︵ᠬᠦᠲᠦᠯᠦᠭᠡ ᠭᠤᠷᠪᠠ︶ | ᠵᠣᠬᠢᠶᠠᠭᠴᠢ᠄ ᠪᠣᠷᠵᠢᠭᠢᠨ ᠯᠤᠤ | ᠡᠭᠦᠯᠡᠨ ᠳᠣᠲᠤᠷ᠎ᠠ ᠨᠢᠭᠡᠨ ᠭᠡᠷᠡᠯ | ᠨᠣᠮ ᠪᠢᠰᠢᠯᠭᠠᠨ᠎ᠠ | ᠡᠭᠦᠯᠡ ᠡᠰᠡ ᠮᠡᠳᠡᠨ᠎ᠡ | ᠡᠭᠦᠯᠡ ᠶᠢ ᠨᠡᠪᠲᠡᠯᠦᠭᠰᠡᠨ ᠲᠤᠩᠭᠠᠯᠠᠭ ᠨᠢᠳᠦ ᠯᠡ | ᠨᠡᠪᠲᠡ ᠮᠡᠳᠡᠨ᠎ᠡ | ᠰᠦᠨᠢ ᠶᠢᠨ ᠳᠣᠲᠤᠷ᠎ᠠ ᠨᠢᠭᠡᠨ ᠭᠡᠷᠡᠯ | ᠰᠣᠳᠤᠷ ᠪᠢᠰᠢᠯᠭᠠᠨ᠎ᠠ | ᠰᠦᠨᠢ ᠡᠰᠡ ᠮᠡᠳᠡᠨ᠎ᠡ | ᠰᠦᠨᠢ ᠶᠢ ᠨᠡᠪᠲᠡᠯᠦᠭᠰᠡᠨ ᠪᠢᠯᠢᠭ ᠤᠨ ᠨᠢᠳᠦ ᠯᠡ | ᠨᠡᠪᠲᠡ ᠮᠡᠳᠡᠨ᠎ᠡ | ᠨᠡᠪᠲᠡ ᠮᠡᠳᠡᠬᠦ ᠶᠢᠨ ᠮᠦᠴᠢᠷ ᠳᠡᠭᠡᠷ᠎ᠡ | ᠨᠢᠭᠡᠨ ᠭᠡᠷᠡᠯ | ᠲᠢᠶᠠᠨ ᠰᠢᠭ᠋ ᠳᠡᠯᠭᠡᠷᠡᠨ᠎ᠡ | ᠵᠠᠮ ᠤᠨ ᠳ᠋ᠧᠩ ᠰᠢᠭ | ᠨᠣᠴᠤᠨᠠ | ᠮᠣᠳᠤᠨ ᠤ ᠰᠡᠭᠦᠳᠡᠷ ᠲᠤ | ᠮᠣᠳᠤᠨ ᠤ ᠰᠡᠭᠦᠳᠡᠷ ᠲᠤ | ᠮᠣᠳᠤᠨ ᠰᠠᠨᠳᠠᠯᠢ ᠳᠡᠭᠡᠷ᠎ᠡ ᠰᠠᠭᠤᠭᠠᠳ | ᠮᠣᠳᠤᠨ ᠤ ᠨᠠᠪᠴᠢ ᠶᠢ ᠳᠣᠭᠠᠯᠠᠨᠠ | ᠮᠣᠳᠤ᠂ ᠮᠣᠳᠤ ᠯᠡ ᠪᠢᠰᠢ ᠰᠠᠨᠠᠭᠳᠠᠨ᠎ᠠ | ᠰᠠᠨᠳᠠᠯᠢ ᠴᠤ ᠰᠠᠨᠳᠠᠯᠢ ᠪᠢᠰᠢ ᠰᠠᠨᠠᠭᠳᠠᠨ᠎ᠠ | ᠮᠣᠳᠤᠨ ᠠᠴᠠ | ᠰᠠᠨᠳᠠᠯᠢ ᠬᠦᠷᠲᠡᠯᠡᠬᠢ ᠦᠯᠢᠭᠡᠷ ᠢ | ᠮᠣᠳᠤᠨ ᠤ ᠰᠡᠭᠦᠳᠡᠷ ᠶᠠᠷᠢᠨ᠎ᠠ | ᠮᠣᠳᠤ ᠬᠦᠳᠡᠯᠬᠦ ᠦᠭᠡᠢ | ᠮᠣᠳᠤᠨ ᠤ ᠰᠡᠭᠦᠳᠡᠷ ᠴᠠᠭ ᠤᠨ ᠵᠡᠭᠦᠦ ᠰᠢᠭ ᠬᠦᠳᠡᠯᠦᠨ᠎ᠡ | ᠮᠣᠳᠤᠨ ᠤ ᠰᠡᠭᠦᠳᠡᠷ ᠢ ᠳᠠᠭᠠᠭᠠᠳ | ᠮᠣᠳᠤᠨ ᠤ ᠨᠠᠪᠴᠢ | ᠮᠢᠨᠦ ᠰᠡᠭᠦᠳᠡᠷ ᠢ ᠲᠡᠭᠦᠨ᠎ᠡ | ᠳᠡᠷᠡ ᠶᠢᠨ ᠥᠨᠦᠷ | ᠳᠡᠷᠡ ᠳᠡᠭᠡᠷ᠎ᠡ ᠲᠣᠯᠤᠭᠠᠢ ᠠᠮᠠᠷᠠᠨ᠎ᠠ | ᠳᠡᠯᠡᠬᠡᠢ ᠶᠢ ᠲᠣᠭᠤᠷᠢᠵᠤ ᠵᠡᠭᠦᠳᠦ ᠡᠰᠡ ᠠᠮᠠᠷᠠᠨ᠎ᠠ | ᠠᠮᠠᠷᠠᠬᠤ ᠨᠢ ᠪᠢ | ᠡᠰᠡ ᠠᠮᠠᠷᠠᠬᠤ ᠨᠢ ᠴᠤ ᠪᠢ | ᠡᠰᠡᠭᠦᠯ᠎ᠡ ᠳᠡᠷᠡ ᠳᠤ ᠰᠢᠩᠭᠡᠭᠰᠡᠨ | ᠥᠨᠦᠷ ᠨᠢ ᠴᠤ ᠪᠢ | ᠮᠠᠨᠠᠨ | ᠮᠠᠨ᠎ᠠ | ᠮᠠᠰᠢ ᠣᠯᠠᠨ ᠲᠣᠭᠤᠰᠤ ᠶᠢ | ᠪᠠᠷᠢᠪᠴᠢᠯᠠᠵᠠᠢ᠃ ᠮᠠᠭᠠᠳ ᠥᠪᠡᠷ ᠢᠶᠠᠨ | ᠰᠢᠷᠠᠭᠲᠤᠵᠠᠢ᠃ ᠠᠭᠠᠷ ᠪᠠ ᠨᠠᠷᠠᠨ ᠤ ᠭᠡᠷᠡᠯ ᠢ | ᠴᠢᠯᠦᠭᠡᠯᠡᠵᠡᠢ | ᠠᠭᠠᠷ ᠤᠨ ᠴᠡᠩᠬᠡᠷ ᠨᠢ | ᠪᠢᠳᠡᠨ ᠢ ᠬᠠᠨᠲᠠᠯ᠎ᠠ ᠥᠨᠦᠰᠦᠨᠡ | ᠨᠠᠷᠠᠨ ᠤ ᠲᠣᠩᠭᠠᠯᠠᠭ ᠨᠢ | ᠪᠢᠳᠡᠨ ᠢ ᠳᠦᠭᠦᠷᠲᠡᠯ᠎ᠡ ᠢᠯᠪᠢᠨ᠎ᠡ | ᠪᠢᠳᠡ | ᠮᠠᠨᠠᠨ ᠢ ᠬᠢᠯᠢᠰᠲᠡᠭᠦᠯᠵᠦ | ᠤᠳᠠᠭᠠᠨ ᠵᠢᠯ | ᠲᠥᠭᠡᠷᠢᠵᠠᠢ |