— ᠡᠷᠭᠦᠨ᠎ᠡ | | | ᠲᠤᠭᠰᠢᠨ ᠴᠠᠭᠠᠨ ᠱᠤᠩᠬᠤᠷ ᠲᠤᠷᠤᠨ᠎ᠠ ᠵᠦᠭ ᠲᠡᠪᠢᠨᠡ | ᠲᠤᠮᠤᠭ ᠤᠨ ᠪᠠᠭᠠᠳᠤᠳ ᠤᠨ ᠮᠤᠷᠢᠨ ᠲᠦᠪᠡᠷᠬᠡᠨ ᠰᠤᠨᠤᠰᠳᠠᠨ᠎ᠠ | ᠲᠤᠯᠤᠭᠠᠨ ᠤᠳᠤᠨ ᠪᠤᠷᠬᠠᠳ ᠭᠦᠷᠢᠶ᠎ᠡ ᠪᠠᠭᠤᠨ᠎ᠠ | ᠲᠤᠷᠳᠤᠩ ᠴᠠᠭᠠᠨ ᠬᠠᠳᠠᠭ ᠬᠡᠰᠢᠭ ᠲᠠᠳᠠᠨ᠎ᠠ | ᠴᠠᠭᠠᠨ ᠭᠤᠤᠯ ᠠᠴᠠ ᠭᠦᠷᠢᠶ᠎ᠡ ᠡᠬᠢᠯᠡᠨ᠎ᠡ | ᠴᠠᠭᠠᠨ ᠳ᠋ᠠᠷ᠎ᠠ ᠡᠬᠡ ᠠᠴᠠ ᠬᠤᠳᠤᠭ ᠡᠬᠢᠯᠡᠨ᠎ᠡ | ᠰᠠᠭᠰᠦ ᠲᠤᠬᠤᠶᠢᠯᠠᠭᠰᠠᠨ ᠦᠬᠢᠨ ᠲᠡᠭᠷᠢ ᠰᠠᠭᠠᠭ ᠲᠠᠷᠢᠨ᠎ᠠ | ᠰᠠᠷᠠᠯ ᠵᠢᠷᠤᠭ᠎ᠠ ᠡᠯᠵᠢᠬᠡ ᠲᠠᠮᠤ ᠶᠢᠨ ᠴᠠᠭᠠᠨ ᠲᠤᠭᠤᠯᠤᠨ᠎ᠠ | ᠰᠢᠷᠡᠬᠡᠳᠦ ᠱᠠᠭᠵᠠᠮᠤᠨᠢ ᠶᠢᠨ ᠨᠤᠮ ᠤᠨ ᠭᠦᠷᠳᠦ ᠡᠷᠬᠢᠨ᠎ᠡ | ᠰᠦᠮ᠎ᠡ ᠶᠢᠨ ᠬᠤᠷᠯᠤᠤ ᠠᠴᠠ ᠦᠮᠦ ᠽᠠᠨᠳᠠᠨ ᠠᠩᠬᠢᠯᠤᠨ᠎ᠠ | ᠴᠠᠭᠠᠨ ᠭᠤᠤᠯ ᠠᠴᠠ ᠭᠦᠷᠢᠶ᠎ᠡ ᠡᠬᠢᠯᠡᠨ᠎ᠡ | ᠴᠢᠨᠳᠠᠮᠤᠨᠢ ᠡᠷᠡᠭᠡ ᠠᠴᠠ ᠲᠠᠷᠨᠢ ᠡᠬᠢᠯᠡᠨ᠎ᠡ | ᠬᠠᠭᠠᠨ ᠬᠡᠰᠡᠷ ᠲᠦᠢᠳᠬᠡᠷ ᠮᠠᠩᠭᠤᠰ ᠲᠠᠷᠤᠵᠦ ᠪᠤᠴᠠᠨ᠎ᠠ | ᠬᠠᠭᠠᠰ ᠬᠡᠩᠬᠡᠷᠬᠡ ᠲᠠᠢ ᠪᠦᠬᠡ ᠬᠠᠳᠠᠳᠦ ᠳᠤ ᠪᠢᠰᠢᠯᠭᠠᠨ᠎ᠠ | ᠬᠠᠷ᠎ᠠ ᠭᠠᠩᠭ᠎ᠠ ᠠᠴᠠ ᠤᠪᠢᠳᠠᠰ ᠤᠨ ᠤᠷᠤᠰᠬᠠᠯ ᠪᠤᠷᠬᠢᠯᠤᠨᠠ | ᠬᠠᠶᠢᠷ᠎ᠠ ᠬᠠᠶᠢᠷ᠎ᠠ ᠶᠢᠨ ᠦᠯᠢᠬᠡᠷ ᠠᠴᠠ ᠲᠠᠭᠤᠤ ᠲᠦᠷᠦᠨ᠎ᠡ | ᠴᠠᠭᠠᠨ ᠭᠤᠤᠯ ᠠᠴᠠ ᠭᠦᠷᠢᠶ᠎ᠡ ᠡᠬᠢᠯᠡᠨ᠎ᠡ | ᠴᠠᠭᠠᠨ ᠡᠯᠢᠶ᠎ᠡ ᠲᠠᠢ ᠠᠨᠳᠠᠢ ᠡᠬᠢᠯᠡᠨ᠎ᠡ |