ᠴᠠᠰᠦ ᠡᠷᠳᠡ ᠤᠷᠢᠳᠦ ᠳᠠᠭᠠᠨ ᠭᠤᠯᠢᠷ ᠪᠠᠶᠢᠭᠰᠠᠨ ᠬᠡᠨ᠎ᠡ᠃ ᠭᠦᠢᠳᠡᠨ ᠤᠯᠠᠷᠢᠯ ᠪᠤᠯᠬᠤ ᠪᠦᠷᠢ ᠬᠤᠷᠮᠤᠰᠳᠠ | ᠲᠡᠭᠷᠢ ᠠᠴᠠ ᠲᠤᠮᠳᠠ ᠶᠢᠷᠳᠢᠨᠴᠦ ᠶᠢᠨ ᠭᠦᠮᠦᠨ ᠠᠮᠢᠳᠠᠨ ᠢ ᠦᠷᠦ ᠡᠪᠡᠳᠴᠦ ᠤᠳᠠᠬᠤ ᠦᠬᠡᠢ ᠤᠳᠠᠬᠤ ᠦᠬᠡᠢ | ᠭᠤᠯᠢᠷ ᠪᠠᠭᠤᠯᠭᠠᠨ ᠦᠭᠳᠡᠭ ᠪᠦᠬᠡᠳ ᠲᠡᠷᠡ ᠨᠢ ᠠᠮᠳᠠ ᠰᠢᠮ᠎ᠡ ᠪᠦᠷᠢᠳᠦᠭᠰᠡᠨ ᠠᠪᠤᠨ ᠢᠳᠡᠴᠢᠬᠡᠵᠦ ᠪᠤᠯᠳᠠᠭ | ᠢᠳᠡᠬᠡᠨ ᠶᠤᠮ ᠬᠡᠨ᠎ᠡ᠃ | ᠭᠠᠩ ᠭᠠᠴᠢᠭᠳᠦ ᠨᠢᠬᠡᠨ ᠵᠢᠯ᠂ ᠲᠤᠮᠳᠠ ᠶᠢᠷᠳᠢᠨᠴᠦ ᠳᠤ ᠡᠪᠡᠰᠦ ᠲᠠᠷᠢᠶ᠎ᠠ ᠠᠯᠳᠠᠭᠰᠠᠨ ᠲᠤᠯᠠ ᠡᠪᠤᠯ | ᠪᠤᠯᠤᠮᠠᠭᠴᠠ ᠲᠡᠬᠡᠳᠦ ᠲᠡᠭᠷᠢ ᠠᠴᠠ ᠠᠯᠢ ᠴᠦ ᠵᠢᠯ ᠠᠴᠠ ᠢᠯᠡᠭᠦᠦ ᠭᠤᠯᠢᠷ ᠪᠠᠭᠤᠯᠭᠠᠵᠠᠢ ᠬᠡᠨ᠎ᠡ᠃ ᠨᠢᠬᠡᠨ ᠠᠶᠢᠯ ᠤᠨ | ᠡᠷ᠎ᠡ ᠡᠮ᠎ᠡ ᠬᠤᠶᠠᠭᠤᠯᠠ ᠪᠠᠨ ᠲᠦᠢᠯ ᠤᠨ ᠠᠯᠵᠠᠭᠤ ᠵᠠᠯᠬᠠᠭᠤ ᠲᠤᠯᠠ ᠡᠷ᠎ᠡ ᠨᠢ ᠭᠤᠯᠢᠷ ᠢ ᠵᠢᠭᠤᠷᠠᠵᠦ ᠦᠪᠦᠩ ᠬᠡᠷ | ᠤᠨ ᠢᠶᠠᠨ ᠭᠠᠳᠠᠷ ᠲᠤᠳᠤᠷ᠎ᠠ ᠶᠢ ᠲᠠᠪᠬᠤᠷ ᠲᠠᠪᠬᠤᠷ ᠰᠢᠪᠠᠵᠦ ᠵᠤᠵᠠᠭᠠᠯᠠᠬᠤ ᠳᠤ ᠡᠬᠡᠨᠡᠷ ᠨᠢ ᠭᠤᠯᠢᠷ ᠢ ᠬᠠᠯᠠᠭᠤᠯᠠᠵᠦ | ᠬᠡᠤᠬᠡᠳ ᠤᠨ ᠢᠶᠠᠨ ᠬᠤᠴᠢᠯᠭ᠎ᠠ ᠳᠤᠨᠢ ᠲᠠᠪᠢᠰᠴᠦ ᠦᠯᠦᠬᠡᠶᠢᠳᠡᠭᠦ ᠪᠤᠯᠵᠠᠢ᠃ | ᠬᠠᠪᠤᠷ ᠤᠨ ᠡᠬᠢᠨ ᠤ ᠡᠳᠦᠷ᠂ ᠬᠠᠭᠠᠨ ᠬᠤᠷᠮᠤᠰᠳᠠ ᠪᠦᠭᠦ ᠰᠡᠬᠢᠭᠤᠯᠰᠤᠨ ᠢ ᠴᠤᠭᠯᠠᠭᠤᠯᠵᠦ ᠲᠡᠯᠡᠬᠡᠢ ᠳ᠋ᠡᠬᠢᠨ | ᠤ ᠪᠠᠶᠢᠳᠠᠯ ᠢ ᠶᠠᠷᠢᠯᠴᠠᠬᠤ ᠳᠤ᠂ ᠲᠤᠮᠳᠠ ᠶᠢᠷᠳᠢᠨᠴᠦ ᠶᠢᠨ ᠭᠠᠮᠰᠢᠭ ᠤᠨ ᠪᠠᠶᠢᠳᠠᠯ ᠢ ᠪᠠᠶᠢᠴᠠᠭᠠᠵᠦ ᠢᠷᠡᠭᠰᠡᠨ | ᠱᠤᠭᠠᠷ᠎ᠠ ᠤᠳᠤᠨ ᠶᠡᠭᠡ ᠠᠭᠤᠷᠳᠠᠢ ᠪᠠᠷ᠄ ︽ᠬᠠᠷ᠎ᠠ ᠲᠤᠯᠤᠭᠠᠶᠢᠳᠦ ᠠᠮᠢᠳᠠᠨ ᠭᠤᠯᠢᠷ ᠲᠤ ᠨᠢᠬᠡᠮᠰᠤᠨ ᠴᠠᠳᠤᠭᠠᠳ᠂ | ᠭᠤᠯᠢᠷ ᠢ ᠨᠤᠬᠤᠵᠦ ᠬᠡᠷ ᠢᠶᠠᠨ ᠰᠢᠪᠠᠵᠦ ᠬᠡᠤᠬᠡᠳ ᠢᠶᠠᠨ ᠬᠠᠭᠤᠷᠠᠶᠢᠯᠠᠬᠤ ᠬᠤᠮᠠᠭ ᠰᠢᠷᠤᠢ ᠪᠤᠯᠭᠠᠨ ᠬᠡᠷᠡᠭᠯᠡᠵᠦ | ᠪᠠᠶᠢᠨ᠎ᠠ︾ ᠬᠡᠵᠦ ᠮᠡᠳᠡᠭᠦᠯᠪᠡ᠃ ᠬᠤᠷᠮᠤᠰᠳᠠ ᠡᠵᠡᠨ ᠰᠤᠨᠤᠰᠤᠩᠭᠤᠳᠠ ᠬᠢᠯᠢᠩᠨᠡᠵᠦ᠄ ︽ᠲᠠᠬᠢᠵᠦ ᠭᠤᠯᠢᠷ | ᠪᠠᠭᠤᠯᠭᠠᠵᠦ ᠪᠤᠯᠬᠤ ᠦᠬᠡᠢ᠂ ᠭᠦᠢᠳᠡᠨ ᠴᠠᠰᠦ ᠤᠷᠤᠭᠤᠯ︕ ᠲᠠᠨᠳᠠ ᠦᠯᠡᠳᠡᠬᠡᠳ ᠪᠠᠶᠢᠬᠤ ᠭᠤᠯᠢᠷ ᠢ ᠴᠦ ᠲᠠᠷᠤᠢ | ᠲᠦᠷᠬᠡᠨ ᠴᠠᠰᠦ ᠬᠤᠪᠢᠯᠭᠠ︕︾ ᠬᠡᠵᠦ ᠬᠤᠷ᠎ᠠ ᠶᠢᠨ ᠰᠠᠬᠢᠭᠤᠯᠰᠤᠨ ᠢ ᠵᠠᠷᠯᠢᠭᠳᠡᠪᠡ᠃ | ᠬᠤᠷ᠎ᠠ ᠶᠢᠨ ᠰᠡᠬᠢᠭᠤᠯᠰᠤᠨ ᠲᠡᠷᠡ ᠲᠠᠷᠤᠢ ᠲᠤᠷᠤᠭᠰᠢ ᠪᠠᠭᠤᠵᠦ ᠤᠪᠡᠳᠢᠰ ᠡᠭᠦᠰᠬᠡᠭᠰᠡᠨ ᠳᠤ ᠭᠦᠮᠦᠰ ᠤᠨ ᠬᠡᠷ | ᠲᠡᠭᠡᠨ ᠤᠷᠤᠭᠤᠯᠤᠭᠠᠳ ᠪᠠᠶᠢᠭᠰᠠᠨ ᠪᠠ ᠭᠠᠳᠠᠨ᠎ᠠ ᠪᠠᠨ ᠤᠪᠤᠭᠠᠯᠠᠭᠠᠳ ᠪᠠᠶᠢᠭᠰᠠᠨ ᠭᠤᠯᠢᠷ ᠨᠢ ᠠᠭᠱᠠᠨ ᠵᠠᠭᠤᠷ᠎ᠠ | ᠴᠠᠰᠦ ᠮᠦᠰᠦ ᠪᠤᠯᠤᠨ ᠬᠤᠪᠢᠷᠠᠵᠦ᠂ ᠲᠡᠷᠡ ᠭᠦ ᠵᠠᠯᠬᠠᠭᠤ ᠡᠷ᠎ᠡ ᠡᠮ᠎ᠡ ᠬᠤᠶᠠᠭᠤᠯᠠ ᠴᠠᠰᠤᠨ ᠬᠡᠷ ᠲᠤᠳᠤᠷ᠎ᠠ ᠪᠠᠨ | ᠮᠦᠰᠦ ᠪᠠᠷ ᠪᠠᠭᠯᠠᠭᠳᠠᠭᠰᠠᠨ ᠬᠡᠤᠬᠡᠳ ᠲᠠᠢ ᠪᠠᠨ ᠴᠦᠮ ᠭᠦᠯᠳᠡᠵᠦ ᠦᠭᠦᠪᠡ ᠬᠡᠨ᠎ᠡ᠃ ᠢᠩᠬᠢᠬᠡᠳ ᠭᠦᠮᠦᠨ | ᠠᠮᠢᠳᠠᠨ ᠬᠡᠨᠡᠳᠳᠠ ᠶᠢᠨ ᠠᠶᠤᠯ ᠳᠤ ᠤᠴᠠᠷᠠᠵᠦ᠂ ᠶᠡᠭᠡ ᠪᠠᠷ ᠦᠯᠪᠡᠷᠭᠦ ᠪᠤᠶᠦ ᠭᠦᠯᠳᠡᠵᠦ ᠦᠭᠦᠵᠡᠢ ᠬᠡᠨ᠎ᠡ᠃ | ᠬᠤᠷ᠎ᠠ ᠶᠢᠨ ᠰᠠᠬᠢᠭᠤᠯᠰᠤᠨ ᠡᠭᠦᠨ ᠢ ᠦᠵᠡᠬᠡᠳ ᠬᠢᠷᠳ᠋ᠬᠢᠨ ᠰᠤᠴᠢᠵᠦ ᠶᠠᠭᠠᠷᠠᠨ ᠪᠤᠴᠠᠭᠠᠳ ᠬᠤᠷᠮᠤᠰᠳᠠ ᠳᠤ | ᠮᠡᠳᠡᠭᠦᠯᠭᠦ ᠳᠤ᠂ ᠬᠠᠭᠠᠨ ᠬᠤᠷᠮᠤᠰᠳᠠ ᠪᠠᠭ᠎ᠠ ᠪᠤᠳᠤᠯᠬᠢᠯᠠᠭᠠᠳ᠄ ︽ᠭᠦᠮᠦᠨ ᠬᠡᠳᠡᠭ ᠠᠮᠢᠳᠠᠨ ᠢ ᠬᠡᠳᠦᠷᠬᠡᠢ ᠦᠷᠦ | ᠡᠪᠡᠳᠴᠦ ᠪᠤᠯᠬᠤ ᠦᠬᠡᠢ᠃ ᠪᠠᠭ᠎ᠠ ᠰᠠᠭ᠎ᠠ ᠦᠷ᠎ᠡ ᠲᠠᠷᠢᠶ᠎ᠠ ᠪᠠᠭᠤᠯᠭᠠᠵᠦ ᠦᠭᠭᠦᠭᠳᠦᠨ᠂ ᠬᠡᠪᠡᠴᠦ ᠭᠤᠯᠢᠷ ᠮᠠᠳᠦ | ᠠᠮᠳᠠ ᠪᠦᠷᠢᠳᠦᠭᠰᠡᠨ ᠠᠮᠠᠷᠬᠠᠨ ᠢᠳᠡᠬᠡᠨ ᠦᠭᠴᠦ ᠪᠤᠯᠬᠤ ᠦᠬᠡᠢ᠂ ᠭᠦᠴᠦ ᠭᠦᠯᠦᠰᠦ ᠤᠷᠤᠬᠤ ᠮᠦᠷᠳᠡᠬᠡᠨ | ᠭᠦᠷᠦᠰᠦᠨ ᠳᠤ ᠤᠷᠭᠤᠬᠤ ᠦᠷᠡᠰ ᠢ ᠦᠭᠳᠦᠬᠡᠢ︕︾ ᠬᠡᠵᠦ ᠵᠠᠷᠯᠢᠭ ᠪᠤᠯᠪᠠ᠃ ᠢᠩᠬᠢᠬᠡᠳ ᠬᠤᠷ᠎ᠠ ᠶᠢᠨ | ᠰᠠᠬᠢᠭᠤᠯᠰᠤᠨ ᠲᠡᠭᠷᠢ ᠶᠢᠨ ᠰᠠᠩ ᠳᠤ ᠤᠷᠤᠵᠦ ᠡᠷᠢᠭᠦ ᠳᠤ ᠦᠷ᠎ᠡ ᠲᠠᠷᠢᠶ᠎ᠠ ᠪᠦᠭᠦᠨ ᠢ ᠡᠷᠳᠡᠨᠢ ᠷᠢᠯᠦ ᠪᠤᠯᠭᠠᠬᠤ ᠪᠠᠷ | ᠨᠡᠢᠮᠠᠨ ᠭᠦᠯᠢᠯ ᠤᠨ ᠰᠢᠳᠢᠳᠦ ᠵᠤᠳᠬᠠᠨᠠ ᠦᠭᠴᠢᠭᠡᠭᠰᠡᠨ ᠪᠠᠶᠢᠵᠠᠢ᠃ ᠲᠡᠷᠡ ᠶᠠᠭᠠᠷᠠᠨ ᠳ᠋ᠢᠯᠸ᠎ᠠ ᠪᠤᠷᠬᠠᠨ ᠤ ᠲᠡᠷᠬᠡᠳᠠ | ᠭᠦᠷᠴᠦ ᠢᠷᠡᠭᠰᠡᠨ ᠤᠴᠢᠷ ᠢᠶᠠᠨ ᠬᠡᠯᠡᠭᠦ ᠳᠤ᠂ ᠳ᠋ᠢᠯᠸ᠎ᠠ ᠴᠦ ᠰᠠᠨᠳᠤᠷᠤᠨ᠄ ︽ᠰᠠᠶ᠋ᠢ ᠪᠦᠭᠦᠳᠠ ᠶᠢ ᠴᠢᠳᠬᠤᠨ | ᠤᠷᠤᠭᠤᠯᠪᠠ᠂ ᠬᠠᠮᠤᠭ ᠤᠨ ᠰᠡᠭᠦᠯᠴᠢ ᠶᠢᠨ ᠬᠢᠭᠰᠡᠨ ᠨᠢ ᠬᠠᠶᠢᠯᠵᠦ ᠵᠠᠪᠳᠤᠭᠠᠳᠤᠢ ᠮᠠᠭᠠᠳ︾ ᠬᠡᠮᠡᠨ ᠵᠤᠤᠬ᠎ᠠ ᠶᠢᠨ | ᠠᠮᠠᠰᠠᠷ ᠢ ᠨᠡᠬᠡᠬᠡᠵᠦ ᠨᠢᠬᠡᠨ ᠭᠦᠷᠵᠠ ᠤᠳᠬᠤᠨ ᠠᠪᠴᠦ ᠦᠵᠡᠪᠡᠯ ᠤᠤᠯ ᠤᠨ ᠲᠤᠮᠤ ᠪᠦᠬᠡᠳ ᠨᠠᠢᠮᠠᠨ ᠲᠠᠯ᠎ᠠ ᠲᠠᠢ | ᠤᠯᠠᠭᠠᠨ ᠮᠦᠭᠦᠯᠢᠭ ᠤᠳ ᠰᠢᠳᠠᠭᠳᠡᠨ ᠬᠠᠷᠠᠯᠠᠵᠦ ᠪᠠᠭᠠᠰᠤᠭᠠᠳ ᠭᠤᠷᠪᠠᠭ᠋ᠠᠨ ᠲᠠᠯ᠎ᠠ ᠲᠠᠢ ᠤᠯᠠᠭᠠᠨ ᠮᠦᠭᠦᠯᠢᠭ | ᠪᠤᠯᠤᠭᠰᠠᠨ ᠪᠤᠯᠪᠠᠴᠦ ᠭᠤᠤᠯ ᠨᠢ ᠬᠠᠶᠢᠯᠤᠭᠠᠳᠤᠢ ᠪᠠᠶᠢᠭᠰᠠᠨ ᠲᠤᠯᠠ᠂ ᠬᠤᠷ᠎ᠠ ᠶᠢᠨ ᠰᠠᠬᠢᠭᠤᠯᠰᠤᠨ ᠲᠡᠭᠦᠨ ᠢ | ᠬᠠᠨᠴᠤᠶᠢᠯᠠᠨ ᠠᠪᠴᠦ ᠲᠤᠮᠳᠠ ᠶᠢᠷᠳᠢᠨᠴᠦ ᠵᠦᠭ ᠰᠠᠴᠤᠨ ᠤᠷᠬᠢᠪᠡ ᠬᠡᠨ᠎ᠡ᠃ ᠲᠡᠷᠡ ᠨᠢ ᠬᠠᠪᠤᠷ ᠤᠨ ᠰᠠᠯᠬᠢᠨ᠎ᠠ | ᠬᠤᠮᠠᠭ ᠰᠢᠷᠤᠢ ᠳᠤ ᠪᠤᠯᠠᠭᠳᠠᠨ᠂ ᠡᠪᠡᠰᠦ ᠨᠤᠭᠤᠭ᠎ᠠ ᠯᠤᠭ᠎ᠠ ᠴᠢᠬᠢᠯᠡᠨ ᠤᠷᠭᠤᠵᠦ᠂ ᠰᠠᠷ᠎ᠠ ᠪᠤᠯᠤᠮᠠᠭᠴᠠ ᠴᠡᠴᠡᠭᠯᠡᠨ | ᠦᠷᠡᠯᠡᠬᠡᠳ ᠲᠠᠮᠠᠢ ᠤᠳᠠᠯ ᠦᠬᠡᠢ ᠬᠡᠰᠡᠭ ᠬᠡᠰᠡᠭ ᠲᠠᠷᠢᠶ᠎ᠠ ᠪᠤᠯᠤᠭᠰᠠᠨ ᠳᠤ ᠭᠦᠮᠦᠰ ᠦᠷ᠎ᠡ ᠶᠢ ᠨᠢ ᠠᠪᠴᠦ | ᠢᠩᠳᠡᠬᠡᠳ ᠭᠤᠯᠢᠷ ᠪᠤᠯᠭᠠᠨ ᠢᠳᠡᠭᠦ ᠪᠤᠯᠵᠠᠢ᠃ | ᠠᠯᠢ ᠡᠷᠳᠡᠨ ᠤ ᠲᠡᠷᠡ ᠦᠶ᠎ᠡ ᠳᠤ᠂ ᠵᠠᠯᠬᠠᠭᠤ ᠡᠷ᠎ᠡ ᠶᠢᠨ ᠭᠤᠯᠢᠷ ᠢᠶᠠᠷ ᠰᠢᠪᠠᠭᠰᠠᠨ ᠦᠪᠦᠩ ᠨᠢ ᠴᠠᠰᠤᠨ ᠬᠡᠷ | ᠪᠤᠯᠤᠭᠰᠠᠠ ᠠᠴᠠ ᠤᠳᠦ ᠪᠤᠯᠳᠠᠯ᠎ᠠ ︽ᠴᠠᠰᠤᠨ ᠬᠡᠷ︾ ᠬᠡᠷ ᠨᠡᠷᠡᠯᠡᠭᠳᠡᠭᠰᠡᠬᠡᠷ ᠪᠠᠶᠢᠭ᠎ᠠ ᠡᠨᠡ ᠭᠠᠵᠠᠷ ᠨᠢ ᠬᠤᠷᠴᠢᠨ | ᠵᠡᠭᠦᠨ ᠭᠠᠷᠤᠨ ᠬᠤᠶᠢᠳᠦ ᠬᠤᠰᠢᠭᠤᠨ ᠤ ᠰᠢᠷᠠᠳᠠᠯ᠎ᠠ ᠰᠤᠮᠤᠨ ᠤ ᠴᠠᠰᠤᠨ ᠬᠡᠷ ᠠᠶᠢᠯ ︵ᠡᠯᠡᠰᠦᠨ ᠪᠠᠯᠭᠠᠰᠦ ᠲᠠᠢ | ᠬᠢᠯᠢ ᠨᠠᠶᠢᠯᠠᠵᠦ ᠪᠠᠶᠢᠬᠤ ᠪᠦᠬᠡᠳ ᠨᠢᠬᠡ ᠦᠶ᠎ᠡ ᠭᠦᠷᠢᠶ᠎ᠡ ᠬᠤᠰᠢᠭᠤᠨ ᠳᠤ ᠬᠠᠷᠢᠶᠠᠯᠠᠭᠳᠠᠵᠦ ᠪᠠᠶᠢᠵᠠᠢ︶ ᠪᠤᠯᠬᠤ ᠪᠠ | ᠲᠤᠬᠠᠢ ᠶᠢᠨ ᠦᠶ᠎ᠡ ᠳᠤ ᠴᠡᠰᠤᠨ ᠠᠶᠤᠯ ᠳᠤ ᠬᠠᠮᠤᠭ ᠠᠴᠠ ᠬᠡᠴᠡᠭᠦᠦ ᠲᠠᠭᠠᠷᠢᠭᠳᠡᠵᠦ᠂ ᠲᠡᠭᠷᠢ ᠶᠢᠨ ᠦᠷ᠎ᠡ ᠶᠢ | ᠬᠠᠮᠤᠭ ᠠᠴᠠ ᠠᠷᠪᠢᠨ ᠤᠯᠤᠭᠰᠠᠨ ᠨᠢ ᠤᠳᠤᠬᠢ ᠭᠦᠷᠢᠶ᠎ᠡ ᠬᠤᠰᠢᠭᠤᠨ ᠤ ᠭᠠᠵᠠᠷ ᠨᠤᠳᠤᠭ ᠶᠤᠮ ᠬᠡᠨ᠎ᠡ᠃ ᠲᠠᠷᠡ | ᠭᠤᠷᠪᠠᠯᠵᠢᠨ ᠬᠠᠷ᠎ᠠ ᠮᠦᠭᠦᠯᠢᠭᠳᠦ ᠲᠠᠷᠢᠮᠠᠯ ᠨᠢ ᠭᠦᠷᠢᠶ᠎ᠡ ᠬᠤᠰᠢᠭᠤᠨ ᠤ ᠤᠨᠴᠠ ᠭᠠᠷᠤᠯᠳᠠ ᠶᠢᠨ ᠨᠢᠬᠡ ᠪᠤᠯᠬᠤ | ᠰᠠᠭᠠᠭ ᠤᠨ ᠲᠠᠷᠢᠶ᠎ᠠ ᠪᠤᠯᠤᠭᠰᠠᠨ ᠶᠤᠮ ᠬᠡᠨ᠎ᠡ᠃ |