ᠦᠬᠡᠷ ᠢ ᠭᠦᠷᠢᠶ᠎ᠡ ᠨᠤᠳᠤᠭ ᠳᠤ ᠮᠠᠯ ᠬᠡᠵᠦ ᠴᠦ ᠨᠠᠷᠠᠯᠡᠳᠡᠭ᠃ ᠮᠠᠯ ᠢ ᠨᠢᠬᠡ ᠰᠦᠷᠦᠭ ᠢᠶᠠᠷ ᠲᠤᠰᠬᠠᠢ | ᠬᠠᠷᠢᠭᠤᠯᠵᠦ ᠬᠠᠪᠤᠷ᠂ ᠵᠤᠨ᠂ ᠨᠠᠮᠤᠷ ᠤᠨ ᠲᠠᠷᠢᠶᠠᠨ ᠤ ᠤᠯᠠᠷᠢᠯ ᠳᠤ ᠰᠦᠷᠦᠭ ᠢᠶᠠᠷ ᠬᠠᠷᠢᠭᠤᠯᠤᠨ᠎ᠠ᠃ | ᠦᠬᠡᠷ ᠰᠤᠷᠭᠠᠬᠤ ᠳᠤ ᠭᠤᠷᠪᠠᠨ ᠨᠠᠰᠦ ᠪᠤᠶᠦ ᠲᠦᠷᠪᠡᠨ ᠨᠠᠰᠤᠨ ᠳᠤ ᠨᠢ ᠰᠤᠷᠭᠠᠵᠦ᠂ ᠲᠡᠷᠬᠡ᠂ ᠠᠨᠵᠢᠰᠤᠨ | ᠳᠤ ᠭᠦᠯᠯᠡᠵᠦ ᠰᠤᠷᠭᠠᠨ᠎ᠠ᠃ ᠬᠠᠪᠤᠷ ᠬᠠᠩᠰᠢ ᠪᠤᠯᠤᠭᠰᠠᠭᠠᠷ ᠦᠬᠡᠷ ᠰᠤᠷᠭᠠᠵᠦ ᠡᠬᠢᠯᠡᠨ᠎ᠡ᠃ ᠦᠬᠡᠷ ᠢ ᠲᠦᠷᠪᠡᠨ | ᠨᠠᠰᠤᠨ ᠠᠴᠠ ᠠᠷᠪᠠᠨ ᠭᠤᠷᠪᠠ᠂ ᠠᠷᠪᠠᠨ ᠲᠦᠷᠪᠡᠨ ᠨᠠᠰᠤᠯᠠᠳᠠᠯ᠎ᠠ ᠵᠠᠷᠤᠨ᠎ᠠ᠃ | ᠦᠨᠢᠶ᠎ᠡ ᠶᠢ ᠦᠴᠦᠬᠡᠨ ᠲᠦᠭᠦᠷᠡᠩ ᠬᠡᠭᠰᠡᠭᠡᠷ ᠰᠠᠭᠠᠵᠦ᠂ ᠮᠠᠯ ᠲᠠᠯᠪᠢᠳᠠᠯᠠ ᠰᠠᠭᠠᠳᠠᠭ᠃ ᠪᠠᠯᠴᠢᠬᠡᠷ ᠤᠰᠤ | ᠰᠠᠶᠢᠨ ᠵᠢᠯ᠂ ᠡᠪᠤᠯ ᠤᠨ ᠤᠯᠠᠷᠢᠯ ᠳᠤ ᠦᠨᠢᠶ᠎ᠡ ᠪᠠᠨ ᠬᠡᠷ ᠵᠠᠭᠤᠷ᠎ᠠ ᠪᠠᠨ ᠠᠪᠴᠦ ᠲᠡᠵᠢᠬᠡᠬᠡᠳ ᠰᠠᠭᠠᠵᠦ ᠢᠳᠡᠳᠡᠭ | ᠬᠡᠷ ᠴᠦ ᠪᠤᠢ᠃ | ᠪᠤᠬ᠎ᠠ ᠲᠠᠯᠪᠢᠬᠤ ᠳᠤ ᠪᠠᠨ ᠭᠤᠤᠯᠳᠠᠭᠤ ᠪᠡᠶ᠎ᠡ ᠪᠢᠯᠳᠠᠷ ᠢ ᠨᠢ ᠰᠢᠨᠵᠢᠯᠡᠵᠦ᠂ ᠲᠤᠭᠤᠯ ᠠᠴᠠ ᠨᠢ ᠰᠤᠩᠭᠤᠵᠦ | ᠲᠤᠭᠳᠠᠭᠠᠨ᠎ᠠ᠃ ᠪᠤᠬ᠎ᠠ ᠠᠴᠠ ᠪᠤᠰᠤᠳ ᠡᠷ᠎ᠡ ᠦᠬᠡᠷ ᠤᠨ ᠪᠦᠬᠡᠷ᠎ᠡ ᠶᠢ ᠪᠢᠷᠠᠭᠤ ᠲᠡᠬᠡᠷ᠎ᠡ ᠨᠢ ᠬᠠᠭᠠᠷᠢᠵᠦ ᠠᠪᠳᠠᠭ᠃ | ᠪᠢᠯᠢᠭ ᠤᠨ ᠤᠯᠠᠷᠢᠯ ᠤᠨ 3 ᠳ᠋ᠤᠭᠠᠷ ᠰᠠᠷ᠎ᠠ ᠶᠢᠨ ᠰᠢᠨᠡᠳ ᠬᠡᠪᠡᠯ ᠠᠪᠬᠤ ᠠᠷᠭ᠎ᠠ ᠨᠢ ᠦᠷᠢᠶ᠎ᠡ ᠴᠠᠭᠠᠯᠠᠬᠤ ᠲᠠᠢ | ᠦᠨᠳᠦᠰᠦᠨ ᠳᠤ ᠪᠠᠨ ᠠᠳᠠᠯᠢ᠃ ᠪᠢᠯᠢᠭ ᠤᠨ ᠤᠯᠠᠷᠢᠯ ᠤᠨ 10 ᠳ᠋ᠤᠭᠠᠷ ᠰᠠᠷ᠎ᠠ ᠶᠢᠨ 25 ᠤ ᠦᠶ᠎ᠡ ᠳᠤ ᠪᠢᠷᠠᠭᠤ᠂ | ᠦᠬᠡᠷ ᠢ ᠪᠦᠷ ᠲᠠᠮᠠᠭᠠᠯᠠᠳᠠᠭ᠃ ᠪᠢᠯᠢᠭ ᠤᠨ ᠤᠯᠠᠷᠢᠯ ᠤᠨ 10 ᠳ᠋ᠤᠭᠠᠷ ᠰᠠᠷ᠎ᠠ ᠶᠢᠨ 25 ᠤ ᠡᠳᠦᠷ ᠠᠴᠠ ᠯᠠ | ᠰᠠᠷ᠎ᠠ ᠶᠢᠨ ᠰᠢᠨᠡᠳ ᠪᠤᠯᠳᠠᠯ᠎ᠠ ᠡᠪᠤᠯ ᠤᠨ ᠭᠠᠭ᠋ᠠᠢ ᠠᠯᠠᠬᠤ ᠦᠶ᠎ᠡ ᠳᠤ᠂ ᠦᠬᠡᠷ ᠪᠤᠶᠦ ᠲᠠᠷᠭᠤ ᠰᠠᠶᠢᠳᠠᠢ ᠰᠤᠪᠠᠢ | ᠦᠨᠢᠶ᠎ᠡ ᠶᠢ ᠠᠯᠠᠵᠦ ᠡᠪᠤᠯ ᠤᠨ ᠢᠳᠡᠰᠢᠨ ᠳᠤ ᠪᠡᠯᠡᠳᠬᠡᠳᠡᠭ᠃ ᠪᠠᠰᠠ ᠦᠳᠡᠯᠵᠦ ᠭᠦᠭᠰᠢᠷᠡᠭᠰᠡᠨ ᠦᠬᠡᠷ ᠢ | ᠬᠤᠳᠠᠯᠳᠤᠳᠠᠭ ᠪᠤᠶᠦ ᠠᠯᠠᠰᠢᠨ ᠳᠤ ᠤᠷᠤᠭᠤᠯᠳᠠᠭ᠃ |