ᠬᠦᠷᠢᠶ᠎ᠡ ᠬᠤᠰᠢᠭᠤ ᠪᠤᠯ ᠠᠷᠪᠠᠨ ᠳᠤᠯᠤᠳᠤᠭᠠᠷ ᠵᠠᠭᠤᠨ ᠤ ᠳᠤᠮᠳᠠᠴᠢ ᠦᠶ᠎ᠡ ᠪᠠᠷ ᠪᠠᠶᠢᠭᠤᠯᠤᠭᠳᠠᠭᠰᠠᠨ ᠴᠢᠩ | ᠤᠯᠤᠰ ᠤᠨ ᠤᠨᠴᠠ ᠬᠠᠷᠠᠭᠠᠯᠵᠠᠯᠠᠯ ᠲᠠᠢ ︽ᠲᠦᠷᠤ ᠱᠠᠰᠢᠨ ᠤ ᠨᠢᠬᠡᠳᠤᠯ︾ ᠲᠠᠢ ᠯᠠᠮᠠ ᠬᠤᠰᠢᠭᠤ ᠪᠤᠯᠤᠨ᠎ᠠ᠃ | ᠤᠳᠤ ᠪᠤᠯᠬᠤ ᠳᠤ ᠬᠤᠷᠴᠢᠨ ᠤ ᠳᠠᠯ᠎ᠠ ᠨᠤᠳᠤᠭ ᠤᠨ ᠬᠦᠢᠰᠤ ᠲᠦᠩᠯᠢᠶᠤᠤ ᠬᠤᠳᠠ ᠶᠢᠨ ᠪᠠᠷᠠᠭᠤᠨ ᠡᠮᠤᠨ᠎ᠡ | ᠪᠠᠶᠢᠷᠢᠯᠠᠵᠤ᠂ ᠡᠮᠤᠨᠡᠬᠦᠷ ᠢᠶᠠᠨ ᠯᠢᠶᠤᠤᠨᠢᠩ ᠮᠤᠵᠢ᠂ ᠪᠠᠷᠠᠭᠤᠨ ᠢᠶᠠᠷ ᠢᠶᠠᠨ ᠨᠠᠢᠮᠠᠨ ᠬᠤᠰᠢᠭᠤ᠂ ᠵᠡᠬᠦᠨ ᠳᠠᠯ᠎ᠠ ᠪᠠᠷ | ᠢᠶᠠᠨ ᠬᠤᠷᠴᠢᠨ ᠵᠡᠬᠦᠨ ᠭᠠᠷᠤᠨ ᠬᠤᠶᠢᠳᠤ ᠬᠤᠰᠢᠭᠤ ᠲᠠᠢ ᠬᠦᠷᠰᠢᠯᠡᠵᠤ ᠪᠠᠶᠢᠭ᠎ᠠ 7146 ᠲᠡᠭᠰᠢ ᠳᠦᠷᠪᠡᠯᠵᠢᠨ | ᠺᠢᠯᠤᠮᠧᠲᠷ ᠨᠤᠳᠤᠭ ᠳᠡᠪᠢᠰᠬᠡᠷ ᠲᠠᠢ 17.6 ᠲᠦᠮᠡᠨ ᠬᠦᠮᠤᠨ ᠠᠮᠠ ᠲᠠᠢ᠂ ᠮᠤᠩᠭᠤᠯ ᠦᠨᠳᠤᠰᠤᠳᠡᠨ ᠢᠶᠠᠷ | ᠭᠤᠤᠯᠯᠠᠭᠰᠠᠨ ᠬᠢᠳᠡᠳ ᠮᠠᠨᠵᠤ ᠵᠡᠷᠬᠡ 11 ᠦᠨᠳᠤᠰᠤᠳᠡᠨ ᠲᠠᠢ᠂ ᠡᠮᠤᠨ᠎ᠡ ᠬᠡᠰᠡᠭ ᠢᠶᠠᠷ ᠠᠭᠤᠯᠠᠷᠬᠠᠭ ᠳᠤᠪᠤᠷᠴᠠᠭ | ᠭᠠᠵᠠᠷ᠂ ᠠᠷᠤ ᠬᠡᠰᠡᠭ ᠨᠢ ᠡᠯᠡᠰᠤ ᠮᠠᠩᠬ᠎ᠠ ᠪᠠᠷ ᠭᠤᠤᠯᠯᠠᠵᠤ᠂ ᠲᠠᠮᠤ ᠶᠢᠨ ᠴᠠᠭᠠᠨ ᠶᠠᠩᠰᠢᠪ ᠭᠤᠤᠯ ᠢᠶᠠᠷ ᠠᠳᠠᠯᠢ | ᠪᠤᠰᠤ ᠬᠦᠷᠤᠰᠤ ᠰᠢᠷᠤᠢ ᠶᠢᠨ ᠵᠠᠭᠠᠭ ᠱᠤᠭᠤᠮ ᠤᠨ ᠭᠠᠵᠠᠷ ᠤᠨ ᠪᠠᠶᠢᠴᠠ ᠲᠠᠢ ᠬᠤᠰᠢᠭᠤ ᠪᠤᠯᠤᠨ᠎ᠠ᠃ ᠬᠦᠷᠢᠶ᠎ᠡ | ᠬᠤᠰᠢᠭᠤ ᠦᠨᠢ ᠤᠳᠠᠭᠠᠨ ᠲᠡᠤᠭᠡ ᠲᠠᠢ ᠪᠦᠭᠡᠳ ᠦᠨᠢᠷ ᠪᠠᠶᠠᠯᠢᠭ ᠰᠤᠶᠤᠯ ᠲᠠᠢ ᠪᠠᠶᠢᠵᠤ᠂ ᠮᠤᠩᠭᠤᠯ | ᠦᠨᠳᠤᠰᠤᠳᠡᠨ ᠤ ᠢᠵᠠᠭᠤᠷ ᠰᠤᠶᠤᠯ ᠪᠠ ᠱᠠᠰᠢᠨ ᠤ ᠰᠤᠶᠤᠯ ᠲᠠᠢ ᠠᠭᠤᠰᠤᠯᠴᠠᠭᠰᠠᠨ ᠦᠪᠡᠷᠮᠢᠴᠡ ᠤᠨᠴᠠᠭᠠᠢ | ᠰᠤᠶᠤᠯ ᠲᠠᠢ ᠪᠤᠯᠵᠤ ᠬᠤᠷᠸ᠎ᠠ ᠶᠢᠷᠳᠢᠨᠴᠤ ᠳᠤ ᠬᠤᠤᠰ ᠦᠬᠡᠢ ᠭᠠᠶᠢᠬᠠᠮᠰᠢᠭᠳᠤ ᠬᠤᠰᠢᠭᠤ ᠪᠤᠯᠤᠭᠰᠠᠨ ᠪᠠᠶᠢᠨ᠎ᠠ᠃ | 1631 ᠤᠨ ᠠᠴᠠ ︽ᠮᠠᠨᠽᠤᠰᠢᠷᠢ ᠶᠢᠨ ᠬᠦᠷᠢᠶ᠎ᠡ︾ ᠪᠠᠶᠢᠭᠰᠠᠨ ᠢᠶᠠᠨ ︽ᠰᠢᠷᠡᠬᠡᠳᠤ ᠬᠦᠷᠢᠶ᠎ᠡ ᠯᠠᠮᠠ ᠶᠢᠨ | ᠬᠤᠰᠢᠭᠤ︾ ᠪᠤᠯᠵᠤ᠂ ᠤᠯᠠᠨ ᠠᠷᠪᠢᠨ ᠰᠦᠮ᠎ᠡ ᠬᠡᠶᠢᠳ ᠪᠠᠶᠢᠭᠤᠯᠤᠨ᠂ ᠬᠠᠮᠤᠭ ᠠᠷᠪᠢᠨ ᠳᠠᠭᠠᠨ ᠮᠢᠩᠭ᠎ᠠ ᠭᠠᠷᠤᠢ | ᠯᠠᠮᠠ ᠲᠠᠢ ᠪᠠᠶᠢᠵᠤ᠂ ᠬᠤᠰᠢᠭᠤᠨ ᠤ ᠠᠷᠠᠳ ᠨᠢ ᠦᠪᠦᠷ ᠳᠦᠴᠢ ᠶᠢᠰᠤᠨ ᠬᠤᠰᠢᠭᠤᠨ ᠠᠴᠠ ᠨᠡᠬᠦᠯᠬᠡᠵᠤ ᠢᠷᠡᠭᠰᠡᠨ | ᠲᠠᠶᠢᠵᠢ ᠢᠵᠠᠭᠤᠷᠳᠠᠨ ᠬᠠᠷᠢᠶᠡᠳᠤ ᠪᠠᠷ ᠪᠦᠷᠢᠯᠳᠤᠵᠤ᠂ ᠴᠢᠩ ᠤᠯᠤᠰ ᠲᠤ ᠭᠠᠶᠢᠯᠢ ᠳᠤᠰᠢᠶᠠᠬᠤ ᠦᠬᠡᠢ ᠴᠡᠷᠢᠭ ᠤᠨ | ᠠᠯᠪᠠ ᠬᠠᠭᠠᠭᠠᠬᠤ ᠦᠬᠡᠢ ᠪᠦᠭᠡᠳ ᠯᠠᠮᠠ ᠨᠢ ᠡᠬᠡᠨᠡᠷ ᠠᠪᠴᠤ ᠬᠡᠷ ᠡᠷᠤᠭᠡ ᠪᠠᠶᠢᠭᠤᠯᠵᠤ ᠪᠤᠯᠬᠤ ᠤᠨᠴᠠᠭᠠᠢ ᠲᠦᠷᠦ | ᠶᠢᠨ ᠪᠤᠳᠤᠯᠭ᠎ᠠ ᠶᠢ ᠬᠡᠷᠡᠭᠵᠢᠬᠦᠯᠵᠤ ᠪᠠᠶᠢᠭᠰᠠᠨ ᠬᠤᠰᠢᠭᠤ ᠪᠤᠯᠤᠨ᠎ᠠ᠃ ᠰᠢᠨ᠎ᠡ ᠳᠤᠮᠳᠠᠳᠤ ᠤᠯᠤᠰ | ᠪᠠᠶᠢᠭᠤᠯᠤᠭᠳᠠᠭᠰᠠᠨ ᠤ ᠰᠡᠬᠦᠯᠡᠷ ᠬᠦᠷᠢᠶ᠎ᠡ ᠬᠤᠰᠢᠭᠤ ᠲᠡᠭᠷᠢ ᠭᠠᠵᠠᠷ ᠢ ᠳᠤᠩᠰᠤᠯᠭᠠᠮ᠎ᠠ ᠬᠤᠪᠢᠷᠠᠯᠳᠠ ᠭᠠᠷᠴᠤ ︽ | ᠯᠠᠮᠠ ᠶᠢᠨ ᠬᠤᠰᠢᠭᠤ︾ ᠬᠦᠭᠵᠢᠭᠡᠳ ︽ᠰᠤᠶᠤᠯ ᠤᠨ ᠬᠤᠰᠢᠭᠤ︾ ᠪᠤᠯᠵᠤ᠂ ︽ᠠᠨᠳᠠᠢ ᠶᠢᠨ ᠨᠤᠳᠤᠭ︾ ᠠᠴᠠ | ᠪᠠᠨ ᠤᠳᠤ ᠪᠤᠯᠬᠤ ᠳᠤ ︽ᠮᠤᠩᠭᠤᠯ ᠡᠮ ᠡᠮᠨᠡᠯᠬᠡ ᠶᠢᠨ ᠨᠤᠳᠤᠭ︾ ︽ᠪᠢᠯᠠᠭᠤ ᠶᠢᠨ ᠨᠤᠳᠤᠭ︾ ︽ᠰᠠᠭᠠᠭ ᠤᠨ | ᠰᠤᠶᠤᠯ ᠤᠨ ᠨᠤᠳᠤᠭ︾ ︽ᠳᠤᠮᠳᠠᠳᠤ ᠤᠯᠤᠰ ᠤᠨ ᠲᠡᠤᠭᠡ ᠰᠤᠶᠤᠯ ᠤᠨ ᠨᠡᠷᠡᠳᠤ ᠪᠠᠯᠭᠠᠰᠤ︾ ᠬᠡᠬᠦ ᠮᠡᠳᠤ | ᠰᠠᠶᠢᠬᠠᠨ ᠨᠡᠷ᠎ᠡ ᠲᠠᠢ ᠤᠨᠴᠠᠭᠠᠢ ᠪᠠᠶᠠᠯᠢᠭ ᠰᠤᠶᠤᠯ ᠤᠨ ᠬᠦᠷᠤᠰᠤ ᠲᠠᠢ᠂ ᠡᠯᠪᠡᠭ ᠪᠠᠶᠠᠯᠢᠭ ᠰᠤᠶᠤᠯ ᠤᠷᠠᠯᠢᠭ ᠤᠨ | ᠠᠭᠤᠷᠬᠠᠢ ᠲᠠᠢ ᠰᠢᠳᠡᠳᠤ ᠨᠤᠳᠤᠭ ᠪᠤᠯᠤᠭᠰᠠᠨ ᠪᠠᠶᠢᠨ᠎ᠠ᠃ ᠬᠦᠷᠢᠶ᠎ᠡ ᠬᠤᠰᠢᠭᠤᠨ ᠤ ᠨᠠᠮ ᠵᠠᠰᠠᠭ ᠤᠨ | ᠤᠳᠤᠷᠢᠳᠤᠯᠭ᠎ᠠ ᠨᠤᠳᠤᠭ ᠤᠰᠤᠨ ᠤ ᠪᠠᠨ ᠰᠤᠶᠤᠯ ᠤᠨ ᠬᠦᠭᠵᠢᠯᠳᠡ ᠶᠢ ᠳᠤᠶᠢᠯ ᠢᠶᠠᠷ ᠬᠦᠨᠳᠤᠳᠬᠡᠨ | ᠬᠦᠭᠵᠢᠬᠦᠯᠤᠭ᠍ᠰᠡᠨ ᠠᠴᠠ 1960 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠤᠶᠤᠯ ᠤᠨ | ᠲᠤᠬᠠᠢ ᠶᠢᠨ ᠲᠠᠯᠠᠪᠤᠷ ᠤᠨ ᠬᠤᠷᠠᠯ ᠢ ᠬᠦᠷᠢᠶ᠎ᠡ ᠬᠤᠰᠢᠭᠤᠨ ᠳᠤ ᠬᠤᠷᠠᠯᠳᠤᠵᠤ᠂ ᠬᠦᠷᠢᠶ᠎ᠡ ᠬᠤᠰᠢᠭᠤ ᠶᠢ ︽ᠰᠤᠶᠤᠯ | ᠤᠨ ᠬᠤᠰᠢᠭᠤ︾ ᠪᠤᠯᠭᠠᠬᠤ ᠳᠤ 1996 ᠤᠨ ᠳᠤ ᠳᠤᠮᠳᠠᠳᠤ ᠤᠯᠤᠰ ᠤᠨ ᠰᠤᠶᠤᠯ ᠤᠨ ᠶᠠᠮᠤᠨ ᠠᠴᠠ ᠬᠦᠷᠢᠶ᠎ᠡ | ᠬᠤᠰᠢᠭᠤ ᠶᠢ ︽ᠠᠨᠳᠠᠢ ᠤᠷᠠᠯᠢᠭ ᠤᠨ ᠨᠤᠳᠤᠭ︾ ᠪᠤᠯᠭᠠᠨ ᠨᠡᠷᠡᠶᠢᠳᠤᠭ᠍ᠰᠡᠨ ᠠᠴᠠ 1997 ᠤᠨ ᠢ ᠬᠦᠷᠢᠶ᠎ᠡ | ᠬᠤᠰᠢᠭᠤᠨ ᠤ ︽ᠠᠨᠳᠠᠢ ᠰᠤᠶᠤᠯ ᠤᠨ ᠪᠦᠳᠤᠭᠡᠨ ᠪᠠᠶᠢᠭᠤᠯᠤᠯᠳᠠ ᠶᠢᠨ ᠤᠨ︾ ᠪᠤᠯᠭᠠᠨ ᠪᠦᠬᠦ ᠬᠤᠰᠢᠭᠤᠨ ᠤ | ᠰᠤᠶᠤᠯ ᠤᠷᠠᠯᠢᠭ ᠢ ᠪᠦᠬᠦ ᠲᠠᠯ᠎ᠠ ᠪᠠᠷ ᠬᠦᠭᠵᠢᠬᠦᠯᠬᠦ ᠶᠢᠨ ᠬᠠᠮᠳᠤ 1998 ᠤᠨ ᠳᠤ ᠬᠦᠷᠢᠶ᠎ᠡ ᠬᠤᠰᠢᠭᠤ ︽ | ᠠᠩᠬᠠᠳᠤᠭᠠᠷ ᠤᠳᠠᠭᠠᠨ ᠤ ᠠᠨᠳᠠᠢ ᠤᠷᠠᠯᠢᠭ ᠤᠨ ᠨᠠᠶᠢᠷ︾ ᠢ ᠡᠷᠬᠢᠯᠡᠵᠤ ᠤᠳᠤ ᠪᠤᠯᠳᠠᠯ᠎ᠠ ᠨᠢᠬᠡᠨᠳᠡ ᠭᠤᠷᠪᠠ | ᠤᠳᠠᠭᠠᠨ ᠤ ᠠᠨᠳᠠᠢ ᠤᠷᠠᠯᠢᠭ ᠤᠨ ᠨᠠᠶᠢᠷ ᠡᠷᠬᠢᠯᠡᠨ ᠶᠠᠪᠤᠭᠳᠠᠭᠤᠯᠤᠭᠠᠳ᠂ ᠪᠦᠬᠦ ᠬᠤᠰᠢᠭᠤᠨ ᠤ ᠨᠡᠶᠢᠬᠡᠮ ᠠᠵᠤ | ᠠᠬᠤᠢ ᠶᠢᠨ ᠬᠦᠭᠵᠢᠯᠳᠡ ᠳᠤ ᠯᠤᠳᠤ ᠶᠡᠭᠡ ᠳᠦᠯᠬᠢᠴᠡ ᠬᠦᠴᠤᠨ ᠪᠤᠯᠤᠭᠰᠠᠨ ᠠᠴᠠ ᠨᠢᠳᠤᠨᠤᠨ ᠪᠦᠬᠦ ᠬᠤᠰᠢᠭᠤᠨ | ᠤ ᠡᠳ᠋ ᠤᠨ ᠵᠠᠰᠠᠭ ᠤᠨ ᠤᠷᠤᠯᠭ᠎ᠠ 3.7 ᠳ᠋ᠦᠩᠰᠢᠭᠤᠷ ᠬᠦᠷᠴᠤ᠂ ᠬᠤᠳᠠ ᠪᠠᠯᠭᠠᠰᠤᠨ ᠤ ᠬᠦᠮᠤᠨ ᠳᠤᠮᠳᠠᠴᠢ | ᠤᠷᠤᠯᠭ᠎ᠠ 15200 ᠲᠦᠭᠦᠷᠢᠭ᠂ ᠮᠠᠯᠴᠢᠨ ᠲᠠᠷᠢᠶᠠᠴᠢᠨ ᠤ ᠬᠦᠮᠤᠨ ᠳᠤᠮᠳᠠᠴᠢ ᠶᠢᠨ ᠤᠷᠤᠯᠭ᠎ᠠ 9170 | ᠬᠦᠷᠤᠭ᠍ᠰᠡᠨ ᠪᠠᠶᠢᠨ᠎ᠠ᠃ | ᠬᠦᠷᠢᠶ᠎ᠡ ᠬᠤᠰᠢᠭᠤᠨ ᠤ ᠤᠳᠬ᠎ᠠ ᠤᠷᠠᠯᠢᠭ ᠰᠤᠶᠤᠯ ᠤᠨ ᠹᠷᠤᠨᠲ ᠲᠠᠬᠢ ᠠᠵᠢᠯᠴᠢᠨ ᠠᠵᠢᠯᠳᠡᠨ ᠬᠤᠰᠢᠭᠤᠨ ᠤ | ᠨᠠᠮ ᠵᠠᠰᠠᠭ ᠤᠨ ᠵᠦᠪ ᠤᠨᠤᠪᠴᠢᠳᠡᠢ ᠤᠳᠤᠷᠢᠳᠤᠯᠭ᠎ᠠ ᠳᠤᠤᠷ᠎ᠠ ᠦᠪᠡᠷ ᠤᠨ ᠨᠤᠳᠤᠭ ᠤᠰᠤᠨ ᠤ ᠪᠠᠨ ᠲᠡᠤᠭᠡ | ᠰᠤᠶᠤᠯ ᠢᠶᠠᠨ ᠲᠤᠶᠢᠯ ᠢᠶᠠᠷ ᠬᠦᠨᠳᠤᠳᠭᠡᠵᠤ᠂ ᠦᠨᠳᠤᠰᠤᠳᠡᠨ ᠤ ᠰᠤᠶᠤᠯ ᠤᠷᠠᠯᠢᠭ ᠤᠨ ᠠᠪᠤᠷᠠᠯ ᠬᠠᠮᠠᠭᠠᠯᠠᠯ ᠠᠴᠠ | ᠤᠯᠠᠮᠵᠢᠯᠠᠨ ᠵᠠᠯᠭᠠᠮᠵᠢᠯᠠᠬᠤ ᠬᠦᠷᠳᠡᠯ᠎ᠡ ᠤᠶᠢᠭ᠎ᠠ ᠦᠬᠡᠢ ᠴᠢᠷᠮᠠᠶᠢᠨ ᠵᠢᠳᠭᠦᠵᠤ᠂ ᠲᠡᠳᠡᠨᠡᠷ ᠤᠨ ᠠᠷᠢᠭᠤᠨ ᠬᠦᠳᠡᠯᠮᠤᠷᠢ | ᠪᠠᠷ ᠦᠨᠡᠨᠬᠦ ᠶᠡᠭᠡ ᠠᠮᠵᠢᠯᠳᠠ ᠪᠦᠳᠦᠬᠡᠯ ᠤᠯᠤᠭᠰᠡᠨ ᠪᠠᠶᠢᠨ᠎ᠠ᠃ ᠠᠯᠢ ᠡᠷᠳᠡ 1960 ᠤᠨ ᠳᠤ ᠬᠦᠷᠢᠶ᠎ᠡ ᠠᠨᠳᠠᠢ | ᠳᠤ ᠬᠡᠬᠡᠷ᠎ᠡ ᠶᠢᠨ ᠪᠠᠶᠢᠴᠠᠭᠠᠯᠳᠠ ᠬᠢᠵᠤ ︽ᠠᠨᠳᠠᠢ ᠶᠢᠨ ᠳᠤᠰᠬᠠᠢ ᠡᠮᠬᠢᠳᠬᠡᠯ︾ ᠢ ᠨᠠᠶᠢᠷᠠᠭᠤᠯᠤᠨ ᠬᠡᠪᠯᠡᠵᠤ᠂ | ᠬᠦᠷᠢᠶ᠎ᠡ ᠠᠨᠳᠠᠢ ᠶᠢᠨ ᠲᠤᠬᠠᠢ ᠬᠠᠮᠤᠭ ᠠᠩᠬᠠᠨ ᠤ ᠦᠰᠤᠭ᠌ ᠪᠢᠴᠢᠭ ᠤᠨ ᠲᠡᠮᠳᠡᠭᠯᠠᠯ ᠲᠠᠢ ᠪᠤᠯᠭᠠᠵᠤ᠂ 1984 | ᠤᠨ ᠳᠤ ︽ᠠᠨᠳᠠᠢ︾ ᠨᠤᠮ ᠬᠡᠪᠯᠡᠭᠳᠡᠵᠤ᠂1999 ᠤᠨ ᠳᠤ ︽ᠠᠨᠳᠠᠢ ᠶᠢᠨ ᠰᠤᠶᠤᠯ ᠰᠤᠳᠤᠯᠤᠯ︾᠂ 2009 | ᠤᠨ ᠳᠤ ︽ᠠᠨᠳᠠᠢ ᠶᠢᠨ ᠦᠬᠡ ᠠᠶᠠᠯᠭᠤ ᠶᠢᠨ ᠴᠢᠭᠤᠯᠭᠠᠨ︾ ᠪᠠ ︽ᠠᠨᠳᠠᠢ ᠶᠢᠨ ᠰᠤᠶᠤᠯ ᠰᠤᠳᠤᠯᠤᠯ ᠤᠨ | ᠴᠢᠭᠤᠯᠭᠠᠨ︾᠂ 2011 ᠤᠨ ᠳᠤ ︽ᠠᠨᠳᠠᠢ ᠶᠢᠨ ᠪᠦᠷᠢᠨ ᠪᠢᠴᠢᠭ︾ ᠵᠡᠷᠬᠡ ᠠᠨᠳᠠᠢ ᠶᠢᠨ ᠳᠤᠬᠠᠢ ᠨᠤᠮ ᠳᠡᠪᠳᠡᠷ | ᠤᠳᠠᠭ᠎ᠠ ᠳᠠᠷᠠᠭᠠᠯᠠᠨ ᠬᠡᠪᠯᠡᠭᠳᠡᠨ ᠭᠠᠷᠬᠤ ᠶᠢ ᠳᠠᠭᠠᠯᠳᠤᠨ ᠠᠨᠳᠠᠢ ᠶᠢᠨ ᠰᠤᠶᠤᠯ ᠳᠡᠤᠭᠡ ᠶᠢᠨ ᠷᠤᠮᠠᠨ ︽ᠲᠤᠩᠭᠠᠯᠠᠭ | ᠳᠡᠭᠷᠢ︾ ︽ᠠᠨᠳᠠᠢ ᠶᠢᠨ ᠳᠠᠷᠬᠠᠨ ᠭᠤᠯᠤᠮᠳᠠ︾᠂ ᠬᠦᠷᠢᠶ᠎ᠡ ᠶᠢᠨ ᠭᠠᠵᠠᠷ ᠤᠰᠤᠨ ᠤ ᠨᠡᠷᠡᠶᠢᠳᠤᠯ ᠤᠨ ᠳᠤᠬᠠᠢ ︽ | ᠮᠠᠨᠢᠵᠠᠪ ᠤᠨ ᠵᠤᠬᠢᠶᠠᠯ ᠤᠨ ᠴᠢᠭᠤᠯᠭᠠᠨ︾ ᠠᠴᠠ ᠪᠤᠰᠤᠳ ᠬᠦᠷᠢᠶ᠎ᠡ ᠠᠷᠠᠳ ᠤᠨ ᠠᠮᠠᠨ ᠵᠤᠬᠢᠶᠠᠯ ᠤᠨ ᠳᠡᠭᠦᠪᠦᠷᠢ ︽ | ᠦᠪᠤᠷ ᠮᠤᠩᠭᠤᠯ ᠤᠨ ᠠᠮᠠᠨ ᠦᠯᠢᠬᠡᠷ ᠤᠨ ᠴᠢᠭᠤᠯᠭᠠᠨ — ᠬᠦᠷᠢᠶ᠎ᠡ ᠬᠤᠰᠢᠭᠤᠨ ᠤ ᠪᠤᠳᠢ︾ ︽ᠭᠠᠶᠢᠬᠠᠮᠰᠢᠭᠳᠤ | ᠬᠦᠷᠢᠶ᠎ᠡ ᠰᠤᠶᠤᠯ︾ ᠬᠡᠬᠦ ᠮᠡᠳᠤ ᠤᠯᠠᠨ ᠤᠯᠠᠨ ᠨᠤᠮ ᠬᠡᠪᠯᠡᠭᠳᠡᠵᠤ ᠪᠠᠶᠢᠭ᠎ᠠ ᠦᠶ᠎ᠡ ᠳᠤ ᠬᠦᠷᠢᠶ᠎ᠡ ᠶᠢᠨ ᠰᠤᠶᠤᠯ | ᠳᠡᠤᠭᠡ ᠶᠢᠨ ᠴᠤᠪᠤᠷᠠᠯ ᠨᠤᠮ ︽ᠬᠦᠷᠢᠶ᠎ᠡ ᠠᠨᠳᠠᠢ ᠳᠤᠪᠴᠢᠶ᠎ᠠ︾ ︽ᠬᠦᠷᠢᠶ᠎ᠡ ᠬᠤᠭᠤᠷ ᠤᠨ ᠦᠯᠢᠭᠡᠷ ᠬᠤᠯᠪᠤᠭ᠎ᠠ | ᠳᠦᠷᠪᠡᠨ ᠤᠳᠠᠰᠤᠳᠤ ᠬᠤᠭᠤᠷ ᠤᠨ ᠬᠦᠭᠵᠢᠮ ᠤᠨ ᠴᠤᠮᠤᠷᠯᠢᠭ︾ ︽ᠬᠦᠷᠢᠶ᠎ᠡ ᠠᠷᠠᠳ ᠤᠨ ᠳᠠᠭᠤᠤ ᠶᠢᠨ | ᠴᠤᠮᠤᠷᠯᠢᠭ︾ ᠵᠡᠷᠭᠡ 15 ᠪᠤᠳᠢ ᠴᠤ ᠬᠡᠪᠯᠡᠨ ᠳᠠᠷᠬᠠᠭᠠᠭᠳᠠᠵᠤ᠂ ᠬᠦᠷᠢᠶ᠎ᠡ ᠬᠤᠰᠢᠭᠤᠨ ᠤ ᠠᠵᠤ ᠠᠬᠤᠢ ᠨᠡᠶᠢᠭᠡᠮ | ᠤᠨ ᠬᠦᠭᠵᠢᠯᠳᠡ᠂ ᠬᠦᠮᠤᠨ ᠠᠷᠠᠳ ᠤᠨ ᠠᠮᠢᠳᠤᠷᠠᠯ ᠤᠨ ᠴᠢᠨᠡᠭᠡᠯᠢᠭᠵᠢᠯ ᠳᠤ ᠯᠤᠳᠤ ᠶᠡᠭᠡ ᠳᠦᠯᠬᠢᠴᠡ ᠬᠦᠴᠤᠨ | ᠪᠤᠯᠪᠠ᠃ | ᠬᠦᠷᠢᠶ᠎ᠡ ᠬᠤᠰᠢᠭᠤᠨ ᠳᠤ ᠤᠳᠤ ᠪᠤᠯᠳᠠᠯ᠎ᠠ ᠨᠢᠬᠡᠨᠳᠡ ᠪᠤᠳᠠᠰ ᠤᠨ ᠪᠤᠰᠤ ᠰᠤᠶᠤᠯ ᠤᠨ ᠦᠪ ᠪᠤᠯᠭᠠᠨ | ᠲᠡᠮᠳᠡᠭᠯᠡᠭᠰᠡᠨ ᠲᠦᠷᠦᠯ ᠵᠦᠢᠯ ᠨᠢ ᠤᠯᠤᠰ ᠤᠨ ᠲᠡᠰ ᠲᠤ ︽ᠠᠨᠳᠠᠢ︾ ᠪᠠ ︽ᠪᠢᠯᠠᠭᠤ︾ ᠪᠠᠶᠢᠵᠤ᠂ ᠤᠷᠤᠨ ᠤ | ᠲᠡᠰ ᠲᠤ ︽ᠬᠦᠷᠢᠶ᠎ᠡ ᠠᠷᠠᠳ ᠤᠨ ᠳᠠᠭᠤᠤ︾ ᠤᠷᠤᠭᠠᠳ ᠲᠦᠩᠯᠢᠶᠤᠤ ᠬᠤᠳᠠ ᠤᠨ ᠳᠡᠰ ᠲᠤ ︽ᠬᠤᠷᠴᠢᠨ | ᠮᠤᠩᠭᠤᠯ ᠵᠦᠴᠦᠬᠡ︾ ︽ᠦᠨᠳᠤᠰᠤ ᠤᠷᠠᠯᠠᠯ︾ ︽ᠨᠠᠮᠰᠠᠷᠠᠢ︾ ︽ᠬᠦᠷᠢᠶ᠎ᠡ ᠶᠢᠨ ᠢᠷᠤᠬᠡᠯ ᠮᠠᠭᠳᠠᠭᠠᠯ︾ ︽ | ᠵᠡᠬᠦᠤ ᠲᠦᠬᠡᠨᠡᠯᠬᠡ︾ ︽ᠶᠠᠪᠠᠭᠠᠨ ᠦᠯᠢᠭᠡᠷ︾ ︽ᠬᠦᠷᠢᠶ᠎ᠡ ᠶᠢᠨ ᠰᠦᠮ᠎ᠡ ᠬᠡᠶᠢᠳ ᠤᠨ ᠤᠭᠠᠯᠵᠠᠨ ᠦᠰᠦᠭ | ᠪᠤᠳᠤᠭᠳᠤ ᠵᠢᠷᠤᠭ︾ ︽ᠬᠦᠷᠢᠶ᠎ᠡ ᠶᠢᠨ ᠠᠭᠤᠯᠠ ᠤᠰᠤᠨ ᠤ ᠦᠯᠢᠬᠡᠷ ᠲᠤᠮᠤᠭ︾ ︽ᠬᠦᠷᠢᠶ᠎ᠡ ᠮᠤᠩᠭᠤᠯᠴᠤᠳ ᠤᠨ | ᠭᠠᠯ ᠲᠠᠬᠢᠯᠭ᠎ᠠ︾ ᠵᠡᠷᠭᠡ ᠪᠠᠶᠢᠬᠤ ᠶᠢᠨ ᠬᠠᠮᠳᠤ ᠮᠠᠨ ᠤ ᠬᠤᠰᠢᠭᠤᠨ ᠳᠠᠰ ᠲᠤ ︽ᠬᠦᠷᠢᠶ᠎ᠡ ᠮᠤᠩᠭᠤᠯᠴᠤᠳ ᠤᠨ | ᠬᠤᠷᠢᠮ︾ ︽ᠠᠯᠳᠠᠭᠠᠨ᠎ᠠ ᠶᠢᠨ ᠫᠧᠩᠰᠡᠳᠤ ᠤᠷᠠᠯᠢᠭ︾ ︽ᠢᠰᠯᠠᠮ ᠤᠨ ᠨᠠᠢᠮᠠᠨ ᠠᠶᠠᠭ᠎ᠠ︾ ︽ᠴᠠᠭᠠᠨ ᠢᠳᠡᠭᠡᠨ︾ | ᠵᠡᠷᠭᠡ 148 ᠲᠦᠷᠦᠯ ᠵᠦᠢᠯ ᠪᠠᠶᠢᠳᠠᠭ ᠶᠤᠮ᠃ ᠦᠨᠤᠳᠦᠷ ᠤᠨ ᠡᠨᠡ ᠡᠮᠬᠢᠳᠬᠡᠵᠤ ᠨᠠᠶᠢᠷᠠᠭᠤᠯᠤᠨ ᠬᠡᠪᠯᠡᠬᠦ ᠬᠡᠵᠤ | ᠪᠠᠶᠢᠭ᠎ᠠ ᠬᠦᠷᠢᠶ᠎ᠡ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠢᠶᠠᠷ ᠭᠤᠤᠯᠯᠠᠭᠰᠠᠨ ︽ᠲᠠᠯ᠎ᠠ ᠨᠤᠳᠤᠭ | ᠤᠨ ᠨᠡᠬᠦᠳᠡᠯ ᠰᠤᠶᠤᠯ ᠤᠨ ᠲᠡᠭᠡᠵᠢ ᠪᠢᠴᠢᠭ︾ ᠲᠤ ᠡᠮᠬᠢᠳᠬᠡᠭᠳᠡᠨ ᠤᠷᠤᠭᠰᠠᠨ ᠡᠨᠡ ᠤᠯᠠᠨ ᠪᠤᠳᠠᠰ ᠤᠨ ᠪᠤᠰᠤ | ᠰᠤᠶᠤᠯ ᠤᠨ ᠦᠪ ᠪᠤᠯ ᠬᠦᠷᠢᠶ᠎ᠡ ᠬᠤᠰᠢᠭᠤᠨ ᠤ ᠳᠦᠷᠪᠡᠨ ᠵᠠᠭᠤ ᠰᠢᠬᠠᠮ ᠵᠢᠯ ᠤᠨ ᠠᠷᠠᠳ ᠳᠦᠮᠡᠨ ᠤ ᠠᠮᠢᠳᠤᠷᠠᠯ | ᠳᠡᠮᠡᠴᠡᠯ ᠤᠨ ᠢᠯᠡᠷᠡᠯ ᠪᠤᠯᠵᠣ᠂ ᠲᠡᠷᠡ ᠴᠠᠭ ᠲᠡᠷᠡ ᠠᠬᠤᠢ ᠳᠠᠬᠢ ᠠᠵᠤ ᠠᠬᠤᠢ ᠨᠡᠶᠢᠬᠡᠮ ᠤᠨ ᠬᠦᠭᠵᠢᠯᠳᠡ | ᠬᠤᠪᠢᠷᠡᠯᠳᠡ ᠳᠤ ᠪᠦᠷᠢᠨ ᠬᠦᠢᠴᠡᠳ ᠳᠤᠰᠬᠠᠯ ᠪᠤᠯᠤᠭᠰᠡᠨ ᠢᠶᠠᠷ ᠦᠯᠤ ᠪᠠᠷᠠᠨ ᠠᠮᠢᠳᠤᠷᠠᠯ ᠤᠨ ᠦᠨᠡᠨ᠂ ᠪᠠᠶᠢᠭᠠᠯᠢ | ᠶᠢᠨ ᠬᠤᠪᠢᠷᠠᠯ ᠠᠴᠠ ᠡᠯ᠎ᠡ ᠵᠦᠢᠯ ᠤᠨ ᠲᠤᠷᠰᠢᠯᠭ᠎ᠠ ᠪᠠᠨ ᠬᠦᠷᠳᠡᠯ᠎ᠡ ᠦᠯᠢᠬᠡᠷ ᠲᠡᠤᠭᠡ᠂ ᠵᠡᠩ ᠳᠠᠳᠬᠠᠯ᠂ | ᠦᠢᠯᠡᠳᠪᠦᠷᠢᠯᠡᠯ ᠠᠮᠢᠳᠤᠷᠠᠯ ᠤᠨ ᠪᠠᠭᠠᠵᠢ ᠬᠡᠷᠡᠭᠰᠡᠯ ᠪᠤᠯᠭᠠᠨ ᠲᠤᠭᠳᠠᠪᠤᠷᠢᠵᠢᠭᠤᠯᠵᠤ᠂ ᠠᠮᠠ ᠪᠤᠶᠤ ᠪᠢᠴᠢᠭ᠂ | ᠲᠡᠭᠡᠳᠤᠰ ᠤᠨ ᠪᠡᠶ᠎ᠡ ᠪᠠᠷ ᠤᠯᠠᠮᠵᠢᠯᠠᠨ ᠤᠳᠤ ᠪᠤᠯᠵᠤ ᠪᠠᠶᠢᠭ᠎ᠠ ᠰᠤᠶᠤᠯ ᠤᠨ ᠦᠨᠡᠳᠤ ᠦᠪ ᠬᠦᠷᠤᠩᠬᠡ ᠪᠤᠯᠤᠨ᠎ᠠ᠃ | ᠡᠬᠦᠨ ᠳᠤ ︽ᠠᠨᠳᠠᠢ︾ ︽ᠪᠢᠯᠠᠭᠤ︾ ︽ᠬᠦᠷᠢᠶ᠎ᠡ ᠠᠷᠠᠳ ᠤᠨ ᠳᠠᠭᠤᠤ︾ ︽ᠬᠦᠷᠢᠶ᠎ᠡ ᠬᠤᠰᠢᠭᠤᠨ ᠤ ᠠᠭᠤᠯᠠ | ᠤᠰᠤᠨ ᠤ ᠳᠤᠮᠤᠭ︾ ᠵᠡᠷᠬᠡ ᠠᠭᠤᠯᠠ ᠤᠰᠤᠨ ᠤ ᠢᠷᠡᠯᠳᠡ ᠶᠢᠨ ᠳᠤᠬᠠᠢ ᠦᠯᠢᠬᠡᠷ ᠳᠤᠮᠤᠭ︔ ︽ᠠᠨᠳᠠᠢ ᠶᠢᠨ | ᠡᠬᠦᠰᠤᠯ ᠳᠤᠮᠤᠭ︾ ︽ᠬᠦᠷᠢᠶ᠎ᠡ ᠬᠤᠰᠢᠭᠤᠨ ᠤ ᠡᠬᠦᠰᠤᠯ ᠳᠤᠮᠤᠭ︾ ᠬᠡᠬᠦ ᠮᠡᠳᠤ ᠶᠢᠨ ᠬᠦᠷᠢᠶ᠎ᠡ ᠬᠤᠰᠢᠭᠤᠨ ᠤ | ᠰᠤᠶᠤᠯ ᠲᠡᠤᠭᠡ ᠲᠠᠢ ᠰᠢᠭᠤᠳ ᠬᠤᠯᠪᠤᠭᠳᠠᠬᠤ ᠦᠯᠢᠭᠡᠷ ᠳᠤᠮᠤᠭ︔ ︽ᠬᠦᠷᠢᠶ᠎ᠡ ᠶᠢᠨ ᠭᠤᠷᠪᠠᠨ ᠶᠡᠭᠡ ᠬᠡᠶᠢᠳ︾ | ︽ᠠᠴᠢᠮᠠᠭ ᠠᠭᠤᠯᠠ︾ ᠮᠡᠳᠤ ᠠᠷᠠᠳ ᠤᠨ ᠳᠤᠮᠳᠠ ᠦᠷᠬᠡᠨ ᠢᠶᠠᠷ ᠳᠠᠷᠬᠠᠨ ᠶᠠᠷᠢᠭᠳᠠᠵᠤ ᠪᠠᠶᠢᠭᠰᠠᠨ ᠠᠷᠠᠳ ᠤᠨ | ᠲᠤᠮᠳᠠ ᠦᠪᠯᠡᠭᠳᠡᠵᠤ ᠪᠠᠶᠢᠭ᠎ᠠ ᠪᠤᠳᠠᠰ ᠤᠨ ᠪᠤᠰᠤ ᠪᠠ ᠪᠤᠳᠠᠰ ᠤᠨ ᠰᠤᠶᠤᠯ ᠤᠨ ᠦᠪ 200 ᠢᠯᠡᠬᠦᠤ ᠪᠠᠶᠢᠵᠤ᠂ | ᠡᠳᠡᠭᠡᠷ ᠪᠤᠳᠠᠰ ᠤᠨ ᠪᠤᠰᠤ ᠰᠤᠶᠤᠯ ᠤᠨ ᠦᠪ ᠨᠢ ᠡᠪᠦᠭᠡ ᠳᠡᠬᠡᠳᠤᠰ ᠠᠴᠠ ᠪᠠᠨ ᠰᠤᠨᠤᠰᠴᠤ ᠴᠡᠬᠡᠵᠢᠯᠡᠵᠤ | ᠤᠯᠠᠮᠵᠢᠯᠠᠭᠠᠳ ᠳᠠᠬᠢᠭᠠᠳ ᠳᠤᠷᠤᠭᠰᠢ ᠶᠡᠷᠢᠵᠤ ᠤᠯᠠᠮᠵᠢᠯᠠᠵᠤ ᠦᠭᠬᠦᠭᠰᠡᠨ ᠮᠢᠳᠤ᠂ ᠪᠦᠬᠡᠪᠠᠶᠠᠷ᠂ ᠳᠡᠭᠦᠤᠳᠠᠭᠤᠯᠠ᠂ | ᠨᠠᠷᠠᠨᠴᠢᠮᠡᠭ᠂ ᠰᠦᠩᠳᠢᠵᠠᠪ᠂ ᠮᠡᠨᠳᠤᠪᠠᠶᠠᠷ᠂ ᠰᠡᠩᠬᠡᠵᠠᠪ ᠁ ᠵᠡᠷᠬᠡ ᠬᠦᠮᠤᠰ ᠬᠦᠷᠢᠶ᠎ᠡ ᠬᠤᠰᠢᠭᠤᠨ ᠤ ᠳᠦᠭ | ᠳᠦᠮᠡᠨ ᠮᠡᠷᠭᠡᠨ ᠰᠡᠴᠡᠨ ᠤᠶᠤᠨ ᠤᠬᠠᠭᠠᠨᠳᠠᠢ᠂ ᠰᠠᠷᠠᠭᠤᠯ ᠴᠡᠴᠡᠨ ᠲᠠᠷᠢᠬᠢ ᠴᠡᠬᠡᠵᠢ ᠲᠠᠢ ᠠᠷᠠᠳ ᠲᠦᠮᠡᠨ ᠢ | ᠪᠦᠷᠢᠨ ᠬᠦᠢᠴᠡᠳ ᠲᠦᠯᠤᠬᠡᠯᠡᠵᠤ ᠪᠠᠶᠢᠬᠤ ᠪᠠᠷ ᠦᠯᠤ ᠪᠠᠷᠠᠨ ᠡᠨᠡ ᠤᠯᠠᠨ ᠪᠤᠳᠠᠰ ᠤᠨ ᠪᠤᠰᠤ ᠰᠤᠶᠤᠯ ᠤ ᠦᠪ ᠢ | ᠡᠮᠬᠢᠳᠭᠡᠨ ᠴᠤᠭᠯᠠᠭᠤᠯᠬᠤ ᠠᠵᠢᠯ ᠳᠤ ᠬᠦᠴᠤ ᠬᠦᠯᠤᠰᠤ ᠪᠠᠨ ᠤᠷᠤᠰᠬᠠᠵᠤ ᠴᠢᠷᠮᠠᠶᠢᠭᠰᠠᠨ ᠡ᠊· ᠳᠠᠮᠷᠢᠨᠵᠠᠪ᠂ | ᠬᠡᠬᠡᠨᠳᠢᠪ᠂ ᠲᠡᠮᠤᠷᠭᠤᠤᠯᠳᠤ ᠮᠡᠳᠤ ᠶᠢᠨ ᠠᠷᠠᠳ ᠤᠨ ᠠᠮᠠᠨ ᠦᠯᠢᠬᠡᠷ᠂ ᠠᠨᠳᠠᠢ᠂ ᠪᠢᠯᠠᠭᠤ ᠠᠷᠠᠳ ᠤᠨ ᠵᠠᠩ | ᠳᠠᠳᠬᠠᠯ ᠠᠴᠠ ᠶᠠᠩᠰᠢᠪ ᠤᠨ ᠭᠤᠤᠯ᠂ ᠦᠬᠢᠨ ᠲᠡᠭᠷᠢ ᠶᠢᠨ ᠰᠢᠳᠤᠭᠡᠨ ᠰᠦᠮ᠎ᠡ ᠳᠤ ᠪᠠᠨ ᠬᠦᠷᠳᠡᠯ᠎ᠡ ᠪᠠᠨ | ᠬᠠᠶᠢᠷᠠᠳᠠᠢ ᠬᠦᠮᠤᠰ ᠤᠨ ᠠᠷᠢᠭᠤᠨ ᠴᠠᠭᠠᠨ ᠬᠦᠳᠡᠯᠮᠤᠷᠢ ᠶᠢᠨ ᠬᠢᠨ ᠠᠴᠢ ᠬᠠᠷᠢᠭᠤ ᠪᠤᠯᠬᠤ ᠶᠤᠮ᠃ ᠮᠦᠨᠴᠤ | ᠡᠳᠡᠬᠡᠷ ᠬᠦᠷᠢᠶ᠎ᠡ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠳ ᠨᠢ ᠬᠦᠷᠢᠶ᠎ᠡ ᠨᠤᠳᠤᠭ ᠤᠨ ᠲᠡᠤᠭᠡ | ᠰᠤᠶᠤᠯ ᠤᠨ ᠪᠦᠷᠢᠨ ᠳᠤᠯᠢ ᠪᠤᠯᠬᠤ ᠪᠦᠭᠡᠳ ᠤᠳᠤᠬᠢ ᠨᠡᠶᠢᠬᠡᠮ ᠠᠵᠤ ᠠᠬᠤᠢ ᠶᠢᠨ ᠬᠦᠭᠵᠢᠯᠳᠡ᠂ ᠬᠦᠷᠢᠶ᠎ᠡ | ᠨᠤᠳᠤᠭ ᠴᠢᠨᠠᠭᠰᠢᠯᠠᠪᠠᠯ ᠪᠦᠬᠦ ᠦᠪᠤᠷ ᠮᠤᠩᠭᠤᠯ ᠪᠦᠬᠦᠶᠢᠯᠡ ᠮᠤᠩᠭᠤᠯ ᠦᠨᠳᠤᠰᠤᠳᠡᠨ ᠤ ᠠᠯᠤᠰ ᠢᠷᠡᠭᠡᠳᠤᠢ ᠶᠢᠨ | ᠬᠡᠬᠡᠨ ᠰᠠᠷᠠᠭᠤᠯ ᠬᠦᠭᠵᠢᠯᠳᠡ ᠳᠤ ᠵᠤᠬᠢᠬᠤ ᠬᠡᠮᠵᠢᠶᠡᠨ ᠤ ᠦᠨ᠎ᠡ ᠴᠡᠨ᠎ᠡ ᠪᠦᠬᠦᠢ ᠰᠤᠶᠤᠯ ᠤᠨ ᠪᠤᠳᠡᠳᠤ ᠬᠦᠴᠤ | ᠪᠤᠯᠤᠨ᠎ᠠ ᠭᠡᠳᠡᠭ ᠲᠤ ᠪᠠᠳᠤ ᠢᠳᠡᠬᠡᠯ ᠲᠠᠢ ᠪᠠᠶᠢᠨ᠎ᠠ᠃ |