ᠬᠦᠷᠢᠶ᠎ᠡ ᠬᠤᠰᠢᠭᠤᠨ ᠤ ᠬᠦᠮᠤᠨ ᠠᠷᠠᠳ ᠠᠴᠢᠮᠠᠭ ᠠᠭᠤᠯᠠ ᠶᠢ ᠮᠡᠳᠡᠬᠦ ᠦᠭᠡᠢ ᠬᠦᠮᠤᠨ ᠪᠠᠶᠢᠳᠠᠭ ᠦᠭᠡᠢ | ᠪᠦᠬᠡᠳ ᠶᠠᠮᠠᠷ ᠨᠢᠬᠡᠨ ᠲᠠᠭᠤᠤ ᠰᠢᠯᠦᠭ ᠬᠡᠰᠡᠨ ᠦᠭᠡᠢ ᠴᠦᠮ ᠠᠴᠢᠮᠠᠭ ᠠᠭᠤᠯᠠ ᠭᠠᠷᠴᠤ ᠪᠠᠶᠢᠳᠠᠭ᠃ ᠬᠦᠷᠢᠶ᠎ᠡ | ᠬᠤᠰᠢᠭᠤᠨ ᠤ ᠲᠦᠪ ᠬᠦᠷᠢᠶ᠎ᠠ ᠪᠠᠯᠭᠠᠰᠤ ᠠᠴᠠ ᠪᠠᠷᠠᠭᠤᠨ ᠡᠮᠦᠨ᠎ᠡ ᠭᠤᠴᠢᠨ ᠭᠠᠵᠠᠷ ᠲᠤ ᠪᠠᠶᠢᠭ᠎ᠠ ᠠᠴᠢᠮᠠᠭ | ᠠᠭᠤᠯᠠ ᠲᠠᠯᠠᠢ ᠶᠢᠨ ᠲᠦᠪᠰᠢᠨ ᠠᠴᠠ 500 ᠢᠯᠡᠬᠦᠤ ᠮᠧᠲᠷ ᠡᠷᠭᠦᠭᠳᠡᠵᠤ᠂ ᠠᠭᠤᠯᠠ ᠶᠢᠨ ᠤᠷᠤᠢ ᠨᠢ ᠲᠡᠭ | ᠲᠤᠮᠳᠠᠭᠤᠷ ᠢᠶᠠᠨ ᠵᠡᠬᠦᠨ ᠬᠤᠶᠢᠰᠢ ᠪᠠᠷᠠᠭᠤᠨ ᠡᠮᠤᠨᠡᠰᠢ ᠰᠡᠳᠡᠷᠭᠡᠢ ᠲᠠᠢ ᠪᠠᠶᠢᠵᠤ᠂ ᠶᠠᠭ ᠯᠠ ᠲᠡᠮᠡᠬᠡᠨ ᠠᠴᠢᠶ᠎ᠠ ᠰᠢᠭ᠋ | ᠬᠠᠷᠠᠭᠳᠠᠬᠤ ᠪᠠᠷ ᠠᠴᠢᠮᠠᠭ ᠬᠡᠵᠤ ᠨᠡᠷᠡᠶᠢᠳᠴᠠᠢ ᠬᠡᠵᠤ ᠵᠡᠷᠢᠮ ᠬᠦᠮᠤᠰ ᠬᠡᠯᠡᠯᠴᠡᠳᠡᠭ ᠶᠤᠮ᠃ ᠪᠠᠰᠠ ᠵᠠᠷᠢᠮ ᠬᠦᠮᠤᠨ | ᠬᠦᠷᠢᠶ᠎ᠡ ᠬᠡᠰᠡᠷ ᠮᠠᠩᠭᠤᠰ ᠢ ᠲᠠᠷᠤᠬᠤ ᠪᠠᠷ ᠬᠡᠴᠤᠨᠠᠨ ᠡᠳᠦᠷ ᠪᠠᠶᠢᠯᠳᠤᠵᠤ ᠡᠴᠤᠰ ᠲᠡᠭᠡᠨ ᠮᠠᠩᠭᠤᠰ ᠲᠠᠷᠤᠭᠳᠠᠵᠤ | ᠲᠤᠳᠠᠭᠠᠬᠤ ᠳᠤ ᠬᠡᠰᠡᠷ ᠵᠡᠪᠡ ᠤᠨᠢᠯᠠᠨ ᠬᠠᠷᠪᠤᠬᠤ ᠳᠤ ᠲᠡᠷᠡ ᠵᠡᠪᠡ ᠨᠢ ᠶᠠᠭ ᠰᠠᠶᠢᠬᠠᠨ ᠠᠴᠢᠮᠠᠭ ᠠᠭᠤᠯᠠᠨ ᠤ | ᠲᠡᠭᠡᠭᠦᠷ ᠭᠠᠷᠴᠤ᠂ ᠠᠭᠤᠯᠠᠨ ᠤᠷᠤᠢ ᠰᠡᠳᠡᠷᠬᠦ ᠶᠢᠨ ᠲᠠᠭᠠᠤ ᠠᠭᠤᠯᠠᠨ ᠴᠠᠭᠠᠨ᠎ᠠ ᠪᠠᠶᠢᠭᠰᠠᠨ ᠮᠠᠩᠭᠤᠰ ᠢ ᠤᠨᠤᠵᠤ᠂ | ᠮᠠᠩᠭᠤᠰ ᠲᠠᠷᠤᠭᠳᠠᠯᠠ ᠭᠡᠳᠡᠭ᠃ ᠠᠴᠢᠮᠠᠭ ᠠᠭᠤᠯᠠ ᠳᠤ ᠡᠶᠢᠮᠤ ᠤᠯᠠᠨ ᠰᠠᠶᠢᠬᠠᠨ ᠦᠯᠢᠬᠡᠷ ᠲᠤᠮᠤᠭ ᠪᠠᠶᠢᠯ᠎ᠠ ᠴᠤ | ᠬᠡᠰᠡᠨ ᠬᠠᠷᠢᠨ ᠤᠳᠤᠬᠢ ᠠᠴᠢᠮᠠᠭ ᠠᠭᠤᠯᠠ ᠰᠢᠭ᠋ ᠨᠡᠷ᠎ᠡ ᠭᠠᠷᠴᠤ ᠴᠢᠳᠠᠬᠤ ᠦᠭᠡᠢ ᠪᠠᠶᠢᠵᠤ ᠲᠠᠭᠠᠷᠠᠨ᠎ᠠ᠃ | 1970 ᠤᠨ ᠳᠤ ᠬᠦᠷᠢᠶ᠎ᠡ ᠬᠤᠰᠢᠭᠤ ᠠᠴᠢᠮᠠᠭ ᠠᠭᠤᠯᠠᠨ ᠲᠡᠭᠡᠷ᠎ᠡ ᠦᠨᠳᠦᠷ ᠲᠡᠮᠤᠷ ᠰᠤᠪᠤᠷᠭ᠎ᠠ ᠪᠤᠰᠬᠠᠵᠤ᠂ | ᠲᠦᠪ ᠤᠷᠤᠨ ᠠᠶᠢᠮᠠᠭ ᠪᠠ ᠬᠤᠰᠢᠭᠤᠨ ᠤ ᠷᠠᠳᠢᠤ᠋ ᠶᠢ ᠲᠠᠮᠵᠢᠭᠤᠯᠵᠤ ᠪᠦᠬᠦ ᠬᠤᠰᠢᠭᠤ ᠪᠤᠶᠤ ᠵᠡᠷᠭᠡᠯᠳᠡᠭᠡ ᠬᠤᠰᠢᠭᠤ | ᠰᠢᠶᠠᠨ ᠦᠷᠭᠡᠨ ᠤᠯᠠᠨ ᠰᠤᠨᠤᠰᠤᠭᠴᠢᠳ ᠲᠤ ᠲᠦᠬᠦᠮ ᠦᠵᠡᠬᠦᠯᠵᠡᠢ᠃ ᠡᠨᠡ ᠨᠢ ᠪᠦᠬᠦᠶᠢᠯᠡ ᠵᠢᠷᠢᠮ ᠠᠶᠢᠮᠠᠭ | ᠲᠠᠷᠤᠢ ᠲᠦᠩᠯᠢᠶᠤᠤ ᠬᠤᠳᠠ ᠳᠤ ᠬᠠᠮᠤᠭ ᠦᠨᠳᠦᠷ ᠲᠤ ᠪᠠᠶᠢᠷᠢᠯᠠᠵᠤ ᠪᠠᠶᠢᠭ᠎ᠠ ᠷᠠᠳᠢᠤ᠋ ᠲᠠᠮᠵᠢᠭᠤᠯᠬᠤ ᠦᠷᠳᠡᠭᠡ | ᠪᠤᠯᠬᠤ ᠶᠤᠮ᠃ ᠤᠳᠤ ᠪᠤᠯᠬᠤ ᠳᠤ ᠤᠯᠠᠮ ᠬᠦᠭᠵᠢᠵᠤ᠂ ᠲᠦᠪ ᠤᠨ ᠷᠠᠳᠢᠤ᠋ ᠲᠧᠯᠸᠢᠰ ᠠᠴᠠ ᠡᠯ᠎ᠡ ᠮᠤᠵᠢ ᠬᠤᠳᠠ | ᠪᠠ ᠦᠪᠦᠷ ᠮᠤᠩᠭᠤᠯ ᠤᠷᠤᠨ᠂ ᠲᠦᠩᠯᠢᠶᠤᠤ᠂ ᠬᠦᠷᠢᠶ᠎ᠡ ᠬᠤᠰᠢᠭᠤᠨ ᠤ ᠷᠠᠳᠢᠤ᠋ ᠲᠧᠯᠸᠢᠰ ᠪᠦᠬᠦᠨ ᠢ ᠲᠠᠮᠵᠢᠭᠤᠯᠵᠤ | ᠴᠢᠳᠠᠬᠤ ᠴᠢᠳᠠᠮᠵᠢ ᠲᠠᠢ ᠲᠠᠮᠵᠢᠭᠤᠯᠬᠤ ᠦᠷᠳᠡᠭᠡ ᠪᠤᠯᠤᠭᠰᠠᠨ ᠪᠠᠶᠢᠨ᠎ᠠ᠃ |