ᠬᠦᠷᠢᠶ᠎ᠡ ᠬᠤᠰᠢᠭᠤᠨ ᠤ ᠭᠤᠤᠯ ᠲᠤᠮᠳᠠᠭᠤᠷ ᠤᠷᠤᠰᠴᠤ ᠪᠠᠶᠢᠭ᠎ᠠ ᠭᠤᠤᠯ ᠢ ᠵᠠᠷᠢᠮ ᠬᠦᠮᠤᠨ ᠬᠦᠷᠢᠶ᠎ᠡ ᠭᠤᠤᠯ | ᠭᠡᠳᠡᠭ᠂ ᠦᠨᠡᠨᠳᠡᠭᠡᠨ ᠬᠦᠷᠢᠶ᠎ᠡ ᠬᠤᠰᠢᠭᠤ ᠶᠢ ᠶᠠᠭ ᠲᠤᠮᠳᠠᠭᠤᠷ ᠨᠢ ᠬᠠᠭᠠᠰᠯᠠᠵᠤ ᠪᠠᠶᠢᠭ᠎ᠠ ᠨᠢ ᠶᠠᠩᠰᠢᠪ ᠤᠨ ᠭᠤᠤᠯ | ᠪᠤᠯᠬᠤ ᠶᠤᠮ ᠰᠢᠤ᠃ ᠶᠠᠩᠰᠢᠪ ᠤᠨ ᠭᠤᠤᠯ ᠬᠡᠭᠴᠢ ᠬᠦᠷᠢᠶ᠎ᠡ ᠬᠤᠰᠢᠭᠤᠨ ᠤ ᠬᠠᠮᠤᠭ ᠡᠭᠡ ᠭᠤᠤᠯ ᠪᠤᠯᠬᠤ ᠪᠦᠭᠡᠳ | ᠤᠳᠤ ᠪᠤᠯᠳᠠᠯ᠎ᠠ ᠤᠷᠤᠰᠴᠤ ᠪᠠᠶᠢᠭ᠎ᠠ ᠭᠤᠤᠯ ᠪᠤᠯᠤᠨ᠎ᠡ᠃ ᠶᠠᠩᠰᠢᠪ ᠤᠨ ᠭᠤᠤᠯ ᠬᠦᠷᠢᠶ᠎ᠡ ᠬᠤᠰᠢᠭᠤᠨ ᠤ ᠬᠡᠤᠬᠡᠨ | ᠪᠠᠯᠭᠠᠰᠤ ᠶᠢᠨ ᠳᠠᠯᠠᠨ ᠪᠤᠯᠠᠭ ᠠᠭᠤᠯᠠ ᠠᠴᠠ ᠡᠬᠢ ᠠᠪᠴᠤ᠂ ᠬᠡᠤᠭᠡᠨ ᠪᠠᠯᠭᠠᠰᠤ᠂ ᠵᠢᠷᠭᠤᠭᠠᠨ ᠭᠡᠷ ᠪᠠᠯᠭᠠᠰᠤ᠂ | ᠬᠠᠷᠭᠤᠤ᠂ ᠬᠦᠷᠢᠶ᠎ᠡ ᠪᠠᠯᠭᠠᠰᠤ ᠵᠡᠷᠭᠡ ᠰᠤᠮᠤ ᠪᠠᠯᠭᠠᠰᠤ ᠶᠢ ᠲᠠᠭᠠᠷᠢᠵᠤ᠂ ᠬᠤᠵᠢᠷ ᠤᠨ ᠭᠤᠤᠯ᠂ ᠴᠠᠭᠠᠨ ᠭᠤᠤᠯ᠂ | ᠲᠤᠯᠤᠭᠠᠳᠤ ᠭᠤᠤᠯ᠂ ᠰᠢᠪᠡᠭᠡ ᠭᠤᠤᠯ ᠵᠡᠷᠭᠡ ᠰᠠᠯᠠᠭ᠎ᠠ ᠤᠷᠤᠰᠬᠠᠯ ᠲᠠᠢ ᠪᠠᠶᠢᠵᠤ᠂ ᠭᠤᠷᠪᠠᠨ ᠭᠡᠷ ᠲᠤ ᠬᠡᠤᠬᠡᠨ | ᠭᠤᠤᠯ ᠲᠠᠢ ᠤᠷᠤᠰᠬᠠᠯ ᠨᠡᠶᠢᠯᠡᠵᠤ ᠰᠢᠷᠠᠮᠦ᠋ᠷᠡᠨ ᠪᠠ ᠯᠢᠤ ᠾᠧ ᠭᠤᠤᠯ ᠲᠠᠢ ᠨᠡᠶᠢᠯᠡᠭᠡᠳ ᠪᠦᠸᠧᠬᠠᠢ ᠲᠠᠩᠬᠢᠰ ᠲᠤ | ᠴᠢᠳᠬᠤᠵᠤ ᠪᠠᠶᠢᠭ᠎ᠠ ᠭᠤᠤᠯ ᠪᠤᠯᠤᠨ᠎ᠠ᠃ ᠪᠦᠬᠦ ᠤᠷᠳᠤ ᠨᠢ 110 ᠺᠢᠯᠤᠮᠧᠲᠷ᠂ ᠪᠦᠬᠦ ᠰᠠᠪᠠ ᠤᠷᠤᠰᠬᠠᠯ ᠨᠢ | 825 ᠲᠡᠭᠰᠢ ᠲᠦᠷᠪᠡᠯᠵᠢᠨ ᠺᠢᠯᠤᠮᠧᠲᠷ ᠭᠠᠵᠠᠷ ᠢ ᠡᠵᠡᠯᠡᠵᠤ᠂ 30 — 200 ᠮᠧᠲᠷ ᠦᠷᠭᠡᠨ ᠪᠠᠶᠢᠵᠤ᠂ ᠵᠢᠯ | ᠳᠤ 1.1 ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠤᠰᠤ ᠶᠢ ᠪᠥᠸᠧᠬᠠᠢ ᠲᠠᠩᠬᠢᠰ ᠲᠤ ᠬᠦᠷᠭᠡᠵᠤ ᠪᠠᠶᠢᠭ᠎ᠠ | ᠪᠦᠬᠡᠳ ᠡᠪᠤᠯ ᠤᠨ ᠮᠦᠰᠤᠳᠤᠯᠬᠡ ᠶᠢᠨ ᠬᠤᠭᠤᠴᠠᠭ᠎ᠠ ᠰᠠᠶ᠋ᠢ 4 ᠰᠠᠷ᠎ᠠ ᠪᠠᠶᠢᠳᠠᠭ ᠭᠤᠤᠯ ᠪᠤᠯᠤᠨ᠎ᠠ᠃ |