ᠲᠣᠰ ᠬᠡᠶᠢᠳ ᠢ ᠴᠢᠩ ᠣᠯᠣᠰ ᠤᠨ ᠲᠡᠭᠷᠢ ᠳᠡᠳᠬᠦᠭᠴᠢ ᠶᠢᠨ ᠳᠤᠯᠤᠳᠤᠭᠠᠷ ᠣᠨ ︵1742 ᠤᠨ︶ ᠳᠤ | ᠠᠷᠪᠠᠨ ᠬᠤᠶᠠᠳᠣᠭᠠᠷ ᠦᠶ᠎ᠡ ᠶᠢᠨ ᠵᠠᠰᠠᠭ ᠳ᠋ᠠ ᠯᠠᠮᠠ ᠠᠭᠸᠠᠩᠵᠢᠮᠢᠶᠠᠨ ᠣᠳᠣᠷᠢᠳᠤᠨ ᠪᠠᠶᠢᠭᠤᠯᠪᠠ᠃ ᠰᠦᠮ᠎ᠡ ᠶᠢ | ᠪᠠᠶᠢᠭᠤᠯᠵᠦ ᠪᠦᠲᠦᠭᠡᠭᠰᠡᠨ ᠤ ᠳᠡᠷᠠᠭ᠎ᠠ ᠳᠡᠭᠷᠢ ᠳᠡᠳᠬᠦᠭᠴᠢ ᠬᠠᠭᠠᠨ ᠠᠴᠠ ︽ᠪᠣᠶᠠᠨ ᠪᠠᠷᠢᠯᠳᠣᠭᠤᠯᠣᠭᠴᠢ ᠬᠡᠶᠢᠳ︾ | ᠬᠡᠭᠦ ᠨᠡᠷ᠎ᠡ ᠬᠠᠶᠢᠷᠠᠯᠠᠵᠠᠢ᠃ ᠶᠡᠷᠦ ᠳᠡᠭᠡᠨ ︽ᠳᠣᠣᠷ᠎ᠠ ᠰᠠᠩ︾ ᠭᠡᠳᠡᠭ᠃ ︽ᠭᠡᠨᠳᠥᠩ︾ ︵ᠡᠪᠰᠡᠭᠦᠯᠬᠦ ᠭᠡᠰᠡᠨ | ᠣᠳᠬ᠎ᠠ ᠲᠠᠢ ᠲᠦᠪᠡᠳ ᠦᠭᠡ︶ ᠨᠡᠷ᠎ᠡ ᠲᠠᠢ ᠰᠣᠪᠣᠷᠭ᠎ᠠ ᠶᠢ ᠰᠦᠮ᠎ᠡ ᠶᠢᠨ ᠬᠦᠷᠢᠶᠡᠨ ᠤ ᠠᠷᠦ ᠳᠠᠬᠢ ᠥᠨᠳᠥᠷ | ᠣᠷᠦᠢ ᠳᠡᠭᠡᠷ᠎ᠡ ᠪᠣᠰᠬᠠᠵᠣ ᠯᠠᠮᠠ ᠨᠠᠷ ᠤᠨ ᠳᠣᠲᠣᠭᠠᠳᠦ ᠶᠢᠨ ᠵᠢᠭᠤᠷᠠᠯᠳᠣᠭᠠᠨ ᠢ ᠰᠢᠭᠦᠨ ᠲᠠᠰᠣᠯᠬᠤ ᠭᠠᠵᠠᠷ | ᠪᠣᠯᠭᠠᠵᠠᠢ᠃ ᠪᠣᠶᠠᠨ ᠪᠠᠷᠢᠯᠳᠣᠭᠤᠯᠣᠭᠴᠢ ᠬᠡᠶᠢᠳ ᠢ ᠰᠣᠪᠣᠷᠭ᠎ᠠ ᠶᠢᠨ ᠡᠮᠦᠨ᠎ᠡ ᠲᠠᠯ᠎ᠠ ᠳᠤ ᠪᠠᠶᠢᠭᠤᠯᠵᠤ ᠡᠮᠦᠨ᠎ᠡ ᠠᠴᠠ | ᠬᠤᠶᠢᠰᠢ ᠠᠷᠦ ᠠᠷᠦ ᠠᠴᠠ ᠨᠢ ᠣᠭᠰᠠᠷᠠᠭᠤᠯᠣᠨ ᠰᠦᠮ᠎ᠡ ᠶᠢᠨ ᠬᠠᠭᠠᠯᠭ᠎ᠠ᠂ ᠨᠤᠮ ᠤᠨ ᠬᠠᠷᠰᠢ᠂ ᠪᠣᠷᠬᠠᠨ ᠤ | ᠬᠠᠷᠰᠢ᠂ ᠯᠣᠣᠶᠧ ᠶᠢᠨ ᠰᠦᠮ᠎ᠡ ᠵᠡᠷᠭᠡ ᠳᠥᠷᠪᠡᠨ ᠰᠦᠮ᠎ᠡ ᠶᠢ ᠪᠠᠶᠢᠭᠤᠯᠪᠠ᠃ ᠵᠡᠭᠦᠨ ᠪᠠᠷᠠᠭᠤᠨ ᠲᠠᠯ᠎ᠠ ᠶᠢᠨ | ᠬᠤᠩᠬᠢᠯ ᠭᠡᠷ ᠤᠨ ᠡᠮᠦᠨ᠎ᠡ ᠦᠵᠦᠭᠦᠷ ᠲᠤ ᠲᠣᠰᠪᠦᠷᠢ ᠭᠤᠷᠪᠠᠨ ᠵᠠᠩ ᠳᠠᠰᠢᠭᠤ ᠬᠠᠷᠰᠢ ᠲᠠᠢ᠂ ᠳᠠᠰᠢᠭᠤ ᠬᠠᠷᠰᠢ | ᠪᠣᠯᠣᠨ ᠰᠦᠮ᠎ᠡ ᠶᠢᠨ ᠬᠠᠭᠠᠯᠭ᠎ᠠ ᠶᠢᠨ ᠬᠤᠭᠤᠷᠣᠨᠳᠦ ᠵᠦᠩ ᠬᠡᠩᠭᠡᠷᠭᠡ ᠶᠢᠨ ᠠᠰᠠᠷ ᠲᠠᠢ᠃ ᠪᠦᠬᠦ ᠲᠠᠯᠠᠪᠠᠢ ᠨᠢ | 4000 ᠢᠯᠡᠭᠦᠦ ᠳᠡᠭᠰᠢ ᠲᠥᠷᠪᠡᠯᠵᠢᠨ ᠮᠧᠲᠷ ᠭᠠᠵᠠᠷ ᠢ ᠡᠵᠡᠯᠡᠵᠦ ᠪᠠᠶᠢᠨ᠎ᠠ᠃ | ᠬᠠᠭᠠᠯᠭ᠎ᠠ ᠶᠢᠨ ᠰᠦᠮ᠎ᠡ ᠨᠢ ᠭᠤᠷᠪᠠᠨ ᠵᠠᠩ᠂ ᠳᠣᠮᠳᠠ ᠪᠠᠨ ᠭᠤᠣᠯ ᠡᠭᠦᠳᠡ ᠲᠠᠢ᠂ ᠬᠤᠶᠠᠷ ᠲᠠᠯ᠎ᠠ ᠳᠤ ᠨᠢ | ᠳᠥᠷᠪᠡᠨ ᠮᠠᠭᠷᠠᠨᠽᠠ ᠶᠢᠨ ᠱᠣᠭᠤᠮᠠᠯ ᠬᠦᠷᠦᠭ ᠢ ᠪᠠᠶᠢᠷᠢᠯᠠᠭᠤᠯᠵᠤ ᠤᠷᠢᠳᠠᠭᠤᠷ ᠨᠢ ᠮᠤᠳᠤᠨ ᠵᠢᠶᠠᠰᠠ ᠲᠠᠢ᠃ | ᠡᠭᠦᠳᠡ ᠭᠤᠳᠣᠮᠵᠢ ᠶᠢᠨ ᠭᠤᠣᠯ ᠳᠣᠮᠳᠠ ᠮᠣᠩᠭᠤᠯ᠂ ᠬᠢᠲᠠᠳ᠂ ᠲᠦᠪᠡᠳ ᠢᠶᠠᠷ ᠰᠡᠶᠢᠯᠦᠭᠰᠡᠨ ᠠᠯᠲᠠᠨ ᠦᠰᠦᠭ | ᠲᠠᠢ ᠫᠠᠶᠢᠰᠠ ᠶᠢ ᠡᠯᠭᠦᠵᠦ ᠪᠠᠶᠢᠳᠠᠭ᠃ ᠬᠠᠭᠠᠯᠭ᠎ᠠ ᠶᠢᠨ ᠰᠦᠮ᠎ᠡ ᠶᠢᠨ ᠬᠤᠶᠠᠷ ᠲᠠᠯ᠎ᠠ ᠳᠤ ᠬᠠᠵᠠᠭᠤ ᠶᠢᠨ ᠡᠭᠦᠳᠡ | ᠲᠠᠢ᠂ ᠶᠡᠷᠦ ᠶᠢᠨ ᠴᠠᠭ ᠲᠤ ᠡᠨᠡ ᠬᠤᠶᠠᠷ ᠡᠭᠦᠳᠡ ᠪᠠᠷ ᠣᠷᠣᠵᠣ ᠭᠠᠷᠳᠠᠭ᠃ ᠨᠣᠮ ᠤᠨ ᠬᠠᠷᠰᠢ ᠨᠢ ᠲᠦᠪᠡᠳ | ᠬᠡᠯᠪᠡᠷᠢ ᠲᠠᠢ ᠬᠤᠶᠠᠷ ᠳᠠᠪᠬᠤᠷ ᠠᠰᠠᠷ ᠪᠣᠯᠣᠨ᠎ᠠ᠃ ᠡᠮᠦᠨ᠎ᠠ ᠣᠮᠠᠷ᠎ᠠ᠂ ᠵᠡᠭᠦᠨ ᠪᠠᠷᠠᠭᠤᠨᠰᠢ ᠪᠠᠨ ᠲᠣᠰ ᠲᠣᠰ ᠲᠠᠪᠣᠨ | ᠵᠠᠩ ᠪᠠᠶᠢᠳᠠᠭ ᠠᠴᠠ ᠶᠡᠷᠦ ᠳᠤ ᠪᠠᠨ ᠬᠤᠷᠢᠨ ᠵᠠᠩ ᠭᠡᠳᠡᠭ᠃ ᠡᠨᠡ ᠨᠢ ᠰᠦᠮ᠎ᠡ ᠶᠢᠨ ᠯᠠᠮᠠ ᠨᠠᠷ ᠤᠨ ᠬᠤᠷᠠᠯ ᠨᠤᠮ | ᠬᠢᠬᠦ ᠲᠠᠯᠠᠪᠦᠷ ᠪᠤᠯᠤᠨ᠎ᠠ᠃ ᠰᠦᠮ᠎ᠡ ᠳᠤ ᠽᠥᠩᠺᠡᠸᠡ ᠪᠣᠷᠬᠠᠨ ᠪᠣᠯᠣᠨ ᠴᠠᠭᠠᠨ ᠳ᠋ᠠᠷ᠎ᠠ᠂ ᠨᠤᠭᠤᠭᠠᠨ ᠳ᠋ᠠᠷ᠎ᠠ ᠪᠣᠷᠬᠠᠨ | ᠤ ᠬᠦᠷᠦᠭ ᠢ ᠳᠠᠬᠢᠵᠦ ᠪᠠᠶᠢᠳᠠᠭ ᠪᠦᠭᠡᠳ ᠬᠤᠶᠠᠳᠣᠭᠠᠷ ᠲᠠᠪᠬᠤᠷᠯᠢᠭ ᠳᠡᠭᠡᠷ᠎ᠡ ᠨᠢ ᠰᠢᠩᠬᠤ ᠪᠠᠷ ᠳᠠᠷᠤᠮᠯᠠᠭᠰᠠᠨ | ᠪᠡᠭᠡᠵᠢᠩ ᠪᠠᠷ ᠤᠨ 120 ᠪᠤᠳᠢ ︽ᠭᠠᠨᠵᠤᠤᠷ ᠤᠨ ᠰᠣᠳᠣᠷ︾ ᠢ ᠬᠠᠮᠠᠭᠠᠯᠠᠵᠦ ᠪᠠᠶᠢᠳᠠᠭ᠃ | ᠪᠣᠷᠬᠠᠨ ᠤ ᠬᠠᠷᠰᠢ ᠪᠣᠯ ᠪᠣᠶᠠᠨ ᠪᠠᠷᠢᠯᠳᠣᠭᠤᠯᠣᠭᠴᠢ ᠬᠡᠶᠢᠳ ᠤᠨ ᠭᠤᠣᠯ ᠨᠢ ᠪᠣᠯᠳᠠᠭ᠃ ᠪᠠᠷᠢᠯᠭ᠎ᠠ ᠶᠢᠨ ᠬᠡᠪ | ᠶᠠᠩᠵᠦ ᠨᠢ ᠰᠢᠷᠡᠭᠡᠲᠦ ᠬᠦᠷᠢᠶ᠎ᠡ ᠶᠢᠨ ᠪᠤᠢ ᠪᠦᠬᠦᠢ ᠰᠦᠮ᠎ᠡ ᠬᠡᠶᠢᠳ ᠤᠨ ᠳᠣᠲᠣᠷ᠎ᠠ ᠣᠨᠴᠠᠭᠠᠢ ᠬᠡᠪ ᠨᠠᠮᠪᠠ ᠲᠠᠢ | ᠶᠣᠮ᠃ ᠡᠨᠡ ᠰᠦᠮ᠎ᠡ ᠳᠤ ᠭᠤᠷᠪᠠᠨ ᠴᠠᠭ ᠤᠨ ᠪᠤᠷᠬᠠᠨ ᠢ ᠳᠡᠬᠢᠵᠦ ᠪᠠᠶᠢᠳᠠᠭ᠃ ᠪᠣᠷᠬᠠᠨ ᠤ ᠬᠠᠷᠰᠢ ᠶᠢᠨ ᠠᠷᠦ | ᠲᠠᠯ᠎ᠠ ᠳᠤ ᠪᠠᠷᠤᠭ 250 ᠵᠢᠯ ᠭᠠᠷᠦᠢ ᠪᠣᠯᠵᠦ ᠪᠠᠶᠢᠭ᠎ᠠ ᠨᠠᠷᠠᠰᠦ ᠪᠠ ᠠᠷᠴᠠᠨ ᠮᠤᠳᠤ ᠲᠠᠢ ᠪᠠᠶᠢᠵᠦ ᠥᠨᠳᠥᠷ ᠢᠶᠠᠷ | ᠢᠶᠠᠨ ᠬᠠᠷᠰᠢ ᠶᠢᠨ ᠭᠠᠵᠠᠷ ᠲᠠᠢ ᠰᠠᠴᠠᠭᠤ ᠪᠠᠶᠢᠳᠠᠭ᠃ | ᠯᠤᠤᠶᠧ ᠶᠢᠨ ᠰᠦᠮ᠎ᠡ ᠪᠣᠯ ᠲᠠᠪᠤᠨ ᠵᠠᠩ ᠪᠦᠭᠡᠳ ᠳᠣᠮᠳᠠᠬᠢ ᠭᠤᠷᠪᠠᠨ ᠲᠠᠰᠤᠯᠭ᠎ᠠ ᠨᠢ ᠬᠤᠶᠠᠷ ᠲᠠᠯ᠎ᠠ ᠶᠢᠨ | ᠬᠢ ᠠᠴᠠ ᠪᠠᠨ ᠨᠢᠭᠡ ᠲᠣᠬᠤᠢ ᠥᠨᠳᠥᠷ ᠪᠠᠶᠢᠳᠠᠭ᠃ ᠠᠳᠡ ᠭᠤᠸᠠᠨ ᠯᠣᠣᠶᠧ ᠶᠢ ᠳᠡᠬᠢᠵᠦ ᠪᠠᠶᠢᠳᠠᠭ᠃ ᠵᠡᠭᠦᠨ | ᠲᠠᠯ᠎ᠠ ᠶᠢᠨ ᠨᠢᠭᠡ ᠲᠠᠰᠣᠯᠭ᠎ᠠ ᠨᠢ ᠨᠠᠰᠤᠨ ᠣᠷᠳᠣᠳᠬᠠᠭᠴᠢ ᠰᠦᠮ᠎ᠡ ᠶᠢᠨ ᠮᠠᠶᠢᠳᠡᠷᠢ ᠬᠤᠲᠣᠭᠲᠦ ᠬᠦᠷᠢᠶᠡᠨ ᠳᠤ | ᠢᠷᠡᠵᠦ ᠨᠤᠮ ᠲᠠᠯᠪᠢᠪᠠᠯ ᠪᠠᠭᠤᠵᠣ ᠰᠠᠭᠤᠬᠤ ᠭᠡᠷ ᠪᠣᠯᠬᠤᠷ ︽ᠭᠡᠭᠡᠨ ᠤ ᠣᠷᠳᠦ︾ ᠭᠡᠳᠡᠭ᠃ ᠪᠠᠷᠠᠭᠤᠨ ᠲᠠᠯ᠎ᠠ ᠶᠢᠨ | ᠨᠢᠭᠡ ᠲᠠᠰᠦᠯᠭᠠ ᠳᠤ ᠭᠤᠸᠠᠩ ᠭᠦᠩ ᠤᠨ ᠳᠠᠮ ᠢᠯᠳᠦ᠂ ᠡᠮᠡᠭᠡᠯ ᠪᠠ ᠨᠢᠶᠠᠨ ᠲᠡᠷᠭᠡ ᠶᠢ ᠬᠠᠳᠠᠭᠠᠯᠠᠵᠦ ᠪᠠᠶᠢᠪᠠ᠃ | ᠬᠤᠶᠠᠳᠤᠭᠠᠷ ᠲᠠᠪᠬᠤᠷᠯᠢᠭ ᠳᠡᠭᠡᠷ᠎ᠡ ᠨᠢ ᠭᠠᠣᠯᠢ ᠪᠠᠷ ᠪᠦᠳᠦᠭᠡᠵᠦ ᠠᠯᠲᠠ ᠪᠠᠷ ᠦᠩᠭᠡᠯᠡᠭᠰᠡᠨ ᠭᠤᠷᠪᠡᠨ ᠳᠤᠬᠤᠢ | ᠥᠨᠳᠥᠷ ᠱᠠᠷᠢᠯ ᠤᠨ ᠰᠣᠪᠣᠷᠭ᠎ᠠ ᠲᠠᠢ᠃ ᠳᠣᠲᠣᠷ᠎ᠠ ᠨᠢ ᠰᠢᠷᠡᠭᠡᠲᠦ ᠬᠦᠷᠢᠶ᠎ᠡ ᠶᠢᠨ 12 ᠦᠶ᠎ᠡ ᠶᠢᠨ ᠵᠠᠰᠠᠭ ᠳ᠋ᠠ | ᠯᠠᠮᠠ ᠠᠭᠸᠠᠩᠵᠢᠮᠢᠶᠠᠨ ᠤ ᠱᠠᠷᠢᠯ ᠢ ᠲᠠᠯᠪᠢᠵᠦ ᠪᠣᠢ᠃ |