ᠭᠦᠷᠢᠶ᠎ᠡ ᠤᠷᠠᠨ ᠪᠢᠴᠢᠯᠬᠡ ᠶᠢᠨ ᠤᠨᠴᠠᠯᠢᠭ
ᠨᠡᠶᠢᠲᠡᠯᠡᠭᠰᠡᠨ ᠴᠠᠭ᠄
2020-06-16
   ᠡᠬᠢ ᠶᠦᠭᠡᠨ ᠪᠠᠳᠠᠷᠠᠭᠤᠯᠤᠭᠴᠢ ᠬᠡᠶᠢᠳ ᠤᠨ ᠭᠤᠤᠯ ᠲᠤᠯᠭᠠᠭᠤᠷᠢ ᠲᠡᠬᠡᠷ᠎ᠡ ︽ᠬᠡᠶᠢᠭᠦᠯᠦᠭᠴᠢ ᠨᠢᠳᠦ ᠪᠠᠷ ᠦᠵᠡᠭᠴᠢ ᠨᠢᠭᠦᠯᠡᠰᠭᠦᠢ ᠪᠠᠷ ᠠᠮᠢᠳᠠᠨ ᠪᠦᠭᠦᠨ ᠢ ᠪᠤᠳᠢ ᠤᠯᠭᠤᠭᠤᠯᠬᠤ ᠪᠤᠯᠳᠤᠭᠠᠢ᠂ ᠬᠡᠳᠦᠯᠬᠡᠭᠴᠢ ᠮᠠᠶᠢᠳᠠᠷᠢ ᠠᠰᠠᠷᠠᠬᠤ ᠪᠠᠷ ᠱᠠᠰᠢᠨ ᠲᠦᠷᠦ ᠶᠢ ᠦᠨᠢ ᠤᠳᠠᠭᠠᠨ ᠪᠠᠳᠤᠳᠬᠠᠬᠤ ᠪᠤᠯᠳᠤᠭᠠᠢ︾ ᠬᠡᠵᠦ ᠰᠠᠶᠢᠯᠦᠭᠰᠡᠨ ᠪᠠᠶᠢᠳᠠᠭ᠃ ᠲᠤᠰ ᠪᠢᠴᠢᠬᠡᠰᠦ ᠠᠴᠠ ᠦᠵᠡᠵᠦ ᠭᠠᠷᠬᠤ ᠨᠢ ︽ᠭᠦᠷᠢᠶ᠎ᠡ ᠬᠤᠰᠢᠭᠤ ᠪᠤᠯ ᠱᠠᠰᠢᠨ ᠲᠦᠷᠦ ᠶᠢ ᠬᠠᠮᠳᠤᠳᠬᠠᠭᠰᠠᠨ︾ ᠬᠤᠰᠢᠭᠤ ᠪᠤᠯᠬᠤ ᠪᠠᠷ ᠬᠤᠤᠰ ᠤᠶᠠᠩᠭ᠎ᠠ ᠶᠢᠨ ᠬᠤᠶᠠᠳᠤᠭᠠᠷ ᠮᠦᠷ ᠲᠤ ︽ᠱᠠᠰᠢᠨ ᠲᠦᠷᠦ ᠶᠢ ᠦᠨᠢ ᠤᠳᠠᠭᠠᠨ ᠪᠠᠳᠤᠳᠬᠠᠬᠤ ᠪᠤᠯᠳᠤᠭᠠᠢ︾ ᠬᠡᠵᠦ ᠰᠠᠶᠢᠯᠦᠬᠡᠳ ᠲᠤᠬᠠᠢ ᠶᠢᠨ ᠦᠶ᠎ᠡ ᠳᠤ ᠬᠤᠰᠢᠭᠤ ᠨᠤᠳᠤᠭ ᠤᠨ ᠵᠠᠰᠠᠭ ᠪᠠ ᠱᠠᠰᠢᠨ ᠬᠠᠮᠳᠤᠷᠠᠭᠰᠠᠨ ᠢ ᠤᠯᠠᠮ ᠨᠢᠬᠡ ᠠᠯᠬᠤᠮ ᠲᠤᠳᠤᠷᠬᠠᠢ ᠬᠡᠷᠡᠴᠢᠯᠡᠭᠰᠡᠨ ᠪᠠᠶᠢᠨ᠎ᠠ᠃ ᠡᠨᠡ ᠭᠦ ᠪᠠᠶᠢᠳᠠᠯ ᠠᠴᠠ ᠲᠤᠬᠠᠢ ᠶᠢᠨ ᠦᠶ᠎ᠡ ᠳᠤ ᠮᠤᠩᠭᠤᠯ ᠦᠰᠦᠭ ᠪᠢᠴᠢᠭ᠂ ᠤᠨᠴᠠᠭᠠᠶᠢᠯᠠᠨ ᠮᠤᠩᠭᠤᠯ ᠤᠷᠠᠯᠢᠭ ᠰᠤᠶᠤᠯ ᠢ ᠲᠦᠷᠦ ᠱᠠᠰᠢᠨ ᠤ ᠲᠠᠯ᠎ᠠ ᠠᠴᠠ ᠬᠡᠴᠢᠨᠡᠬᠡᠨ ᠭᠦᠨᠳᠦᠳᠬᠡᠨ ᠡᠷᠬᠢᠮᠯᠠᠵᠦ ᠪᠠᠶᠢᠭᠰᠠᠨ ᠪᠠ ᠰᠢᠳᠤᠨ ᠲᠡᠮᠳᠡᠭᠯᠡᠵᠦ ᠪᠠᠶᠢᠭᠰᠠᠨ ᠢ ᠨᠢᠳᠦ ᠪᠠᠷ ᠬᠠᠷᠠᠵᠦ ᠰᠡᠳᠬᠢᠯᠬᠡ ᠪᠠᠷ ᠢᠶᠠᠨ ᠮᠡᠳᠡᠷᠡᠵᠦ ᠪᠤᠯᠤᠨ᠎ᠠ᠃    ᠭᠦᠷᠢᠶ᠎ᠡ ᠤᠷᠠᠨ ᠪᠢᠴᠢᠯᠬᠡ ᠨᠢ ᠭᠦᠷᠢᠶ᠎ᠡ ᠰᠤᠶᠤᠯ ᠲᠠᠢ ᠪᠠᠨ ᠠᠳᠠᠯᠢᠬᠠᠨ ᠤᠷᠳᠦ ᠤᠳᠠᠭᠠᠨ ᠲᠡᠤᠬᠡ ᠲᠠᠢ ᠪᠢᠯᠡ᠃ ᠭᠦᠷᠢᠶ᠎ᠡ ᠤᠷᠠᠨ ᠪᠢᠴᠢᠯᠬᠡ ᠶᠢᠨ ᠲᠤᠬᠠᠢ ᠶᠠᠷᠢᠬᠤ ᠳᠤ ᠡᠷᠳᠡᠨᠢᠪᠦᠭᠡ ᠪᠠᠭᠰᠢ ᠶᠢ ᠶᠠᠷᠢᠬᠤ ᠴᠢᠬᠤᠯᠠ ᠲᠠᠢ᠃ ᠡᠨᠡ ᠭᠦᠮᠦᠨ ᠬᠡᠳᠦᠶᠢᠪᠡᠷ ᠭᠦᠷᠢᠶ᠎ᠡ ᠨᠤᠳᠤᠭ ᠲᠠᠢ ᠪᠢᠰᠢ ᠪᠤᠯᠪᠠᠴᠦ ᠭᠦᠷᠢᠶ᠎ᠡ ᠬᠤᠰᠢᠭᠤ ᠳᠤ ᠤᠳᠠᠭᠠᠨ ᠵᠢᠯ ᠪᠠᠭᠰᠢᠯᠠᠵᠦ ᠶᠠᠪᠤᠭᠰᠠᠨ ᠶᠤᠮ᠃ ᠮᠦᠨ ᠴᠦ ᠭᠦᠷᠢᠶ᠎ᠡ ᠤᠷᠠᠨ ᠪᠢᠴᠢᠯᠬᠡ ᠶᠢᠨ ᠭᠦᠭᠵᠢᠯᠳᠠ ᠲᠡᠬᠡᠭᠰᠢᠯᠡᠯᠳᠠ ᠳᠤ ᠭᠦᠴᠦᠨ ᠢᠶᠠᠨ ᠡᠷᠭᠦᠭᠰᠡᠨ ᠵᠢᠳᠭᠦᠯᠳᠠᠨ ᠤ ᠨᠢᠬᠡ ᠨᠢ ᠶᠤᠮ᠃ 20 ᠳ᠋ᠤᠭᠠᠷ ᠵᠠᠭᠤᠨ ᠤ ᠨᠠᠶᠠᠭᠠᠳ ᠤᠨ ᠤ ᠦᠶ᠎ᠡ ᠪᠠᠷ ᠡᠷᠳᠡᠨᠢᠪᠦᠭᠡ ᠪᠠᠭᠰᠢ ᠶᠢᠨ ᠤᠷᠠᠨ ᠪᠢᠴᠢᠯᠬᠡ ᠶᠢᠨ ᠲᠢᠭ ᠠᠯᠳᠠᠷᠰᠢᠭᠰᠠᠨ ᠪᠢᠯᠡ᠃ ᠲᠡᠷᠡ ᠲᠢᠭ ᠨᠢ ᠮᠤᠩᠭᠤᠯ ᠦᠰᠦᠭ ᠤᠨ ᠰᠢᠳᠦ ᠠᠷᠠᠭ᠎ᠠ ᠶᠢ ᠤᠷᠳᠦ ᠤᠷᠳᠦ᠂ ᠤᠷᠤᠭᠰᠢᠯᠠᠭ᠎ᠠ ᠴᠠᠴᠤᠯᠭ᠎ᠠ ᠤᠷᠬᠢᠴᠡ ᠶᠢᠨ ᠪᠢᠴᠢᠯᠬᠡ ᠶᠢ ᠤᠷᠳᠤᠬᠠᠨ ᠪᠦᠬᠡᠳ ᠦᠵᠦᠭᠦᠷ ᠵᠦᠭ ᠲᠤ ᠪᠠᠨ ᠪᠦᠳᠦᠭᠦᠬᠡᠨ ᠲᠠᠷᠤᠰᠬᠢᠵᠦ᠂ ᠲᠠᠬᠢᠨ ᠨᠠᠷᠢᠨ ᠦᠵᠦᠭᠦᠷ ᠲᠠᠢ ᠪᠠᠷ ᠪᠢᠴᠢᠵᠦ ᠲᠡᠭᠦᠰᠬᠡᠳᠡᠭ ᠃ ᠦᠰᠦᠭ ᠤᠨ ᠵᠢᠷᠤᠯᠭ᠎ᠠ ᠡᠯᠧᠮᠧᠨ᠋ᠲ ᠤᠳ ᠨᠢ ᠢᠯᠡ ᠲᠤᠳᠤᠷᠬᠠᠢ ᠪᠠᠷ ᠬᠠᠷᠢᠯᠴᠠᠨ ᠠᠪᠴᠠᠯᠳᠤᠵᠦ ᠭᠤᠸ᠎ᠠ ᠦᠵᠡᠮᠤᠷᠢᠳᠠᠢ ᠨᠢᠬᠡ ᠵᠦᠢᠯ ᠤᠨ ᠪᠡᠶ᠎ᠡ ᠪᠠᠨ ᠲᠠᠭᠠᠭᠠᠭᠰᠠᠨ ᠬᠡᠪ ᠨᠠᠮᠪᠠ ᠲᠠᠢ ᠭᠤᠶᠤ ᠰᠠᠶᠢᠬᠠᠨ ᠲᠦᠪ ᠪᠢᠴᠢᠯᠬᠡ ᠶᠢᠨ ᠲᠢᠭ ᠬᠡᠯᠪᠡᠷᠢ ᠪᠤᠯᠵᠠᠢ᠃ ᠡᠨᠡ ᠨᠢ ᠪᠦᠭᠦᠶᠢᠯᠡ ᠵᠢᠷᠢᠮ ᠨᠤᠳᠤᠭ ᠤᠷᠴᠢᠮ ᠤᠨ ᠮᠤᠩᠭᠤᠯ ᠤᠷᠠᠨ ᠪᠢᠴᠢᠯᠬᠡᠳᠡᠳ ᠢ ᠤᠷᠢᠶᠠᠯᠠᠨ ᠲᠠᠶᠢᠴᠢᠯᠠᠵᠦ᠂ ᠤᠯᠠᠨ ᠤ ᠲᠠᠭᠠᠨ ᠰᠤᠷᠤᠯᠴᠠᠬᠤ ᠲᠢᠭ ᠬᠡᠯᠪᠡᠷᠢ ᠪᠤᠯᠤᠭᠰᠠᠨ ᠪᠦᠬᠡᠳ ᠠᠭᠠᠵᠢᠮ ᠳᠤ ᠪᠠᠨ ᠵᠢᠷᠢᠮ ᠤᠷᠴᠢᠮ ᠤᠨ ᠮᠤᠩᠭᠤᠯ ᠤᠷᠠᠨ ᠪᠢᠴᠢᠯᠬᠡ ᠶᠢᠨ ᠤᠨᠴᠠᠯᠢᠭ ᠪᠤᠯᠵᠠᠢ᠃ ᠴᠢᠩᠬᠡᠭᠦ ᠪᠠᠷ ᠢᠶᠠᠨ ᠭᠦᠷᠢᠶ᠎ᠡ ᠶᠢᠨ ᠤᠷᠠᠨ ᠪᠢᠴᠢᠯᠬᠡ ᠨᠢ ᠵᠢᠷᠢᠮ ᠤᠷᠴᠢᠮ ᠤᠨ ᠲᠢᠭ ᠬᠡᠯᠪᠡᠷᠢ ᠶᠢᠨ ᠪᠦᠷᠢᠯᠳᠦᠯ ᠭᠦᠭᠵᠢᠯᠳᠠ ᠳᠤ ᠰᠢᠭᠤᠳ ᠨᠦᠯᠦᠬᠡ ᠲᠤᠰᠬᠠᠯ ᠦᠵᠡᠭᠦᠯᠵᠡᠢ ᠬᠡᠵᠦ ᠬᠡᠯᠡᠵᠦ ᠪᠤᠯᠤᠨ᠎ᠠ᠃    ᠴᠠᠭ ᠦᠶ᠎ᠡ ᠶᠢᠨ ᠭᠦᠭᠵᠢᠯᠳᠠ ᠶᠢ ᠲᠠᠭᠠᠯᠳᠤᠨ ᠤᠷᠠᠨ ᠪᠢᠴᠢᠯᠬᠡ ᠶᠢᠨ ᠰᠢᠨ᠎ᠡ ᠰᠢᠨ᠎ᠡ ᠲᠢᠭ ᠬᠡᠯᠪᠡᠷᠢ ᠪᠠᠷ ᠪᠢᠴᠢᠨ ᠤᠷᠤᠯᠳᠤᠳᠠᠭ ᠭᠦᠮᠦᠰ ᠤᠯᠠᠨ ᠪᠤᠯᠵᠦ ᠢᠷᠡᠵᠠᠢ᠃ ᠠᠵᠢᠯ ᠠᠮᠢᠳᠤᠷᠠᠯ ᠤᠨ ᠬᠠᠷᠠᠭ᠎ᠠ ᠪᠠᠷ ᠭᠦᠷᠢᠶ᠎ᠡ ᠨᠤᠳᠤᠭ  ᠠᠴᠠ ᠪᠠᠨ ᠰᠠᠯᠵᠦ ᠪᠦᠭᠦ ᠤᠯᠤᠰ ᠤᠨ ᠡᠯ᠎ᠡ ᠭᠠᠵᠠᠷ ᠲᠤ ᠠᠵᠢᠯᠯᠠᠵᠦ ᠶᠠᠪᠤᠭ᠎ᠠ ᠤᠷᠠᠨ ᠪᠢᠴᠢᠯᠬᠡᠳᠡᠨ᠂ ᠬᠡᠷᠡᠯ ᠵᠢᠷᠤᠭᠴᠢᠨ ᠤᠯᠠᠨ ᠤᠯᠠᠨ ᠪᠤᠢ᠃ ᠬᠤᠰᠢᠭᠤ ᠨᠤᠳᠤᠭ ᠲᠤ ᠪᠠᠨ ᠦᠯᠡᠳᠡᠵᠦ᠂ ᠭᠢᠴᠢᠶᠡᠯ ᠭᠦᠮᠦᠵᠢᠯ ᠳᠤ ᠪᠠᠨ ᠵᠢᠳᠭᠦᠵᠦ ᠪᠠᠶᠢᠭ᠎ᠠ ᠱᠤᠸᠠᠩᠵᠢᠨᠪᠠᠶᠠᠷ᠂ ᠬᠡᠷᠡᠯᠳᠦ᠂ ᠰᠢᠦ ᠱᠠᠨ᠂ ᠤᠳᠤᠨ᠂ ᠡᠷᠳᠡᠨᠢᠰᠠᠩ ᠵᠡᠷᠬᠡ ᠭᠦᠮᠦᠰ ᠠᠴᠠ ᠪᠤᠰᠤᠳ ᠨᠢ ᠭᠠᠳᠠᠷ ᠭᠠᠵᠠᠷ ᠤᠷᠤᠨ ᠢᠶᠠᠷ ᠤᠷᠠᠨ ᠪᠢᠴᠢᠯᠬᠡ ᠪᠠᠨ ᠲᠦᠬᠡᠮᠡᠯᠵᠢᠭᠦᠯᠦᠨ ᠲᠠᠷᠬᠠᠭᠠᠬᠤ᠂ ᠲᠡᠯᠬᠡᠷᠡᠭᠦᠯᠦᠨ ᠭᠦᠭᠵᠢᠭᠦᠯᠭᠦ ᠵᠦᠢᠯᠡᠰ ᠲᠤ ᠦᠪᠡᠷ ᠦᠪᠡᠷ ᠤᠨ ᠭᠦᠴᠦᠨ ᠴᠢᠳᠠᠯ ᠢᠶᠠᠨ ᠡᠷᠭᠦᠵᠦ ᠪᠤᠢ᠃ ᠡᠭᠦᠨ ᠤ ᠲᠤᠳᠤᠷ᠎ᠠ ︽ᠭᠤᠷᠪᠠᠨ ᠪᠢᠴᠢᠯᠬᠡ ᠶᠢᠨ ᠠᠪᠤᠷᠭᠤ︾ ᠬᠡᠮᠡᠭᠳᠡᠵᠦ ᠶᠠᠪᠤᠭ᠎ᠠ ᠫᠷᠤᠹᠧᠰᠰᠤᠷ ᠪᠠᠶᠠᠨᠬᠦᠦ ᠶᠢ ᠲᠤᠷᠠᠳᠤᠯᠳᠠᠢ᠂ ᠪᠠᠰᠠ ᠵᠠᠯᠠᠭᠤ ᠤᠷᠠᠨ ᠪᠢᠴᠢᠯᠬᠡᠳᠡᠨ ᠠ᠊᠂ ᠲᠦᠪᠰᠢᠨ᠂ ᠠᠯᠳᠠᠨᠰᠠᠩ᠂ ᠲᠦᠪᠰᠢᠨ᠂ ᠰᠠᠶᠢᠨᠮᠠᠨᠳᠤᠬᠤ ᠵᠡᠷᠬᠡ ᠭᠦᠮᠦᠰ ᠪᠤᠢ᠃ ᠪᠠᠶᠠᠨᠬᠦᠦ ᠪᠤᠯ ᠭᠦᠬᠡᠬᠤᠳᠠ ᠦᠨᠳᠦᠰᠦᠳᠠᠨ ᠤ ᠲᠡᠬᠡᠳᠦ ᠰᠤᠷᠭᠠᠭᠤᠯᠢ ᠳᠤ ᠤᠷᠠᠨ ᠪᠢᠴᠢᠯᠬᠡ ᠶᠢᠨ ᠭᠢᠴᠢᠶᠠᠯ ᠭᠦᠮᠦᠵᠢᠯ ᠳᠤ ᠨᠠᠰᠦ ᠪᠠᠷ ᠢᠶᠠᠨ ᠵᠢᠳᠭᠦᠭᠰᠡᠨ ᠭᠦᠮᠦᠨ ᠤ ᠨᠢᠬᠡ ᠨᠢ ᠶᠤᠮ᠃ ᠲᠡᠷᠡ ᠬᠠᠸᠠᠩᠵᠠᠪ ᠤᠨ ᠪᠢᠴᠢᠯᠬᠡ  ᠠᠴᠠ ᠲᠠᠭᠠᠨ ᠰᠤᠷᠤᠯᠴᠠᠵᠦ᠂ ᠰᠤᠳᠤᠯᠤᠨ ᠤᠷᠤᠯᠳᠤᠵᠦ᠂ ᠲᠦᠪ᠂ ᠲᠠᠳᠠᠯᠭᠠᠨ᠂ ᠭᠦᠶᠦᠯᠬᠡᠨ ᠪᠢᠴᠢᠯᠬᠡ ᠶᠢᠨ ᠲᠠᠯ᠎ᠠ  ᠪᠠᠷ ᠦᠨᠳᠦᠷ ᠲᠦᠪᠰᠢᠨ ᠳᠤ ᠭᠦᠷᠴᠦ᠂ ᠦᠪᠡᠷ ᠤᠨ ᠬᠡᠰᠡᠨ ᠴᠡᠪᠡᠷ ᠴᠡᠮᠴᠡᠬᠡᠷ ᠲᠢᠭ ᠬᠡᠯᠪᠡᠷᠢ ᠶᠢ ᠡᠭᠦᠳᠦᠨ ᠪᠦᠳᠦᠬᠡᠵᠦ᠂ ᠤᠯᠠᠨ ᠤ ᠪᠠᠨ ᠭᠦᠷᠢᠶᠡᠯᠡᠯ ᠢ ᠤᠯᠵᠦ ᠪᠠᠭ᠋ᠠᠷᠬᠠᠭᠳᠠᠨ ᠪᠢᠰᠢᠷᠡᠭᠳᠡᠵᠦ ᠶᠠᠪᠤᠨ᠎ᠠ᠃ ᠮᠦᠨ ᠴᠦ ᠭᠦᠬᠡᠬᠤᠳᠠ ᠤᠷᠤᠨ᠂ ᠴᠢᠨᠠᠭᠰᠢᠯᠠᠨ ᠪᠦᠭᠦ ᠦᠪᠦᠷ ᠮᠤᠩᠭᠤᠯ ᠤᠷᠤᠨ ᠪᠤᠶᠦ ᠨᠠᠢᠮᠠᠨ ᠮᠤᠵᠢ ᠤᠷᠤᠨ ᠤ ᠲᠤᠳᠤᠷ᠎ᠠ ᠨᠦᠯᠦᠬᠡ ᠲᠤᠰᠬᠠᠯ ᠶᠡᠭᠡ ᠪᠠᠶᠢᠵᠦ᠂ ᠤᠯᠠᠩᠬᠢ ᠲᠤᠭᠠᠨ ᠤ ᠭᠦᠮᠦᠰ ᠲᠠᠭᠠᠨ ᠰᠤᠷᠤᠯᠴᠠᠵᠦ ᠪᠠᠶᠢᠭ᠎ᠠ ᠭᠦᠬᠡᠬᠤᠳᠠ ᠤᠷᠤᠨ ᠤ ᠲᠢᠭ ᠬᠡᠯᠪᠡᠷᠢ ᠶᠢᠨ ᠤᠨᠴᠠᠯᠢᠭ ᠢ ᠡᠭᠦᠰᠬᠡᠨ ᠪᠠᠶᠢᠭᠤᠯᠤᠭᠴᠢ ᠶᠢᠨ ᠨᠢᠬᠡ ᠨᠢ ᠪᠤᠯᠵᠠᠢ᠃    ᠭᠦᠷᠢᠶ᠎ᠡ ᠬᠤᠰᠢᠭᠤᠨ ᠤ ᠤᠷᠠᠨ ᠪᠢᠴᠢᠯᠬᠡᠳᠡᠳ ᠤᠷᠠᠨ ᠪᠢᠴᠢᠯᠬᠡ ᠪᠠᠷ ᠢᠶᠠᠨ ᠤᠯᠠᠨ ᠲᠡᠰ ᠦᠷᠬᠡᠨ ᠬᠡᠪᠴᠢᠶᠠᠨ  ᠤ ᠤᠷᠤᠯᠳᠤᠭᠠᠨ ᠳᠤ ᠤᠷᠤᠯᠴᠠᠵᠦ᠂ ᠱᠠᠩᠨᠠᠯ ᠭᠦᠬᠢᠭᠦᠯᠦᠯ ᠢ ᠲᠤᠰᠤᠭᠰᠠᠭᠠᠷ ᠢᠷᠡᠵᠡᠢ᠃ ᠡᠭᠦᠨ ᠳᠤ ᠪᠡᠶᠠᠨᠬᠦᠦ 1997 ᠤᠨ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠲᠦᠷᠪᠡᠳᠦᠬᠡᠷ ᠬᠤᠭᠤᠴᠠᠭᠠᠨ ᠤ ᠤᠷᠠᠨ ᠪᠢᠴᠢᠯᠬᠡ ᠶᠢᠨ ᠦᠵᠡᠰᠭᠦᠯᠡᠩ ᠪᠤᠯᠤᠨ ᠬᠤᠸᠠᠪᠸᠠᠢ ᠤᠷᠤᠨ ᠤ ᠬᠤᠶᠠᠳᠤᠭᠠᠷ ᠤᠳᠠᠭᠠᠨ ᠤ ᠤᠷᠠᠨ ᠪᠢᠴᠢᠯᠬᠡ ᠶᠢᠨ ᠦᠵᠡᠰᠭᠦᠯᠡᠩ ᠳᠤ ᠨᠢᠬᠡᠳᠦᠬᠡᠷ ᠲᠡᠰ ᠤᠨ ᠱᠠᠩᠨᠠᠯ ᠭᠦᠷᠳᠡᠭᠰᠡᠨ ᠪᠠᠶᠢᠨ᠎ᠠ᠃ 2007 ᠤᠨ ᠳᠤ ᠦᠪᠦᠷ ᠮᠤᠩᠭᠤᠯ  ᠤᠨ ᠤᠳᠬ᠎ᠠ ᠤᠷᠠᠯᠢᠭ ᠤᠨ ᠬᠠᠮᠤᠭ ᠲᠡᠬᠡᠳᠦ ︽ᠰᠠᠷᠠᠨ᠎ᠠ︾ ᠱᠠᠩᠨᠠᠯ ᠢ ᠲᠤᠰᠴᠠᠢ᠃ ᠲᠠᠪᠤᠳᠤᠭᠠᠷ ᠤᠳᠠᠭᠠᠨ ᠤ ᠤᠷᠤᠨ ᠤ ︽ᠡᠬᠡ ᠬᠡᠯᠡ︾ ᠮᠤᠩᠭᠤᠯ ᠤᠷᠠᠨ ᠪᠢᠴᠢᠯᠬᠡ ᠶᠢᠨ ᠤᠷᠤᠯᠳᠤᠭᠠᠨ ᠳᠤ ᠬᠤᠶᠠᠳᠤᠭᠠᠷ ᠲᠡᠰ ᠤᠨ ᠱᠠᠩᠨᠠᠯ ᠲᠤᠰᠴᠠᠢ᠃ 2013 ᠤᠨ ᠳᠤ ᠭᠦᠯᠦᠨ ᠪᠤᠶᠢᠷ ᠤᠨ ︽ᠠᠵᠢᠨᠠᠢ ᠭᠦᠯᠦᠭ︾ ᠮᠤᠩᠭᠤᠯ ᠤᠷᠠᠨ ᠪᠢᠴᠢᠯᠬᠡ ᠶᠢᠨ ᠤᠷᠤᠯᠳᠤᠭᠠᠨ ᠳᠤ ᠲᠠᠷᠢᠭᠦᠨ ᠱᠠᠩᠨᠠᠯ ᠲᠤᠰᠴᠠᠢ᠃ 2012 ᠤᠨ ᠳᠤ ᠪᠦᠭᠦ ᠤᠯᠤᠰ ᠤᠨ ︽ᠰᠢᠨ᠎ᠡ ᠤᠳᠤᠨ ᠬᠤᠨᠳᠠᠭᠠᠳᠦ︾ ᠤᠷᠠᠨ ᠪᠢᠴᠢᠯᠬᠡ ᠶᠢᠨ ᠤᠷᠤᠯᠳᠤᠭᠠᠨ ᠳᠤ ᠬᠤᠶᠠᠳᠤᠭᠠᠷ ᠲᠡᠰ ᠤᠨ ᠱᠠᠩᠨᠠᠯ ᠭᠦᠷᠳᠡᠪᠡ᠃ ᠠᠩᠬᠠᠳᠤᠭᠠᠷ ᠤᠳᠠᠭᠠᠨ ᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠰᠤᠷᠭᠠᠭᠤᠯᠢ ᠶᠢᠨ ᠮᠤᠩᠭᠤᠯ ᠬᠢᠳᠠᠳ ᠦᠬᠡ ᠬᠡᠯᠡ ᠦᠰᠦᠭ ᠪᠢᠴᠢᠭ ᠤᠨ ᠰᠤᠩᠭᠤᠳᠠᠭ ᠪᠦᠳᠦᠬᠡᠯ ᠢ ᠦᠰᠦᠨ ᠪᠢᠷ ᠢᠶᠠᠷ ᠪᠢᠴᠢᠭᠦ ᠤᠷᠤᠯᠳᠤᠭᠠᠨ  ᠳᠤ ᠲᠤᠮᠳᠠᠳᠦ ᠰᠤᠷᠭᠠᠭᠤᠯᠢ ᠶᠢᠨ ᠪᠠᠭᠰᠢ ᠶᠢᠨ ᠲᠤᠭᠤᠶᠢᠯᠠᠩ ᠤᠨ ᠨᠢᠬᠡᠳᠦᠬᠡᠷ ᠲᠡᠰ ᠤᠨ ᠱᠠᠩᠨᠠᠯ ᠭᠦᠷᠳᠡᠪᠡ᠃ 2010 ᠤᠨ ᠤ ᠪᠦᠭᠦ ᠤᠯᠤᠰ ᠤᠨ ︽ᠰᠠᠶᠢᠬᠠᠨ ᠬᠠᠨ ᠬᠤᠨᠳᠠᠭᠠᠳᠦ︾ ᠤᠷᠠᠨ ᠪᠢᠴᠢᠯᠬᠡ ᠶᠢᠨ ᠤᠷᠤᠯᠳᠤᠭᠠᠨ ᠳᠤ ᠬᠤᠶᠠᠳᠤᠭᠠᠷ ᠲᠡᠰ ᠤᠨ ᠱᠠᠩᠨᠠᠯ ᠭᠦᠷᠳᠡᠪᠡ᠃ 2010 ᠤᠨ ᠳᠤ ᠶᠠᠫᠤᠨ ᠳᠤ ᠪᠤᠯᠤᠭᠰᠠᠨ 47 ᠳ᠋ᠤᠭᠠᠷ ᠤᠳᠠᠭᠠᠨ  ᠤ ᠤᠳᠦ ᠦᠶ᠎ᠡ ᠶᠢᠨ ᠤᠷᠠᠨ ᠪᠢᠴᠢᠯᠬᠡ ᠶᠢᠨ ᠤᠷᠤᠯᠳᠤᠭᠠᠨ ᠳᠤ ᠭᠤᠷᠪᠠᠳᠤᠭᠠᠷ ᠲᠠᠰ ᠤᠨ ᠱᠠᠩᠨᠠᠯ ᠭᠦᠷᠳᠡᠪᠡ᠃ ᠡᠨᠡ ᠪᠦᠭᠦᠨ ᠨᠢ ᠲᠡᠭᠦᠨ ᠤ ᠤᠷᠠᠨ ᠪᠢᠴᠢᠯᠬᠡ ᠶᠢᠨ ᠦᠨᠳᠦᠷ ᠠᠮᠵᠢᠯᠳᠠ᠂ ᠲᠡᠬᠡᠳᠦ ᠲᠦᠪᠰᠢᠨ ᠢ ᠬᠠᠷᠠᠭᠤᠯᠵᠦ ᠪᠠᠶᠢᠭ᠎ᠠ ᠶᠤᠮ᠃    ᠲᠢᠭ ᠮᠠᠶ᠋ᠢᠭ ᠤᠨ ᠲᠠᠯ᠎ᠠ ᠪᠠᠷ ᠡᠷᠳᠡᠨᠢᠪᠦᠭᠡ ᠪᠠᠭᠰᠢ ᠪᠤᠯ ᠵᠢᠷᠢᠮ ᠤᠨ ᠲᠢᠭ ᠮᠠᠶ᠋ᠢᠭ ᠤᠨ ᠲᠠᠭᠠᠭᠤᠯᠤᠭᠴᠢ ᠪᠤᠶᠦ ᠡᠭᠦᠳᠦᠭᠴᠢ ᠪᠠᠶᠢᠵᠦ᠂ ᠰᠢᠭᠤᠳ ᠭᠦᠷᠢᠶ᠎ᠡ ᠬᠤᠰᠢᠭᠤᠨ ᠤ ᠲᠢᠭ ᠮᠠᠶ᠋ᠢᠭ ᠤᠨ ᠬᠡᠯᠪᠡᠷᠢ ᠶᠢ ᠨᠦᠯᠦᠬᠡᠯᠡᠵᠠᠢ ᠬᠡᠵᠦ ᠪᠤᠯᠤᠨ᠎ᠠ᠃ ᠡᠭᠦᠨ ᠳᠤ ᠭᠦᠷᠢᠶ᠎ᠡ ᠬᠤᠰᠢᠭᠤ ᠨᠤᠳᠤᠭ ᠠᠴᠠ ᠪᠠᠨ ᠴᠤᠯᠭᠤᠷᠠᠭᠰᠠᠨ ᠡᠳᠦᠢ ᠲᠡᠳᠦᠢ ᠪᠢᠴᠢᠯᠬᠡᠳᠡᠨ᠂ ᠪᠦᠭᠦ ᠤᠷᠤᠨ ᠤ ᠡᠯ᠎ᠡ ᠠᠵᠢᠯ ᠤᠨ ᠪᠠᠶᠢᠷᠢ ᠳᠤ ᠲᠠᠷᠬᠠᠵᠦ ᠲᠤᠬᠠᠢ ᠶᠢᠨ ᠭᠠᠵᠠᠷ ᠤᠷᠤᠨ ᠤ ᠤᠷᠠᠨ ᠪᠢᠴᠢᠯᠬᠡ ᠶᠢᠨ ᠤᠨᠴᠠᠯᠢᠭ ᠤᠨ ᠨᠦᠯᠦᠬᠡ ᠪᠠᠷ ᠦᠪᠡᠷᠮᠢᠴᠡ ᠤᠨᠴᠠᠯᠢᠭ ᠰᠢᠨᠵᠢ ᠲᠠᠢ ᠤᠯᠠᠨ ᠲᠦᠷᠦᠯᠳᠦ ᠬᠡᠯᠪᠡᠷᠢ ᠶᠢ ᠪᠦᠷᠢᠯᠳᠦᠭᠦᠯᠦᠨ ᠭᠦᠭᠵᠢᠵᠦ ᠪᠤᠢ᠃ ᠡᠳᠡᠬᠡᠷ ᠤᠷᠠᠨ ᠪᠢᠴᠢᠯᠬᠡᠳᠡᠳ ᠤᠨ ᠲᠤᠳᠤᠷ᠎ᠠ ᠵᠠᠭᠤᠨ ᠤ ᠶᠠᠷᠠᠬᠡᠳ ᠨᠢ ᠪᠦᠷ ᠰᠤᠷᠭᠠᠨ ᠭᠦᠮᠦᠵᠢᠯ ᠤᠨ ᠠᠵᠢᠯ ᠤᠨ ᠪᠠᠶᠢᠷᠢ ᠲᠡᠬᠡᠷ᠎ᠡ ᠪᠠᠶᠢᠵᠦ ᠮᠤᠩᠭᠤᠯ ᠤᠷᠠᠨ ᠪᠢᠴᠢᠯᠬᠡ ᠶᠢᠨ ᠭᠦᠭᠵᠢᠯᠳᠠ ᠲᠠᠪᠰᠢᠯᠳᠠ᠂ ᠵᠢᠭᠠᠨ ᠰᠤᠷᠭᠠᠯᠳᠠ ᠶᠢᠨ ᠲᠠᠯ᠎ᠠ ᠪᠠᠷ ᠰᠢᠨ᠎ᠡ ᠶᠢ ᠡᠭᠦᠳᠴᠦ᠂ ᠤᠷᠴᠢᠮ ᠤᠨ ᠵᠢᠯ ᠤᠳ ᠲᠤ ᠦᠶ᠎ᠡ ᠤᠯᠠᠨ ᠤᠷᠠᠨ ᠪᠢᠴᠢᠯᠬᠡ ᠶᠢᠨ ᠰᠤᠷᠤᠭᠴᠢᠳ ᠪᠠ ᠨᠡᠶᠢᠬᠡᠮ ᠤᠨ ᠤᠷᠠᠨ ᠪᠢᠴᠢᠯᠬᠡ ᠶᠢᠨ ᠪᠠᠭ᠋ᠠᠳᠠᠳ ᠢ ᠭᠦᠮᠦᠵᠢᠭᠦᠯᠦᠨ ᠭᠠᠷᠭᠠᠵᠠᠢ᠃ ᠤᠨᠴᠠᠭᠠᠶᠢᠯᠠᠨ 2012 ᠤᠨ ᠳᠤ ᠤᠯᠤᠰ ᠤᠨ ᠰᠤᠷᠭᠠᠨ ᠭᠦᠮᠦᠵᠢᠯ ᠤᠨ ᠶᠠᠮᠤᠨ ᠠᠴᠠ ᠤᠷᠠᠨ ᠪᠢᠴᠢᠯᠬᠡ ᠶᠢ ᠬᠢᠴᠢᠶᠡᠯ ᠤᠨ ᠲᠢᠩᠬᠢᠮ ᠳᠤ ᠤᠷᠤᠭᠤᠯᠤᠭᠰᠠᠨ ᠠᠴᠠ ᠡᠬᠢᠯᠡᠨ ᠡᠨᠡ ᠲᠠᠯ᠎ᠠ ᠶᠢᠨ ᠠᠵᠢᠯᠯᠠᠭ᠎ᠠ ᠨᠢ ᠢᠯᠡ ᠲᠤᠳᠤᠷᠬᠠᠢ᠂ ᠪᠤᠳᠠᠳᠠᠢ᠂ ᠡᠷᠴᠢᠮᠳᠠᠢ ᠪᠠᠷ ᠶᠠᠪᠤᠭᠳᠠᠵᠦ᠂ ᠮᠠᠨ ᠤ ᠭᠦᠷᠢᠶ᠎ᠡ ᠬᠤᠰᠢᠭᠤᠨ ᠤ ᠰᠤᠶᠤᠯ ᠤᠨ ᠤᠯᠠᠮᠵᠢᠯᠠᠯ ᠵᠠᠯᠭᠠᠮᠵᠢᠯᠠᠯ ᠤᠨ ᠦᠢᠯᠡᠰ ᠲᠤ ᠭᠠᠷᠮᠠᠭᠠᠢ ᠵᠢᠳᠭᠦᠯ ᠦᠵᠡᠭᠦᠯᠵᠦ᠂ ᠴᠢᠨᠠᠭᠰᠢᠯᠠᠨ ᠪᠦᠭᠦ ᠮᠤᠩᠭᠤᠯ ᠰᠤᠶᠤᠯ ᠤᠨ ᠲᠦᠯᠦᠬᠡ ᠴᠢᠷᠮᠠᠶᠢᠵᠦ᠂ ᠨᠢᠬᠡ ᠮᠦᠷᠤᠨ ᠤ ᠭᠦᠴᠦᠨ ᠢᠶᠠᠨ ᠡᠷᠭᠦᠵᠦ ᠪᠠᠶᠢᠨ᠎ᠠ᠃ ᠡᠭᠦᠨ ᠳᠤ ᠤᠨᠴᠠ ᠲᠤᠷᠠᠳᠤᠯᠳᠠᠢ  ᠨᠢ ᠪᠠᠶᠠᠨᠬᠦᠦ᠂ ᠲᠦᠪᠰᠢᠨ᠂ ᠱᠤᠸᠠᠩᠵᠢᠨᠪᠠᠶᠠᠷ᠂ ᠬᠡᠷᠡᠯᠳᠦ ᠵᠡᠷᠬᠡ ᠪᠠᠭᠰᠢ ᠪᠤᠢ᠃    ᠮᠤᠩᠭᠤᠯ ᠤᠷᠠᠨ ᠪᠢᠴᠢᠯᠬᠡ ᠨᠢ ᠭᠦᠷᠢᠶ᠎ᠡ ᠶᠢᠨ ᠭᠦᠮᠦᠨ ᠠᠷᠠᠳ ᠤᠨ ᠢᠶᠠᠨ ᠲᠤᠳᠤᠷ᠎ᠠ ᠭᠦᠮᠦᠰ ᠤᠨ ᠬᠤᠭᠤᠷᠤᠨᠳᠦᠬᠢ ᠤᠷᠠᠯᠢᠭ ᠤᠨ ᠰᠤᠯᠢᠯᠴᠠᠭ᠎ᠠ᠂ ᠢᠯᠠᠩᠭᠤᠶ᠎ᠠ ᠵᠠᠩ ᠠᠷᠠᠨᠰᠢᠨ ᠢᠶᠠᠨ ᠰᠤᠯᠢᠯᠴᠡᠵᠦ᠂ ᠲᠡᠤᠬᠡ ᠰᠤᠶᠤᠯ  ᠢᠶᠠᠨ ᠮᠡᠳᠡᠷᠡᠭᠦ᠂ ᠰᠤᠷᠤᠯᠴᠠᠨ ᠰᠤᠳᠤᠯᠬᠤ ᠵᠡᠷᠬᠡ ᠲᠠᠯ᠎ᠠ ᠳᠤ ᠭᠦᠭᠦᠷᠬᠡ ᠬᠤᠯᠪᠤᠭᠠᠰᠦ ᠶᠢᠨ ᠦᠢᠯᠡᠳᠦᠯ ᠢᠶᠠᠨ ᠪᠠᠳᠠᠷᠠᠭᠤᠯᠤᠭᠰᠠᠭᠠᠷ ᠢᠷᠡᠵᠦ᠂ ᠬᠤᠵᠢᠮ ᠢᠷᠡᠬᠡᠳᠦᠢ ᠳᠤ ᠡᠭᠦᠨ ᠠᠴᠠ ᠪᠠᠨ ᠨᠡᠩ ᠭᠦᠨ ᠭᠦᠨᠵᠡᠬᠡᠢ᠂ ᠨᠡᠩ ᠦᠷᠬᠡᠨ ᠲᠠᠯᠠᠶᠢᠴᠠᠳᠠᠢ᠂ ᠤᠯᠠᠮ ᠨᠦᠯᠦᠬᠡ ᠲᠤᠰᠬᠠᠯ ᠲᠠᠢ ᠪᠠᠷ ᠡᠨᠡ ᠭᠦ ᠦᠢᠯᠡᠳᠦᠯ ᠢᠶᠠᠨ ᠪᠠᠳᠠᠷᠠᠭᠤᠯᠬᠤ ᠨᠢ ᠯᠠᠪᠳᠠᠢ ᠶᠤᠮ᠃
 
ᠢᠷᠡᠯᠲᠡ᠄ ᠭᠦᠷᠢᠶ᠎ᠡ ᠲᠡᠤᠬᠡ ᠰᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号