᠃ ᠱᠠᠩᠰᠢ ᠶᠢᠨ ᠮᠣᠳᠣᠨ ᠤ ᠰᠢᠳᠦᠯᠭᠡ ᠲᠠᠢ ᠪᠦᠭᠡ ᠨᠢ | ᠪᠦᠭᠡᠯᠡᠭᠡᠳ ᠰᠢᠳᠦᠭᠡᠨ ᠢᠶᠠᠨ ᠵᠠᠯᠠᠬᠰᠠᠨ ᠤ ᠲᠠᠷᠠᠭ᠎ᠠ ᠭᠡᠳᠡᠰᠦ ᠪᠠᠨ ᠵᠢᠳᠠᠯᠠᠨ ᠴᠢᠰᠣ ᠭᠠᠷᠭᠠᠭᠠᠳ ᠵᠠᠶ᠋ᠢᠬ ᠲᠠᠷᠨᠢ | ᠪᠢᠴᠢᠳᠡᠭ ᠪᠣᠯᠪᠠᠴᠦ ᠭᠡᠳᠡᠰᠦ ᠨᠢ ᠣᠬᠳᠣᠬᠠᠨ ᠴᠦ ᠰᠢᠷᠬ᠎ᠠ ᠰᠣᠷᠪᠢ ᠣᠯᠳᠠᠬ ᠦᠭᠡᠢ᠂ ᠬᠠᠷᠢᠨ ᠰᠢᠳᠦᠵᠦ | ᠪᠠᠶᠢᠬᠰᠠᠨ ᠱᠠᠩᠰᠢ ᠶᠢᠨ ᠮᠣᠳᠣ ᠨᠢ ᠰᠢᠷᠬᠠᠳᠣᠵᠦ ᠭᠠᠳᠠᠷ ᠵᠣᠵᠠᠭᠠᠨ ᠬᠠᠯᠢᠰᠣ ᠨᠢ ᠬᠡᠭᠵᠡᠷᠡᠵᠦ ᠮᠣᠳᠣᠨ ᠠᠴᠠ | ᠰᠢᠭᠦᠰᠦ ᠨᠢ ᠴᠢᠰᠣ ᠰᠢᠬ ᠨᠡᠪᠴᠢᠨ ᠭᠤᠭᠤᠵᠢᠳᠠᠬ ᠶᠣᠮ︾ ᠭᠡᠵᠦ ᠬᠠᠭᠤᠴᠢᠯᠠᠬᠰᠠᠨ ᠭᠡᠳᠡᠭ᠃ | ᠪᠦᠬᠡ ᠶᠢᠨ ᠱᠠᠰᠢᠨ ᠤ ᠱᠠᠩᠰᠢ ᠶᠢᠨ ᠰᠠᠬᠢᠭᠤᠰᠣ ᠣᠷᠣᠰᠢᠭᠤᠯᠬᠤ ᠡᠷᠳᠡᠮ ᠭᠡᠰᠡᠨ ᠴᠦ ᠲᠡᠷᠡ᠂ ᠱᠠᠩᠰᠢ ᠶᠢᠨ | ᠮᠣᠳᠣ ᠪᠠᠷ ᠵᠢᠯ ᠤᠨ ᠦᠡᠭᠭᠡ ᠶᠢ ᠰᠢᠨᠵᠢᠯᠡᠬᠦ ᠠᠷᠭ᠎ᠠ ᠭᠡᠰᠡᠨ ᠴᠦ ᠲᠡᠷᠡ᠂ ᠪᠦᠷ ᠯᠡ ᠰᠢᠨᠵᠢᠯᠡᠬᠦ ᠣᠬᠠᠭᠠᠨ ᠤ | ᠪᠣᠳᠠᠳᠠᠢ ᠪᠠᠷᠢᠮᠳᠠ ᠴᠦᠬᠡᠨ᠂ ᠵᠦᠪ ᠣᠨᠣᠪᠴᠢᠳᠠᠢ ᠭᠡᠵᠦ ᠬᠡᠯᠡᠬᠦ ᠶᠢᠨ ᠠᠷᠭ᠎ᠠ ᠦᠭᠡᠢ ᠪᠣᠯᠬᠤᠷ ᠪᠢᠳᠡ ᠡᠨᠡ | ᠪᠦᠬᠦᠨ ᠢ ᠦᠬᠦᠨ ᠢᠳᠡᠭᠡᠵᠦ ᠦᠨᠡᠮᠰᠢᠵᠦ ᠪᠣᠯᠬᠤ ᠦᠭᠡᠢ ᠶᠣᠮ᠃ ᠭᠡᠪᠡᠴᠦ ᠡᠳᠡᠭᠡᠷ ᠱᠠᠰᠢᠨ ᠰᠣᠷᠳᠠᠬᠤᠨ ᠤ | ᠰᠢᠳᠦᠯᠭᠡ ᠲᠠᠬᠢᠯᠭ᠎ᠠ ᠵᠢᠴᠢ ᠠᠷᠠᠳ ᠤᠨ ᠲᠣᠮᠳᠠᠬᠢ ᠵᠢᠷᠣᠬᠠᠢ ᠶᠢᠨ ᠣᠬᠠᠭᠠᠨ ᠵᠡᠷᠭᠡ ᠨᠢ ᠬᠤᠷᠴᠢᠨ ᠲᠠᠷᠢᠶᠠᠴᠢᠳ ᠤᠨ | ᠦᠶ᠎ᠡ ᠤᠯᠠᠷᠢᠠ ᠠᠮᠢᠳᠣᠷᠠᠨ ᠣᠷᠣᠰᠢᠬᠤ ᠳᠠᠭᠠᠨ ᠬᠤᠷᠠᠮᠳᠤᠭᠤᠯᠵᠦ᠂ ᠠᠮᠢᠳᠣᠷᠠᠯ ᠤᠨ ᠲᠣᠮᠳᠠ ᠠᠴᠠ ᠪᠠᠨ ᠰᠡᠷᠡᠵᠦ | ᠮᠡᠳᠡᠭᠰᠡᠨ᠂ ᠴᠢᠨᠠᠬᠰᠢᠯᠠᠭᠠᠳ ᠬᠦᠮᠦᠨ ᠲᠦᠷᠦᠯᠬᠢᠳᠡᠨ ᠤ ᠪᠠᠶᠢᠭᠠᠯᠢ ᠪᠠᠨ ᠲᠠᠨᠢᠬᠤ ᠪᠠᠷ ᠴᠢᠷᠮᠠᠶᠢᠬᠰᠠᠨ ᠲᠦᠭᠦᠮᠬᠡᠨ | ᠠᠷᠭ᠎ᠠ ᠬᠡᠯᠪᠡᠷᠢ᠂ ᠪᠠᠶᠢᠭᠠᠯᠢ ᠲᠠᠢ ᠪᠠᠨ ᠣᠶᠠᠯᠳᠣᠬᠤ ᠪᠠᠷ ᠴᠢᠷᠮᠠᠶᠢᠬᠰᠠᠨ ᠵᠠᠩ ᠦᠢᠯᠡ ᠭᠡᠳᠡᠭ ᠢ ᠪᠢᠳᠡ ᠣᠢᠢᠯᠠᠭᠠᠬᠤ | ᠬᠡᠷᠡᠭᠳᠡᠢ᠃ | ᠬᠤᠷᠴᠢᠨᠴᠣᠳ ᠤᠨ ᠱᠠᠩᠰᠢ ᠶᠢᠨ ᠰᠢᠳᠦᠯᠭᠡ ᠳᠤ ᠠᠶᠢᠯ ᠲᠣᠰᠬᠤᠨ ᠤ ᠬᠤᠭᠤᠷᠣᠨᠳᠣᠬᠢ ᠶᠣᠰᠣ ᠵᠠᠩᠰᠢᠯ ᠨᠢ | ᠵᠠᠷᠢᠮ ᠲᠠᠯ᠎ᠠ ᠪᠠᠷ ᠠᠳᠠᠯᠢ ᠦᠭᠡᠢ ᠪᠣᠶᠣ ᠪᠠᠭᠠᠬᠠᠨ ᠵᠦᠷᠢᠶᠡᠲᠠᠢ ᠰᠢᠭ ᠪᠣᠯᠪᠠᠴᠦ ᠶᠡᠷᠦᠩᠬᠡᠢ ᠳᠡᠭᠡᠨ ᠨᠡᠯᠢᠶᠡᠳ | ᠠᠳᠠᠯᠢᠪᠳᠣᠷ ᠶᠣᠮ᠃ ᠡᠨᠡ ᠬᠦ ᠲᠠᠬᠢᠯᠭ᠎ᠠ ᠶᠢᠨ ᠶᠣᠰᠣ ᠨᠢ ᠬᠡᠳᠦ᠋ᠢᠪᠡᠷ ᠬᠦᠷᠢᠶ᠎ᠡ ᠬᠡᠪᠴᠢᠶ᠎ᠡ ᠪᠠᠷ ᠲᠦᠢᠯ ᠤᠨ ᠪᠠᠭ᠎ᠠ᠂ | ᠨᠣᠳᠤᠬ ᠣᠰᠣᠨ ᠤ ᠰᠢᠳᠦᠯᠭᠡ ᠲᠡᠳᠦᠢ ᠪᠣᠯᠪᠠᠴᠦ ᠬᠤᠷᠴᠢᠨ ᠲᠠᠷᠢᠶᠠᠴᠢᠳ ᠤᠨ ᠵᠠᠩ ᠦᠢᠯᠡ᠂ ᠰᠣᠶᠣᠯ ᠲᠡᠦᠬᠡ᠂ | ᠵᠢᠷᠣᠬᠠᠢ ᠶᠢᠨ ᠣᠬᠠᠭᠠᠨ᠂ ᠱᠠᠰᠢᠨ ᠤ ᠣᠬᠠᠭᠠᠨ ᠵᠡᠷᠭᠡ ᠶᠢ ᠬᠠᠮᠣᠷᠣᠬᠰᠠᠨ ᠰᠣᠶᠣᠯ ᠤᠨ ᠭᠡᠷᠡᠯᠳᠦ ᠲᠠᠯᠠᠰᠳᠦ | ᠪᠣᠯᠬᠤᠷ ᠪᠢᠳᠡ ᠨᠡᠩ ᠴᠢᠨᠠᠬᠰᠢᠳᠠ ᠰᠢᠨᠵᠢᠯᠡᠨ ᠰᠣᠳᠣᠯᠬᠤ ᠴᠢᠬᠤᠯᠠᠳᠠᠢ᠃ |