ᠵᠤᠬᠢᠶᠠᠭᠴᠢ — ᠡᠷᠭᠦᠨ᠎ᠡ | | | ᠭᠦᠮᠦᠨ ᠪᠤᠯᠬᠤ ᠶᠢᠨ ᠵᠠᠶᠠᠭ᠎ᠠ ᠬᠠᠶᠢᠷᠠᠯᠠᠭᠰᠠᠨ | ᠴᠠᠭᠠᠨ ᠰᠦ ᠡᠵᠢ ᠮᠢᠨᠢ | ᠭᠦᠮᠦᠨ ᠪᠦᠭᠦᠨ ᠳᠤ ᠲᠤᠰᠠᠳᠠᠢ ᠶᠠᠪᠤᠳᠠᠭ | ᠴᠢᠨᠳᠠᠮᠤᠨᠢ ᠡᠷᠳᠡᠨᠢ ᠡᠵᠢ ᠮᠢᠨᠢ | ᠭᠦᠴᠢᠷ ᠤᠨ ᠡᠮᠦᠨ᠎ᠡ ᠤᠷᠢᠳᠠᠪᠡᠷ ᠵᠢᠳᠭᠦᠳᠡᠭ | ᠴᠢᠩ ᠵᠤᠷᠢᠭ ᠡᠵᠢ ᠮᠢᠨᠢ | ᠭᠦᠰᠡᠯ ᠢ ᠮᠢᠨᠢ ᠲᠠᠩᠳᠠ ᠢᠷᠦᠬᠡᠳᠡᠭ | ᠴᠠᠩᠬᠡᠷ ᠬᠠᠳᠠᠭ ᠡᠵᠢ ᠮᠢᠨᠢ | ᠡᠵᠢ ᠭᠦᠮᠦᠨ ᠮᠦᠷᠦᠬᠡᠳᠦᠯ ᠤᠨ ᠰᠠᠷ᠎ᠠ | ᠡᠬᠡ ᠤᠷᠤᠨ ᠲᠠᠢ ᠬᠠᠮᠳᠦ ᠮᠦᠩᠬᠡᠷᠡᠭᠦ ᠬᠡᠷᠡᠯ ᠬᠡᠬᠡ | ᠠᠵᠠᠳᠠᠢ ᠶᠠᠪᠤᠬᠤ ᠶᠢᠨ ᠵᠢᠷᠭᠠᠯ ᠦᠭᠭᠦᠭᠰᠡᠨ | ᠠᠯᠳᠠᠨ ᠬᠡᠷᠡᠯ ᠨᠤᠮ ᠡᠵᠢ ᠮᠢᠨᠢ | ᠠᠯᠳᠠᠭ᠎ᠠ ᠪᠤᠷᠤᠭᠤ ᠶᠢ ᠠᠭᠤᠴᠢᠯᠠᠨ ᠪᠠᠭᠳᠠᠭᠠᠳᠠᠭ | ᠠᠮᠢᠳᠦ ᠪᠤᠷᠬᠠᠨ ᠡᠵᠢ ᠮᠢᠨᠢ | ᠮᠦᠩᠬᠡ ᠲᠦᠷᠦ ᠳᠡᠭᠡᠨ ᠠᠴᠢ ᠨᠡᠮᠡᠭᠰᠡᠨ | ᠮᠤᠩᠭᠤᠯ ᠪᠦᠰᠡᠭᠦᠢ ᠡᠵᠢ ᠮᠢᠨᠢ | ᠮᠦᠩᠬᠡᠷᠡᠰᠢ ᠦᠬᠡᠢ ᠬᠤᠷᠸ᠎ᠠ ᠳᠤ ᠮᠦᠨᠦᠬᠡᠨ ᠪᠠᠶᠢᠭᠰᠠᠨ | ᠮᠤᠯᠤᠷ ᠰᠠᠷᠢᠳᠠᠭ ᠡᠵᠢ ᠮᠢᠨᠢ | ᠡᠵᠢ ᠭᠦᠮᠦᠨ ᠮᠦᠷᠦᠬᠡᠳᠦᠯ ᠤᠨ ᠰᠠᠷ᠎ᠠ | ᠡᠬᠡ ᠤᠷᠤᠨ ᠲᠠᠢ ᠬᠠᠮᠳᠦ ᠮᠦᠩᠬᠡᠷᠡᠭᠦ ᠬᠡᠷᠡᠯ ᠬᠡ | |