| | | | ᠡᠷᠳᠡᠨᠢᠪᠦᠭᠡ ︵1924 — 2003︶᠂ 1924 ᠤᠨ ᠤ 2 ᠰᠠᠷ᠎ᠠ ᠶᠢᠨ 1 ᠤ ᠡᠳᠦᠷ ᠬᠤᠷᠴᠢᠨ ᠵᠡᠭᠦᠨ | ᠭᠠᠷᠤᠨ ᠬᠤᠶᠢᠳᠦ ᠬᠤᠰᠢᠭᠤᠨ ᠤ ᠴᠢᠯᠠᠭᠤᠳᠦ ᠰᠤᠮᠤ ᠶᠢᠨ ᠭᠠᠯᠳᠠᠴᠢ ᠠᠶᠢᠯ ᠤᠨ ᠲᠠᠷᠢᠶᠠᠴᠢᠨ ᠤ ᠬᠡᠷ ᠲᠤ | ᠲᠦᠷᠦᠵᠠᠢ᠃ 10 ᠨᠠᠰᠤᠳᠠᠢ ᠳᠤ ᠪᠠᠨ ᠬᠡᠷ ᠤᠨ ᠰᠤᠷᠭᠠᠭᠤᠯᠢ ᠳᠤ 3 ᠵᠢᠯ ᠦᠰᠦᠨ ᠪᠢᠷ ᠤᠨ ᠪᠢᠴᠢᠯᠬᠡ ᠶᠢᠨ | ᠲᠠᠯ᠎ᠠ ᠪᠠᠷ ᠰᠢᠮᠳᠠᠨ ᠰᠤᠷᠤᠯᠴᠠᠭᠰᠠᠨ ᠠᠴᠠ ᠪᠢᠴᠢᠯᠬᠡ ᠶᠢᠨ ᠮᠡᠷᠬᠡᠵᠢᠯ ᠨᠢ ᠮᠠᠰᠢ ᠬᠤᠷᠳᠤᠨ ᠲᠡᠬᠡᠭᠰᠢᠯᠡᠵᠡᠢ᠃ 17 | ᠨᠠᠰᠤᠨ ᠳᠤ ᠪᠠᠨ ᠲᠦᠩᠯᠢᠶᠦᠦ ᠬᠤᠳᠠ ᠶᠢᠨ ᠪᠦᠷᠢᠨ ᠪᠠᠭ᠎ᠠ ᠰᠤᠷᠭᠠᠭᠤᠯᠢ ᠳᠤ ᠪᠠᠭᠰᠢᠯᠠᠪᠠ᠃ 1949 — | 1951 ᠤᠨ ᠳᠤ ᠬᠤᠰᠢᠭᠤ ᠨᠤᠳᠤᠭ ᠤᠨ ᠢᠶᠠᠨ ᠪᠠᠭ᠎ᠠ ᠰᠤᠷᠭᠠᠭᠤᠯᠢ ᠳᠤ ᠪᠠᠭᠰᠢᠯᠠᠵᠠᠢ᠃ 1951 —1973 | ᠤᠨ ᠳᠤ ᠭᠦᠷᠢᠶ᠎ᠡ ᠬᠤᠰᠢᠭᠤᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠳᠤ ᠪᠠᠭᠰᠢᠯᠠᠵᠦ᠂ ᠬᠢᠴᠢᠶᠠᠯ ᠭᠦᠮᠦᠵᠢᠯ | ᠤᠨ ᠡᠷᠬᠢᠯᠡᠭᠴᠢ᠂ ᠰᠤᠷᠭᠠᠭᠤᠯᠢ ᠶᠢᠨ ᠵᠠᠬᠢᠷᠤᠯ ᠵᠡᠷᠬᠡ ᠲᠤᠰᠢᠶᠠᠯ ᠢ ᠬᠠᠷᠢᠭᠤᠴᠠᠪᠠ᠃ 1973 ᠤᠨ ᠳᠤ ᠦᠪᠦᠷ | ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠳᠤ ᠤᠷᠢᠭᠳᠠᠵᠦ᠂ ᠲᠤᠰᠬᠠᠶᠢᠯᠠᠨ ᠤᠷᠠᠨ ᠪᠢᠴᠢᠯᠬᠡ | ᠶᠢᠨ ᠠᠵᠢᠯ ᠢ ᠡᠷᠬᠢᠯᠡᠭᠦ ᠶᠢᠨ ᠬᠠᠮᠳᠦ ᠨᠠᠶᠢᠷᠠᠭᠤᠯᠤᠭᠴᠢ ᠶᠢᠨ ᠠᠵᠢᠯ ᠢ ᠬᠢᠪᠡ᠃ ︽ᠦᠰᠦᠨ ᠪᠢᠷ ᠢᠶᠠᠷ ᠪᠢᠴᠢᠭᠦ | ᠲᠤᠬᠠᠢ︾ ᠬᠡᠰᠡᠨ ᠮᠤᠩᠭᠤᠯ ᠤᠷᠠᠨ ᠪᠢᠴᠢᠯᠬᠡ ᠶᠢᠨ ᠲᠤᠰᠬᠠᠢ ᠨᠤᠮ ᠨᠢ 1978 ᠤᠨ ᠳᠤ ᠬᠢᠷᠢᠨ ᠤ ᠠᠷᠠᠳ ᠤᠨ | ᠬᠡᠪᠯᠡᠯ ᠤᠨ ᠬᠤᠷᠢᠶᠠᠨ ᠳᠤ ᠬᠡᠪᠯᠡᠭᠳᠡᠪᠡ᠃ ︽ᠮᠤᠩᠭᠤᠯ ᠦᠰᠦᠨ ᠪᠢᠷ ᠤᠨ ᠤᠷᠠᠨ ᠪᠢᠴᠢᠯᠬᠡ︾ ᠬᠡᠰᠡᠨ ᠨᠤᠮ ᠨᠢ | 1958 ᠤᠨ ᠳᠤ ᠦᠪᠦᠷ ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠳᠤ ᠬᠡᠪᠯᠡᠭᠳᠡᠪᠡ᠂ | ᠲᠡᠭᠦᠨ ᠤ ᠮᠤᠩᠭᠤᠯ ᠤᠷᠠᠨ ᠪᠢᠴᠢᠯᠬᠡ ᠶᠢᠨ ᠲᠦᠪ ᠪᠢᠴᠢᠯᠬᠡ ᠶᠢᠨ ᠬᠡᠪ ᠨᠠᠮᠪᠠ ᠶᠢ ᠲᠡᠬᠡᠳᠦ ᠬᠡᠮᠵᠢᠶ᠎ᠡ ᠪᠠᠷ | ᠬᠤᠷᠢᠶᠠᠩᠭᠤᠶᠢᠯᠠᠭᠰᠠᠨ ᠵᠠᠩᠬᠢᠯᠠᠭ᠎ᠠ ᠶᠢᠨ ᠦᠬᠡ ᠪᠤᠯ ︽ᠯᠠᠭᠰᠢᠭᠤᠨ ᠪᠠᠳᠠᠷᠠᠭᠤᠨ︾᠃ ᠡᠷᠳᠡᠨᠢᠪᠦᠭᠡ ᠶᠢᠨ ᠮᠤᠩᠭᠤᠯ | ᠤᠷᠠᠨ ᠪᠢᠴᠢᠯᠬᠡ ᠶᠢᠨ ᠦᠢᠯᠡᠰ ᠲᠤ ᠦᠵᠡᠭᠦᠯᠦᠭᠰᠡᠨ ᠬᠤᠪᠢ ᠨᠡᠮᠡᠷᠢ ᠪᠤᠯᠤᠨ ᠲᠠᠶᠠᠭᠠᠷ ᠤᠯᠠᠨ ᠳᠤ | ᠲᠠᠭᠠᠰᠢᠶᠠᠭᠳᠠᠭᠰᠠᠨ ᠪᠡᠶ᠎ᠡ ᠪᠠᠨ ᠲᠠᠭᠠᠭᠠᠭᠰᠠᠨ ᠲᠦᠪ ᠪᠢᠴᠢᠯᠬᠡ ᠶᠢᠨ ᠬᠡᠪ ᠨᠠᠮᠪᠠ ᠶᠢ ᠨᠢ ᠦᠨᠳᠦᠰᠦᠯᠡᠨ ᠲᠡᠭᠦᠨ ᠢ | ︽ᠮᠤᠩᠭᠤᠯ ᠤᠷᠠᠨ ᠪᠢᠴᠢᠯᠬᠡ ᠶᠢᠨ ᠲᠦᠪ ᠪᠢᠴᠢᠯᠬᠡ ᠶᠢᠨ ᠬᠤᠶᠠᠳᠤᠭᠠᠷ ᠸᠠᠩ︾ ᠡᠰᠡᠭᠦᠯ᠎ᠡ ︽ᠮᠤᠩᠭᠤᠯ ᠤᠷᠠᠨ | ᠪᠢᠴᠢᠯᠬᠡ ᠶᠢᠨ ᠲᠦᠪ ᠪᠢᠴᠢᠯᠬᠡ ᠶᠢᠨ ᠬᠤᠷᠴᠢᠨ ᠸᠠᠩ︾ ᠬᠡᠵᠦ ᠡᠷᠭᠦᠮᠵᠢᠯᠡᠵᠦ ᠪᠤᠯᠤᠨ᠎ᠠ᠃ | | | | | | | | | | | | | | | | | |