ᠲᠦᠢᠯ ᠤᠨ ᠭᠤᠶᠦ ᠬᠡᠤᠬᠡᠨ ᠲᠠᠢ ᠨᠢᠬᠡᠨ ᠶᠠᠳᠠᠭᠤ ᠡᠷ᠎ᠡ ᠡᠮ᠎ᠠ ᠬᠤᠶᠠᠷ ᠪᠠᠶᠢᠵᠠᠢ ᠬᠡᠨ᠎ᠡ᠃ ᠠᠳᠡᠬᠢ ᠬᠠᠷᠬᠢᠰ | ᠪᠠᠶᠠᠨ ᠮᠡᠳᠡᠬᠡᠳ ᠲᠡᠭᠦᠨ ᠤ ᠦᠩᠬᠡ ᠵᠢᠰᠦ ᠴᠦ ᠦᠬᠡᠢ᠂ ᠵᠠᠯᠬᠠᠭᠤ ᠵᠠᠶᠢᠳᠠᠩ ᠭᠦᠦ ᠳᠡᠭᠡᠨ ᠪᠠᠭᠤᠯᠭᠠᠵᠦ ᠠᠪᠬᠤ | ᠪᠠᠷ ᠲᠡᠬᠡᠷᠡᠩᠭᠦᠶᠢᠯᠡᠭᠰᠡᠨ ᠬᠡᠨ᠎ᠡ᠃ ᠬᠡᠤᠬᠡᠨ᠂ ᠠᠪᠤ ᠡᠵᠢ ᠲᠠᠢ ᠪᠠᠨ ᠶᠠᠮᠠᠷ ᠴᠦ ᠠᠷᠭ᠎ᠠ ᠦᠬᠡᠢ ᠭᠠᠷ ᠨᠤᠬᠤᠯᠠᠨ | ᠭᠠᠴᠢᠭᠳᠡᠵᠦ᠂ ᠡᠳᠦᠷ ᠰᠦᠨᠢ ᠦᠬᠡᠢ ᠰᠠᠶᠢᠬᠠᠨ ᠨᠢᠳᠦᠨ ᠠᠴᠠ ᠪᠠᠨ ᠨᠢᠯᠪᠤᠰᠦ ᠪᠦᠮᠪᠤᠷᠢᠭᠦᠯᠦᠨ ᠰᠠᠭᠤᠳᠠᠭ ᠪᠤᠯᠵᠠᠢ᠃ | | ᠨᠢᠬᠡᠨ ᠰᠦᠨᠢ ᠬᠡᠨᠡᠳᠳᠠ ᠨᠢᠳᠦᠨ ᠠᠴᠠ ᠨᠢ ᠪᠦᠮᠪᠦᠷᠢᠭᠰᠡᠨ ᠲᠤᠩᠭᠠᠯᠠᠭ ᠨᠢᠯᠪᠤᠰᠤᠨ ᠳᠤᠨᠢ ᠨᠢᠬᠡ ᠴᠠᠭᠠᠨ ᠰᠠᠬᠠᠯ | ᠲᠠᠢ ᠡᠪᠤᠬᠡᠨ ᠢᠯᠡᠷᠡᠵᠦ᠄ ︽ᠬᠡᠤᠬᠡᠨ ᠮᠢᠨᠢ︕ ᠪᠢᠳᠡᠬᠡᠢ ᠤᠬᠢᠯᠠ᠂ ᠠᠳᠠ ᠠᠴᠠ ᠨᠠᠷᠠᠨ ᠭᠠᠷᠬᠤ ᠵᠦᠭ ᠲᠤ | ᠶᠠᠪᠤᠭᠠᠷᠠᠢ︕ ᠲᠡᠬᠡᠪᠡᠯ ᠨᠢᠬᠡ ᠤᠷᠬᠢᠯᠤᠮᠠᠯ ᠪᠤᠯᠠᠭ ᠲᠠᠭᠠᠷᠠᠬᠤ ᠶᠤᠮ᠃ ᠪᠤᠯᠠᠭ ᠤᠨ ᠭᠦᠪᠡᠬᠡᠨ ᠳᠤ ᠤᠯᠠᠭᠠᠨ | ᠦᠩᠬᠡ ᠲᠠᠢ ᠬᠤᠪᠴᠠᠰᠦ ᠪᠠᠶᠢᠨ᠎ᠠ᠃ ᠴᠢ ᠪᠤᠯᠠᠭ ᠤᠨ ᠤᠰᠦ ᠪᠠᠷ ᠪᠡᠶ᠎ᠡ ᠪᠠᠨ ᠰᠠᠶᠢᠨ ᠤᠬᠢᠶᠠᠭᠠᠳ ᠲᠡᠷᠡ ᠤᠯᠠᠭᠠᠨ | ᠬᠤᠪᠴᠠᠰᠦ ᠶᠢ ᠡᠮᠦᠰᠴᠦ᠂ ᠲᠡᠬᠢᠨ ᠵᠡᠭᠦᠨ ᠡᠮᠦᠨᠡᠰᠢ ᠶᠠᠪᠤᠭᠠᠷᠠᠢ᠃ ᠲᠡᠬᠡᠪᠡᠯ ᠨᠢᠬᠡ ᠵᠢᠷᠤᠭᠴᠢᠨ ᠡᠪᠤᠬᠡᠨ ᠤ ᠡᠭᠦᠳᠡᠨ | ᠳᠤ ᠭᠦᠷᠴᠢᠬᠡᠭᠦ ᠶᠤᠮ︾ ᠬᠡᠵᠦ ᠬᠡᠯᠡᠬᠡᠳ ᠠᠯᠠᠭ᠎ᠠ ᠪᠤᠯᠪᠠ᠃ | ᠬᠡᠤᠬᠡᠨ ᠬᠠᠷᠠᠩᠭᠤᠢ ᠪᠠᠷ ᠬᠡᠷ ᠠᠴᠠ ᠭᠠᠷᠴᠦ ᠨᠠᠷᠠᠨ ᠤᠷᠭᠤᠬᠤ ᠵᠦᠭ ᠲᠤ ᠶᠠᠪᠤᠵᠦ ᠪᠠᠶᠢᠳᠠᠯ᠎ᠠ᠂ ᠦᠨᠡᠬᠡᠷ | ᠤᠯᠠᠭᠠᠨ ᠬᠡᠷᠡᠯ ᠰᠠᠴᠤᠷᠠᠵᠦ ᠨᠢᠬᠡ ᠵᠠᠬ᠎ᠠ ᠤᠯᠠᠭᠠᠨ ᠬᠤᠪᠴᠠᠰᠦ ᠪᠠᠶᠢᠵᠠᠢ᠃ ᠡᠪᠤᠬᠡᠨ ᠤ ᠬᠡᠯᠡᠭᠰᠡᠨ ᠶᠤᠰᠤᠭᠠᠷ | ᠲᠡᠷᠬᠡᠳᠡᠬᠢ ᠤᠷᠬᠢᠯᠤᠮᠠᠯ ᠪᠤᠯᠠᠭ ᠤᠨ ᠤᠰᠦ ᠪᠠᠷ ᠨᠢ ᠪᠡᠶ᠎ᠡ ᠪᠠᠨ ᠤᠬᠢᠶᠠᠵᠦ᠂ ᠤᠯᠠᠭᠠᠨ ᠬᠤᠪᠴᠠᠰᠦ ᠶᠢ ᠡᠮᠦᠰᠦᠬᠡᠳ | ᠦᠷᠭᠦᠯᠵᠢᠯᠡᠨ ᠶᠠᠪᠤᠯ᠎ᠠ᠃ ᠨᠠᠷᠠᠨ ᠮᠠᠨᠳᠤᠬᠤ ᠶᠢᠨ ᠦᠶ᠎ᠡ ᠪᠠᠷ ᠨᠢᠬᠡ ᠬᠡᠷ ᠤᠨ ᠡᠭᠦᠳᠡᠨ ᠳᠤ ᠭᠦᠷᠦᠭᠰᠡᠨ ᠨᠢ | ᠵᠢᠷᠤᠭᠴᠢᠨ ᠤ ᠬᠡᠷ ᠪᠠᠶᠢᠵᠠᠢ᠃ ᠵᠢᠷᠤᠭᠴᠢᠨ ᠰᠠᠶ᠋ᠢ ᠪᠤᠰᠤᠭᠠᠳ ᠡᠭᠦᠳᠡ ᠪᠠᠨ ᠲᠠᠳᠠᠵᠦ ᠭᠠᠷᠬᠤ ᠳᠤ᠂ ᠡᠭᠦᠳᠡᠨ | ᠭᠠᠳᠠᠨ᠎ᠠ ᠨᠢ ᠭᠦᠷᠦᠭ ᠵᠢᠷᠤᠭ ᠰᠢᠭ᠋ ᠭᠤᠶᠤ ᠬᠡᠤᠬᠡᠨ ᠤᠯᠠᠭᠠᠨ ᠬᠤᠪᠴᠠᠰᠦ ᠡᠮᠦᠰᠦᠬᠡᠳ ᠵᠤᠭᠰᠤᠵᠦ ᠪᠠᠶᠢᠬᠤ ᠶᠢ | ᠦᠵᠡᠬᠡᠳ᠂ ᠨᠢᠳᠦ ᠪᠠᠨ ᠢᠳᠡᠬᠡᠵᠦ ᠶᠠᠳᠠᠨ ᠲᠡᠬᠢᠨ ᠬᠠᠷᠠᠳᠠᠯ᠎ᠠ ᠲᠡᠷᠡ ᠬᠡᠤᠬᠡᠨ ᠬᠠᠵᠠᠭᠤ ᠪᠠᠷ ᠨᠢ ᠰᠦᠷ ᠬᠢᠮᠡᠭᠴᠡ | ᠬᠠᠷᠠᠭᠳᠠᠬᠤ ᠪᠠᠨ ᠪᠤᠯᠢᠪᠠ᠃ ᠵᠢᠷᠤᠭᠴᠢᠨ ᠮᠠᠰᠢ ᠭᠠᠶᠢᠬᠠᠵᠦ ᠬᠡᠷ ᠲᠡᠭᠡᠨ ᠡᠷᠬᠢᠵᠦ ᠤᠷᠤᠵᠦ ᠢᠷᠡᠭᠦ ᠳᠤ᠂ ᠵᠢᠷᠤᠭ | ᠵᠢᠷᠤᠬᠤ ᠪᠠᠷ ᠪᠡᠯᠡᠳᠬᠡᠵᠦ ᠲᠠᠯᠪᠢᠭᠰᠠᠨ ᠴᠠᠭᠠᠨ ᠴᠠᠭᠠᠰᠤᠨ ᠲᠡᠬᠡᠷ᠎ᠡ ᠨᠢ ᠰᠠᠶ᠋ᠢᠬᠢ ᠬᠡᠤᠬᠡᠨ ᠤ ᠭᠦᠷᠦᠭ ᠵᠢᠷᠤᠭ ᠲᠡᠷᠡ | ᠬᠡᠪ ᠢᠶᠠᠷ ᠢᠶᠠᠨ ᠬᠠᠷᠠᠭᠳᠠᠭᠰᠠᠨ ᠪᠠᠶᠢᠯ᠎ᠠ᠃ ᠡᠪᠤᠬᠡᠨ ᠵᠢᠷᠤᠭᠴᠢᠨ ᠮᠠᠰᠢ ᠭᠠᠶᠢᠬᠠᠵᠦ᠂ ᠡᠨᠡ ᠵᠢᠷᠤᠭ ᠢ ᠦᠨᠳᠦᠷ | ᠦᠨ᠎ᠡ ᠪᠠᠷ ᠬᠤᠳᠠᠯᠳᠤᠬᠤ ᠪᠠᠷ ᠪᠤᠯᠤᠯ᠎ᠠ᠃ | ᠡᠨᠡ ᠤᠷᠴᠢᠮ ᠳᠤ᠂ ᠬᠠᠷᠠᠬᠠᠨ ᠪᠠᠭ᠎ᠠ ᠠᠴᠠ ᠪᠠᠨ ᠡᠬᠡ ᠡᠴᠢᠬᠡ ᠠᠴᠠ ᠪᠠᠨ ᠰᠠᠯᠵᠦ᠂ ᠡᠳᠦᠷ ᠪᠦᠷᠢ ᠠᠭᠤᠯᠠᠨ | ᠠᠴᠠ ᠲᠦᠯᠡᠭᠡ ᠬᠠᠳᠤᠵᠦ᠂ ᠠᠮᠢ ᠵᠠᠭᠤᠳᠠᠭ ᠨᠢᠬᠡ ᠶᠠᠳᠠᠭᠤ ᠭᠦᠦ ᠪᠠᠶᠢᠭᠰᠠᠨ ᠬᠡᠨ᠎ᠡ᠃ ᠲᠡᠷᠡ ᠭᠦᠦ ᠡᠨᠡ ᠤᠯᠠᠭᠠᠨ | ᠬᠤᠪᠴᠠᠰᠦ ᠲᠠᠢ ᠭᠤᠶᠦ ᠬᠡᠤᠬᠡᠨ ᠤ ᠵᠢᠷᠤᠭ ᠢ ᠨᠢᠬᠡ ᠵᠢᠯ ᠤᠨ ᠲᠦᠯᠡᠭᠡ ᠬᠤᠳᠠᠯᠳᠤᠭᠰᠠᠨ ᠮᠦᠩᠭᠦ ᠪᠠᠷ ᠢᠶᠠᠨ | ᠬᠤᠳᠠᠯᠳᠤᠨ ᠠᠪᠤᠭᠠᠳ ᠬᠡᠷ ᠲᠡᠭᠡᠨ ᠠᠪᠠᠴᠢᠵᠦ᠂ ᠬᠡᠷ ᠤᠨ ᠢᠶᠠᠨ ᠬᠡᠷᠡᠮ ᠲᠡᠬᠡᠷ᠎ᠡ ᠨᠢ ᠨᠠᠭᠠᠵᠠᠢ᠃ ᠮᠠᠷᠭᠠᠰᠢ ᠠᠴᠠ | ᠨᠢ ᠲᠦᠯᠡᠭᠡ ᠪᠠᠨ ᠬᠠᠳᠤᠭᠠᠳ ᠪᠤᠴᠠᠵᠦ ᠢᠷᠡᠭᠦ ᠪᠦᠷᠢ ᠬᠡᠷ ᠨᠢ ᠬᠠᠯᠠᠭᠤᠨ ᠲᠤᠯᠠᠭᠠᠨ ᠪᠦᠬᠡᠳ ᠠᠮᠳᠠᠳᠦ ᠬᠤᠭᠤᠯᠠ | ᠪᠡᠯᠡᠬᠡᠨ ᠪᠤᠯᠤᠭᠠᠳ ᠪᠠᠶᠢᠳᠠᠭ ᠪᠤᠯᠪᠠ᠃ ᠲᠦᠯᠡᠬᠡᠴᠢᠨ ᠭᠦᠦ ᠮᠠᠰᠢ ᠭᠠᠶᠢᠬᠠᠵᠦ᠂ ᠴᠤᠬᠤᠮ ᠬᠡᠨ ᠬᠤᠭᠤᠯᠠ | ᠪᠡᠯᠡᠳᠬᠡᠵᠦ ᠦᠭᠴᠦ ᠪᠠᠶᠢᠬᠤ ᠶᠢ ᠮᠡᠳᠡᠭᠦ ᠪᠠᠷ ᠨᠢᠬᠡᠨ ᠡᠳᠦᠷ ᠡᠷᠳᠡ ᠪᠤᠴᠠᠵᠦ ᠢᠷᠡᠪᠡ᠃ ᠬᠡᠷ ᠢᠶᠠᠨ ᠤᠶᠢᠷᠠᠳᠤᠵᠦ | ᠢᠷᠡᠬᠡᠳ ᠦᠵᠡᠭᠦ ᠳᠤ ᠬᠤᠯᠠᠩ ᠠᠴᠠ ᠨᠢ ᠤᠳᠤᠭ᠎ᠠ ᠰᠤᠭᠤᠨᠠᠭᠯᠠᠵᠦ ᠪᠠᠶᠢᠯ᠎ᠠ᠃ ᠬᠤᠷᠳᠤᠬᠠᠨ ᠢᠷᠡᠵᠦ ᠴᠤᠩᠬᠤ | ᠪᠠᠨ ᠭᠠᠳᠠᠨ᠎ᠠ ᠠᠴᠠ ᠨᠢ ᠨᠡᠬᠡᠬᠡᠵᠦ ᠬᠤᠯᠠᠭᠤᠨ ᠠᠵᠢᠭᠯᠠᠭᠰᠠᠨ ᠴᠢᠨᠢ ᠬᠡᠷᠡᠮ ᠲᠡᠬᠡᠷᠡᠬᠢ ᠵᠢᠷᠤᠭ ᠤᠨ ᠬᠡᠤᠬᠡᠨ ᠪᠠᠶᠢᠬᠤ | ᠦᠬᠡᠢ ᠪᠤᠯᠴᠢᠬᠠᠭᠠᠳ ᠬᠤᠭᠤᠰᠤᠨ ᠴᠠᠭᠠᠨ ᠴᠠᠭᠠᠰᠦ ᠦᠯᠡᠳᠡᠬᠡᠳ ᠪᠠᠶᠢᠯ᠎ᠠ᠃ ᠲᠦᠯᠡᠬᠡᠴᠢᠨ ᠭᠦᠦ ᠭᠠᠶᠢᠬᠠᠬᠤ᠂ | ᠰᠤᠴᠢᠬᠤ᠂ ᠠᠶᠤᠬᠤ ᠲᠠᠪᠬᠤᠴᠠᠨ ᠬᠡᠷ ᠲᠡᠭᠡᠨ ᠤᠷᠤᠳᠠᠯ᠎ᠠ ᠲᠡᠷᠡ ᠬᠡᠤᠬᠡᠨ ᠬᠡᠳᠦᠶᠢᠨ ᠤᠯᠠᠭᠠᠨ ᠬᠤᠪᠴᠠᠰᠦ ᠪᠠᠨ | ᠠᠪᠴᠦ ᠡᠮᠦᠰᠦᠬᠡᠳ ᠴᠠᠭᠠᠰᠤᠨ ᠳᠤ ᠵᠢᠷᠤᠭ ᠪᠤᠯᠵᠦ ᠰᠢᠩᠬᠡᠭᠦ ᠬᠠᠷᠠᠭᠳᠠᠪᠠ᠃ ᠲᠦᠯᠡᠬᠡᠴᠢᠨ ᠭᠦᠦ ᠪᠤᠳᠠᠭ᠎ᠠ | ᠵᠠᠭᠤᠰᠢ ᠪᠠᠨ ᠢᠳᠡᠵᠦ ᠪᠠᠷᠠᠭᠠᠳ ᠡᠭᠦᠨ ᠤ ᠲᠤᠬᠠᠢ ᠮᠠᠰᠢ ᠪᠤᠳᠤᠯᠭ᠎ᠠ ᠪᠤᠯᠤᠯ᠎ᠠ᠃ | ᠮᠠᠷᠭᠠᠰᠢ ᠨᠢ ᠮᠦᠨ ᠡᠷᠳᠠ ᠬᠠᠷᠢᠵᠦ ᠢᠷᠡᠭᠦ ᠳᠤ᠂ ᠮᠦᠨ ᠦᠨᠦᠳᠦᠷ ᠤᠨ ᠠᠳᠠᠯᠢ ᠲᠤᠬᠢᠶᠠᠯᠳᠤᠯ ᠲᠠᠢ ᠪᠠᠶᠢᠯ᠎ᠠ᠃ | ᠰᠠᠴᠡᠨ ᠰᠡᠷᠭᠦᠯᠡᠩ ᠲᠦᠯᠡᠬᠡᠴᠢᠨ ᠭᠦᠦ ᠨᠢᠬᠡ ᠶᠠᠭᠤᠮ᠎ᠠ ᠶᠢ ᠠᠵᠢᠵᠦ ᠮᠠᠳᠠᠯ᠎ᠠ᠃ ᠶᠠᠭᠤ ᠬᠡᠪᠡᠯ᠂ ᠡᠨᠡ ᠬᠡᠤᠬᠡᠨ | ᠲᠠᠷᠡ ᠤᠯᠠᠭᠠᠨ ᠬᠤᠪᠴᠠᠰᠦ ᠪᠠᠨ ᠡᠮᠦᠰᠦᠭᠰᠡᠬᠡᠷ ᠦᠪᠡᠷ ᠤᠨ ᠡᠷᠬᠡ ᠮᠡᠳᠡᠯ ᠦᠬᠡᠢ ᠴᠠᠭᠠᠰᠤᠨ ᠵᠢᠷᠤᠭ ᠪᠤᠯᠵᠦ | ᠬᠤᠪᠢᠯᠬᠤ ᠯᠡ ᠬᠡᠷᠡᠭᠳᠡᠢ ᠪᠠᠶᠢᠯ᠎ᠠ᠃ ᠲᠦᠯᠡᠬᠡᠴᠢᠨ ᠭᠦᠦ ᠲᠠᠷᠠᠭ᠎ᠠ ᠡᠳᠦᠷ ᠨᠢ ᠬᠠᠷᠢᠵᠦ ᠢᠷᠡᠮᠡᠭᠴᠡ ᠤᠯᠠᠭᠠᠨ | ᠬᠤᠪᠴᠠᠰᠦ ᠶᠢ ᠨᠢ ᠵᠠᠪᠳᠤᠨ ᠨᠢᠭᠤᠵᠦ ᠲᠠᠯᠪᠢᠪᠠ᠃ ᠬᠤᠭᠤᠯᠠ ᠪᠠᠨ ᠬᠢᠵᠦ ᠪᠠᠷᠠᠭᠰᠠᠨ ᠬᠡᠤᠬᠡᠨ ᠬᠤᠪᠴᠠᠰᠦ ᠨᠢ | ᠲᠠᠯᠪᠢᠭᠰᠠᠨ ᠭᠠᠵᠠᠷ ᠢᠶᠠᠨ ᠪᠠᠶᠢᠬᠤ ᠦᠬᠡᠢ ᠳᠤ᠂ ᠡᠩ ᠤᠨ ᠭᠦᠮᠦᠨ ᠤ ᠪᠠᠨ ᠶᠤᠰᠤᠭᠠᠷ ᠪᠤᠯᠵᠦ ᠲᠦᠯᠡᠬᠡᠴᠢᠨ ᠭᠦᠦ | ᠲᠠᠢ ᠵᠤᠭᠤᠭ ᠲᠠᠭᠠᠷᠠᠨ᠂ ᠬᠠᠷᠢᠯᠴᠠᠨ ᠮᠠᠰᠢ ᠢᠨᠠᠭ ᠠᠮᠠᠷᠠᠭ ᠪᠠᠶᠢᠬᠤ ᠪᠠᠨ ᠰᠡᠷᠡᠵᠦ ᠮᠡᠳᠡᠬᠡᠳ ᠲᠡᠭᠷᠢ ᠠᠴᠠ | ᠵᠠᠶᠠᠭᠠᠭᠰᠠᠨ ᠨᠢᠬᠡ ᠬᠤᠤᠰ ᠬᠡᠮᠡᠨ ᠬᠡᠷ ᠪᠦᠯᠢ ᠪᠤᠯᠤᠯᠴᠠᠪᠠ᠃ | ᠵᠢᠷᠭᠠᠯᠳᠠᠢ ᠰᠠᠶᠢᠬᠠᠨ ᠠᠮᠢᠳᠤᠷᠠᠭᠰᠠᠨ ᠬᠡᠤᠬᠡᠨ ᠡᠴᠢᠬᠡ ᠡᠬᠡ ᠪᠠᠨ ᠮᠠᠷᠳᠠᠭᠰᠠᠨ ᠦᠬᠡᠢ᠃ ᠲᠦᠯᠡᠬᠡᠴᠢᠨ ᠭᠦᠦ | ᠳᠤ ᠦᠪᠡᠷ ᠤᠨ ᠪᠦᠭᠦ ᠦᠩᠬᠡᠷᠡᠯᠳᠠ ᠪᠠᠨ ᠲᠤᠭᠠᠴᠢᠵᠦ᠂ ᠡᠬᠡ ᠡᠴᠢᠬᠡ ᠪᠠᠨ ᠰᠠᠨᠠᠭᠠᠯᠵᠠᠨ ᠨᠢᠯᠪᠤᠰᠦ ᠤᠨᠠᠭᠠᠵᠠᠢ᠃ | ᠲᠦᠯᠡᠬᠡᠴᠢᠨ ᠭᠦᠦ ᠬᠡᠳᠦᠨ ᠡᠳᠦᠷ ᠰᠤᠷᠠᠭᠯᠠᠭᠰᠠᠭᠠᠷ ᠪᠠᠶᠢᠵᠦ᠂ ᠬᠡᠤᠬᠡᠨ ᠢ ᠨᠢ ᠪᠠᠭᠤᠯᠭᠠᠵᠦ ᠠᠪᠠᠴᠢᠬᠤ ᠪᠠᠷ | ᠢᠷᠡᠭᠰᠡᠨ ᠬᠠᠷᠬᠢᠰ ᠪᠠᠶᠠᠨ ᠠᠪᠤ ᠡᠵᠢ ᠶᠢ ᠨᠢ ᠭᠦᠯᠢᠵᠦ ᠠᠪᠠᠴᠢᠭᠠᠳ᠄ ︽ᠬᠡᠤᠬᠡᠨ ᠢᠶᠠᠨ ᠬᠠᠮᠢᠭ᠎ᠠ ᠪᠠᠶᠢᠭ᠎ᠠ ᠶᠢ | ᠲᠦᠷᠬᠡᠨ ᠬᠡᠯᠡ︾ ᠬᠡᠵᠦ ᠡᠳᠦᠷ ᠪᠦᠷᠢ ᠬᠠᠯᠠᠳᠠᠨ ᠴᠤᠬᠢᠵᠦ ᠪᠠᠶᠢᠨ᠎ᠠ ᠬᠡᠭᠦ ᠴᠢᠮᠡᠭᠡ ᠶᠢ ᠤᠯᠵᠦ ᠢᠷᠡᠬᠡᠳ᠂ ᠡᠬᠡᠨᠡᠷ | ᠲᠡᠭᠡᠨ ᠤᠬᠢᠯᠠᠨ ᠬᠠᠶᠢᠯᠠᠨ ᠶᠠᠷᠢᠪᠠ᠃ ᠡᠬᠡᠨᠡᠷ ᠨᠢ᠄ ︽ᠴᠢ ᠬᠡᠳᠦᠢ ᠰᠠᠶᠢᠨ ᠰᠠᠨᠠᠭ᠎ᠠ ᠲᠠᠢ ᠭᠦᠮᠦᠨ ᠪᠤᠢ︖ ᠪᠢ | ᠪᠤᠷᠤᠭᠤ ᠭᠦᠮᠦᠨ ᠳᠤ ᠮᠤᠷᠳᠠᠭᠰᠠᠨ ᠦᠬᠡᠢ ᠶᠤᠮ ᠪᠠᠶᠢᠨ᠎ᠠ᠃ ᠴᠢ ᠪᠢᠳᠡᠬᠡᠢ ᠤᠬᠢᠯᠠ᠂ ᠪᠢᠳᠠ ᠠᠪᠤᠷᠠᠵᠦ ᠲᠠᠶᠢᠯᠦᠨ᠎ᠡ | ︾ ᠬᠡᠪᠡ᠃ | ᠰᠦᠨᠢ ᠪᠤᠯᠤᠮᠠᠭᠴᠠ ᠬᠤᠶᠠᠭᠤᠯᠠ ᠤᠯᠠᠭᠠᠨ ᠬᠤᠪᠴᠠᠰᠦ ᠪᠠᠨ ᠠᠪᠴᠦ᠂ ᠬᠠᠷᠬᠢᠰ ᠪᠠᠶᠠᠨ ᠤ ᠰᠠᠭᠤᠴᠠ | ᠤᠷᠳᠤᠨ ᠢ ᠴᠢᠭᠯᠡᠵᠦ ᠤᠴᠢᠭᠠᠳ᠄ ︽ᠠᠪᠤ ᠡᠵᠢ ᠡ︕ ᠪᠢ ᠬᠡᠤᠬᠡᠨ ᠴᠢᠨᠢ ᠪᠠᠶᠢᠨ᠎ᠠ᠃ ᠲᠠ ᠬᠤᠶᠠᠷ ᠢ ᠠᠪᠤᠷᠠᠬᠤ | ᠪᠠᠷ ᠢᠷᠡᠵᠡᠢ᠃ ᠬᠡᠭᠦ ᠳᠡᠭᠡᠨ ᠨᠢᠬᠡ ᠨᠢᠬᠡ ᠪᠠᠷ ᠠᠪᠤᠷᠠᠨ᠎ᠠ︾ ᠬᠡᠵᠦ ᠰᠡᠮᠡᠬᠡᠷ ᠬᠡᠯᠡᠬᠡᠳ᠄ ︽ᠡᠨᠡ ᠬᠤᠪᠴᠠᠰᠦ ᠶᠢ | ᠡᠵᠢ ᠤᠷᠢᠳ ᠢᠶᠠᠷ ᠡᠮᠦᠰᠦᠬᠡᠷᠡᠢ︾ ᠬᠡᠵᠦ ᠤᠯᠠᠭᠠᠨ ᠬᠤᠪᠴᠠᠰᠦ ᠪᠠᠨ ᠦᠭᠴᠦ ᠡᠮᠦᠰᠬᠡᠬᠡᠳ᠂ ᠬᠤᠷᠢᠭᠤᠯ ᠤᠨ ᠬᠡᠷ | ᠤᠨ ᠴᠤᠩᠬᠤᠨ ᠲᠡᠬᠡᠷ᠎ᠡ ᠵᠢᠷᠤᠭ ᠤᠨ ᠴᠠᠭᠠᠰᠦ ᠪᠠ ᠪᠢᠷ ᠲᠡᠯᠬᠡᠮᠡᠭᠴᠡ ᠡᠵᠢ ᠨᠢ ᠵᠢᠷᠤᠭ ᠤᠨ ᠭᠦᠮᠦᠨ ᠪᠤᠯᠵᠦ | ᠢᠯᠡᠷᠡᠪᠡ᠃ ᠬᠤᠶᠠᠭᠤᠯᠠ ᠵᠢᠷᠤᠭ ᠢᠶᠠᠨ ᠠᠪᠴᠦ ᠬᠡᠷ ᠲᠡᠭᠡᠨ ᠬᠠᠷᠢᠭᠠᠳ ᠡᠵᠢ ᠪᠠᠨ ᠵᠢᠷᠤᠭ ᠠᠴᠠ ᠨᠢ ᠪᠠᠭᠤᠯᠭᠠᠵᠦ | ᠠᠪᠤᠮᠠᠭᠴᠠ ᠤᠯᠠᠭᠠᠨ ᠬᠤᠪᠴᠠᠰᠦ ᠶᠢ ᠲᠦᠯᠡᠬᠡᠴᠢᠨ ᠭᠦᠦ ᠠᠪᠴᠦ ᠤᠨᠢᠰᠤᠯᠠᠪᠠ᠃ ᠮᠠᠷᠭᠠᠰᠢ ᠨᠢ ᠬᠠᠷᠬᠢᠰ ᠪᠠᠶᠠᠨ᠄ | ︽ᠡᠬᠡᠨᠡᠷ ᠴᠢᠨᠢ ᠬᠠᠮᠢᠭ᠎ᠠ ᠪᠠᠶᠢᠨ᠎ᠠ ᠪᠤᠢ︾ ᠬᠡᠵᠦ ᠠᠪᠤ ᠶᠢ ᠨᠢ ᠤᠯᠠᠮ ᠬᠠᠷᠬᠢᠰ ᠬᠤᠤᠷᠳᠠᠢ ᠲᠠᠮᠤᠯᠠᠪᠠ᠃ ᠰᠦᠨᠢ | ᠪᠤᠯᠤᠮᠠᠭᠴᠠ ᠬᠤᠶᠠᠭᠤᠯᠠ ᠤᠴᠢᠵᠦ ᠠᠳᠠᠯᠢ ᠠᠷᠭ᠎ᠠ ᠪᠠᠷ ᠠᠪᠤ ᠪᠠᠨ ᠠᠪᠤᠷᠠᠵᠦ᠂ ᠰᠢᠷᠬ᠎ᠠ ᠰᠤᠷᠪᠢ ᠶᠢ ᠨᠢ | ᠡᠳᠡᠬᠡᠬᠡᠬᠡᠳ᠂ ᠲᠦᠷᠪᠡᠭᠦᠯᠡ ᠪᠠᠨ ᠪᠠᠶ᠎ᠠ ᠭᠦᠷ ᠲᠠᠢ ᠠᠮᠢᠳᠤᠷᠠᠭᠰᠠᠨ ᠬᠡᠨ᠎ᠡ᠃ |