ᠠᠯᠳᠠᠨᠬᠤᠶᠠᠭ ︵1935 —1986︶᠂ ᠠᠯᠳᠠᠷᠳᠦ ᠭᠦᠭᠵᠢᠮ ᠤᠨ ᠵᠤᠬᠢᠶᠠᠯᠴᠢ᠂ 1935 ᠤᠨ ᠤ 11 | ᠰᠠᠷ᠎ᠠ ᠶᠢᠨ 10 ᠤ ᠡᠳᠦᠷ ᠭᠦᠷᠢᠶ᠎ᠡ ᠬᠤᠰᠢᠭᠤᠨ ᠤ ᠭᠦᠷᠢᠶ᠎ᠡ ᠪᠠᠯᠭᠠᠰᠦ ᠶᠢᠨ ᠲᠤᠤᠷ᠎ᠠ ᠶᠠᠩᠰᠢᠪ ᠠᠶᠢᠯ ᠤᠨ | ᠲᠠᠷᠢᠶᠠᠴᠢᠨ ᠠᠷᠠᠳ ᠳ᠋ᠠᠰᠢᠯᠠᠵᠠᠪ ᠤᠨ ᠬᠡᠷ ᠲᠤ ᠲᠦᠷᠦᠵᠠᠢ᠃ | ᠠᠯᠳᠠᠨᠬᠤᠶᠠᠭ ᠲᠦᠷᠦᠯᠬᠢ ᠰᠡᠴᠡᠨ ᠰᠡᠷᠭᠦᠯᠡᠩ ᠪᠤᠯᠬᠤᠷ ᠲᠠᠭᠤᠴᠢᠨ ᠡᠵᠢ ᠬᠢᠬᠡᠳ ᠯᠢᠮᠪᠤᠴᠢᠨ ᠠᠬ᠎ᠠ ᠶᠢᠨ ᠢᠶᠠᠨ | ᠨᠦᠯᠦᠬᠡᠨ ᠲᠤᠤᠷ᠎ᠠ᠂ ᠲᠠᠭᠤᠤ ᠭᠦᠭᠵᠢᠮ ᠳᠤ ᠲᠤᠷ᠎ᠠ ᠪᠠᠭ᠋ᠠᠳᠠᠢ ᠪᠤᠯᠵᠦ ᠡᠬᠢᠯᠡᠭᠰᠡᠨ ᠪᠠᠶᠢᠨ᠎ᠠ᠃ ᠲᠠᠶᠢᠨ ᠭᠦ | ᠠᠷᠪᠠᠭᠠᠳ ᠨᠠᠰᠤᠯᠠᠮᠠᠭᠴᠠ ᠯᠠᠮᠠ ᠨᠠᠷ ᠤᠨ ᠬᠡᠷᠡᠭᠯᠡᠵᠦ ᠪᠠᠶᠢᠭᠰᠠᠨ ᠬᠠᠭᠤᠴᠢᠨ ︽ᠲᠠᠮᠠᠷᠦ︾ ᠶᠢ ᠤᠯᠵᠦ ᠠᠪᠤᠭᠠᠳ | ᠲᠦᠷᠪᠡᠨ ᠤᠳᠠᠰᠤᠳᠦ ᠬᠤᠭᠤᠷ ᠬᠢᠵᠦ᠂ ᠲᠦᠷᠦᠭᠰᠡᠨ ᠨᠤᠳᠤᠭ — ᠶᠠᠩᠰᠢᠪ ᠤᠨ ᠭᠤᠤᠯ ᠤᠨ ᠭᠦᠪᠡᠭᠡ ᠪᠠ ᠲᠠᠮᠤ | ᠶᠢᠨ ᠴᠠᠭᠠᠨ ᠤ ᠡᠯᠡᠰᠦᠨ ᠳᠤ ᠬᠤᠷᠠᠭ᠎ᠠ ᠢᠰᠢᠬᠡ ᠬᠠᠷᠢᠭᠤᠯᠵᠦ ᠶᠠᠪᠤᠭᠤ ᠳᠠᠭᠠᠨ ᠲᠡᠷᠡ ᠭᠦ ᠬᠤᠭᠤᠷ ᠢᠶᠠᠨ | ᠠᠶᠠᠯᠠᠭᠤᠯᠠᠨ ᠬᠤᠭᠤᠷᠳᠠᠭᠰᠠᠭᠠᠷ ᠲᠠᠮᠠᠢ ᠤᠳᠠᠭᠰᠠᠨ ᠦᠬᠡᠢ ᠢᠷᠠᠭᠤ ᠰᠠᠶᠢᠬᠠᠨ ᠭᠦᠭᠵᠢᠮᠳᠡᠵᠦ ᠴᠢᠳᠠᠬᠤ ᠪᠤᠯᠵᠠᠢ᠃ | ᠴᠢᠯᠦᠬᠡᠯᠡᠭᠳᠡᠭᠰᠡᠨ ᠤ ᠲᠠᠷᠠᠭ᠎ᠠ᠂ ᠠᠯᠳᠠᠠᠬᠤᠶᠠᠭ ᠰᠤᠷᠭᠠᠭᠤᠯᠢ ᠰᠤᠶᠤᠯ ᠤᠨ ᠵᠠᠮ ᠢ ᠮᠦᠷᠳᠡᠵᠦ᠂ ᠬᠤᠰᠢᠭᠤ | ᠨᠤᠳᠤᠭ ᠤᠨ ᠪᠠᠭ᠎ᠠ ᠰᠤᠷᠭᠠᠭᠤᠯᠢ ᠪᠠᠨ ᠰᠢᠯᠢᠳᠡᠭ ᠬᠢᠷᠢ ᠪᠦᠳᠦᠮᠵᠢ ᠲᠠᠢ ᠪᠠᠷ ᠲᠡᠭᠦᠰᠬᠡᠭᠰᠡᠨ ᠪᠦᠬᠡᠳ 1951 ᠤᠨ | ᠳᠤ ᠲᠦᠩᠯᠢᠶᠦᠦ ᠶᠢᠨ ᠪᠠᠭᠰᠢ ᠶᠢᠨ ᠰᠤᠷᠭᠠᠭᠤᠯᠢ ᠳᠤ ᠰᠢᠯᠭᠠᠵᠦ ᠤᠷᠤᠭᠠᠳ᠂ 1955 ᠤᠨ ᠳᠤ ᠰᠤᠷᠤᠯᠭ᠎ᠠ ᠪᠠᠨ | ᠲᠡᠭᠦᠰᠬᠡᠭᠰᠡᠨ ᠪᠠᠶᠢᠨ᠎ᠠ᠃ | ᠲᠡᠬᠡᠬᠡᠳ 1955 —1960 ᠤᠨ ᠭᠦᠷᠳᠡᠯ᠎ᠡ ᠭᠦᠬᠡᠬᠤᠳᠠ ᠶᠢᠨ ᠬᠤᠶᠠᠳᠤᠭᠠᠷ ᠪᠠᠭᠰᠢ ᠶᠢᠨ ᠰᠤᠷᠭᠠᠭᠤᠯᠢ | ᠶᠢᠨ ᠪᠠᠭᠰᠢ᠂ 1961 —1977 ᠤᠨ ᠭᠦᠷᠳᠡᠯ᠎ᠡ ᠦᠪᠦᠷ ᠮᠤᠩᠭᠤᠯ ᠤᠨ ᠰᠤᠷᠭᠠᠨ ᠭᠦᠮᠦᠵᠢᠯ ᠤᠨ ᠬᠡᠪᠯᠡᠯ ᠤᠨ | ᠬᠤᠷᠢᠶᠠᠨ ᠤ ᠲᠠᠭᠤᠤ ᠭᠦᠭᠵᠢᠮ ᠤᠨ ᠨᠠᠶᠢᠷᠠᠭᠤᠯᠤᠭᠴᠢ᠂ 1972 —1986 ᠤᠨ ᠭᠦᠷᠳᠡᠯ᠎ᠡ ᠦᠪᠦᠷ ᠮᠤᠩᠭᠤᠯ | ᠤᠨ ᠰᠤᠷᠭᠠᠨ ᠭᠦᠮᠦᠵᠢᠯ ᠤᠨ ᠬᠡᠪᠯᠡᠯ ᠤᠨ ᠬᠤᠷᠢᠶᠠᠨ ᠤ ᠲᠠᠭᠤᠤ ᠭᠦᠭᠵᠢᠮ ᠤᠨ ᠨᠠᠶᠢᠷᠠᠭᠤᠯᠤᠭᠴᠢ᠂ ᠲᠠᠭᠤᠤ | ᠭᠦᠭᠵᠢᠮ ᠤᠨ ᠲᠤᠭᠤᠶᠢᠯᠠᠩ ᠤᠨ ᠲᠠᠳ᠋ ᠲᠠᠷᠤᠭ᠎ᠠ ᠪᠠᠷ ᠠᠵᠢᠯᠯᠠᠵᠦ ᠪᠠᠶᠢᠪᠠ᠃ | ᠠᠯᠳᠠᠠᠬᠤᠶᠠᠭ ᠨᠦᠭᠦᠷ ᠲᠦᠷᠦᠭᠦᠦ ᠵᠠᠭᠤᠨ ᠤ ᠲᠠᠪᠢᠭᠠᠳ ᠤᠨ ᠤ ᠦᠶ᠎ᠡ ᠳᠤ ᠪᠠᠭᠰᠢᠯᠠᠵᠦ ᠪᠠᠶᠢᠬᠤ ᠳᠠᠭᠠᠨ | ᠮᠤᠩᠭᠤᠯ ᠦᠨᠳᠦᠰᠦᠳᠠᠨ ᠤ ᠲᠠᠭᠤᠤ ᠭᠦᠭᠵᠢᠮ ᠤᠨ ᠪᠠᠭᠰᠢ᠂ ᠠᠵᠢᠯᠳᠠᠨ ᠬᠡᠳᠦᠨ ᠵᠠᠭᠤᠨ ᠭᠦᠮᠦᠨ ᠢ | ᠭᠦᠮᠦᠵᠢᠭᠦᠯᠵᠦ᠂ ᠮᠠᠨ ᠤ ᠤᠷᠤᠨᠨ ᠲᠠᠭᠤᠤ ᠭᠦᠭᠵᠢᠮ ᠤᠨ ᠦᠢᠯᠡᠰ ᠢ ᠭᠦᠭᠵᠢᠭᠦᠯᠭᠦ ᠳᠤ ᠵᠤᠬᠢᠬᠤ ᠬᠡᠮᠵᠢᠶᠠᠨ ᠤ | ᠦᠢᠯᠡᠳᠦᠯ ᠢᠶᠠᠨ ᠦᠵᠡᠭᠦᠯᠦᠭᠰᠡᠨ ᠪᠠᠶᠢᠨ᠎ᠠ᠃ ᠲᠡᠭᠦᠨᠴᠢᠯᠠᠨ ᠵᠢᠷᠠᠭᠠᠳ ᠤᠨ ᠤ ᠦᠶ᠎ᠡ ᠳᠤ ᠦᠪᠦᠷ ᠮᠤᠩᠭᠤᠯ ᠤᠨ | ᠰᠤᠷᠭᠠᠨ ᠭᠦᠮᠦᠵᠢᠯ ᠤᠨ ᠬᠡᠪᠯᠡᠯ ᠤᠨ ᠬᠤᠷᠢᠶᠠᠨ ᠳᠤ ᠠᠵᠢᠯᠯᠠᠵᠦ ᠪᠠᠶᠢᠬᠤ ᠳᠠᠭᠠᠨ ᠮᠤᠩᠭᠤᠯ ᠦᠨᠳᠦᠰᠦᠳᠠᠨ ᠤ | ᠪᠠᠭ᠎ᠠ ᠰᠤᠷᠭᠠᠭᠤᠯᠢ ᠶᠢᠨ ᠲᠠᠭᠤᠤ ᠭᠦᠭᠵᠢᠮ ᠵᠢᠭᠠᠬᠤ ᠬᠢᠴᠢᠶᠠᠯ ᠤᠨ ᠲᠡᠪᠳᠡᠷ ᠢ 3 ᠢᠵᠢ᠂ 36 ᠲᠡᠪᠳᠡᠷ ᠪᠠ | ᠲᠤᠮᠳᠠᠳᠦ ᠰᠤᠷᠭᠠᠭᠤᠯᠢ ᠶᠢᠨ ᠲᠠᠭᠤᠤ ᠭᠦᠭᠵᠢᠮ ᠵᠢᠭᠠᠬᠤ ᠬᠢᠴᠢᠶᠠᠯ ᠤᠨ ᠲᠠᠪᠳᠠᠷ 2 ᠢᠵᠢ ᠵᠢᠴᠢ ᠲᠦᠭᠦᠮ ᠨᠤᠲ | ᠤᠨ ᠵᠦᠢ ᠮᠠᠳᠦ 60 ᠭᠠᠷᠤᠢ ᠲᠦᠮᠡᠨ ᠦᠰᠦᠭ ᠪᠦᠭᠦᠢ ᠴᠤᠪᠤᠷᠠᠯ ᠨᠤᠮ ᠢ ᠨᠠᠶᠢᠷᠠᠭᠤᠯᠤᠨ ᠬᠡᠪᠯᠡᠭᠦᠯᠵᠦ ᠮᠤᠩᠭᠤᠯ | ᠦᠨᠳᠦᠰᠦᠳᠠᠨ ᠤ ᠪᠠᠨ ᠤᠳᠬ᠎ᠠ ᠤᠷᠠᠯᠢᠭ ᠪᠠ ᠰᠤᠶᠤᠯ ᠰᠤᠷᠭᠠᠨ ᠭᠦᠮᠦᠵᠢᠯ ᠤᠨ ᠴᠡᠴᠡᠭᠯᠡᠨ ᠭᠦᠭᠵᠢᠭᠦ ᠳᠤ ᠬᠤᠪᠢ | ᠨᠡᠮᠡᠷᠢ ᠦᠵᠡᠭᠦᠯᠪᠡ᠃ ᠵᠢᠱᠢᠶᠠᠯᠠᠪᠠᠯ᠂ ᠡᠨᠡ ᠲᠤᠬᠠᠢ ᠮᠠᠨ ᠤ ᠤᠷᠤᠨ ᠤ ᠠᠯᠳᠠᠷᠳᠦ ᠲᠠᠭᠤᠴᠢᠨ ᠯᠾᠠᠰᠦ᠋ᠷᠤᠩ᠄ ︽ | ᠪᠢ ᠲᠦᠩᠬᠡᠵᠦ ᠲᠠᠭᠤᠤ ᠭᠦᠭᠵᠢᠮ ᠲᠠᠢ ᠤᠶᠢᠷᠠᠳᠤᠮᠠᠭᠴᠠ ᠲᠠᠷᠤᠢ ᠠᠯᠳᠠᠨᠬᠤᠶᠠᠭ ᠪᠠᠭᠰᠢ ᠶᠢᠨ ᠵᠤᠬᠢᠶᠠᠵᠦ | ᠨᠠᠶᠢᠷᠠᠭᠤᠯᠭᠰᠠᠨ ﹇ᠲᠦᠭᠦᠮ ᠨᠤᠲ ᠤᠨ ᠵᠦᠢ﹈ ᠶᠢ ᠰᠤᠷᠤᠭᠰᠠᠨ ᠶᠤᠮ᠃ ᠡᠨᠡ ᠪᠤᠯ ᠮᠠᠨ ᠤ ᠤᠷᠤᠨ ᠳᠤ ᠮᠤᠩᠭᠤᠯ | ᠢᠶᠠᠷ ᠵᠤᠬᠢᠶᠠᠭᠳᠠᠭᠰᠠᠨ ᠬᠠᠮᠤᠭ ᠠᠩᠬᠠᠨ ᠤ ᠲᠠᠭᠤᠤ ᠭᠦᠭᠵᠢᠮ ᠤᠨ ᠤᠨᠤᠯ ᠤᠨ ᠨᠤᠮ ᠪᠤᠯᠤᠨ᠎ᠠ᠃ ᠨᠠᠳᠠ ᠳᠤ | ᠠᠳᠠᠯᠢ ᠡᠨᠡ ᠭᠦ ᠨᠤᠮ ᠢ ᠰᠤᠷᠴᠦ ᠦᠩᠬᠡᠷᠡᠭᠰᠡᠨ ᠭᠦᠮᠦᠨ ᠮᠤᠩᠭᠤᠯᠴᠤᠳ ᠤᠨ ᠲᠤᠳᠤᠷ᠎ᠠ᠂ ᠢᠯᠠᠩᠭᠤᠶ᠎ᠠ ᠤᠳᠬ᠎ᠠ | ᠤᠷᠠᠯᠢᠭ ᠤᠨ ᠬᠢᠨ ᠤ ᠲᠤᠳᠤᠷ᠎ᠠ ᠮᠠᠰᠢ ᠤᠯᠠᠨ ᠪᠠᠶᠢᠳᠠᠭ ᠶᠤᠮ︾ ᠬᠡᠵᠦ ᠲᠤᠷᠠᠰᠤᠨ ᠦᠭᠦᠯᠡᠵᠦ ᠪᠢᠯᠠ᠃ |