ᠬᠤᠨᠢ᠂ ᠢᠮᠠᠭ᠎ᠠ᠂ ᠨᠤᠬᠠᠢ᠂ ᠡᠯᠵᠢᠬᠡ ᠠᠷᠠᠴᠢᠯᠠᠵᠦ ᠲᠡᠵᠢᠬᠡᠭᠦ ᠵᠠᠩ ᠦᠢᠯᠡ
ᠨᠡᠶᠢᠲᠡᠯᠡᠭᠰᠡᠨ ᠴᠠᠭ᠄
2020-05-25
   ᠭᠦᠷᠢᠶ᠎ᠡ ᠮᠤᠩᠭᠤᠯᠴᠤᠳ ᠬᠤᠨᠢ ᠢᠮᠠᠭ᠎ᠠ ᠶᠢ ᠬᠠᠮᠤᠭ ᠤᠨ ᠤᠯᠠᠨ ᠠᠷᠠᠴᠢᠯᠠᠨ ᠲᠡᠵᠢᠬᠡᠵᠦ᠂ ᠤᠤᠯ ᠳᠤ ᠪᠠᠨ ᠬᠡᠷ ᠪᠤᠯᠭᠠᠨ ᠪᠠᠰᠠ ᠨᠤᠬᠠᠢ ᠲᠡᠵᠢᠬᠡᠵᠦ ᠪᠠᠶᠢᠵᠠᠢ᠃    ᠨᠢᠬᠡ   ᠬᠤᠨᠢ᠂ ᠢᠮᠠᠭ᠎ᠠ ᠠᠷᠠᠴᠢᠯᠠᠬᠤ ᠵᠠᠩ ᠦᠢᠯᠡ    ᠭᠦᠷᠢᠶ᠎ᠡ ᠨᠤᠳᠤᠭ ᠲᠤ ᠬᠤᠨᠢ ᠢᠮᠠᠭ᠎ᠠ ᠶᠢ ᠨᠠᠶᠢᠯᠠᠭᠦᠯᠵᠦ ᠬᠠᠷᠢᠭᠤᠯᠤᠭᠰᠠᠭᠠᠷ ᠢᠷᠡᠵᠠᠢ᠃ ᠬᠤᠨᠢ ᠢᠮᠠᠭ᠎ᠠ ᠶᠢ 150 — 200 ᠲᠤᠯᠤᠭᠠᠢ ᠶᠢ ᠨᠢᠬᠡ ᠰᠦᠷᠦᠭ ᠪᠤᠯᠭᠠᠵᠦ ᠨᠢᠬᠡ ᠭᠦᠮᠦᠨ ᠵᠢᠯ ᠤᠨ ᠲᠦᠷᠪᠡᠨ ᠤᠯᠠᠷᠢᠯ ᠲᠠᠭᠠᠵᠦ ᠬᠠᠷᠢᠭᠤᠯᠤᠨ᠎ᠠ᠃ ᠬᠠᠪᠤᠷ᠂ ᠵᠤᠨ᠂ ᠨᠠᠮᠤᠷ ᠤᠨ ᠤᠯᠠᠷᠢᠯ ᠳᠤ ᠬᠤᠨᠢ ᠢᠮᠠᠭ᠎ᠠ ᠶᠢ ᠬᠤᠳᠳᠠᠭ ᠲᠡᠬᠡᠷ᠎ᠡ ᠤᠰᠤᠯᠠᠬᠤ ᠪᠤᠶᠦ ᠨᠠᠭᠤᠷ ᠤᠨ ᠤᠰᠤᠨ ᠳᠤ ᠤᠰᠤᠯᠠᠨ᠎ᠠ᠃ ᠡᠪᠤᠯ ᠤᠨ ᠤᠯᠠᠷᠢᠯ ᠳᠤ ᠬᠤᠨᠢᠴᠢᠨ ᠡᠳᠦᠷ ᠡᠳᠦᠷ ᠬᠤᠳᠳᠤᠭ ᠲᠡᠬᠡᠷ᠎ᠡ ᠤᠴᠢᠵᠦ ᠬᠤᠨᠢ ᠢᠮᠠᠭ᠎ᠠ ᠪᠠᠨ ᠤᠰᠤᠯᠠᠨ᠎ᠠ᠃    ᠬᠤᠨᠢ ᠢᠮᠠᠭᠠᠨ ᠤ ᠲᠦᠯ ᠲᠤᠰᠬᠤ ᠳᠤ ᠬᠠᠩᠰᠢ ᠶᠢᠨ ᠡᠷᠳᠠ ᠤᠷᠤᠢ ᠶᠢᠨ ᠪᠠᠶᠢᠳᠠᠯ ᠢ ᠦᠨᠳᠦᠰᠦᠯᠡᠵᠦ᠂ ᠨᠠᠮᠤᠷ  ᠤᠨ ᠰᠡᠭᠦᠯ ᠠᠴᠠ ᠡᠪᠤᠯ ᠤᠷᠤᠳᠠᠯ᠎ᠠ 10 — 12 ᠳ᠋ᠤᠭᠠᠷ ᠰᠠᠷ᠎ᠠ ᠳᠤ ᠠᠳᠠᠯᠢ ᠪᠤᠰᠤ ᠪᠠᠶᠢᠳᠠᠯ ᠲᠠᠢ ᠪᠠᠷ ᠭᠦᠭ ᠲᠠᠯᠪᠢᠵᠦ᠂ ᠬᠤᠴᠠ ᠤᠬᠤᠨ᠎ᠠ ᠶᠢ ᠰᠦᠷᠦᠭ ᠲᠤ ᠨᠡᠶᠢᠯᠡᠭᠦᠯᠦᠨ᠎ᠡ᠃ ᠬᠤᠨᠢ ᠪᠤᠯ ᠪᠢᠯᠢᠭ ᠤᠨ ᠤᠯᠠᠷᠢᠯ ᠤᠨ 3 ᠳ᠋ᠤᠭᠠᠷ ᠰᠠᠷ᠎ᠠ ᠶᠢᠨ ᠡᠬᠢ ᠪᠠᠷ ᠲᠦᠯᠯᠡᠵᠦ ᠡᠬᠢᠯᠡᠨ᠎ᠡ᠃    ᠬᠤᠨᠢ ᠢᠮᠠᠭ᠎ᠠ ᠶᠢ ᠪᠢᠯᠢᠭ ᠤᠨ ᠤᠯᠠᠷᠢᠯ ᠤᠨ 3 ᠳ᠋ᠤᠭᠠᠷ ᠰᠠᠷ᠎ᠠ ᠶᠢᠨ ᠰᠢᠨᠡᠳ ᠠᠴᠠ ᠡᠬᠢᠯᠡᠵᠦ ᠬᠠᠶᠢᠴᠢᠯᠠᠨ᠎ᠠ᠃    ᠬᠤᠨᠢ ᠢᠮᠠᠭ᠎ᠠ ᠶᠢ ᠨᠠᠮᠤᠷ ᠲᠤᠰᠤᠨ ᠲᠠᠷᠭᠤ ᠠᠪᠤᠭᠰᠠᠨ ᠤ ᠰᠡᠭᠦᠯᠡᠷ ᠠᠯᠠᠵᠦ ᠢᠳᠡᠳᠡᠭ ᠨᠢ ᠤᠯᠠᠨ᠃ ᠦᠩᠬᠡᠷᠡᠭᠰᠡᠨ ᠳᠤ ᠶᠠᠳᠠᠭᠤ ᠡᠷᠦᠬᠡ ᠡᠪᠤᠯ ᠤᠨ ᠢᠳᠡᠰᠢᠨ ᠳᠤ ᠪᠠᠨ 1 — 2 ᠢᠮᠠᠭ᠎ᠠ ᠠᠯᠠᠳᠠᠭ᠃ ᠪᠠᠶᠠᠴᠤᠳ ᠡᠪᠤᠯ ᠤᠨ ᠢᠳᠡᠰᠢᠨ ᠳᠤ ᠪᠠᠨ 10 — 20 ᠬᠤᠨᠢ ᠢᠮᠠᠭ᠎ᠠ ᠠᠯᠠᠵᠦ ᠨᠦᠬᠡᠴᠡᠯᠡᠵᠦ ᠲᠠᠯᠪᠢᠳᠠᠭ᠃   ᠬᠤᠶᠠᠷ    ᠨᠤᠬᠠᠢ ᠲᠡᠵᠢᠬᠡᠭᠦ ᠵᠠᠩ ᠦᠢᠯᠡ    ᠨᠤᠬᠠᠢ ᠪᠤᠯ ᠭᠦᠷᠢᠶ᠎ᠡ ᠮᠤᠩᠭᠤᠯᠴᠤᠳ ᠤᠨ ᠮᠠᠯᠵᠢᠯ ᠪᠤᠶᠦ ᠠᠩᠨᠠᠯ ᠤᠨ ᠠᠮᠢᠳᠤᠷᠠᠯ ᠳᠤ ᠲᠤᠳᠠᠭᠳᠠᠵᠦ ᠪᠤᠯᠤᠭᠰᠢ ᠦᠬᠡᠢ ᠬᠡᠷ ᠤᠨ ᠲᠡᠵᠢᠬᠡᠪᠦᠷᠢ ᠪᠤᠯᠤᠭᠰᠠᠭᠠᠷ ᠢᠷᠡᠵᠡᠢ᠃    ᠦᠩᠬᠡᠷᠡᠭᠰᠡᠨ ᠳᠤ᠂ ᠭᠦᠷᠢᠶ᠎ᠡ ᠨᠤᠳᠤᠭ ᠲᠤ ᠬᠡᠷ ᠬᠡᠷ ᠨᠤᠬᠠᠢ ᠲᠡᠵᠢᠬᠡᠳᠡᠭ᠂ ᠶᠠᠳᠠᠭᠤ ᠨᠢ ᠨᠢᠬᠡ᠂ ᠤᠯᠠᠩᠬᠢ ᠬᠡᠷ ᠨᠢ ᠬᠤᠶᠠᠷ ᠭᠤᠷᠪᠠ ᠲᠡᠵᠢᠬᠡᠵᠦ᠂ ᠪᠠᠶᠠᠴᠤᠳ ᠪᠤᠯ ᠪᠠᠭ᠋ᠠᠨ ᠤᠯᠠᠨ ᠨᠤᠬᠠᠢ ᠲᠡᠵᠢᠬᠡᠨ᠎ᠡ᠃    ᠨᠤᠬᠠᠢ ᠠᠷᠪᠠᠨ ᠲᠤᠯᠤᠭ᠎ᠠ ᠨᠠᠢᠮᠠᠨ ᠨᠠᠰᠤᠯᠠᠨ᠎ᠠ᠃ ᠦᠳᠡᠯᠦᠬᠡᠳ ᠰᠢᠳᠦ ᠨᠢ ᠤᠨᠠᠭᠰᠠᠭᠠᠷ ᠬᠡᠷᠡᠭ ᠦᠬᠡᠢ ᠪᠤᠯᠴᠢᠬᠠᠨ᠎ᠠ᠃    ᠨᠤᠬᠠᠢ ᠶᠢ ᠭᠤᠤᠯ ᠨᠢ ᠮᠤᠩᠭᠤᠯ ᠪᠤᠳᠠᠭᠠᠨ ᠤ ᠨᠠᠷᠢᠨ ᠠᠭᠠᠭ ᠢᠶᠠᠷ ᠲᠡᠵᠢᠬᠡᠨ᠎ᠡ᠃ ᠪᠦᠳᠦᠭᠦᠨ ᠠᠭᠠᠭ ᠢᠶᠠᠷ ᠨᠢ ᠲᠡᠵᠢᠬᠡᠪᠡᠯ  ᠭᠦᠶᠦᠵᠦ ᠲᠡᠶᠢᠯᠭᠦ ᠦᠬᠡᠢ ᠪᠤᠯᠴᠢᠬᠠᠨ᠎ᠠ ᠬᠡᠳᠡᠭ᠃ ᠠᠪᠠ ᠳᠤ ᠭᠦᠶᠦᠯᠬᠡᠭᠦ ᠳᠤ ᠪᠠᠨ ᠰᠢᠷ᠎ᠠ ᠲᠤᠰᠤᠳᠠᠢ ᠬᠠᠭᠤᠷᠠᠢ ᠪᠤᠳᠠᠭ᠎ᠠ ᠪᠠᠷ ᠲᠡᠵᠢᠬᠡᠨ᠎ᠡ᠃    ᠨᠤᠬᠠᠢ ᠶᠢᠨ ᠡᠭᠦᠷ ᠢ ᠴᠤᠩᠬᠤᠨ ᠲᠤᠤᠷ᠎ᠠ ᠪᠠᠨ ᠪᠠᠷᠢᠳᠠᠭ᠃ ᠨᠤᠬᠠᠢ ᠶᠢᠨ ᠢᠶᠠᠨ ᠤᠯᠠᠨ ᠴᠦᠬᠡᠨ ᠢ ᠦᠨᠳᠦᠰᠦᠯᠡᠵᠦ᠂ ᠨᠢᠬᠡ ᠨᠤᠬᠠᠢ ᠳᠤ ᠨᠢᠬᠡ ᠳ᠋ᠦᠩᠽᠢ ᠲᠠᠭᠠᠷᠠᠭᠤᠯᠵᠦ ᠪᠠᠷᠢᠨ᠎ᠠ᠃ ᠬᠡᠪᠡᠴᠦ ᠨᠤᠬᠠᠢ ᠶᠡᠬᠡᠩᠬᠢ ᠴᠠᠭ  ᠲᠤ ᠲᠦᠯᠡᠬᠡᠨ ᠤᠪᠤᠭ᠎ᠠ᠂ ᠡᠪᠡᠰᠦᠨ ᠤᠪᠤᠭᠠᠨ ᠲᠡᠬᠡᠷ᠎ᠡ ᠬᠡᠪᠳᠡᠵᠦ ᠬᠤᠯᠠ ᠦᠢᠷ᠎ᠠ ᠶᠢᠨ ᠴᠢᠮᠡᠭᠡ ᠢᠮᠡᠭᠡ ᠶᠢ ᠴᠢᠩᠨᠠᠵᠦ ᠪᠠᠶᠢᠳᠠᠭ᠃    ᠭᠤᠷᠪᠠ   ᠡᠯᠵᠢᠬᠡ ᠲᠡᠵᠢᠬᠡᠭᠦ ᠵᠠᠩ ᠦᠢᠯᠡ    ᠡᠯᠵᠢᠬᠡ ᠪᠤᠯ ᠭᠦᠷᠢᠶ᠎ᠡ ᠨᠤᠳᠤᠭ ᠤᠨ ᠦᠪᠡᠷᠮᠢᠴᠡ ᠤᠨᠴᠠᠯᠢᠭᠳᠦ ᠬᠡᠷ ᠤᠨ ᠲᠡᠵᠢᠬᠡᠪᠦᠷᠢ ᠶᠤᠮ᠃ ᠭᠦᠷᠢᠶ᠎ᠡ ᠨᠤᠳᠤᠭ ᠲᠤ ︽ᠰᠠᠶᠢᠨ ᠤᠨᠤᠭ᠎ᠠ ᠨᠢ ᠰᠠᠭᠠᠷᠠᠯ ᠡᠯᠵᠢᠬᠡ᠂ ᠰᠠᠶᠢᠨ ᠢᠳᠡᠬᠡᠨ ᠨᠢ ᠰᠠᠭᠠᠭ ᠤᠨ ᠭᠤᠯᠢᠷ︾ ᠬᠡᠵᠦ ᠤᠨᠤᠭᠠᠭᠰᠠᠨ ᠬᠠᠪᠤᠳᠦ ᠦᠬᠡ ᠪᠠᠶᠢᠳᠠᠭ᠃ ᠭᠦᠷᠢᠶ᠎ᠡ ᠶᠢᠨ ᠭᠤᠤ ᠭᠠᠩᠭ᠎ᠠ᠂ ᠡᠯᠡᠰᠦ ᠮᠠᠩᠬᠠᠨ ᠭᠠᠵᠠᠷ ᠤᠨ ᠤᠷᠴᠢᠨ  ᠳᠤ ᠡᠯᠵᠢᠬᠡ ᠤᠨᠤᠭ᠎ᠠ ᠭᠦᠯᠦᠰᠢᠨ ᠤ ᠵᠠᠷᠤᠳᠠᠯ ᠦᠢᠯᠡᠳᠦᠯ ᠢᠶᠠᠷ ᠲᠤᠩ ᠠᠴᠢ ᠲᠤᠰᠠ ᠲᠠᠢ ᠪᠠᠶᠢᠵᠠᠢ᠃    ᠡᠯᠵᠢᠬᠡ ᠪᠤᠯ ᠡᠳ᠋ᠯᠡᠭᠦ ᠳᠤ ᠠᠮᠠᠷᠬᠠᠨ᠂ ᠢᠳᠡᠭᠦ ᠨᠢ ᠪᠠᠭ᠎ᠠ᠂ ᠲᠠᠭᠠᠭᠠᠴᠠ ᠲᠡᠰᠪᠦᠷᠢᠳᠠᠢ᠂ ᠪᠦᠬᠡ ᠲᠠᠮᠢᠷᠯᠢᠭ ᠤᠨᠴᠠᠯᠢᠭ ᠲᠠᠢ ᠪᠤᠯᠬᠤᠷ ᠡᠷᠦᠬᠡ ᠬᠡᠷ ᠤᠨ ᠠᠮᠢᠳᠤᠷᠠᠯ ᠳᠤ ᠬᠡᠷᠡᠭᠴᠡᠭᠡ ᠶᠡᠬᠡᠳᠠᠢ ᠲᠤᠳᠠᠭᠳᠠᠵᠦ ᠪᠤᠯᠤᠰᠢ ᠦᠬᠡᠢ ᠬᠡᠷ  ᠤᠨ ᠲᠡᠵᠢᠬᠡᠪᠦᠷᠢ ᠪᠤᠯᠵᠦ ᠪᠠᠶᠢᠪᠠ᠃ ᠭᠦᠷᠢᠶ᠎ᠡ ᠨᠤᠳᠤᠭ ᠤᠨ ᠮᠤᠩᠭᠤᠯᠴᠤᠳ ᠡᠷᠦᠬᠡ ᠬᠡᠷ ᠪᠦᠷᠢ ᠡᠯᠵᠢᠬᠡ ᠲᠡᠵᠢᠬᠡᠵᠦ ᠪᠠᠶᠢᠵᠠᠢ᠃    ᠡᠯᠵᠢᠬᠡ ᠶᠢ ᠤᠨᠤᠬᠤ᠂ ᠲᠡᠷᠬᠡᠨ ᠳᠤ ᠭᠦᠯᠭᠦ᠂ ᠠᠴᠢᠶ᠎ᠡ ᠲᠡᠬᠡᠬᠡᠪᠦᠷᠢ ᠳᠤ ᠬᠡᠷᠡᠭᠯᠡᠭᠦ ᠬᠡᠭᠦ ᠮᠠᠳᠦ ᠪᠠᠷ ᠤᠯᠠᠨ ᠵᠠᠷᠤᠳᠠᠯ ᠳᠤ ᠬᠡᠷᠡᠭᠯᠡᠭᠦ ᠳᠤ ᠲᠦᠭᠦᠮ ᠲᠦᠳᠠ ᠪᠠᠶᠢᠳᠠᠭ᠃    ᠭᠦᠷᠢᠶ᠎ᠡ ᠡᠯᠵᠢᠬᠡ ᠪᠤᠯ ᠲᠤᠰᠬᠠᠢ ᠮᠡᠷᠬᠡᠵᠢᠯ ᠤᠨ ᠬᠢᠨᠠᠨ ᠲᠤᠭᠳᠠᠭᠠᠯᠳᠠ ᠪᠠᠷ ᠨᠤᠳᠠᠯᠠᠭᠳᠠᠭᠰᠠᠨ ᠦᠪᠡᠷᠮᠢᠴᠡ ᠤᠨᠴᠠᠯᠢᠭ ᠲᠠᠢ ᠤᠷᠤᠨ ᠨᠤᠳᠤᠭ ᠤᠨ ᠡᠯᠵᠢᠬᠡ ᠶᠢᠨ ᠨᠢᠬᠡ ᠲᠦᠷᠦᠯ ᠪᠤᠯᠬᠤ ᠶᠤᠮ᠃ᠠᠰᠢᠭᠯᠠᠭᠰᠠᠨ ᠨᠤᠮ    ᠭᠦᠷᠡᠯᠱᠠ ᠡᠷᠬᠢᠯᠡᠨ ᠨᠠᠶᠢᠷᠠᠭᠤᠯᠪᠠ᠄ ︽ᠬᠤᠷᠴᠢᠨ ᠵᠠᠩ ᠦᠢᠯᠡ ᠶᠢᠨ ᠰᠤᠶᠤᠯ ᠰᠤᠳᠤᠯᠤᠯ︾ ︵ᠲᠦᠷᠪᠡᠳᠦᠬᠡᠷ ᠪᠦᠯᠦᠭ︶᠂ ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠬᠡᠪᠯᠡᠯ ᠤᠨ ᠬᠤᠷᠢᠶ᠎ᠠ᠂  203 ᠤᠨ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号