ᠲᠡᠮᠡᠭᠡ ᠠᠷᠠᠴᠢᠯᠠᠬᠤ ᠵᠠᠩ ᠦᠢᠯᠡ
ᠨᠡᠶᠢᠲᠡᠯᠡᠭᠰᠡᠨ ᠴᠠᠭ᠄
2020-04-16
   ᠭᠦᠷᠢᠶ᠎ᠡ ᠨᠤᠳᠤᠭ ᠲᠤ ᠦᠩᠬᠡᠷᠡᠭᠰᠡᠨ ᠳᠤ ᠪᠠᠨ ᠲᠡᠮᠡᠭᠡ ᠤᠯᠠᠨ ᠪᠠᠶᠢᠭᠰᠠᠨ ᠶᠤᠮ᠃ ᠲᠡᠮᠡᠭᠡ 12 ᠰᠠᠷ᠎ᠠ ᠭᠦᠢᠴᠡᠬᠡᠳ ᠰᠠᠶ᠋ᠢ ᠲᠦᠷᠦᠨ᠎ᠡ᠃ ᠤᠯᠠᠩᠬᠢ ᠳᠤ ᠪᠠᠨ ᠬᠤᠶᠠᠷ ᠠᠴᠠ ᠭᠤᠷᠪᠠ ᠶᠢᠰᠦ ᠶᠢᠨ ᠦᠶ᠎ᠡ ᠳᠤ ᠤᠷᠤᠭ᠎ᠠ ᠤᠷᠤᠵᠦ᠂ ᠲᠠᠷᠠᠭ᠎ᠠ ᠵᠢᠯ ᠤᠨ ᠬᠢᠨᠢ ᠶᠢᠰᠦᠨ ᠤ ᠭᠦᠢᠳᠡᠨ ᠳᠤ ᠲᠦᠷᠦᠨ᠎ᠡ᠃    ᠲᠡᠮᠡᠭᠡ ᠪᠤᠤᠷ᠎ᠠ ᠤᠷᠤᠬᠤ ᠦᠶ᠎ᠡ ᠳᠤ ᠲᠦᠴᠢ᠂ ᠲᠠᠪᠢ ᠬᠤᠨᠤᠭ ᠢᠳᠡᠭᠦ ᠦᠬᠡᠢ᠂ ᠤᠤᠭᠤᠬᠤ ᠦᠬᠡᠢ᠃ ᠡᠷ᠎ᠡ ᠲᠡᠮᠡᠭᠡ ᠰᠢᠳᠦᠯᠡᠩ ᠦᠶ᠎ᠡ ᠠᠴᠠ ᠪᠠᠨ ᠪᠤᠤᠷ᠎ᠠ ᠤᠷᠤᠵᠦ ᠡᠬᠢᠯᠡᠨ᠎ᠡ᠃ ᠲᠡᠮᠡᠭᠡ ᠶᠢ ᠪᠤᠤᠷ᠎ᠠ ᠤᠷᠤᠬᠤ ᠠᠴᠠ ᠨᠢ ᠡᠮᠦᠨ᠎ᠡ ᠠᠪᠴᠢᠷᠠᠵᠦ ᠲᠡᠵᠢᠬᠡᠨ᠎ᠡ᠃ ᠪᠤᠤᠷ᠎ᠠ ᠤᠷᠤᠭᠰᠠᠨ ᠲᠡᠮᠡᠭᠡ ᠶᠢ ᠪᠠᠷᠤᠭ ᠲᠠᠪᠤᠨ ᠰᠠᠷ᠎ᠠ ᠪᠤᠯᠳᠠᠯ᠎ᠠ ᠤᠶᠠᠵᠦ ᠲᠡᠵᠢᠬᠡᠨ᠎ᠡ᠃    ᠲᠡᠮᠡᠭᠡ ᠰᠤᠷᠭᠠᠬᠤ ᠳᠤ ᠪᠠᠨ ᠡᠮᠨᠢᠭ ᠲᠡᠮᠡᠭᠡ ᠶᠢ ᠦᠷᠦᠬᠡᠰᠦᠨ ᠬᠠ ᠳᠤ ᠨᠢ ᠤᠷᠭ᠎ᠠ ᠬᠠᠶᠠᠵᠦ ᠪᠠᠷᠢᠨ᠎ᠠ᠃ ᠲᠡᠮᠡᠭᠡ ᠶᠢ ᠲᠦᠷᠪᠡᠨ ᠨᠠᠰᠤᠨ ᠳᠤ ᠨᠢ ᠰᠤᠷᠭᠠᠵᠦ ᠲᠦᠷᠦᠯᠡᠨ᠎ᠡ᠃ ᠲᠡᠮᠡᠬᠡᠨ ᠤ ᠬᠠᠮᠠᠷ ᠲᠤ ᠲᠦᠷᠦ ᠭᠢᠬᠦ ᠳᠤ ᠪᠠᠨ ᠬᠤᠩᠭᠤᠷ ᠢ ᠨᠢ ᠭᠤᠤᠯᠳᠠᠭᠤᠯᠵᠦ ᠴᠤᠭᠤᠯᠠᠨ᠎ᠠ᠃ ᠵᠤᠬᠢᠷᠠᠭᠰᠠᠨ ᠲᠦᠷᠦ ᠲᠡᠮᠡᠬᠡᠨ ᠤ ᠬᠠᠮᠠᠷ ᠲᠤ ᠨᠠᠭᠠᠰᠢ ᠴᠠᠭᠠᠰᠢ ᠴᠢᠯᠦᠬᠡᠳᠠᠢ ᠭᠦᠳᠡᠯᠳᠡᠭ ᠮᠦᠷᠳᠡᠬᠡᠨ ᠬᠠᠶᠢᠯᠠᠰᠤᠨ ᠮᠤᠳᠤᠨ ᠤ ᠭᠤᠤᠯ ᠢᠶᠠᠷ ᠭᠢᠭᠰᠡᠨ ᠪᠤᠯᠬᠤᠷ ᠮᠠᠰᠢ ᠪᠦᠬᠡ ᠲᠡᠰᠪᠦᠷᠢᠳᠠᠢ ᠪᠠᠶᠢᠳᠠᠭ᠃    ᠪᠤᠤᠷ᠎ᠠ ᠠᠴᠠ ᠪᠤᠰᠤᠳ ᠡᠷ᠎ᠡ ᠲᠡᠮᠡᠭᠡ ᠶᠢ ᠪᠢᠷᠠᠭᠤ᠂ ᠰᠢᠳᠦᠯᠡᠩ ᠲᠡᠬᠡᠷ᠎ᠡ ᠨᠢ ᠠᠭᠳᠠᠯᠠᠵᠦ ᠵᠠᠷᠤᠨ᠎ᠠ᠃ ᠲᠡᠮᠡᠭᠡ ᠠᠭᠳᠠᠯᠠᠬᠤ ᠠᠷᠭ᠎ᠠ ᠶᠠᠪᠤᠴᠠ ᠨᠢ ᠦᠬᠡᠷ᠂ ᠮᠤᠷᠢᠨ ᠤ ᠪᠦᠬᠡᠷ᠎ᠡ ᠠᠪᠬᠤ ᠲᠠᠢ ᠠᠳᠠᠯᠢᠪᠳᠦᠷ ᠪᠠᠶᠢᠳᠠᠭ᠃    ᠲᠡᠮᠡᠬᠡᠨ ᠳᠤ ᠶᠠᠭᠤᠮ᠎ᠠ ᠬᠡᠤᠮ᠎ᠠ ᠪᠠᠨ ᠠᠴᠢᠵᠦ᠂ ᠬᠤᠯᠠ ᠵᠠᠮ ᠳᠤ ᠶᠠᠪᠤᠬᠤ ᠶᠢ ᠠᠴᠢᠶ᠎ᠠ ᠲᠠᠳᠠᠬᠤ ᠬᠡᠳᠡᠭ᠃ ᠭᠦᠨᠳᠦ ᠠᠴᠢᠶ᠎ᠠ ᠠᠴᠢᠬᠤ᠂ ᠬᠤᠯᠠ ᠠᠶᠠᠨ ᠳᠤ ᠶᠠᠪᠤᠬᠤ ᠳᠤ ᠲᠡᠮᠡᠭᠡ ᠬᠠᠮᠤᠭ ᠲᠠᠭᠠᠭᠠᠪᠤᠷᠢ ᠲᠠᠢ ᠪᠠᠶᠢᠳᠠᠭ᠃ ᠲᠡᠮᠡᠬᠡᠨ ᠳᠤ ᠪᠠᠨ ᠵᠠᠷᠤᠭ᠎ᠠ ᠲᠡᠮᠡᠭᠡ ᠬᠡᠵᠦ ᠪᠠᠶᠢᠳᠠᠭ ᠪᠦᠬᠡᠳ ᠭᠠᠵᠠᠷ ᠶᠡᠭᠡ ᠬᠤᠷᠤᠭᠠᠨ᠎ᠠ ᠬᠡᠳᠡᠭ᠃ ᠢᠩᠬᠡᠨ ᠲᠡᠮᠡᠭᠡ ᠬᠤᠯᠠ ᠠᠶᠠᠯᠠᠬᠤ ᠪᠠ ᠭᠦᠨᠳᠦ ᠠᠴᠢᠶ᠎ᠡ ᠠᠴᠢᠶᠠᠯᠠᠬᠤ ᠵᠡᠷᠬᠡ ᠲᠠᠯ᠎ᠠ ᠳᠤ ᠠᠳᠠᠨ ᠲᠡᠮᠡᠬᠡᠨ ᠳᠤ ᠭᠦᠷᠭᠦ ᠦᠬᠡᠢ ᠪᠠᠶᠢᠳᠠᠭ᠃    ᠲᠡᠮᠡᠬᠡᠨ ᠬᠤᠮ ᠳᠤ ᠤᠳᠤᠯ ᠤᠨ ᠬᠤᠮ ᠪᠠ ᠢᠰᠡᠬᠡᠢ ᠶᠢᠨ ᠬᠤᠮ ᠬᠡᠵᠦ ᠬᠤᠶᠠᠷ ᠵᠦᠢᠯ ᠤᠨ ᠬᠤᠮ ᠪᠠᠶᠢᠳᠠᠭ᠃ ᠤᠳᠤᠯ ᠤᠨ ᠬᠤᠮ ᠢ ᠪᠢᠯᠢᠭ ᠤᠨ ᠤᠯᠠᠷᠢᠯ ᠤᠨ 7 ᠳ᠋ᠤᠭᠠᠷ ᠰᠠᠷ᠎ᠠ ᠳᠤ ᠤᠳᠤᠯ ᠪᠤᠯᠪᠠᠰᠤᠷᠠᠭᠰᠠᠨ ᠤ ᠰᠠᠭᠦᠯᠡᠷ ᠭᠦᠷᠦᠵᠦ ᠬᠢᠨ᠎ᠡ᠃ ᠤᠳᠤᠯ ᠤᠨ ᠬᠤᠮ ᠢ ᠵᠠᠷᠤᠬᠤ ᠨᠢ ᠤᠯᠠᠨ᠃ ᠢᠰᠡᠬᠡᠢ ᠪᠠᠷ ᠭᠢᠭᠰᠡᠨ ᠬᠤᠮ ᠢ ᠲᠡᠮᠡᠬᠡᠨ ᠤ ᠤᠷᠢᠳᠦ ᠪᠦᠭᠦᠨ ᠠᠴᠠ ᠭᠤᠬᠠᠳᠠᠬᠤ ᠪᠢᠳᠡᠭᠦᠦ ᠰᠤᠷ ᠤᠭᠤᠰᠤᠷ ᠲᠠᠢ ᠪᠤᠯᠬᠤᠷ ᠬᠤᠶᠢᠳᠦ ᠪᠦᠭᠦ ᠶᠢ ᠨᠢ ᠬᠠᠪᠴᠢᠨ ᠲᠠᠭᠠᠷᠠᠵᠦ ᠪᠠᠶᠢᠳᠠᠭ᠃ ᠲᠦᠷᠦᠬᠡ ᠪᠤᠯ ᠮᠤᠷᠢᠨ ᠤ ᠲᠦᠷᠦᠬᠡ ᠲᠠᠢ ᠠᠳᠠᠯᠢ᠂ ᠢᠰᠡᠬᠡᠢ ᠬᠤᠮ ᠢ ᠭᠦᠢᠳᠡᠨ ᠤ ᠤᠯᠠᠷᠢᠯ ᠳᠤ ᠵᠤᠷᠢᠭᠤᠯᠤᠨ ᠬᠡᠷᠡᠭᠯᠡᠳᠡᠭ᠃    ᠲᠡᠮᠡᠬᠡᠨ ᠤ ᠵᠦᠪᠳᠡᠢ ᠲᠠᠯ᠎ᠠ ᠶᠢᠨ ᠲᠦᠷᠦ ᠶᠢᠨ ᠮᠤᠳᠤᠨ ᠠᠴᠠ ᠵᠠᠯᠭᠠᠳᠠᠭ ᠵᠢᠷᠭᠤᠭ᠎ᠠ ᠲᠤᠯᠤᠭᠠᠨ ᠲᠤᠬᠤᠢ ᠤᠷᠳᠦ ᠲᠡᠮᠡᠬᠡᠨ ᠤ ᠴᠤᠯᠪᠤᠭᠤᠷ ᠪᠠᠶᠢᠳᠠᠭ᠃    ᠲᠡᠮᠡᠭᠡ ᠤᠨᠤᠬᠤ ᠭᠦᠮᠦᠨ ᠪᠦᠳᠦᠭᠦᠨ ᠤᠭᠤᠳᠤᠷ ᠲᠠᠰᠢᠭᠤᠷ ᠵᠠᠷᠤᠳᠠᠭ᠃ ᠪᠠᠰᠠ ᠭᠤᠷᠪᠠᠨ ᠲᠠᠮᠤᠷ ᠭᠠᠷᠠᠬ᠎ᠠ ᠶᠢ ᠬᠤᠯᠪᠤᠵᠦ᠂ ᠬᠤᠶᠠᠷ ᠦᠵᠦᠭᠦᠷ ᠲᠤ ᠨᠢ ᠰᠤᠷ ᠢᠶᠠᠷ ᠠᠯᠤᠬ᠎ᠠ ︵ᠴᠢᠳᠤᠷ ᠤᠨ ᠠᠯᠤᠬ᠎ᠠ︶ ᠰᠢᠭ᠋ ᠬᠢᠵᠦ ᠲᠡᠮᠡᠬᠡᠨ ᠲᠤᠰᠢᠶ᠎ᠡ ᠪᠤᠯᠭᠠᠵᠦ ᠵᠠᠷᠤᠳᠠᠭ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号