ᠭᠦᠷᠢᠶ᠎ᠡ ᠬᠡᠷᠡᠯ ᠵᠢᠷᠤᠭ ᠤᠨ ᠪᠦᠳᠦᠬᠡᠯ ᠪᠤᠯ ᠭᠦᠷᠢᠶ᠎ᠡ ᠬᠤᠰᠢᠭᠤ᠂ ᠴᠢᠨᠠᠭᠰᠢᠯᠠᠨ ᠠᠶᠢᠮᠠᠭ ᠤᠷᠤᠨ ᠤ ᠲᠡᠯᠬᠡᠨ | ᠦᠵᠡᠭᠦᠯᠦᠯᠳᠠ ᠪᠠᠷ ᠲᠠᠮᠵᠢᠨ ᠪᠤᠰᠤᠳ ᠭᠠᠵᠠᠷ ᠤᠷᠤᠨ ᠨᠤᠭᠤᠳ ᠲᠤ ᠭᠦᠷᠢᠶ᠎ᠡ ᠬᠤᠰᠢᠭᠤ ᠪᠠᠨ ᠲᠠᠨᠢᠯᠴᠠᠭᠤᠯᠬᠤ | ᠪᠠ ᠬᠤᠰᠢᠭᠤ ᠨᠤᠳᠤᠭ ᠤᠨ ᠢᠶᠠᠨ ᠦᠩᠬᠡ ᠦᠵᠡᠮᠵᠢ᠂ ᠨᠤᠳᠤᠭ ᠤᠰᠤ᠂ ᠭᠦᠮᠦᠨ ᠠᠷᠠᠳ ᠤᠨ ᠢᠶᠠᠨ ᠰᠤᠶᠤᠯ | ᠢᠷᠬᠡᠨᠰᠢᠯ᠂ ᠵᠠᠩ ᠠᠷᠠᠨᠰᠢᠨ᠂ ᠦᠩᠬᠡᠷᠡᠭᠰᠡᠨ ᠤᠳᠤ ᠶᠢ ᠲᠡᠮᠳᠡᠭᠯᠡᠨ ᠲᠤᠭᠠᠴᠢᠵᠦ᠂ ᠦᠪ ᠰᠤᠶᠤᠯ ᠢᠶᠠᠨ | ᠵᠠᠯᠭᠠᠮᠵᠢᠯᠠᠨ ᠭᠦᠭᠵᠢᠭᠦᠯᠭᠦ ᠨᠠᠨᠳᠢᠨ ᠦᠪ ᠭᠦᠷᠦᠩᠬᠡ ᠪᠤᠶᠦ ᠰᠢᠨᠵᠢᠯᠠᠨ ᠰᠤᠳᠤᠯᠬᠤ ᠳᠤ ᠦᠨ᠎ᠡ ᠴᠡᠨ᠎ᠡ ᠲᠠᠢ | ᠮᠠᠲ᠋ᠧᠷᠢᠶᠠᠯ ᠪᠤᠯᠤᠨ ᠦᠯᠡᠳᠡᠵᠡᠢ᠃ | ᠡᠭᠦᠨ ᠳᠤ ᠬᠠᠮᠢᠶ᠎ᠠ ᠪᠦᠭᠦᠢ ᠵᠢᠳᠭᠦᠯ ᠦᠵᠡᠭᠦᠯᠦᠭᠰᠡᠨ ᠪᠦᠬᠡᠳ ᠤᠳᠦ ᠨᠢᠬᠡᠨᠳᠠ ᠨᠠᠰᠦ ᠪᠠᠷᠠᠭᠰᠠᠨ ᠪᠤᠯᠪᠠᠴᠦ | ᠵᠠᠯᠠᠭᠤ ᠨᠢᠬᠡ ᠦᠶ᠎ᠡ ᠶᠢᠨ ᠬᠢᠨ ᠳᠤ ᠲᠤᠷᠠᠰᠤᠭᠳᠠᠵᠦ ᠶᠠᠪᠤᠭ᠎ᠠ ᠲᠡᠵᠢᠳ ᠪᠠᠭᠰᠢ ᠲᠤᠷᠠᠳᠤᠭᠤᠰᠢᠳᠠᠢ᠃ ᠲᠡᠷᠡ | ᠡᠯᠡᠰᠦᠨ ᠰᠤᠮᠤᠨ ᠤ ᠲᠠᠴᠢᠨᠨᠠᠭᠤᠷ ᠠᠶᠢᠯ ᠳᠤ ᠲᠦᠷᠦᠵᠦ ᠦᠰᠴᠡᠢ᠃ ᠤᠷᠢᠳ ᠬᠤᠵᠢᠳ ᠬᠤᠰᠢᠭᠤᠨ ᠤ | ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ ᠪᠠᠭᠰᠢ᠂ ᠲᠤᠮᠳᠠᠳᠦ ᠰᠤᠷᠭᠠᠭᠤᠯᠢ ᠶᠢᠨ ᠪᠠᠭᠰᠢ᠂ ᠬᠤᠰᠢᠭᠤᠨ ᠤ ᠨᠠᠮ | ᠤᠨ ᠬᠤᠷᠢᠶᠠᠨ ᠤ ᠨᠠᠷᠢᠨ ᠪᠢᠴᠢᠬᠡᠴᠢ᠂ ᠰᠤᠶᠤᠯ ᠤᠨ ᠲᠤᠪᠴᠢᠶᠠᠨ ᠤ ᠲᠠᠳ᠋ ᠲᠠᠷᠤᠭ᠎ᠠ᠂ ᠬᠤᠰᠢᠭᠤᠨ ᠤ ᠨᠠᠮ ᠤᠨ | ᠬᠤᠷᠢᠶᠠᠨ ᠤ ᠠᠯᠪᠠᠨ ᠬᠡᠷ ᠤᠨ ᠲᠠᠳ᠋ ᠡᠷᠬᠢᠯᠡᠭᠴᠢ᠂ ᠮᠠᠯ ᠠᠵᠦ ᠠᠬᠤᠢ ᠶᠢᠨ ᠲᠤᠪᠴᠢᠶᠠᠨ ᠤ ᠲᠠᠷᠤᠭ᠎ᠠ᠂ ᠠᠬᠠᠮᠠᠳ | ᠺᠡᠳ᠋ᠷ ᠤᠨ ᠲᠤᠪᠴᠢᠶᠠᠨ ᠤ ᠲᠠᠷᠤᠭ᠎ᠠ ᠵᠡᠷᠬᠡ ᠡᠭᠦᠷᠬᠡ ᠲᠤᠰᠢᠶᠠᠯ ᠢ ᠡᠭᠦᠷᠬᠡᠯᠡᠵᠦ ᠦᠩᠬᠡᠷᠡᠭᠰᠡᠨ ᠴᠦ ᠬᠡᠷᠡᠯ ᠵᠢᠷᠤᠭ | ᠤᠨ ᠤᠷᠮ᠎ᠠ ᠪᠠᠬ᠎ᠠ ᠪᠠᠨ ᠶᠡᠷᠦ ᠬᠠᠶᠠᠭᠰᠠᠨ ᠦᠬᠡᠢ᠃ | ᠲᠡᠷᠡ ᠪᠤᠯ ᠭᠦᠷᠢᠶ᠎ᠡ ᠬᠤᠰᠢᠭᠤᠨ ᠤ ᠭᠤᠷᠪᠠᠨ ᠵᠠᠭᠤ ᠭᠠᠷᠤᠢ ᠵᠢᠯ ᠤᠨ ᠲᠡᠤᠬᠡᠨ ᠲᠡᠬᠡᠷ᠎ᠡ ᠭᠦᠷᠢᠶ᠎ᠡ ᠶᠢᠨ ᠲᠡᠤᠬᠡ | ᠰᠤᠶᠤᠯ ᠢ ᠬᠡᠷᠡᠯ ᠵᠢᠷᠤᠭ ᠢᠶᠠᠷ ᠲᠡᠮᠳᠡᠭᠯᠡᠨ ᠦᠯᠡᠳᠡᠬᠡᠭᠰᠡᠨ ᠬᠡᠳᠦᠬᠡᠨ ᠭᠦᠮᠦᠨ ᠤ ᠲᠤᠳᠤᠷ᠎ᠠ ᠬᠠᠮᠤᠭ ᠤᠨ ᠭᠦᠯ | ᠭᠦᠩᠬᠡᠨ ᠬᠡᠷᠡᠯ ᠵᠢᠷᠤᠭᠴᠢᠨ ᠶᠤᠮ᠃ ᠬᠡᠪᠡᠴᠦ ︽ᠰᠤᠶᠤᠯ ᠤᠨ ᠶᠡᠭᠡ ᠬᠤᠪᠢᠰᠬᠠᠯ︾ ᠤᠨ ᠲᠤᠮᠳᠠ ᠲᠡᠭᠦᠨ ᠤ | ᠬᠤᠪᠤᠷ ᠨᠠᠨᠳᠢᠨ ᠪᠦᠳᠦᠬᠡᠯ ᠤᠳ ᠬᠡᠬᠡᠭᠳᠡᠵᠦ ᠤᠷᠬᠢᠭᠳᠠᠭᠰᠠᠨ ᠨᠢ ᠬᠠᠷᠠᠮᠰᠠᠯᠳᠠᠢ᠃ | ᠭᠦᠷᠢᠶ᠎ᠡ ᠨᠤᠳᠤᠭ ᠲᠠᠢ ᠠᠬᠠᠮᠠᠳ ᠬᠡᠷᠡᠯ ᠵᠢᠷᠤᠭᠴᠢᠨ ᠰ᠊᠂ ᠰᠠᠮᠪᠤᠤ ᠪᠤᠯ ᠮᠠᠨ ᠤ ᠤᠷᠤᠨ ᠳᠤ ᠪᠠᠨ ᠠᠯᠳᠠᠷᠳᠠᠢ | ᠬᠡᠷᠡᠯ ᠵᠢᠷᠤᠭᠴᠢᠨ ᠪᠤᠯᠤᠨ᠎ᠠ᠃ | ᠲᠡᠷᠡ ᠭᠤᠴᠢᠭᠠᠳ ᠵᠢᠯ ᠰᠡᠳᠭᠦᠯᠴᠢ ᠪᠠᠶᠢᠭᠰᠠᠨ ᠤ ᠬᠤᠪᠢ ᠳᠤ᠂ ᠮᠠᠰᠢ ᠤᠯᠠᠨ ᠬᠡᠷᠡᠯ ᠵᠢᠷᠤᠭ ᠤᠨ ᠪᠦᠳᠦᠬᠡᠯ | ᠨᠢ ︽ᠠᠷᠠᠳ ᠤᠨ ᠡᠳᠦᠷ ᠤᠨ ᠰᠤᠨᠢᠨ︾᠂ ︽ᠠᠷᠠᠳ ᠤᠨ ᠵᠢᠷᠤᠭᠳᠦ ᠰᠡᠳᠭᠦᠯ︾ ᠮᠡᠳᠦ ᠶᠢᠨ ᠲᠤᠮᠤ ᠰᠤᠨᠢᠨ | ᠰᠡᠳᠭᠦᠯ ᠤᠳ ᠢᠶᠠᠷ ᠲᠤᠵᠢ ᠨᠠᠶᠢᠳᠡᠯᠡᠭᠳᠡᠵᠦ᠂ ᠤᠯᠤᠰ᠂ ᠤᠷᠤᠨ ᠳᠤ ᠪᠠᠨ ᠠᠯᠳᠠᠷ ᠢᠶᠠᠨ ᠲᠠᠭᠤᠳᠠᠭᠤᠯᠤᠭᠰᠠᠨ ᠪᠢᠯᠠ | ᠃ | ᠪᠠᠰᠠ ᠨᠢᠬᠡᠨ ᠲᠤᠷᠠᠳᠤᠭᠤᠰᠢᠳᠠᠢ ᠨᠢ ᠭᠦᠷᠢᠶ᠎ᠡ ᠬᠤᠰᠢᠭᠤᠨ ᠤ ᠤᠬᠠᠭᠤᠯᠬᠤ ᠬᠡᠯᠳᠡᠰ ᠤᠨ ᠠᠬᠠᠮᠠᠳ ᠺᠠᠳ᠋ᠷ | ᠬᠠᠳᠠ ᠬᠢᠬᠡᠳ ᠢᠳᠡᠷ ᠨᠠᠰᠤᠨ ᠤ ᠶᠠᠩ ᠸᠧᠢ ᠳ᠋ᠦᠩ᠂ ᠪᠦᠷᠢᠨᠰᠠᠶᠢᠨ᠂ ᠪᠤᠤ ᠹᠧᠩ ᠬᠤᠸᠠ ᠨᠠᠷ ᠪᠤᠯᠤᠨ᠎ᠠ᠃ | ᠡᠳᠡᠬᠡᠷ ᠭᠦᠮᠦᠰ ᠤᠨ ᠬᠡᠷᠡᠯ ᠵᠢᠷᠤᠭ᠂ ᠰᠡᠭᠦᠳᠡᠷ ᠠᠴᠠ ᠭᠦᠷᠢᠶ᠎ᠡ ᠬᠤᠰᠢᠭᠤᠨ ᠤ ᠬᠤᠪᠢᠷᠠᠯᠳᠠ ᠭᠦᠭᠵᠢᠯᠳᠠ ᠪᠠ | ᠨᠤᠳᠤᠭ ᠤᠰᠤᠨ ᠤ ᠪᠠᠨ ᠦᠩᠬᠡ ᠦᠵᠡᠮᠵᠢ ᠶᠢ ᠠᠮᠢᠯᠠᠭᠤᠯᠤᠨ ᠭᠠᠷᠭᠠᠭᠰᠠᠨ ᠢ ᠢᠯᠡ ᠲᠤᠳᠤ ᠤᠯᠵᠦ ᠬᠠᠷᠠᠨ᠎ᠠ᠃ | ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶᠠᠨ ᠳᠤ ᠠᠵᠢᠯᠯᠠᠵᠦ ᠪᠠᠶᠢᠭ᠎ᠠ ᠪᠦᠷᠢᠨᠰᠠᠶᠢᠨ᠂ ᠠᠪᠤ ᠶᠢᠨ ᠢᠶᠠᠨ | ᠨᠦᠯᠦᠬᠡ ᠪᠠᠷ ᠬᠡᠷᠡᠯ ᠵᠢᠷᠤᠭ ᠤᠨ ᠮᠠᠰᠢᠨ ᠲᠠᠢ ᠨᠦᠭᠦᠷᠯᠡᠵᠦ᠂ ᠬᠤᠷᠢᠭᠠᠳ ᠵᠢᠯ ᠰᠡᠭᠦᠳᠡᠷᠯᠡᠵᠦ ᠰᠤᠷᠪᠤᠯᠵᠢᠯᠠᠬᠤ | ᠠᠵᠢᠯ ᠳᠤ ᠪᠠᠨ ᠬᠡᠳᠦᠨ ᠠᠷᠪᠠᠨ ᠲᠦᠮᠡᠨ ᠰᠡᠭᠦᠳᠡᠷ ᠰᠡᠭᠦᠳᠡᠷᠯᠡᠵᠦ᠂ ᠪᠠᠶᠢᠭᠠᠯᠢ ᠪᠠ ᠭᠦᠮᠦᠨ ᠠᠷᠠᠳ᠂ ᠵᠠᠩ ᠦᠢᠯᠡ | ᠶᠢᠨ ᠲᠤᠬᠠᠢ ᠡᠯᠪᠡᠭ ᠮᠠᠲ᠋ᠧᠷᠢᠶᠠᠯ ᠢ ᠬᠤᠷᠠᠮᠳᠤᠭᠤᠯᠪᠠ᠃ ᠲᠡᠭᠦᠨ ᠤ ᠪᠦᠳᠦᠬᠡᠯ ᠨᠢ ᠤᠯᠠᠨ ᠤᠳᠠᠭᠠᠨ ᠤ ᠬᠡᠷᠡᠯ | ᠵᠢᠷᠤᠭ ᠤᠨ ᠦᠵᠡᠰᠭᠦᠯᠡᠩ ᠤᠷᠤᠯᠳᠤᠭᠠᠨ ᠳᠤ ᠤᠯᠤᠰ ᠤᠨ ᠪᠠ ᠤᠷᠤᠨ ᠤ ᠲᠡᠰ ᠤᠨ ᠱᠠᠩᠨᠠᠯ ᠢ ᠤᠯᠠᠨᠳᠠ | ᠭᠦᠷᠳᠡᠪᠡ᠃ | ᠭᠦᠷᠢᠶ᠎ᠡ ᠬᠤᠰᠢᠭᠤ ᠶᠢᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠲᠠᠷᠢᠭᠦᠯᠡᠭᠴᠢ ᠪᠤᠤ ᠹᠧᠩ ᠬᠤᠸᠠ | ᠪᠤᠯ ᠤᠷᠠᠨ ᠵᠢᠷᠤᠭ ᠢᠶᠠᠷ ᠡᠬᠡ ᠰᠤᠶᠤᠯ ᠢᠶᠠᠨ ᠤᠯᠠᠮᠵᠢᠯᠠᠨ ᠭᠦᠭᠵᠢᠭᠦᠯᠭᠦ ᠤᠳᠬ᠎ᠠ ᠰᠡᠳᠦᠪ ᠢᠶᠠᠷ ᠢᠶᠠᠨ | ᠰᠤᠨᠢᠷᠬᠠᠭᠳᠠᠨ ᠤᠨᠴᠠᠯᠢᠭᠳᠠᠳᠠᠭ᠃ | ᠶᠠᠩ ᠸᠧᠢ ᠳ᠋ᠦᠩ ᠪᠤᠯ ᠭᠦᠷᠢᠶ᠎ᠡ ᠬᠤᠰᠢᠭᠤᠨ ᠤ ︽ᠠᠨᠳᠠᠢ ᠰᠤᠶᠤᠯ ᠤᠨ ᠮᠦᠽᠸᠢ ᠶᠢᠨ ᠲᠠᠷᠤᠭ᠎ᠠ ᠶᠢᠨ ᠠᠵᠢᠯ | ᠲᠠᠢ ᠪᠠᠶᠢᠵᠦ᠂ 2009 ᠤᠨ ᠠᠴᠠ ᠡᠬᠢᠯᠡᠨ ᠬᠡᠷᠡᠯ ᠵᠢᠷᠤᠭ ᠤᠨ ᠠᠵᠢᠯ ᠳᠤ ᠰᠢᠮᠳᠠᠵᠦ᠂ ᠬᠤᠰᠢᠭᠤᠨ ᠤ ᠪᠠᠨ | ᠠᠭᠤᠯᠠ ᠤᠰᠦ᠂ ᠲᠠᠷᠢᠶ᠎ᠠ ᠲᠦᠮᠦᠰᠦ᠂ ᠵᠠᠩ ᠢᠷᠬᠡᠨᠰᠢᠯ ᠤᠨ ᠬᠠᠮᠢᠶ᠎ᠠ ᠲᠠᠢ ᠬᠡᠷᠡᠯ ᠵᠢᠷᠤᠭ ᠢ ᠰᠡᠭᠦᠳᠡᠷᠯᠡᠭᠦ ᠪᠠᠷ | ᠭᠤᠤᠯᠳᠠᠭᠤᠯᠵᠦ᠂ ᠤᠯᠠᠨ ᠪᠦᠳᠦᠬᠡᠯ ᠨᠢ ᠠᠳᠠᠯᠢ ᠪᠤᠰᠤ ᠲᠡᠰ ᠤᠨ ᠤᠷᠤᠯᠳᠤᠭᠠᠨ ᠦᠵᠡᠰᠭᠦᠯᠡᠩ ᠳᠤ ᠱᠠᠩᠨᠠᠯ | ᠭᠦᠷᠳᠡᠭᠰᠡᠨ ᠪᠢᠯᠡ᠃ | ᠭᠦᠷᠢᠶ᠎ᠡ ᠶᠢᠨ ᠤᠷᠠᠨ ᠪᠢᠴᠢᠯᠬᠡ᠂ ᠤᠷᠠᠨ ᠵᠢᠷᠤᠭ᠂ ᠬᠡᠷᠡᠯ ᠵᠢᠷᠤᠭ ᠠᠯᠢ ᠨᠢ ᠪᠤᠯᠤᠭᠰᠠᠨ ᠴᠦ ᠪᠦᠷ ᠭᠦᠷᠢᠶ᠎ᠡ | ᠠᠷᠠᠳ ᠲᠦᠮᠡᠨ ᠤ ᠪᠠᠨ ᠠᠵᠦ ᠠᠮᠢᠳᠤᠷᠠᠯ᠂ ᠦᠬᠡᠳᠡᠷᠬᠡᠭ ᠰᠠᠶᠢᠬᠠᠨ ᠵᠠᠩ ᠴᠢᠨᠠᠷ᠂ ᠦᠪᠡᠷᠮᠢᠴᠡ ᠨᠤᠳᠤᠭ ᠤᠰᠤᠨ | ᠤ ᠰᠢᠨᠵᠢ ᠪᠠᠶᠢᠳᠠᠯ ᠢ ᠲᠤᠰᠬᠠᠵᠦ᠂ ᠭᠦᠷᠢᠶ᠎ᠡ ᠶᠢᠨ ᠲᠡᠤᠬᠡ ᠰᠤᠶᠤᠯ ᠳᠤ ᠦᠪᠡᠷ ᠦᠪᠡᠷ ᠤᠨ ᠤᠨ ᠠᠪᠢᠶᠠᠰ ᠪᠢᠯᠢᠭ | ᠢᠶᠠᠨ ᠪᠠᠳᠠᠷᠠᠭᠤᠯᠤᠨ ᠤᠯᠠᠮᠵᠢᠯᠠᠨ ᠲᠡᠯᠬᠡᠷᠡᠭᠦᠯᠵᠦ᠂ ᠬᠤᠰᠢᠭᠤ ᠨᠤᠳᠤᠭ ᠳᠤ ᠪᠠᠨ ᠦᠩᠬᠡ ᠬᠡᠷᠡᠯ ᠢᠶᠠᠨ ᠨᠠᠮᠠᠷᠢᠯᠠᠵᠦ | ᠯᠡ ᠪᠠᠶᠢᠨ᠎ᠠ᠃ |