ᠲᠣᠰ ᠬᠡᠶᠢᠳ ᠪᠣᠯ ᠬᠦᠷᠢᠶ᠎ᠡ ᠬᠤᠰᠢᠭᠤᠨ ᠳᠤ ᠪᠠᠶᠢᠭᠤᠯᠤᠭᠰᠠᠨ ᠬᠠᠮᠤᠭ ᠡᠷᠲᠡᠨ ᠤ ᠬᠡᠶᠢᠳ ᠪᠣᠯᠬᠤ ᠮᠥᠷᠲᠡᠭᠡᠨ | ᠪᠠᠷᠢᠯᠭ᠎ᠠ ᠶᠢᠨ ᠬᠦᠷᠢᠶ᠎ᠡ ᠬᠡᠪᠴᠢᠶ᠎ᠡ ᠪᠠᠷ ᠬᠠᠮᠤᠭ ᠶᠡᠭᠡ ᠪᠠᠶᠢᠵᠦ᠂ ᠲᠦᠷᠦ ᠱᠠᠰᠢᠨ ᠬᠠᠮᠲᠣᠷᠠᠭᠰᠠᠨ ᠯᠠᠮᠠ ᠶᠢᠨ | ᠬᠤᠰᠢᠭᠤᠨ ᠤ ᠭᠤᠣᠯ ᠰᠦᠮ᠎ᠡ ᠪᠤᠯᠤᠭᠰᠠᠨ ᠪᠠᠶᠢᠨ᠎ᠠ᠃ ᠲᠣᠰ ᠬᠡᠶᠢᠳ ᠢ ᠰᠢᠷᠡᠭᠡᠲᠦ ᠬᠦᠷᠢᠶ᠎ᠡ ᠶᠢᠨ ᠭᠤᠷᠪᠠᠳᠤᠭᠠᠷ | ᠦᠶ᠎ᠡ ᠶᠢᠨ ᠵᠠᠰᠠᠭ ᠳ᠋ᠠ ᠯᠠᠮᠠ ᠰᠢᠪᠵᠠᠬᠦᠨᠷᠦᠭ ᠤᠨ ᠦᠶ᠎ᠡ᠂ ᠳᠣᠬᠠᠶᠢᠯᠠᠪᠠᠯ ᠴᠢᠩ ᠣᠯᠣᠰ ᠤᠨ ᠡᠶᠡᠪᠡᠷ ᠵᠠᠰᠠᠭᠴᠢ | ᠶᠢᠨ ᠵᠢᠷᠭᠤᠳᠤᠭᠠᠷ ᠤᠨ ︵1649 ᠤᠨ︶ ᠳᠤ ᠡᠬᠢᠯᠡᠵᠦ ᠪᠠᠶᠢᠭᠤᠯᠵᠤ ᠳᠠᠷᠠᠭ᠎ᠠ ᠵᠢᠯ ᠨᠢ ᠪᠠᠷᠢᠵᠦ ᠳᠠᠭᠤᠰᠬᠠᠵᠠᠢ᠃ | ᠳᠠᠯᠠᠢ ᠯᠠᠮᠠ ᠠᠴᠠ ︽ᠭᠠᠳᠠᠨᠴᠤᠶᠢᠷᠡᠩ︾ ︵ᠵᠠᠷᠯᠢᠭ ᠢ ᠪᠠᠲᠤᠳᠬᠠᠬᠤ ᠭᠡᠬᠦ ᠣᠳᠬᠠᠲᠠᠢ︶ ᠭᠡᠰᠡᠨ ᠨᠡᠷ᠎ᠡ | ᠬᠠᠶᠢᠷᠠᠯᠠᠭᠰᠠᠨ ᠪᠣᠯᠪᠠᠴᠤ ᠡᠨᠡ ᠨᠡᠷ᠎ᠡ ᠨᠢ ᠰᠢᠩᠭᠡᠭᠰᠡᠨ ᠦᠭᠡᠢ ᠬᠠᠷᠢᠨ ᠡᠶᠡᠪᠡᠷ ᠵᠠᠰᠠᠭᠴᠢ ᠶᠢᠨ ᠬᠠᠶᠢᠷᠠᠯᠠᠭᠰᠠᠨ ︽ | ᠡᠬᠢ ᠶᠦᠭᠡᠨ ᠪᠠᠳᠠᠷᠠᠭᠤᠯᠤᠭᠴᠢ ᠬᠡᠶᠢᠳ︾ ᠭᠡᠬᠦ ᠨᠡᠷ᠎ᠡ ᠤᠳᠤ ᠪᠤᠯᠲᠠᠯ᠎ᠠ ᠬᠡᠷᠡᠭᠯᠡᠭᠳᠡᠭᠰᠡᠭᠡᠷ ᠢᠷᠡᠵᠠᠢ᠃ ᠡᠩᠬᠡ | ᠠᠮᠦᠭᠤᠯᠠᠩ ᠤᠨ ᠳᠥᠴᠢ ᠶᠢᠰᠦᠨ ᠤᠨ ︵1710 ᠤᠨ︶ ᠳᠤ ᠵᠡᠭᠦᠨ ᠪᠠᠷᠠᠭᠤᠨ ᠬᠤᠶᠠᠷ ᠲᠠᠯ᠎ᠠ ᠳᠤ ᠨᠢ | ᠲᠤᠰᠪᠦᠷᠢ ᠨᠢᠭᠡ ᠰᠠᠭᠤᠷᠢ ᠵᠢᠭᠦᠷ ᠤᠨ ᠬᠠᠷᠰᠢ ᠨᠡᠮᠡᠵᠦ ᠪᠠᠶᠢᠭᠤᠯᠤᠭᠰᠡᠨ ᠪᠠ ᠡᠩᠬᠡ ᠠᠮᠦᠭᠤᠯᠠᠩ ᠤᠨ ᠲᠠᠪᠢᠨ | ᠨᠠᠢᠮᠠᠳᠤᠭᠠᠷ ᠤᠨ ︵1719︶ ᠳᠤ ᠶᠡᠬᠡᠪᠡᠷ ᠥᠷᠭᠡᠳᠭᠡᠵᠦ ᠣᠣᠯ ᠤᠨ ᠭᠤᠣᠯ ᠳᠣᠭᠠᠩ ᠤᠨ ᠡᠮᠦᠨ᠎ᠡ ᠲᠠᠯ᠎ᠠ ᠳᠤ | ᠵᠡᠭᠦᠨᠰᠢ ᠪᠠᠷᠠᠭᠤᠨᠰᠢ᠂ ᠡᠮᠦᠨ᠎ᠡ ᠬᠤᠶᠢᠨ᠎ᠠ ᠲᠤᠰᠪᠦᠷᠢ ᠶᠢᠰᠦᠨ ᠵᠠᠩ ᠲᠠᠯᠠᠪᠠᠢ ᠲᠠᠢ ᠶᠡᠷᠦ ᠳᠤ ᠪᠠᠨ ᠬᠡᠯᠡᠳᠡᠭ ︽ᠶᠢᠰᠦ | ᠶᠢᠰᠦ ᠨᠠᠶᠠᠨ ᠨᠢᠭᠡᠨ ᠵᠠᠩ︾ ᠴᠣᠭᠴᠢᠨ ᠲᠣᠭᠠᠩ ᠵᠢᠴᠢ ᠮᠠᠬᠠᠷᠠᠨᠽᠠ ᠶᠢᠨ ᠰᠦᠮ᠎ᠡ᠂ ᠬᠤᠷᠯᠣ ᠶᠢᠨ ᠰᠦᠮ᠎ᠡ ︵ | ᠰᠦᠮ᠎ᠡ ᠶᠢᠨ ᠬᠠᠭᠠᠯᠭ᠎ᠠ︶ ᠶᠢ ᠪᠠᠶᠢᠭᠤᠯᠪᠠ᠃ ᠮᠦᠨᠴᠤ ᠬᠤᠶᠠᠷ ᠲᠠᠯ᠎ᠠ ᠳᠤ ᠨᠢ ᠵᠡᠷᠭᠡᠴᠡᠭᠦᠯᠦᠨ ᠵᠢᠭᠦᠷ ᠤᠨ ᠬᠠᠷᠰᠢ | ᠪᠠ ᠵᠥᠩ ᠬᠡᠩᠭᠡᠷᠭᠡ ᠶᠢᠨ ᠠᠰᠠᠷ ᠵᠡᠷᠭᠡ ᠶᠢ ᠪᠠᠶᠢᠭᠤᠯᠵᠠᠢ᠃ ᠲᠣᠰ ᠣᠳᠠᠭᠠᠨ ᠤ ᠥᠷᠭᠡᠳᠬᠡᠵᠦ ᠪᠠᠶᠢᠭᠤᠯᠤᠭᠰᠠᠨ ᠪᠠ | ᠨᠡᠮᠡᠵᠦ ᠪᠠᠶᠢᠭᠤᠯᠤᠭᠰᠠᠨ ᠨᠢ ᠵᠢᠷᠭᠤᠭᠠᠨ ᠵᠢᠯ ᠤᠨ ᠴᠠᠭ ᠬᠡᠷᠡᠭᠯᠡᠮᠡᠨᠵᠢᠨ ᠰᠠᠶ᠋ᠢ ᠪᠠᠷᠢᠵᠦ ᠳᠠᠭᠤᠰᠬᠠᠭᠰᠠᠨ ᠪᠢᠯᠡ᠃ | ᠴᠢᠩ ᠤᠨ ᠪᠠᠳᠠᠷᠠᠭᠤᠯᠲᠦ ᠲᠦᠷᠦ ᠶᠢᠨ ᠬᠤᠷᠢᠨ ᠲᠠᠪᠤᠨ ᠤᠨ ︵1899︶ ᠳᠤ ᠳᠠᠬᠢᠨ ᠨᠢᠭᠡ ᠣᠳᠠᠭ᠎ᠠ ᠨᠡᠯᠢᠶᠡᠳ | ᠶᠡᠭᠡ ᠬᠡᠪᠴᠢᠶᠡᠨ ᠤ ᠥᠭᠡᠷᠡᠴᠢᠯᠡᠯᠲᠡ ᠪᠠᠶᠢᠭᠤᠯᠤᠭᠰᠠᠨ ᠪᠠ ᠨᠡᠮᠡᠵᠦ ᠪᠠᠶᠢᠭᠤᠯᠵᠠᠢ᠃ ᠡᠨᠡ ᠣᠳᠠᠭ᠎ᠠ ᠭᠤᠣᠯᠳᠠᠭᠤ | ᠴᠣᠭᠴᠢᠨ ᠲᠣᠭᠠᠩ ᠢ ᠳᠠᠬᠢᠨ ᠪᠠᠶᠢᠭᠤᠯᠵᠦ᠂ ᠪᠠᠷᠢᠯᠭ᠎ᠠ ᠶᠢᠨ ᠪᠦᠳᠦᠴᠡ ᠶᠢᠨ ᠲᠠᠯ᠎ᠠ ᠪᠠᠷ ᠬᠡᠲᠠᠳ ᠲᠦᠪᠡᠳ | ᠣᠶᠠᠯᠳᠣᠭᠰᠠᠨ ᠬᠡᠯᠪᠡᠷᠢᠲᠦ ᠬᠤᠶᠠᠷ ᠳᠠᠪᠬᠤᠷ ᠪᠠᠷᠢᠯᠭ᠎ᠠ ᠪᠤᠯᠭᠠᠨ ᠥᠭᠡᠷᠡᠴᠢᠯᠡᠨ ᠪᠠᠶᠢᠭᠤᠯᠤᠭᠰᠠᠨ ᠪᠦᠭᠡᠳ ᠡᠬᠢ | ᠶᠦᠭᠡᠨ ᠪᠠᠳᠠᠷᠠᠭᠤᠯᠤᠭᠴᠢ ᠬᠡᠶᠢᠳ᠂ ᠰᠤᠶᠤᠯ ᠵᠣᠬᠢᠰᠲᠦ ᠬᠡᠶᠢᠳ ᠤᠨ ᠳᠥᠷᠪᠡᠨ ᠲᠠᠯ᠎ᠠ ᠪᠠᠷ ᠥᠨᠳᠥᠷ ᠬᠡᠷᠡᠮ | ᠴᠣᠭᠴᠠᠯᠠᠵᠤ ᠬᠤᠶᠠᠷ ᠰᠦᠮ᠎ᠡ ᠶᠢ ᠨᠢᠭᠡᠨ ᠪᠦᠬᠦᠯᠢ ᠴᠣᠭᠴᠠ ᠪᠣᠯᠭᠠᠵᠤ 25000 ᠳᠡᠭᠰᠢ ᠳᠥᠷᠪᠡᠯᠵᠢᠨ ᠮᠧᠲᠷ | ᠲᠠᠯᠠᠪᠠᠢ ᠲᠠᠢ ᠰᠦᠷᠯᠢᠭ ᠶᠡᠭᠡ ᠪᠠᠷᠢᠯᠭ᠎ᠠ ᠪᠣᠯᠭᠠᠵᠠᠢ᠃ ᠡᠨᠡ ᠣᠳᠠᠭᠠᠨ ᠤ ᠪᠠᠷᠢᠯᠭ᠎ᠠ ᠨᠢ ᠭᠤᠷᠪᠠᠨ ᠵᠢᠯ ᠤᠨ ᠴᠠᠭ ᠢ | ᠬᠡᠷᠡᠭᠰᠡᠵᠦ ᠪᠠᠳᠠᠷᠠᠭᠤᠯᠲᠦ ᠳᠦᠷᠦ ᠶᠢᠨ ᠬᠤᠷᠢᠨ ᠳᠤᠯᠤᠳᠤᠭᠠᠷ ᠤᠨ ︵1901︶ ᠳᠤ ᠳᠠᠭᠤᠰᠴᠠᠢ᠃ | ᠡᠬᠢ ᠶᠦᠭᠡᠨ ᠪᠠᠳᠠᠷᠠᠭᠤᠯᠤᠭᠴᠢ ᠬᠡᠶᠢᠳ ᠢ ᠡᠮᠦᠨᠡᠰᠢ ᠬᠠᠷᠠᠭᠰᠠᠨ ᠨᠠᠯᠠᠣ ᠭᠠᠵᠠᠷ ᠤᠨ ᠪᠠᠶᠢᠳᠠᠯ ᠳᠤ ᠨᠢ | ᠳᠣᠬᠡᠷᠠᠭᠤᠯᠵᠤ ᠥᠭᠰᠦᠭᠦᠯᠦᠨ ᠪᠠᠷᠢᠵᠠᠢ᠃ ᠭᠤᠣᠯ ᠪᠠᠷᠢᠯᠭ᠎ᠠ ᠨᠤᠭᠤᠳ ᠨᠢ ᠨᠢᠭᠡ ᠯᠡ ᠣᠲᠠᠰᠤᠨ ᠳᠡᠭᠡᠷ᠎ᠡ | ᠪᠠᠶᠢᠷᠢᠰᠢᠵᠦ ᠵᠠᠯᠭᠠᠯᠳᠤᠭᠰᠠᠨ ᠳᠥᠷᠪᠡᠨ ᠬᠦᠷᠢᠶ᠎ᠡ ᠨᠢ ᠠᠷᠦ ᠠᠷᠦ ᠠᠴᠠ ᠪᠠᠨ ᠤᠭᠰᠠᠷᠠᠵᠦ ᠳᠡᠰ ᠳᠡᠰ ᠢᠶᠠᠷ | ᠳᠡᠭᠡᠭᠰᠢᠯᠡᠳᠡᠭ᠃ ᠭᠤᠣᠯ ᠣᠲᠠᠰᠦᠨ ᠤ ᠬᠤᠶᠠᠷ ᠲᠠᠯ᠎ᠠ ᠳᠤ ᠨᠢ ᠵᠢᠭᠦᠷ ᠤᠨ ᠬᠠᠷᠰᠢ᠂ ᠵᠥᠩ ᠬᠡᠩᠭᠡᠷᠭᠡ ᠶᠢᠨ ᠠᠰᠠᠷ | ᠵᠡᠷᠭᠡᠴᠡᠵᠦ ᠪᠠᠶᠢᠷᠢᠰᠢᠭᠤᠯᠤᠭᠰᠡᠨ ᠨᠢ ᠳᠡᠭᠰᠢ ᠵᠢᠭᠳᠡ ᠪᠠᠶᠢᠳᠠᠭ ᠪᠦᠭᠡᠳ14000 ᠳᠡᠭᠰᠢ ᠳᠥᠷᠪᠡᠯᠵᠢᠨ ᠮᠧᠲᠷ | ᠭᠠᠵᠠᠷ ᠡᠵᠡᠯᠡᠵᠦ ᠬᠤᠷᠯᠸᠡ ᠶᠢᠨ ᠰᠦᠮ᠎ᠡ ︵ᠰᠦᠮ᠎ᠡ ᠶᠢᠨ ᠬᠠᠭᠠᠯᠭ᠎ᠠ︶ ᠶᠢᠨ ᠡᠮᠦᠨ᠎ᠡ ᠲᠠᠯ᠎ᠠ ᠳᠤ ᠰᠢᠷᠣᠢ᠂ | ᠴᠢᠯᠠᠭᠤᠨ ᠠᠷᠰᠯᠠᠨ᠂ ᠴᠠᠪᠴᠢᠮᠠᠯ ᠴᠢᠯᠠᠭᠤᠨ ᠪᠤᠷᠬᠠᠨ ᠨᠢ ᠨᠢᠭᠡ ᠣᠲᠠᠰᠤᠨ ᠳᠤ ᠡᠩᠨᠡᠷᠡᠵᠦ ᠪᠠᠶᠢᠳᠠᠭ᠃ ᠬᠤᠷᠯᠸᠡ | ᠶᠢᠨ ᠰᠦᠮ᠎ᠡ ᠨᠢ ᠭᠤᠷᠪᠠᠨ ᠵᠠᠩ ᠪᠠᠶᠢᠵᠤ᠂ ᠳᠣᠮᠳᠠ ᠳᠠᠰᠣᠯᠭ᠎ᠠ ᠪᠠᠷ ᠨᠢ ᠰᠦᠮ᠎ᠡ ᠶᠢᠨ ᠶᠡᠭᠡ ᠬᠦᠷᠢᠶᠡᠨ ᠳᠤ | ᠨᠡᠪᠲᠡᠷᠡᠳᠡᠭ᠃ ᠬᠤᠷᠯᠸᠡ ᠶᠢᠨ ᠰᠦᠮ᠎ᠡ ᠶᠢᠨ ᠬᠤᠶᠠᠷ ᠲᠠᠯ᠎ᠠ ᠳᠤ ᠳᠤᠰᠪᠦᠷᠢ ᠨᠢᠭᠡ ᠡᠭᠦᠳᠡ ᠲᠠᠢ ᠪᠠᠶᠢᠳᠠᠭ᠂ ᠶᠡᠷᠦ | ᠶᠢᠨ ᠴᠠᠭ ᠲᠤ ᠭᠤᠣᠯ ᠬᠠᠭᠠᠯᠭ᠎ᠠ ᠶᠢ ᠨᠡᠭᠡᠭᠡᠳᠡᠭ ᠦᠭᠡᠢ᠂ ᠬᠠᠵᠠᠭᠤ ᠶᠢᠨ ᠡᠭᠦᠳᠡ ᠪᠠᠷ ᠨᠢ ᠣᠷᠣᠵᠣ ᠭᠠᠷᠳᠠᠭ᠃ | ᠬᠤᠷᠯᠸᠡ ᠶᠢᠨ ᠰᠦᠮ᠎ᠡ ᠠᠴᠠ ᠭᠠᠷᠪᠠᠯ ᠳᠠᠷᠦᠢ ᠳᠦᠷᠦᠭᠦᠦ ᠨᠢᠭᠡ ᠬᠦᠷᠢᠶᠡᠨ ᠳᠤ ᠣᠷᠦᠵᠣ ᠡᠰᠡᠷᠭᠦ ᠲᠠᠯ᠎ᠠ ᠨᠢ | ᠮᠠᠬᠠᠷᠠᠨᠽᠠ ᠶᠢᠨ ᠰᠦᠮ᠎ᠡ ᠪᠤᠯᠤᠨ᠎ᠠ᠃ ᠡᠨᠡ ᠰᠦᠮ᠎ᠡ ᠶᠢᠨ ᠪᠦᠲᠦᠴᠡ ᠨᠢ ᠭᠤᠷᠪᠠᠨ ᠳᠠᠰᠣᠯᠭ᠎ᠠ᠂ ᠳᠥᠷᠪᠡᠨ ᠲᠠᠯ᠎ᠠ | ᠪᠠᠷ ᠢᠶᠠᠨ ᠬᠤᠩᠬᠢᠯ ᠰᠠᠷᠠᠪᠴᠢ ᠲᠠᠢ᠃ ᠵᠡᠭᠦᠨ ᠪᠠᠷᠠᠭᠤᠨ ᠬᠠᠨ᠎ᠠ ᠶᠢᠨ ᠡᠮᠦᠨ᠎ᠡ ᠠᠯᠲᠠᠨ ᠬᠤᠶᠠᠭ ᠳᠣᠭᠤᠯᠭᠠ | ᠡᠮᠦᠰᠦᠭᠰᠡᠨ ᠠᠪᠦᠷᠭᠤ ᠳᠣᠭᠰᠢᠨ ᠳᠦᠷᠢ ᠲᠠᠢ ᠳᠥᠷᠪᠡᠨ ᠮᠠᠬᠠᠷᠠᠨᠽᠠ ᠶᠢᠨ ᠱᠤᠭᠤᠮᠠᠯ ᠪᠠᠶᠢᠳᠠᠭ᠃ ᠮᠠᠬᠠᠷᠠᠨᠽᠠ ᠶᠢᠨ | ᠰᠦᠮ᠎ᠡ ᠶᠢᠨ ᠬᠦᠷᠢᠶᠡᠨ ᠳᠣᠲᠣᠷ᠎ᠠ ᠵᠡᠭᠦᠨ ᠪᠠᠷᠠᠭᠤᠨ ᠲᠠᠯ᠎ᠠ ᠳᠤ ᠨᠢ ᠵᠥᠩ ᠬᠡᠩᠭᠡᠷᠭᠡ ᠶᠢᠨ ᠠᠰᠠᠷ ᠪᠠᠶᠢᠳᠠᠭ᠃ | ᠮᠠᠬᠠᠷᠠᠨᠽᠠ ᠶᠢᠨ ᠰᠦᠮ᠎ᠡ ᠶᠢᠨ ᠭᠤᠣᠯ ᠢᠶᠠᠷ ᠨᠡᠪᠲᠡᠷᠡᠭᠰᠡᠨ ᠲᠤᠮᠤ ᠡᠭᠦᠳᠡ ᠨᠢ ᠶᠡᠷᠦ ᠶᠢᠨ ᠴᠠᠭ ᠲᠤ ᠨᠡᠭᠡᠭᠡᠳᠡᠭ | ᠦᠭᠡᠢ᠂ ᠵᠥᠪᠬᠡᠨ ᠬᠤᠶᠠᠷ ᠲᠠᠯ᠎ᠠ ᠶᠢᠨ ᠵᠢᠭᠦᠷ ᠶᠢᠨ ᠡᠭᠦᠳᠡ ᠪᠠᠷ ᠠᠷᠦ ᠬᠦᠷᠢᠶᠡᠨ ᠳᠤ ᠣᠷᠣᠳᠠᠭ᠃ ᠬᠤᠶᠠᠳᠤᠭᠠᠷ | ᠬᠦᠷᠢᠶᠡᠨ ᠤ ᠵᠡᠭᠦᠨ ᠪᠠᠷᠠᠭᠤᠨ ᠲᠠᠯ᠎ᠠ ᠳᠤ ᠲᠣᠰᠪᠦᠷᠢ ᠭᠤᠷᠪᠠᠨ ᠳᠠᠰᠤᠯᠭ᠎ᠠ ᠵᠢᠭᠦᠷ ᠤᠨ ᠬᠠᠷᠰᠢ ᠲᠠᠢ᠃ ᠵᠡᠭᠦᠨ | ᠲᠠᠯ᠎ᠠ ᠨᠢ ᠠᠷᠪᠠᠨ ᠨᠠᠢᠮᠠᠨ ᠠᠭᠤᠢ ᠶᠢᠨ ᠰᠢᠲᠦᠭᠡᠨ ᠰᠦᠮ᠎ᠡ᠂ ᠪᠠᠷᠠᠭᠤᠨ ᠲᠠᠯ᠎ᠠ ᠨᠢ ᠳᠣᠭᠰᠢᠳ ᠤᠨ ᠰᠦᠮ᠎ᠡ | ᠪᠣᠯᠣᠨ᠎ᠠ᠃ ᠬᠤᠶᠠᠳᠤᠭᠠᠷ ᠬᠦᠷᠢᠶᠡᠨ ᠤ ᠠᠰ ᠬᠤᠶᠢᠲᠦ ᠲᠠᠯ᠎ᠠ ᠳᠤ ᠨᠢ ᠴᠤᠭᠴᠢᠨ ᠲᠣᠭᠠᠩ ᠳᠤ ᠣᠷᠣᠬᠤ ᠴᠢᠯᠠᠭᠤᠨ | ᠢᠨᠳᠡᠷ ᠪᠣᠯᠣᠨ᠎ᠠ᠃ ᠡᠨᠡ ᠴᠢᠯᠠᠭᠤᠨ ᠢᠨᠳᠡᠷ ᠨᠢ ᠠᠷᠪᠠᠨ ᠭᠤᠷᠪᠠᠨ ᠳᠡᠭᠲᠡᠷ ᠪᠦᠭᠡᠳ ᠬᠤᠶᠠᠷ ᠲᠠᠯ᠎ᠠ ᠪᠠᠷ ᠨᠢ | ᠳᠣᠰᠪᠦᠷᠢ ᠬᠤᠣᠰ ᠠᠯᠲᠠᠨ ᠥᠨᠳᠥᠷ ᠴᠢᠯᠠᠭᠤᠨ ᠬᠦᠰᠢᠶ᠎ᠡ ᠲᠠᠢ᠂ ᠬᠦᠰᠢᠶᠡᠨ ᠳᠡᠭᠡᠷ᠎ᠡ ᠨᠢ ᠳᠣᠰ ᠰᠦᠮ᠎ᠡ ᠶᠢ ᠳᠠᠬᠢᠨ | ᠪᠠᠶᠢᠭᠤᠯᠬᠤ ᠦᠶ᠎ᠡ ᠳᠤ ᠦᠭᠯᠢᠭᠡ ᠪᠠᠷᠢᠴᠠᠭ᠎ᠠ ᠡᠷᠭᠦᠭᠴᠢᠳ ᠤᠨ ᠨᠠᠷ᠎ᠡ ᠶᠢ ᠲᠡᠮᠳᠡᠭᠯᠡᠵᠦ ᠪᠠᠶᠢᠳᠠᠭ ᠪᠦᠭᠡᠳ ᠡᠨᠡ ᠨᠢ | ᠰᠡᠭᠦᠯᠡᠷ ᠨᠢ ᠡᠪᠳᠡᠭᠳᠡᠪᠡ᠃ ᠢᠨᠳᠡᠷ ᠢᠶᠠᠷ ᠳᠡᠭᠡᠭᠰᠢ ᠭᠠᠷᠪᠠᠯ ᠭᠤᠷᠪᠠᠳᠣᠭᠠᠷ ᠬᠦᠷᠢᠶ᠎ᠡ ᠪᠤᠯᠤᠨ᠎ᠠ᠃ ᠬᠦᠷᠢᠶᠡᠨ ᠤ | ᠬᠤᠶᠠᠷ ᠲᠠᠯ᠎ᠠ ᠪᠠᠷ ᠳᠥᠷᠪᠡᠨ ᠳᠣᠬᠤᠢ ᠥᠨᠳᠥᠷ ᠰᠡᠬᠡᠭᠡᠲᠦ ᠬᠡᠷᠡᠮ ᠲᠠᠢ᠂ ᠰᠡᠬᠡᠭᠡᠲᠦ ᠬᠡᠷᠡᠮ ᠲᠠᠢ ᠵᠠᠯᠭᠠᠯᠳᠣᠨ ᠵᠥᠩ | ᠬᠡᠩᠭᠡᠷᠭᠡ ᠶᠢᠨ ᠬᠤᠶᠠᠷ ᠲᠢᠩᠰᠡ ᠪᠣᠯᠣᠨ᠎ᠠ᠃ ᠡᠨᠡ ᠵᠥᠩ ᠢ ᠰᠠᠶᠢᠰᠢᠶᠠᠯᠲᠦ ᠢᠷᠦᠭᠡᠯᠲᠦ ᠶᠢᠨ ᠬᠤᠷᠢᠨ ᠳᠥᠷᠪᠡᠨ | ᠤᠨ ︵1819︶ ᠳᠤ ᠴᠢᠳᠬᠤᠪᠠ᠃ ᠦᠩᠭᠡᠷᠡᠭᠰᠡᠨ ᠳᠤ ᠥᠷᠯᠦᠭᠡ ᠪᠦᠷᠢ ᠬᠤᠷᠠᠯ ᠡᠬᠢᠯᠡᠬᠦ ᠳᠤ ᠡᠨᠡ ᠵᠥᠩ ᠢ | ᠴᠣᠬᠢᠳᠠᠭ ᠪᠠᠶᠢᠵᠠᠢ᠃ | ᠴᠣᠭᠴᠢᠨ ᠲᠤᠭᠠᠩ ᠤᠨ ᠲᠠᠯᠠᠪᠠᠢ ᠨᠢ 879 ᠳᠡᠭᠰᠢ ᠳᠥᠷᠪᠡᠯᠵᠢᠨ ᠮᠧᠲᠷ ᠪᠠᠶᠢᠵᠦ᠂ ᠪᠦᠬᠦ ᠰᠦᠮ᠎ᠡ ᠶᠢᠨ | ᠭᠤᠣᠯ ᠳᠣᠮᠳᠠᠬᠢ ᠠᠭᠤᠳᠠᠮ ᠳᠠᠪᠴᠠᠩ ᠳᠡᠭᠡᠷ᠎ᠡ ᠰᠡᠬᠦᠶᠢᠵᠦ ᠲᠣᠶᠢᠯ ᠤᠨ ᠰᠦᠷ ᠲᠠᠢ ᠬᠠᠷᠠᠭᠳᠠᠳᠠᠭ᠃ ᠴᠣᠭᠴᠢᠨ | ᠲᠤᠭᠠᠩ ᠨᠢ ᠬᠤᠶᠢᠰᠢ ᠣᠷᠣᠭᠰᠢ᠂ ᠵᠡᠭᠦᠨᠰᠢ ᠪᠠᠷᠠᠭᠤᠨᠰᠢ ᠲᠣᠰᠪᠦᠷᠢ ᠶᠢᠰᠦᠨ ᠵᠠᠩ ᠪᠠᠶᠢᠵᠦ᠂ ᠡᠮᠦᠨ᠎ᠡ ᠲᠠᠯ᠎ᠠ ᠨᠢ | ᠲᠠᠪᠤᠨ ᠵᠠᠩ ᠭᠤᠳᠣᠮ ᠲᠠᠢ ᠪᠠᠶᠢᠳᠠᠭ᠃ ᠬᠡᠷᠡᠮ ᠳᠤᠭᠤᠷᠭ᠎ᠠ ᠶᠢ ᠨᠢ ᠣᠯᠠᠭᠠᠨ ᠢᠶᠠᠷ ᠰᠢᠷᠲᠡᠵᠦ ᠲᠠᠪᠤᠨ ᠵᠠᠩ | ᠭᠤᠳᠣᠮ ᠢ ᠨᠢ ᠵᠢᠷᠭᠤᠭᠠᠨ ᠳᠥᠷᠪᠡᠯᠵᠢᠨ ᠴᠢᠯᠠᠭᠤᠨ ᠲᠣᠯᠭᠠᠭᠤᠷᠢ ᠪᠠᠷ ᠲᠣᠯᠵᠦ᠂ ᠳᠣᠮᠳᠠᠬᠢ ᠳᠥᠷᠪᠡᠨ | ᠲᠣᠯᠭᠠᠭᠤᠷᠢ ᠶᠢᠨ ᠵᠠᠢ ᠶᠢᠨ ᠬᠢᠷᠢ ᠪᠠᠷ ᠡᠭᠦᠳᠡ ᠭᠠᠷᠭᠠᠵᠦ ᠬᠤᠶᠠᠷ ᠲᠠᠯ᠎ᠠ ᠶᠢᠨ ᠬᠡᠷᠡᠮ ᠢ ᠳᠠᠭᠠᠵᠤ ᠵᠢᠵᠢᠭ ᠡᠭᠦᠳᠡ | ᠭᠠᠷᠭᠠᠵᠠᠢ᠃ ᠲᠤᠭᠠᠩ ᠤᠨ ᠳᠤᠲᠤᠷ᠎ᠠ ᠯᠣᠣ ᠣᠷᠢᠶᠠᠭᠰᠠᠨ ᠵᠢᠷᠠᠨ ᠳᠥᠷᠪᠡᠨ ᠲᠣᠯᠭᠠᠭᠤᠷᠢ ᠲᠠᠢ᠂ ᠲᠦᠪ ᠳᠤᠮᠳᠠᠬᠢ | ᠳᠥᠷᠪᠡᠨ ᠲᠣᠯᠭᠠᠭᠤᠷᠢ ᠨᠢ ᠳᠥᠷᠪᠡᠯᠵᠢᠨ ᠪᠦᠭᠡᠳ ᠬᠤᠶᠠᠳᠣᠭᠠᠷ ᠳᠠᠪᠬᠤᠷᠯᠢᠭ ᠤᠨ ᠣᠷᠦᠢ ᠳᠤ ᠰᠢᠭᠤᠳ | ᠨᠡᠪᠲᠡᠷᠡᠵᠦ ᠪᠠᠶᠢᠳᠠᠭ ᠠᠴᠠ ᠲᠡᠭᠷᠢ ᠶᠢ ᠲᠣᠯᠬᠤ ᠲᠣᠯᠭᠠᠭᠤᠷᠢ ᠭᠡᠳᠡᠭ᠃ ᠳᠥᠷᠪᠡᠨ ᠲᠣᠯᠭᠠᠭᠤᠷᠢ ᠶᠢᠨ ᠬᠤᠭᠤᠷᠣᠨᠳᠦ | ᠨᠢ ᠵᠠᠳᠠᠭᠠᠢ ᠪᠤᠯᠬᠤᠷ ᠳᠡᠭᠡᠭᠰᠢ ᠬᠠᠷᠠᠪᠠᠯ ᠬᠤᠶᠠᠳᠤᠭᠠᠷ ᠳᠠᠪᠬᠤᠷᠯᠢᠭ ᠤᠨ ᠠᠳᠠᠷ ᠠᠴᠠ ᠡᠯᠭᠦᠭᠰᠡᠨ ᠮᠣᠩᠭᠤᠯ᠂ | ᠲᠦᠪᠡᠳ᠂ ᠬᠢᠲᠠᠳ ᠢᠶᠠᠷ ᠪᠢᠴᠢᠭᠰᠡᠨ ︽ᠡᠬᠢ ᠶᠦᠭᠡᠨ ᠪᠠᠳᠠᠷᠠᠭᠤᠯᠤᠭᠴᠢ ᠬᠡᠶᠢᠳ︾ ᠬᠡᠮᠡᠬᠦ ᠢᠯᠡᠷᠬᠡᠶᠢᠯᠡᠯ ᠤᠨ | ᠠᠯᠲᠠᠨ ᠦᠰᠦᠭ ᠢ ᠲᠣᠪ ᠲᠤᠳᠤᠬᠠᠨ ᠣᠯᠵᠣ ᠬᠠᠷᠠᠳᠠᠭ᠃ ᠬᠤᠶᠢᠲᠦ ᠲᠣᠭᠤᠷᠭ᠎ᠠ ᠶᠢᠨ ᠤᠭ ᠢᠶᠠᠷ ᠨᠢ ᠬᠠᠨᠵᠦ | ᠰᠢᠭ᠋ ᠲᠠᠶᠢᠰᠠ ᠴᠣᠭᠴᠠᠯᠠᠵᠤ ᠣᠯᠠᠨ ᠪᠣᠷᠬᠠᠳ ᠢ ᠡᠭᠡᠨᠡᠭᠦᠯᠵᠦ ᠵᠢᠭᠰᠠᠭᠠᠵᠠᠢ᠃ ᠳᠦᠪ ᠳᠤᠮᠳᠠ ᠨᠢ ᠱᠠᠬᠢᠮᠤᠨᠢ | ᠪᠣᠷᠬᠠᠨ ᠢ ᠲᠠᠬᠢᠵᠤ ᠪᠠᠶᠢᠳᠠᠭ ᠪᠦᠭᠡᠳ ᠲᠡᠭᠦᠨ ᠤ ᠡᠮᠦᠨ᠎ᠡ ᠨᠢ 120 ᠵᠢᠩ ᠲᠣᠰᠣ ᠣᠷᠣᠳᠠᠭ ᠮᠥᠩᠬᠡ ᠵᠣᠯᠠ ᠶᠢ | ᠠᠰᠠᠭᠠᠵᠦ ᠪᠠᠶᠢᠳᠠᠭ᠃ ᠮᠥᠩᠬᠡ ᠵᠤᠯᠠ ᠶᠢᠨ ᠡᠮᠦᠨ᠎ᠡ ᠲᠠᠯ᠎ᠠ ᠳᠤ ᠨᠢ ᠵᠠᠰᠠᠭ ᠳ᠋ᠠ ᠯᠠᠮᠠ ᠶᠢᠨ ᠡᠷᠳᠡᠨᠢ ᠶᠢᠨ ᠰᠠᠭᠤᠳᠠᠯ | ᠢ ᠲᠠᠯᠪᠢᠵᠦ ᠪᠣᠢ᠃ ᠡᠨᠡ ᠰᠠᠭᠤᠳᠠᠯ ᠢ ᠴᠢᠩ ᠲᠠᠶᠢᠽᠦ ᠬᠤᠩ ᠲᠠᠶᠢᠵᠢ ᠥᠪᠡᠷ ᠢᠶᠠᠨ ᠬᠡᠷᠡᠭᠯᠡᠵᠦ ᠪᠠᠶᠢᠭᠰᠠᠨ ᠢᠶᠠᠨ | ᠰᠢᠷᠡᠭᠡᠲᠦ ᠬᠦᠷᠢᠶᠡᠨ ᠤ ᠵᠠᠰᠠᠭ ᠳ᠋ᠠ ᠯᠠᠮᠠ ᠳᠤ ᠱᠠᠩᠨᠠᠭᠰᠠᠨ ᠭᠡᠳᠡᠭ᠃ ᠰᠠᠭᠤᠳᠠᠯ ᠤᠨ ᠡᠮᠦᠨ᠎ᠡ ᠪᠠᠷ ᠨᠢ ᠬᠤᠶᠠᠷ | ᠭᠠᠷᠯᠠᠨ ᠮᠢᠩᠭᠠᠨ ᠯᠠᠮᠠ ᠶᠢᠨ ᠰᠠᠭᠤᠳᠠᠯ ᠢ ᠵᠢᠭᠰᠠᠭᠠᠵᠤ ᠳᠡᠭᠡᠷ᠎ᠡ ᠨᠢ ᠬᠡᠪᠢᠰ ᠲᠠᠯᠪᠢᠵᠠᠢ᠃ ᠵᠡᠭᠦᠨ ᠬᠤᠶᠢᠲᠦ | ᠪᠠᠷᠠᠭᠤᠨ ᠬᠤᠶᠢᠲᠦ ᠬᠡᠷᠡᠮ ᠢ ᠳᠠᠭᠠᠭᠤᠯᠤᠨ ᠮᠣᠳᠣᠨ ᠵᠢᠶᠠᠰᠠ ᠪᠣᠰᠬᠠᠵᠦ ᠳᠡᠭᠡᠷ᠎ᠡ ᠨᠢ ︽ᠭᠠᠨᠵᠣᠣᠷ ᠤᠨ ᠰᠣᠳᠣᠷ︾ | ᠪᠠ ︽ᠲᠠᠨᠵᠤᠤᠷ ᠤᠨ ᠰᠣᠳᠣᠷ︾ ᠢ ᠲᠠᠯᠪᠢᠵᠦ ᠪᠠᠶᠢᠨ᠎ᠠ᠃ ᠲᠣᠭᠠᠩ ᠤᠨ ᠵᠡᠭᠦᠨ ᠪᠠᠷᠠᠭᠤᠨ ᠲᠣᠭᠤᠷᠭ᠎ᠠ ᠳᠡᠭᠡᠷ᠎ᠡ | ᠪᠦᠷ ᠪᠣᠷᠬᠠᠨ ᠤ ᠬᠦᠷᠦᠭ ᠢ ᠡᠯᠭᠦᠵᠦ᠂ ᠪᠠᠷᠠᠭᠤᠨ ᠲᠣᠭᠤᠷᠭ᠎ᠠ ᠶᠢᠨ ᠡᠮᠦᠨ᠎ᠡ ᠲᠠᠯ᠎ᠠ ᠪᠠᠷ ᠪᠠᠰᠠ ︽ᠲᠠᠮᠦ ᠶᠢᠨ | ᠬᠦᠷᠦᠭ︾ ᠢ ᠡᠯᠭᠦᠵᠦ ᠪᠠᠶᠢᠳᠠᠭ᠃ ᠵᠢᠭᠦᠷ ᠤᠨ ᠬᠤᠶᠠᠷ ᠡᠭᠦᠳᠡ ᠪᠠᠷ ᠣᠷᠣᠮᠠᠭᠴᠠ ᠬᠤᠶᠠᠳᠣᠭᠠᠷ ᠲᠠᠪᠬᠤᠷᠯᠢᠭ | ᠭᠠᠷᠬᠤ ᠮᠤᠳᠤᠨ ᠢᠨᠳᠡᠷ ᠲᠠᠢ᠃ ᠬᠤᠶᠠᠳᠣᠭᠠᠷ ᠲᠠᠪᠬᠤᠷᠯᠢᠭ ᠤᠨ ᠪᠠᠷᠢᠯᠭ᠎ᠠ ᠶᠢᠨ ᠪᠦᠲᠦᠴᠡ ᠨᠢ ᠡᠲᠡᠭᠡᠳ | ᠤᠨᠴᠠᠯᠢᠭ ᠲᠠᠢ ᠪᠠᠶᠢᠳᠠᠭ ᠁ ᠭᠠᠳᠠᠷ ᠳᠥᠷᠪᠡᠨ ᠲᠠᠯ᠎ᠠ ᠪᠠᠷ ᠨᠢ ᠨᠢᠭᠡ ᠪᠦᠳᠦᠨ ᠲᠣᠭᠤᠷᠢᠭᠰᠠᠨ ᠲᠣᠭᠤᠷᠢᠭ | ᠬᠤᠩᠬᠢᠯ ᠲᠠᠢ᠂ ᠳᠣᠮᠳᠠ ᠨᠢ ᠭᠤᠷᠪᠠᠨ ᠭᠡᠰᠡᠭ ᠰᠦᠮ᠎ᠡ ᠪᠤᠯᠤᠨ᠎ᠠ᠃ ᠠᠰ ᠢᠶᠠᠷ ᠨᠢ ᠦᠵᠡᠪᠡᠯ ᠪᠦᠬᠦᠶᠢᠯᠡ | ᠬᠤᠶᠠᠳᠣᠭᠠᠷ ᠲᠠᠪᠬᠤᠷᠯᠢᠭ ᠨᠢ ᠨᠢᠭᠡ ᠳᠥᠷᠪᠡᠯᠵᠢᠯᠡᠭᠰᠡᠨ ᠬᠦᠷᠢᠶ᠎ᠡ ᠪᠣᠯᠣᠨ᠎ᠠ᠃ ᠡᠨᠡᠬᠦ ᠭᠤᠷᠪᠠᠨ ᠵᠠᠩ ᠰᠦᠮ᠎ᠡ ᠪᠣᠯ | ᠪᠦᠬᠦ ᠰᠦᠮ᠎ᠡ ᠶᠢᠨ ᠬᠠᠮᠤᠭ ᠥᠨᠳᠥᠷ ᠭᠠᠵᠠᠷ ᠪᠤᠯᠤᠨ᠎ᠠ᠃ | ᠴᠣᠭᠴᠢᠨ ᠲᠤᠭᠠᠩ ᠤᠨ ᠠᠷᠦ ᠲᠠᠯ᠎ᠠ ᠨᠢ ᠳᠠᠷᠦᠢ ᠳᠥᠷᠪᠡᠳᠦᠭᠡᠷ ᠬᠦᠷᠢᠶ᠎ᠡ ᠪᠣᠯᠣᠨ᠎ᠠ᠂ ᠳᠠᠷᠤᠢ ᠮᠠᠨᠢ ᠶᠢᠨ | ᠰᠦᠮ᠎ᠡ ᠪᠣᠯᠣᠨ᠎ᠠ᠃ ᠲᠣᠰ ᠰᠦᠮ᠎ᠡ ᠨᠢ ᠭᠤᠷᠪᠠᠨ ᠵᠠᠩ ᠪᠦᠭᠡᠳ ᠳᠥᠷᠪᠡᠨ ᠲᠠᠯ᠎ᠠ ᠪᠠᠷ ᠢᠶᠠᠨ ᠬᠤᠩᠭᠢᠯ ᠰᠠᠷᠠᠪᠴᠢ | ᠲᠠᠢ᠃ ᠬᠤᠩᠬᠢᠯ ᠰᠠᠷᠠᠪᠴᠢ ᠶᠢᠨ ᠲᠣᠯᠭᠠᠭᠤᠷᠢ ᠶᠢ ᠨᠢ ᠪᠤᠷᠴᠢᠨ ᠴᠢᠯᠠᠭᠤ ᠪᠠᠷ ᠬᠢᠵᠠᠢ᠃ ᠰᠦᠮ᠎ᠡ ᠶᠢᠨ ᠲᠠᠪᠴᠠᠩ | ᠳᠡᠭᠡᠷ᠎ᠡ ᠡᠭᠦᠳᠡᠨ ᠤ ᠬᠤᠶᠠᠷ ᠲᠠᠯ᠎ᠠ ᠳᠤ ᠲᠣᠰᠪᠦᠷᠢ ᠳᠥᠷᠪᠡᠨ ᠬᠤᠷᠯᠤ ᠡ ᠲᠠᠢ᠃ ᠮᠠᠨᠢ ᠶᠢᠨ ᠰᠦᠮ᠎ᠡ ᠳᠤ | ᠠᠷᠢᠶᠠᠭᠪᠠᠯᠣ ᠪᠣᠷᠬᠠᠨ ᠢ ᠳᠠᠬᠢᠵᠦ ᠪᠤᠢ᠃ ᠡᠨᠡ ᠰᠦᠮ᠎ᠡ ᠶᠢ ᠪᠠᠰᠠ ︽ᠮᠤᠬᠤᠷ ᠰᠦᠮ᠎ᠡ︾ ᠭᠡᠳᠡᠭ᠃ ᠣᠣᠯ ᠤᠨ ︽ | ᠡᠬᠢ ᠶᠦᠭᠡᠨ ᠪᠠᠳᠠᠷᠠᠭᠤᠯᠤᠭᠴᠢ ᠬᠡᠶᠢᠳ︾ ᠤᠨ ᠭᠤᠣᠯ ᠳᠣᠭᠠᠩ ᠪᠣᠯᠣᠨ᠎ᠠ᠃ ᠡᠨᠡ ᠨᠢ ᠲᠠᠪᠤᠨ ᠵᠠᠩ ᠰᠦᠮ᠎ᠡ | ᠪᠦᠭᠡᠳ ᠵᠡᠭᠦᠨ ᠪᠠᠷᠠᠭᠤᠨ ᠬᠤᠶᠠᠷ ᠲᠠᠯ᠎ᠠ ᠳᠤ ᠨᠢ ᠲᠣᠰᠪᠦᠷᠢ ᠭᠤᠷᠪᠠᠨ ᠵᠠᠩ ᠵᠢᠭᠦᠷ ᠤᠨ ᠰᠦᠮ᠎ᠡ ᠲᠠᠢ᠃ ᠭᠤᠣᠯ | ᠳᠣᠭᠠᠩ ᠳᠤ ᠨᠢ ᠭᠤᠷᠪᠠᠨ ᠴᠠᠭ ᠤᠨ ᠪᠣᠷᠬᠠᠨ ᠢ ᠳᠠᠬᠢᠵᠦ ᠪᠠᠶᠢᠨ᠎ᠠ᠃ ︽ᠡᠬᠢ ᠶᠦᠭᠡᠨ ᠪᠠᠳᠠᠷᠠᠭᠤᠯᠤᠭᠴᠢ ᠬᠡᠶᠢᠳ︾ | ᠲᠤ ᠲᠥᠷᠦᠯ ᠬᠠᠯᠠᠬᠤ ᠬᠤᠲᠣᠭᠲᠦ ᠬᠤᠪᠢᠯᠭᠠᠨ ᠬᠡᠵᠦ ᠦᠭᠡᠢ᠂ ᠲᠦᠷᠦᠭᠦᠦ ᠯᠠᠮᠠ ᠶᠢ ᠨᠢ ᠰᠢᠷᠡᠭᠡᠲᠦ ᠯᠠᠮᠠ ᠭᠡᠳᠡᠭ᠃ | ᠡᠨᠡ ᠨᠢ ᠳᠠᠷᠤᠢ ᠰᠢᠷᠡᠭᠡᠲᠦ ᠬᠦᠷᠢᠶ᠎ᠡ ᠬᠤᠰᠢᠭᠤᠨ ᠤ ᠲᠠᠮᠠᠭ᠎ᠠ ᠪᠠᠷᠢᠭᠰᠠᠨ ᠵᠠᠰᠠᠭ ᠳ᠋ᠠ ᠯᠠᠮᠠ ᠮᠦᠨ᠃ ᠣᠷᠣ | ᠬᠤᠭᠤᠰᠤᠷᠠᠪᠠᠯ ᠴᠢᠩ ᠣᠯᠣᠰ ᠤᠨ ᠭᠠᠳᠠᠭᠠᠳᠦ ᠮᠤᠩᠭᠤᠯ ᠤᠨ ᠶᠠᠪᠣᠳᠠᠯ ᠢ ᠬᠠᠮᠢᠶᠠᠷᠠᠬᠤ ᠶᠠᠮᠤᠨ ᠳᠤ ᠮᠡᠳᠡᠭᠦᠯᠵᠦ | ᠨᠥᠬᠦᠵᠦ ᠲᠠᠯᠪᠢᠳᠠᠭ᠃ | ︽ᠡᠬᠡ ᠶᠦᠭᠡᠨ ᠪᠠᠳᠠᠷᠠᠭᠤᠯᠤᠭᠴᠢ ᠬᠡᠶᠢᠳ︾ ᠨᠢ ᠬᠦᠷᠢᠶ᠎ᠡ ᠬᠡᠪᠴᠢᠶ᠎ᠡ ᠪᠠᠷ ᠶᠡᠭᠡ ᠬᠤᠷᠠᠯ ᠢ ᠵᠢᠯ ᠳᠤ ᠳᠥᠷᠪᠡ | ᠣᠳᠠᠭ᠎ᠠ ᠬᠢᠳᠡᠭ᠃ ᠳᠠᠷᠣᠢ ᠴᠠᠭᠠᠨ ᠰᠠᠷ᠎ᠠ ᠶᠢᠨ ᠰᠢᠨ᠎ᠡ ᠶᠢᠨ ᠲᠠᠪᠣᠨ ᠠᠴᠠ ᠠᠷᠪᠠᠨ ᠲᠠᠪᠤᠨ ᠪᠤᠯᠲᠠᠯ᠎ᠠ︔ ᠳᠥᠷᠪᠡᠨ | ᠰᠠᠷ᠎ᠠ ᠶᠢᠨ ᠠᠷᠪᠠᠨ ᠠᠴᠠ ᠠᠷᠪᠠᠨ ᠲᠠᠪᠣᠨ ᠪᠣᠯᠲᠠᠯ᠎ᠠ︔ ᠵᠢᠷᠭᠤᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ ᠠᠴᠠ | ᠠᠷᠪᠠᠨ ᠲᠠᠪᠤᠨ ᠪᠣᠯᠲᠠᠯ᠎ᠠ︔ ᠶᠢᠰᠦᠨ ᠰᠠᠷ᠎ᠠ ᠶᠢᠨ ᠬᠤᠷᠢᠨ ᠨᠢᠭᠡᠨ ᠠᠴᠠ ᠬᠤᠷᠢᠨ ᠲᠠᠪᠤᠨ ᠪᠤᠯᠲᠠᠯ᠎ᠠ ᠬᠢᠳᠡᠭ᠃ | ᠲᠣᠰ ᠰᠦᠮ᠎ᠡ ᠶᠢᠨ ᠯᠠᠮᠠ ᠨᠠᠷ ᠤᠨ ᠰᠠᠬᠢᠯ ᠰᠠᠨᠸᠠᠷ ᠲᠤ ᠶᠡᠷᠦᠳᠡᠭᠡᠨ ᠪᠠᠨᠳᠢ ᠶᠢᠨ ᠰᠠᠨᠸᠠᠷ᠂ ᠬᠡᠰᠦᠯ ᠶᠢᠨ ᠰᠠᠨᠸᠠᠷ᠂ | ᠬᠡᠯᠥᠩ ᠤᠨ ᠰᠠᠨᠸᠠᠷ ᠭᠡᠵᠦ ᠭᠤᠷᠪᠠ ᠪᠠᠶᠢᠳᠠᠭ ᠪᠦᠭᠡᠳ ᠯᠠᠮᠠ ᠳᠤ ᠣᠯᠭᠤᠬᠤ ᠮᠢᠨᠳᠠᠭ ᠴᠤᠯᠠ ᠳᠤ ᠭᠦᠦᠱᠢ᠂ | ᠴᠣᠷᠵᠢ ᠭᠡᠬᠦ ᠬᠤᠶᠠᠷ ᠵᠦᠢᠯ ᠪᠠᠶᠢᠳᠠᠭ᠃ ᠰᠠᠬᠢᠯ ᠰᠠᠨᠸᠠᠷ ᠢᠶᠠᠨ ᠡᠪᠳᠡᠭᠰᠡᠨ ᠯᠠᠮᠠ ᠨᠠᠷ ᠲᠤ ᠰᠶᠢᠳᠭᠡᠯ ᠲᠣᠷᠭᠠᠭᠤᠯᠢ | ᠶᠢᠨ ᠳᠦᠷᠢᠮ ᠲᠠᠢ ᠪᠠᠶᠢᠳᠠᠭ᠃ ᠲᠣᠬᠠᠶᠢᠯᠠᠪᠠᠯ᠄ ᠵᠣᠭᠰᠦᠭᠠᠬᠤ᠂ ᠮᠥᠷᠭᠦᠭᠦᠯᠬᠦ᠂ ᠰᠥᠭᠦᠦᠬᠡᠭᠦ᠂ ᠲᠠᠰᠢᠭᠤᠷᠳᠠᠬᠤ᠂ | ᠵᠣᠭᠤᠰ ᠭᠠᠷᠭᠠᠯᠭᠠᠬᠤ ᠴᠠᠪ ᠪᠡᠯᠡᠳᠭᠡᠬᠦ᠂ ᠬᠤᠷᠠᠯ ᠠᠴᠠ ᠬᠥᠭᠡᠭᠡᠵᠦ ᠬᠠᠷ᠎ᠠ ᠬᠦᠮᠦᠨ ᠪᠣᠯᠭᠠᠬᠤ ᠵᠡᠷᠭᠡ ᠪᠣᠢ᠃ | ᠡᠮᠦᠰᠬᠡᠯ ᠵᠠᠰᠠᠯ ᠢᠳᠡᠵᠦ ᠣᠣᠭᠤᠬᠤ ᠶᠢᠨ ᠬᠤᠪᠢ ᠳᠤ ᠰᠣᠮᠣᠨ ᠣᠷᠬᠢᠮᠵᠢ ᠣᠷᠬᠢᠮᠵᠢᠯᠠᠨ ᠰᠢᠷ᠎ᠠ ᠬᠤᠪᠴᠠᠰᠦ | ᠡᠮᠦᠰᠳᠡᠭ᠃ ᠭᠦᠦᠱᠢ ᠠᠴᠠ ᠳᠡᠭᠡᠭᠰᠢ ᠮᠢᠨᠳᠠᠭ ᠲᠠᠢ ᠯᠠᠮᠠ ᠪᠤᠯ ᠬᠠᠪᠣᠷ ᠨᠠᠮᠣᠷ ᠲᠤ ᠪᠠᠨ ᠲᠣᠭᠤᠷ ᠤᠨ ᠬᠡᠯᠪᠡᠷᠢᠲᠠᠢ | ᠮᠠᠯᠠᠭᠠᠢ ᠵᠡᠭᠦᠳᠡᠭ᠃ ᠯᠠᠮᠠ ᠬᠦᠮᠦᠨ ᠲᠠᠮᠠᠬᠢ ᠳᠠᠳᠠᠵᠤ ᠠᠷᠢᠬᠢ ᠣᠣᠭᠤᠵᠣ ᠪᠣᠯᠳᠠᠭ ᠦᠭᠡᠢ᠂ ᠭᠡᠪᠡᠴᠦ ᠬᠠᠮᠠᠷ | ᠲᠠᠮᠠᠬᠢ ᠳᠠᠳᠠᠬᠤ ᠶᠢ ᠬᠤᠷᠢᠭᠯᠠᠳᠠᠭ ᠦᠭᠡᠢ ᠪᠢᠯᠡ᠃ | ᠲᠣᠰ ᠰᠦᠮ᠎ᠡ ᠬᠡᠶᠢᠳ ᠤᠨ ᠠᠵᠦ ᠠᠬᠤᠢ ᠶᠢᠨ ᠢᠷᠡᠯᠲᠡ ᠪᠤᠯ ᠶᠡᠭᠡ ᠲᠥᠯᠦᠪ ᠬᠤᠶᠠᠷ ᠵᠦᠢᠯ ᠪᠠᠶᠢᠳᠠᠭ᠃ | ᠨᠢᠭᠡ ᠨᠢ ᠯᠠᠮᠠ ᠨᠡᠷ ᠤᠨ ᠪᠠᠳᠢᠷ ᠪᠠᠷᠢᠬᠤ᠂ ᠥᠭᠯᠢᠭᠡ ᠶᠢᠨ ᠡᠵᠡᠨ ᠤ ᠥᠭᠯᠢᠭᠡ ᠪᠣᠯᠣᠨ ᠡᠷᠭᠦᠴᠡ ᠪᠠᠷᠢᠴᠠᠭ᠎ᠠ | ᠪᠣᠯᠣᠨ᠎ᠠ᠃ ᠨᠥᠭᠦᠭᠡ ᠨᠢ ᠹᠸᠤᠳᠠᠯ ᠮᠦᠯᠵᠢᠯ ᠠᠴᠠ ᠣᠯᠳᠠᠭ᠃ ᠡᠨᠡ ᠨᠢ ᠪᠦᠬᠦ ᠣᠷᠣᠯᠭ᠎ᠠ ᠶᠢᠨ ᠭᠤᠣᠯ ᠪᠠᠶᠢᠷᠢ ᠶᠢ | ᠡᠵᠡᠯᠡᠨ᠎ᠡ᠃ |