ᠰᠢᠷᠡᠬᠡᠳᠦ ᠭᠦᠷᠢᠶ᠎ᠡ ᠬᠤᠰᠢᠭᠤᠨ ᠤ ᠲᠦᠢᠮᠦ ᠪᠠᠶᠢᠳᠠᠯ ︵ᠨᠢᠭᠡ︶
ᠨᠡᠶᠢᠲᠡᠯᠡᠭᠰᠡᠨ ᠴᠠᠭ᠄
2023/11/30
     ᠨᠢᠬᠡ᠂ ᠲᠦᠮᠡᠨ ᠤᠨ ᠤ ᠨᠤᠳᠤᠭ ᠤᠰᠦ     ᠭᠦᠷᠢᠶ᠎ᠡ ᠬᠤᠰᠢᠭᠤ ᠪᠠᠶᠢᠭᠤᠯᠤᠭᠳᠠᠭᠠᠳ ᠰᠠᠶ᠋ᠢ 370 ᠭᠠᠷᠤᠢ ᠵᠢᠯ ᠪᠤᠯᠵᠦ ᠪᠠᠶᠢᠪᠠᠴᠦ᠂ ᠡᠨᠡ ᠨᠤᠳᠤᠭ ᠲᠡᠪᠢᠰᠬᠡᠷ ᠲᠤ ᠭᠦᠮᠦᠨ ᠲᠦᠷᠦᠯᠬᠢᠳᠡᠨ ᠠᠵᠦ  ᠲᠦᠷᠦᠨ ᠠᠮᠢᠳᠤᠷᠠᠵᠦ ᠶᠠᠪᠤᠭᠰᠠᠨ  ᠲᠡᠤᠬᠡ ᠨᠢ ᠬᠠᠷᠢᠨ ᠤᠷᠳᠦ ᠪᠢᠯᠡ︕     ᠬᠡᠬᠡᠷ᠎ᠡ ᠭᠠᠳᠠᠨ᠎ᠠ᠂ ᠬᠠᠶᠠ ᠨᠢᠬᠡ ᠬᠠᠷᠠᠭᠳᠠᠳᠠᠭ ᠲᠦᠭᠦᠮ ᠲᠦᠳᠠ ᠦᠷᠦᠵᠦ  ᠢᠷᠯᠡᠭᠰᠡᠨ ᠬᠠᠭᠤᠴᠢᠨ ᠴᠢᠯᠠᠭᠤᠨ ᠵᠡᠪᠰᠡᠭ ᠠᠴᠠ ᠭᠦᠮᠦᠰ ︽ᠠᠯᠢ ᠡᠷᠳᠠ ᠬᠠᠭᠤᠴᠢᠨ ᠴᠢᠯᠠᠭᠤᠨ ᠵᠡᠪᠰᠡᠭ ᠤᠨ ᠴᠠᠭ ᠦᠶ᠎ᠡ ᠳᠤ᠂ ᠪᠠᠯᠠᠷ ᠡᠷᠳᠡᠨ ᠤ ᠭᠦᠮᠦᠨ ᠲᠦᠷᠦᠯᠬᠢᠳᠡᠨ ᠡᠨᠡ ᠤᠷᠴᠢᠮ ᠤᠷᠤᠰᠢᠨ ᠲᠦᠯᠵᠢᠵᠦ ᠪᠠᠶᠢᠵᠠᠢ︕︾ ᠬᠡᠳᠡᠭ ᠢ ᠮᠡᠳᠡᠪᠡ᠃ ᠨᠡᠩ ᠴᠦ ᠦᠷᠦᠵᠦ ᠪᠢᠯᠡᠭᠦᠳᠡᠭᠰᠡᠨ ᠰᠢᠨ᠎ᠡ ᠴᠢᠯᠠᠭᠤᠨ ᠵᠡᠪᠰᠡᠭ ᠦᠷᠭᠦᠯᠵᠢ ᠬᠠᠷᠠᠭᠳᠠᠳᠠᠭ᠃ ᠲᠡᠳᠡᠬᠡᠷ ᠤᠨ ᠲᠤᠳᠤᠷ᠎ᠠ ᠴᠢᠯᠠᠭᠤᠨ ᠰᠦᠬᠡ᠂ ᠴᠢᠯᠠᠭᠤᠨ ᠵᠢᠳᠠ᠂ ᠴᠢᠯᠠᠭᠤᠨ ᠬᠢᠳᠤᠭ᠎ᠠ᠂ ᠴᠢᠯᠠᠭᠤᠨ ᠨᠦᠳᠦᠭᠦᠷ᠂ ᠴᠢᠯᠠᠭᠤᠨ ᠤᠭᠤᠷ᠂ ᠴᠢᠯᠠᠭᠤᠨ ᠰᠤᠮᠤ᠂ ᠴᠢᠯᠠᠭᠤᠨ ᠢᠯᠢᠭᠦᠷ᠂ ᠴᠢᠯᠠᠭᠤᠨ ᠪᠦᠮᠪᠦᠭᠡ ᠵᠡᠷᠬᠡ ᠪᠠᠶᠢᠳᠠᠭ᠃ ᠬᠡᠳᠦᠶᠢᠪᠡᠷ ᠲᠦᠷᠦᠯ ᠵᠦᠢᠯ ᠨᠢ ᠴᠦᠬᠡᠨ ᠴᠦ ᠠᠩᠬ᠎ᠠ ᠡᠷᠳᠡᠨ ᠤ ᠭᠦᠮᠦᠨ ᠫᠲᠦᠷᠦᠯᠬᠢᠳᠡᠨ ᠤ ᠠᠮᠢᠳᠤᠷᠠᠵᠦ ᠢᠷᠡᠭᠰᠡᠨ ᠲᠡᠤᠬᠡ ᠰᠤᠶᠤᠯ ᠢ ᠲᠤᠪ ᠲᠤᠳᠤᠷᠬᠠᠢ ᠬᠡᠷᠡᠴᠢᠯᠡᠨ᠎ᠡ︕     ᠬᠡᠷᠡᠯ ᠵᠢᠷᠤᠭ ᠤᠳ᠄     ᠭᠦᠷᠢᠶ᠎ᠡ ᠬᠤᠰᠢᠭᠤᠨ ᠤ ᠬᠡᠪᠴᠢᠶᠠᠨ ᠠᠴᠠ ᠢᠯᠡᠷᠡᠭᠰᠡᠨ ︽ᠾᠦᠩ ᠱᠠᠨ ᠰᠤᠶᠤᠯ︾᠂ ︽ᠰᠢᠶᠠ ᠵᠢᠶᠠ ᠳ᠋ᠢᠶᠠᠨ ᠤ ᠲᠤᠤᠷᠠᠳᠦ ᠲᠠᠪᠬᠤᠷᠭ᠎ᠠ ᠶᠢᠨ ᠰᠤᠶᠤᠯ︾ ᠤᠨ ᠦᠯᠡᠳᠡᠭᠳᠡᠯ ᠵᠡᠷᠬᠡ ᠨᠢ ᠲᠤᠰ ᠭᠠᠵᠠᠷ ᠤᠷᠤᠨ ᠳᠤ ᠤᠳᠦ  ᠠᠴᠠ ᠡᠮᠦᠨᠡᠬᠢ 7 ~8 ᠮᠢᠩᠭᠠᠨ ᠵᠢᠯ ᠤᠨ ᠤᠷᠴᠢᠮ ᠭᠦᠮᠦᠨ ᠲᠦᠷᠦᠯᠬᠢᠳᠡᠨ ᠤ ᠪᠤᠯᠪᠠᠰᠤᠨ ᠰᠤᠶᠤᠯ ᠪᠠᠶᠢᠵᠠᠢ ᠬᠡᠳᠡᠭ ᠢ ᠬᠠᠷᠠᠭᠤᠯᠵᠦ ᠪᠠᠶᠢᠨ᠎ᠠ᠃     ᠪᠠᠶᠠᠨᠬᠤᠸᠠ᠂ ᠯᠤᠤᠰ ᠤᠨ ᠰᠦᠮ᠎ᠠ᠂ ᠬᠠᠷᠠᠭᠤᠤ ᠶᠢᠨ ᠬᠡᠬᠡᠷ᠎ᠡ ᠲᠠᠯ᠎ᠠ ᠠᠴᠠ ᠭᠦᠮᠦᠰ ᠡᠯᠳᠡᠪ ᠵᠦᠢᠯ ᠤᠨ ᠰᠢᠪᠡᠷ ᠪᠦᠳᠦᠬᠡᠭᠳᠡᠭᠦᠨ ᠢ ᠤᠯᠵᠦ ᠠᠪᠳᠠᠭ︕ ᠲᠡᠳᠡᠬᠡᠷ ᠤᠨ ᠲᠤᠳᠤᠷ᠎ᠠ᠂ ᠰᠢᠪᠡᠷ ᠠᠶᠠᠭ᠎ᠠ᠂ ᠰᠢᠪᠠᠷ ᠴᠤᠮᠤ᠂ ᠰᠢᠪᠠᠷ ᠫᠢᠯᠠ᠂ ᠰᠢᠪᠡᠷ ᠪᠤᠳᠤᠩ᠂ ᠰᠢᠪᠡᠷ ᠫᠧᠩᠰᠠ᠂ ᠰᠢᠪᠠᠷ ᠯᠤᠩᠬᠤ ᠵᠡᠷᠬᠡ ᠪᠤᠢ᠃     ᠬᠡᠷᠡᠯ ᠵᠢᠷᠤᠭ᠄ 2     ᠡᠨᠡ ᠨᠢ ᠪᠠᠯᠠᠷ ᠡᠷᠳᠡᠨ ᠤ ︽ᠡᠬᠡᠴᠢᠯᠡᠯ ᠤᠨ ᠨᠡᠶᠢᠬᠡᠮ︾ ᠤᠨ ᠪᠦᠳᠦᠬᠡᠭᠳᠡᠭᠦᠨ ᠮᠦᠨ︕ ︽ᠡᠬᠡᠴᠢᠯᠡᠯ︾  ᠤᠨ ᠦᠶ᠎ᠡ ᠳᠤ ᠭᠦᠮᠦᠰ ᠡᠮᠡᠭᠳᠡᠢ ᠭᠦᠮᠦᠨ ᠢᠶᠠᠷ ᠬᠡᠷ ᠪᠦᠯᠢ᠂ ᠠᠶᠢᠮᠠᠭ ᠪᠦᠯᠦᠭ ᠤᠨ ᠲᠦᠷᠦᠭᠦᠦ ᠪᠤᠯᠭᠠᠵᠦ᠂ ᠡᠮᠡᠭᠳᠡᠢ ᠭᠦᠮᠦᠨ ᠤ ᠭᠦᠭᠦ ᠶᠢ ᠰᠢᠳᠦᠬᠡᠨ ᠪᠤᠯᠭᠠᠵᠦ᠂ ︽ᠭᠦᠭᠦ︾ ᠶᠢᠨ ᠰᠢᠨᠵᠢᠳᠠᠢ ᠰᠠᠪᠠ ᠬᠡᠷᠡᠭᠰᠡᠯ ᠵᠤᠬᠢᠶᠠᠵᠦ᠂ ᠡᠳᠦᠷ ᠲᠤᠳᠤᠮ ᠤᠨ ᠠᠮᠢᠳᠤᠷᠠᠯ ᠲᠤᠮᠳᠠ ᠪᠠᠨ ᠬᠡᠷᠡᠭᠯᠡᠳᠡᠭ ᠪᠠᠶᠢᠯ᠎ᠠ᠃     ᠲᠡᠤᠬᠡᠨ ᠭᠦᠭᠵᠢᠯ ᠤᠨ ᠶᠠᠪᠤᠴᠠ ᠳᠤ ᠤᠳᠤᠬᠢ ᠭᠦᠷᠢᠶ᠎ᠡ ᠬᠤᠰᠢᠭᠤᠨ ᠤ ᠨᠤᠳᠤᠭ ᠲᠡᠪᠢᠰᠬᠡᠷ ᠲᠤ ᠤᠮᠠᠷᠠᠳᠦ  ᠶᠢᠨ ᠤᠯᠠᠨ ᠦᠨᠳᠦᠰᠦᠳᠠᠨ ᠡᠬᠡᠯᠵᠢᠯᠡᠨ ᠠᠮᠢᠳᠤᠷᠠᠵᠦ ᠪᠠᠶᠢᠵᠠᠢ᠃     ᠪᠠᠶᠢᠯᠳᠤᠭᠠᠨᠳᠦ ᠤᠯᠤᠰ ᠤᠨ ᠴᠠᠭ ᠦᠶ᠎ᠡ ᠳᠤ᠂ ᠭᠦᠷᠢᠶ᠎ᠡ ᠶᠢᠨ ᠭᠠᠵᠠᠷ ᠨᠤᠳᠤᠭ ᠨᠢ ᠶᠢᠨ ᠤᠯᠤᠰ ᠤᠨ ᠬᠤᠶᠢᠳᠦ ᠵᠠᠬ᠎ᠠ ᠲᠠᠢ ᠬᠢᠯᠢ ᠨᠡᠶᠢᠯᠡᠵᠦ᠂ ᠳ᠋ᠦᠩ ᠬᠤ᠋ ᠠᠶᠢᠮᠠᠭ ᠠᠮᠢᠳᠤᠷᠠᠵᠦ ᠪᠠᠶᠢᠪᠠ᠃ ᠪᠠᠷᠠᠭᠤᠨ ᠬᠠᠨ ᠤ ᠴᠠᠭ ᠦᠶ᠎ᠡ ᠳᠤ ᠡᠦ ᠬᠤᠸᠠᠨ ᠠᠶᠢᠮᠠᠭ ᠤᠷᠤᠰᠢᠨ ᠲᠤᠭᠳᠠᠨᠢᠵᠦ᠂ ᠵᠡᠭᠦᠨ ᠬᠠᠨ ᠤ ᠦᠶ᠎ᠡ ᠳᠤ ᠰᠢᠶᠠᠨᠫᠢ ᠦᠨᠳᠦᠰᠦᠳᠠᠨ ᠠᠮᠢᠳᠤᠷᠠᠨ ᠲᠦᠯᠵᠢᠵᠦ ᠪᠠᠶᠢᠪᠠ᠃     ᠨᠠᠶᠢᠳᠠ ᠶᠢᠨ ᠤᠨ ᠲᠤᠭᠠᠯᠠᠯ ᠤᠨ 916 ~1125 ᠤᠨ ᠤ ᠬᠤᠭᠤᠷᠤᠨᠳᠦ᠂ ᠬᠢᠳᠡᠳ ᠦᠨᠳᠦᠰᠦᠳᠠᠨ ᠯᠢᠶᠦᠦ ᠤᠯᠤᠰ ᠢ ᠪᠠᠶᠢᠭᠤᠯᠵᠦ᠂ ᠭᠦᠷᠢᠶ᠎ᠡ ᠶᠢᠨ ᠨᠤᠳᠤᠭ ᠲᠡᠪᠢᠰᠬᠡᠷ ᠨᠢ ᠬᠢᠳᠡᠨ ᠤ ᠲᠡᠬᠡᠳᠦ ᠨᠠᠶᠢᠰᠯᠠᠯ ᠤᠨ ᠭᠤᠤᠯ ᠨᠢᠬᠡ ᠬᠡᠰᠡᠭ ᠭᠠᠵᠠᠷ ᠤᠷᠤᠨ ᠪᠠᠶᠢᠪᠠ᠃ ᠠᠯᠳᠠᠨ ᠤᠯᠤᠰ ᠤᠨ ᠦᠶ᠎ᠡ ᠳᠤ᠂ ᠠᠯᠳᠠᠨ ᠤᠯᠤᠰ ᠤᠨ ᠬᠤᠶᠢᠳᠦ ᠨᠠᠶᠢᠰᠯᠠᠯ ᠳᠤ ᠬᠠᠷᠢᠶᠠᠯᠠᠭᠳᠠᠨ᠂ ᠶᠤᠸᠠᠨ ᠤᠯᠤᠰ ᠤᠨ ᠴᠠᠭ ᠦᠶ᠎ᠡ ᠳᠤ ᠶᠤᠸᠠᠨ ᠤ ︽ᠲᠤᠳᠤᠭᠠᠳᠦ ᠭᠠᠵᠠᠷ︾ ᠲᠤ ᠤᠷᠤᠵᠦ ᠪᠠᠶᠢᠪᠠ᠃    1470 ᠤᠨ ᠳᠤ ᠲᠠᠶᠠᠨ ᠬᠠᠭᠠᠨ ᠮᠤᠩᠭᠤᠯ ᠤᠨ ᠲᠠᠷᠠᠬᠠᠢ ᠪᠤᠳᠠᠷᠬᠠᠢ ᠠᠶᠢᠮᠠᠭ ᠪᠦᠯᠦᠭ ᠢ ᠨᠢᠬᠡᠳᠬᠡᠭᠰᠡᠨ ᠤ ᠲᠠᠷᠠᠭ᠎ᠠ᠂ ᠭᠦᠷᠢᠶ᠎ᠡ ᠨᠢ ᠤᠶᠢᠯᠢᠩᠭ᠎ᠠ ᠶᠢᠨ ᠲᠦᠮᠡᠨ ᠡᠷᠦᠬᠡ ᠳᠤ ᠬᠠᠷᠢᠶᠠᠯᠠᠭᠳᠠᠵᠦ᠂ 1548 ᠤᠨ ᠳᠤ ᠴᠠᠬᠠᠷ ᠠᠶᠢᠮᠠᠭ ᠤᠨ ᠲᠠᠯᠠᠢ ᠬᠠᠭᠠᠨ ᠤ ᠡᠷᠬᠡᠰᠢᠶᠡᠯ ᠳᠤ ᠪᠠᠶᠢᠪᠠ᠃ 1558 ~1592 ᠤᠨ ᠤ ᠬᠤᠭᠤᠷᠤᠨᠳᠦ ᠴᠠᠬᠠᠷ ᠠᠶᠢᠮᠠᠭ ᠤᠨ ᠲᠦᠮᠡᠨ ᠵᠠᠰᠠᠭᠳᠦ ᠬᠠᠭᠠᠨ ᠤ ᠨᠤᠶᠠᠯᠠᠯ ᠳᠤ ᠪᠠᠶᠢᠵᠦ᠂ 1592 ~1604 ᠤᠨ ᠤ ᠬᠤᠭᠤᠷᠤᠨᠳᠦ ᠴᠠᠬᠠᠷ ᠠᠶᠢᠮᠠᠭ ᠤᠨ ᠪᠤᠶᠠᠨ ᠬᠠᠭᠠᠨ ᠤ ᠬᠠᠷᠢᠶᠠᠨ ᠳᠤ ᠪᠠᠶᠢᠪᠠ᠃ 1604 ~1628 ᠤᠨ ᠤ ᠬᠤᠭᠤᠷᠤᠨᠳᠦ ᠴᠠᠬᠠᠷ ᠠᠶᠢᠮᠠᠭ ᠤᠨ ᠯᠢᠭᠳᠡᠨ ᠬᠠᠭᠠᠨ ᠤ  ᠡᠷᠬᠡᠰᠢᠶᠡᠯ ᠬᠡᠪᠴᠢᠶᠠᠨ ᠳᠤ  ᠪᠠᠶᠢᠵᠦ᠂ ᠪᠠᠷᠤᠭ 1617 ᠤᠨ ᠤ ᠤᠷᠴᠢᠮ᠂ ᠯᠢᠭᠳᠡᠨ ᠬᠠᠭᠠᠨ ᠤ ᠤᠯᠤᠰ ᠲᠦᠷᠦ ᠶᠢᠨ ᠲᠦᠪ ᠪᠤᠯᠵᠦ ᠪᠠᠶᠢᠪᠠ᠃ ᠢᠩᠬᠡᠬᠡᠳ ︽ᠭᠦᠷᠢᠶ᠎ᠡ︾ ᠬᠡᠳᠡᠭ ᠭᠠᠵᠠᠷ ᠤᠨ ᠨᠠᠷ᠎ᠠ ᠪᠤᠢ ᠪᠤᠯᠵᠠᠢ᠃    1576 ᠤᠨ ᠳᠤ ᠪᠠᠷᠠᠭᠤᠨ ᠲᠦᠮᠡᠳ ᠤᠨ ᠠᠯᠳᠠᠨ ᠬᠠᠭᠠᠨ ᠠᠴᠠ ᠲᠦᠮᠡᠳ ᠤᠨ ᠪᠠ ᠤᠷᠳᠤᠰ ᠤᠨ ᠭᠤᠷᠪᠠᠨ ᠲᠦᠮᠡᠨ ᠡᠷᠦᠬᠡ ᠶᠢ ᠲᠠᠶᠢᠴᠢᠯᠠᠨ᠂ ᠭᠦᠬᠡᠨᠠᠭᠤᠷ ᠢ ᠡᠵᠡᠯᠡᠨ ᠲᠦᠪᠡᠳ ᠲᠤ ᠭᠦᠷᠴᠡᠢ᠃ ᠭᠤᠷᠪᠠᠳᠤᠭᠠᠷ ᠦᠶ᠎ᠡ ᠶᠢᠨ ᠲᠠᠯᠠᠢ ᠯᠠᠮᠠ ᠰᠤᠳᠨᠠᠮᠵᠠᠮᠰᠤ ᠠᠴᠠ ᠱᠠᠰᠢᠨ ᠢ ᠲᠡᠯᠬᠡᠷᠡᠭᠦᠯᠭᠦ ᠵᠤᠷᠢᠯᠭ᠎ᠠ ᠠᠴᠠ ᠰᠢᠷᠠᠪ ᠯᠠᠮᠠ ᠶᠢ ᠲᠤᠮᠢᠯᠠᠨ᠂ ᠠᠯᠳᠠᠨ ᠬᠠᠭᠠᠨ ᠳᠤ ᠤᠬᠠᠭᠤᠯᠤᠯ ᠬᠢᠪᠡ᠃     ᠰᠢᠷᠠᠪ ᠯᠠᠮᠠ᠄ ︽ᠬᠤᠪᠢᠯᠠᠢ ᠬᠠᠭᠠᠨ ᠢ ᠲᠠᠭᠤᠷᠢᠶᠠᠵᠦ᠂ ᠮᠤᠩᠭᠤᠯ ᠤᠷᠤᠨ ᠳᠤ ᠱᠠᠰᠢᠨ ᠢ ᠲᠡᠯᠬᠡᠷᠡᠭᠦᠯᠪᠡᠯ᠂ ᠲᠠᠶᠢᠴᠢᠯᠠᠵᠦ ᠬᠠᠮᠢᠶᠠᠷᠬᠤ ᠳᠤ ᠴᠢᠨᠢ ᠲᠦᠭᠦᠮ︕︾ ᠬᠡᠵᠦ ᠭᠦᠴᠦᠳᠠᠢ ᠢᠳᠬᠠᠭᠰᠠᠨ ᠠᠴᠠ ᠠᠯᠳᠠᠨ ᠬᠠᠭᠠᠨ ᠤ ᠵᠦᠪᠰᠢᠶᠡᠷᠡᠯ ᠢ ᠤᠯᠵᠦ᠂ 1578 ᠤᠨ ᠳᠤ ᠲᠠᠯᠠᠢ ᠯᠠᠮᠠ ᠶᠢ ᠵᠠᠯᠠᠵᠦ᠂ ᠮᠤᠩᠭᠤᠯ ᠤᠷᠤᠨ ᠳᠤ ᠱᠠᠰᠢᠨ ᠰᠤᠷᠳᠠᠬᠤᠨ ᠤ ᠰᠤᠷᠭᠠᠯ ᠰᠤᠶᠤᠯ ᠢ ᠤᠬᠠᠭᠤᠯᠪᠠ᠃     ᠰᠢᠷᠠᠪ ᠯᠠᠮᠠ ᠶᠢᠨ ᠱᠠᠰᠢᠨ ᠰᠢᠳᠤᠯᠬᠡᠨ ᠤ ᠠᠵᠢᠯ ᠲᠤᠪᠤᠶᠢᠮ᠎ᠠ ᠠᠮᠵᠢᠯᠳᠠ ᠤᠯᠤᠭᠰᠠᠨ ᠲᠤᠯᠠ ᠠᠯᠳᠠᠨ ᠬᠠᠭᠠᠨ ᠲᠡᠭᠦᠨ ᠢ ︽ᠡᠴᠢᠬᠡ ᠯᠠᠮᠠ︾ ᠡᠷᠭᠦᠮᠵᠢᠯᠡᠵᠦ᠂ ᠲᠡᠭᠦᠨ ᠤ ᠲᠠᠷᠠᠭᠠᠴᠢ ᠪᠠᠷ ᠠᠵᠢᠯᠯᠠᠭ᠎ᠠ ᠬᠢᠭᠦ ᠳᠤ ᠨᠢ ᠲᠤᠰᠠ ᠲᠡᠮᠵᠢᠯᠬᠡ ᠦᠵᠡᠭᠦᠯᠪᠡ᠃    16 ᠳ᠋ᠤᠭᠠᠷ ᠵᠠᠭᠤᠨ ᠤ ᠡᠴᠤᠰ᠂ 17 ᠳ᠋ᠤᠭᠠᠷ ᠵᠠᠭᠤᠨ ᠤ ᠡᠬᠢ ᠪᠠᠷ ᠰᠢᠷᠠᠪ ᠵᠡᠭᠦᠨ ᠮᠤᠩᠭᠤᠯ ᠳᠤ ᠢᠷᠡᠵᠦ ᠱᠠᠰᠢᠨ ᠤ ᠠᠵᠢᠯᠯᠠᠭ᠎ᠠ ᠦᠷᠨᠢᠭᠦᠯᠪᠡ᠃ 1604 ᠤᠨ ᠳᠤ ᠴᠠᠬᠠᠷ ᠠᠶᠢᠮᠠᠭ ᠤᠨ ᠯᠢᠭᠳᠡᠨ ᠬᠠᠭᠠᠨ ᠰᠠᠭᠤᠷᠢᠨ ᠢ ᠵᠠᠯᠭᠠᠮᠵᠢᠯᠠᠭᠰᠠᠨ ᠤ ᠲᠠᠷᠠᠭ᠎ᠠ᠂ ᠡᠴᠢᠬᠡ ᠲᠡᠬᠡᠳᠦᠰ ᠤᠨ ᠢᠶᠠᠨ ᠨᠢᠬᠡᠳᠬᠡᠭᠦ ᠦᠢᠯᠡᠰ ᠢ ᠵᠠᠯᠭᠠᠮᠵᠢᠯᠠᠨ ᠭᠦᠭᠵᠢᠭᠦᠯᠭᠦ  ᠶᠢᠨ ᠲᠦᠯᠦᠬᠡ᠂ ᠤᠯᠤᠰ ᠲᠦᠷᠦ᠂ ᠴᠡᠷᠢᠭ ᠲᠠᠶᠢᠨ᠂ ᠱᠠᠰᠢᠨ ᠤ ᠠᠵᠢᠯᠯᠠᠭ᠎ᠠ ᠳᠤ ᠴᠡᠭᠴᠡᠯᠡᠯᠳᠠ ᠬᠢᠵᠡᠢ︕ ᠯᠢᠭᠳᠡᠨ ᠱᠠᠰᠢᠨ ᠤ ᠲᠡᠮᠵᠢᠯᠬᠡ ᠶᠢ ᠤᠯᠬᠤ ᠶᠢᠨ ᠲᠦᠯᠦᠬᠡᠨ᠎ᠡ ᠰᠢᠷᠠᠪ ᠢ ᠵᠠᠯᠠᠵᠦ᠂ ᠰᠢᠷᠠᠪ ᠤᠨ ᠰᠠᠨᠠᠯ ᠢᠶᠠᠷ ︽ᠯᠢᠭᠳᠡᠨ ᠬᠤᠳᠤᠭᠳᠦ ᠬᠠᠭᠠᠨ︾ ᠪᠤᠯᠵᠦ᠂ ᠱᠠᠰᠢᠨ ᠲᠡᠯᠬᠡᠷᠡᠭᠦᠯᠭᠦ ᠠᠵᠢᠯ ᠢ ᠭᠠᠷᠳᠠᠨ ᠬᠢᠵᠦ᠂ ᠭᠠᠨᠵᠤᠤᠷ ᠢ ᠮᠤᠩᠭᠤᠯᠴᠢᠯᠠᠨ ᠶᠤᠸᠠᠨ ᠠᠴᠠ ᠨᠠᠭᠠᠰᠢᠬᠢ ᠤᠯᠠᠨ ᠨᠤᠮ ᠰᠤᠳᠤᠷ ᠢ ᠤᠷᠴᠢᠭᠤᠯᠤᠨ ᠨᠦᠭᠦᠪᠦᠷᠢᠯᠡᠵᠦ᠂ ︽ᠭᠠᠨᠵᠤᠤᠷ ︾ ᠢ 108 ᠪᠦᠯᠦᠭ ᠬᠡᠪᠯᠡᠪᠡ᠃    1627 ᠤᠨ ᠤ ᠡᠴᠤᠰ᠂ 1628 ᠤᠨ ᠤ ᠡᠬᠢ ᠪᠠᠷ ᠯᠢᠭᠳᠡᠨ ᠬᠠᠭᠠᠨ᠂ ᠬᠤᠩ ᠲᠠᠶᠢᠵᠢ ᠶᠢᠨ ᠤᠳᠤᠷᠢᠳᠤᠭᠰᠠᠨ ᠵᠦᠷᠴᠢᠨ ᠤ ᠴᠡᠷᠢᠭ ᠪᠠ ᠤᠯᠠᠨ ᠮᠤᠩᠭᠤᠯ ᠠᠶᠢᠮᠠᠭ ᠤᠨ ᠬᠤᠯᠪᠤᠭᠠᠯᠠᠭᠰᠠᠨ ᠴᠡᠷᠢᠭ ᠲᠤ ᠪᠤᠳᠠ ᠴᠤᠬᠢᠭᠳᠠᠵᠦ᠂ ᠪᠠᠷᠠᠭᠤᠨ ᠵᠦᠭ ᠵᠠᠶᠢᠯᠠᠨ ᠰᠢᠯᠵᠢᠪᠡ᠃ ᠡᠨᠡ ᠦᠶ᠎ᠡ ᠳᠤ ᠭᠦᠷᠢᠶ᠎ᠡ ᠳᠤ ᠴᠦᠬᠡᠨ ᠲᠤᠭᠠᠨ ᠤ ᠮᠤᠩᠭᠤᠯ ᠭᠦᠮᠦᠨ ᠪᠠ ᠰᠦᠮ᠎ᠡ ᠬᠡᠶᠢᠳ ᠤᠨ ᠯᠠᠮᠠ ᠬᠤᠸᠠᠷᠠᠭ ᠦᠯᠡᠳᠡᠪᠡ᠃ ᠭᠦᠷᠢᠶᠡᠨ ᠤ ᠭᠠᠵᠠᠷ ᠲᠤ ᠭᠤᠤᠯᠳᠠᠭᠤ ᠬᠠᠯᠬ᠎ᠠ ᠶᠢᠨ ᠪᠠ ᠴᠠᠬᠠᠷ ᠤᠨ ᠭᠦᠮᠦᠨ ᠠᠮᠢᠳᠤᠷᠠᠵᠦ ᠪᠠᠶᠢᠪᠠ︕     ᠪᠠᠷᠤᠭ 1630 ᠤᠨ ᠳᠤ᠂ ᠰᠢᠷᠠᠪ ᠯᠠᠮ᠎ᠠ ᠬᠤᠩ ᠲᠠᠶᠢᠵᠢ ᠲᠠᠢ ᠬᠠᠷᠢᠴᠠᠭ᠎ᠠ ᠪᠠᠶᠢᠭᠤᠯᠤᠨ᠂ ᠬᠤᠶᠢᠳᠦ ᠠᠯᠳᠠᠨ ᠤᠯᠤᠰ ᠤᠨ ᠨᠠᠶᠢᠰᠯᠠᠯ ᠮᠦᠭᠳᠡᠨ ᠳᠤ ᠵᠠᠯᠠᠭᠳᠠᠨ ᠤᠴᠢᠵᠦ᠂ ᠱᠠᠰᠢᠨ ᠤ ᠨᠤᠮᠯᠠᠯ ᠨᠢ ᠲᠡᠭᠦᠰᠦᠭᠰᠡᠨ ᠤ ᠲᠠᠷᠠᠭ᠎ᠠ ᠬᠤᠩ ᠲᠠᠶᠢᠵᠢ ᠠᠴᠠ ᠰᠢᠷᠠᠪ ᠲᠤ ︽ᠮᠠᠨᠽᠤᠰᠢᠷᠢ ᠬᠤᠳᠤᠭᠳᠦ︾ ᠴᠤᠯᠠ ᠦᠭᠴᠦ᠂ ᠪᠠᠭ ᠤᠨ ᠠᠭᠤᠯᠠᠨ  ᠳᠤ ᠰᠠᠭᠤᠯᠭᠠᠨ ᠨᠤᠮ ᠰᠤᠳᠤᠷ ᠤᠩᠰᠢᠭᠤᠯᠪᠠ᠃  ︽1631 ᠤᠨ ᠳᠤ ᠯᠢᠭᠳᠡᠨ ᠬᠠᠭᠠᠨ ᠪᠠᠷᠠᠭᠤᠨ ᠭᠤᠷᠪᠠᠨ ᠲᠦᠮᠡᠨ ᠤ ᠤᠷᠪᠠᠯᠭᠠᠨ ᠢ ᠲᠠᠷᠤᠩᠭᠤᠶᠢᠯᠠᠭᠰᠠᠨ ᠤ ᠲᠠᠷᠠᠭ᠎ᠠ ᠵᠡᠭᠦᠨᠰᠢ ᠢᠷᠡᠵᠦ᠂ ᠠᠷᠦ ᠬᠤᠷᠴᠢᠨ ᠳᠤ ᠴᠡᠷᠢᠭᠯᠡᠨ᠂ ᠰᠢᠷ᠎ᠠ ᠮᠦᠷᠡᠨ ᠤ ᠤᠮᠠᠷᠠᠳᠦ ᠭᠦᠪᠡᠭᠡ ᠭᠦᠷᠳᠡᠯ᠎ᠡ ᠠᠶᠠᠯᠠᠪᠠ᠃ ᠲᠠᠷᠠᠭ᠎ᠠ ᠵᠢᠯ ᠳᠤ ᠠᠷᠦ ᠬᠤᠷᠴᠢᠨ ᠪᠠ ᠮᠠᠨᠵᠦ ᠬᠠᠮᠳᠤᠷᠠᠨ ᠯᠢᠭᠳᠡᠨ ᠬᠠᠭᠠᠨ ᠤ ᠡᠰᠡᠷᠭᠦ ᠲᠤᠪᠳᠤᠯᠪᠠ᠃ ᠯᠢᠭᠳᠡᠨ ᠲᠠᠶᠢᠯᠦᠭᠳᠡᠬᠡᠳ ᠪᠠᠷᠠᠭᠤᠨᠰᠢ ᠲᠤᠳᠠᠭᠠᠪᠠ︾ ︵︽ᠮᠤᠩᠭᠤᠯ ᠤᠨ ᠬᠤᠷᠢᠶᠠᠩᠭᠤᠢ ᠲᠡᠤᠬᠡ︾ ᠶᠢᠨ 231 ᠳ᠋ᠤᠬᠡᠷ ᠨᠢᠭᠤᠷ︶᠃    ᠢᠩᠬᠡᠬᠡᠳ ︽ᠭᠦᠷᠢᠶ᠎ᠡ︾ ᠨᠢ ᠤᠯᠤᠰ ᠲᠦᠷᠦ ᠶᠢᠨ ᠬᠤᠭᠤᠰᠤᠨ ᠭᠠᠵᠠᠷ ᠪᠤᠯᠵᠦ᠂ ᠰᠦᠮ᠎ᠡ ᠬᠡᠶᠢᠳ ᠨᠢ ᠪᠠᠷᠤᠭ ᠯᠠᠮᠠ ᠬᠤᠸᠠᠷᠠᠭ ᠦᠬᠡᠢ ᠪᠤᠯᠤᠭᠠᠳ ᠬᠠᠷᠠᠴᠦ ᠠᠷᠠᠳ ᠨᠢ ᠨᠡᠭᠦᠨ ᠰᠢᠯᠵᠢᠵᠦ᠂ ᠡᠯᠡᠢ ᠬᠤᠯᠠᠢ᠂ ᠤᠷᠤᠭᠤᠳᠠᠵᠦ ᠲᠤᠷᠤᠶᠢᠳᠠᠭᠰᠠᠨ ᠪᠠᠶᠢᠳᠠᠯ ᠲᠠᠢ ᠪᠤᠯᠤᠭᠠᠳ ᠪᠠᠶᠢᠪᠠ᠃ ᠡᠨᠡ ᠪᠠᠶᠢᠳᠠᠯ ᠢ ᠤᠶᠢᠯᠠᠭᠠᠵᠦ ᠮᠡᠳᠡᠭᠰᠡᠨ ᠪᠠᠭ  ᠤᠨ ᠠᠭᠤᠯᠠᠨ ᠤ ᠰᠢᠷᠠᠪ ᠯᠠᠮᠠ᠂ ᠬᠤᠩ ᠲᠠᠶᠢᠵᠢ ᠳᠤ ᠭᠤᠶᠤᠳᠠᠯ ᠭᠠᠷᠭᠠᠵᠦ ︽ᠭᠦᠷᠢᠶ᠎ᠡ︾ ᠶᠢ ᠬᠤᠪᠢᠳᠠᠨ ᠠᠪᠤᠭᠰᠠᠨ ᠪᠠᠶᠢᠨ᠎ᠠ᠃
 
ᠢᠷᠡᠯᠲᠡ᠄ ︵ᠭᠦᠷᠢᠶ᠎ᠡ ᠬᠤᠰᠢᠭᠤᠨ ᠤ ᠲᠡᠤᠬᠡ ᠰᠤᠶᠤᠯ︶ ᠭᠡᠬᠦ ᠨᠣᠮ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号