ᠠᠨᠳᠠᠢ ᠶᠢᠨ ᠠᠭᠤᠯᠭ᠎ᠠ
ᠨᠡᠶᠢᠲᠡᠯᠡᠭᠰᠡᠨ ᠴᠠᠭ᠄
2020-07-17
   ᠶᠠᠮᠠᠷ ᠨᠢᠭᠡᠨ ᠰᠤᠶᠤᠯ᠂ ᠶᠠᠮᠠᠷ ᠨᠢᠭᠡᠨ ᠣᠷᠠᠯᠢᠭ ᠭᠡᠰᠡᠨ ᠦᠭᠡᠢ ᠵᠠᠪᠠᠯ ᠨᠢᠭᠡᠨ ᠠᠭᠤᠯᠭ᠎ᠠ ᠪᠠᠶᠢᠬᠤ ᠬᠡᠷᠡᠭᠲᠠᠢ ᠶᠤᠮ᠃ ᠭᠡᠬᠦ ᠳᠤ ᠠᠨᠳᠠᠢ ᠳᠤ ᠶᠠᠮᠠᠷ ᠴᠦ ᠬᠡᠰᠡᠨ ᠨᠢᠭᠡᠨ ᠠᠭᠤᠯᠭ᠎ᠠ ᠪᠠᠶᠢᠬᠤ ᠶᠢ ᠤᠳᠤᠬᠢ ᠬᠦᠮᠦᠰ ᠬᠦᠨᠳᠦ ᠦᠵᠡᠬᠦ  ᠪᠠᠷ ᠳᠣᠳᠠᠭᠤ ᠪᠠᠶᠢᠳᠠᠭ ᠶᠤᠮ᠃ ᠠᠯᠢ ᠡᠷᠲᠡᠨ ᠤ ᠠᠨᠳᠠᠢ ᠠᠴᠠ ᠰᠢᠨᠵᠢᠪᠡᠯ ᠠᠨᠳᠠᠢ ᠳᠤ ᠦᠨᠡᠨᠬᠦ ᠤᠯᠠᠨ ᠠᠷᠪᠢᠨ ᠠᠭᠤᠯᠭ᠎ᠠ ᠪᠠᠶᠢᠭ᠎ᠠ ᠶᠤᠮ᠃ ᠬᠠᠮᠤᠭ ᠢᠯᠡ ᠲᠤᠳᠤᠷᠬᠠᠢ ᠨᠢ ᠠᠨᠳᠠᠢ ᠨᠢ ᠵᠤᠷᠢᠯᠭ᠎ᠠ ᠲᠠᠢ ᠪᠠᠷ ᠡᠮᠡᠭᠲᠠᠢ ᠬᠦᠮᠦᠨ ᠤ ᠡᠪᠡᠳᠴᠢᠨ ᠢ ᠵᠠᠰᠠᠬᠤ ᠠᠭᠤᠯᠭ᠎ᠠ ᠲᠠᠢ ᠶᠤᠮ᠃ ᠳᠠᠷᠤᠢ 18 — 25 ᠨᠠᠰᠤᠨ ᠤ ᠬᠤᠷᠢᠮᠯᠠᠭᠰᠠᠨ ᠡᠮᠡᠭᠲᠠᠢ ᠶᠢᠨ ᠭᠡᠷ ᠵᠠᠭᠤᠷ᠎ᠠ ᠪᠠᠨ ᠳᠠᠭᠠᠷᠠᠬᠤ ᠦᠭᠡᠢ ᠪᠤᠶᠤ ᠦᠷ᠎ᠡ ᠬᠡᠦᠭᠡᠳ ᠵᠠᠶᠠᠭᠠᠬᠤ ᠦᠭᠡᠢ ᠰᠡᠳᠬᠢᠯ ᠤᠨ ᠳᠠᠷᠤᠭᠠᠰᠤ ᠲᠠᠢ ᠠᠴᠠ ᠪᠤᠯᠵᠦ ᠣᠯᠳᠠᠭ ᠰᠡᠳᠬᠢᠯ ᠰᠠᠨᠠᠭᠠᠨ ᠤ ᠡᠪᠡᠳᠴᠢᠨ ᠢ ᠵᠠᠰᠠᠬᠤ ᠪᠠᠷ ᠠᠭᠤᠯᠭ᠎ᠠ ᠪᠤᠯᠭᠠᠭᠰᠠᠨ ᠨᠢ ᠢᠯᠡ ᠲᠣᠳᠣ ᠪᠠᠶᠢᠳᠠᠭ ᠶᠤᠮ᠃ ᠳᠡᠭᠡᠬᠦ ᠳᠤ ᠪᠠᠨ ᠲᠤᠰᠬᠠᠢ ᠲᠠᠯᠠᠪᠤᠷ ᠪᠤᠶᠤ ᠲᠣᠰᠬᠠᠢ ᠠᠨᠳᠠᠢ ᠳᠠᠭᠤᠯᠠᠬᠤ ᠬᠡᠯᠪᠡᠷᠢ ᠪᠠᠷ ᠵᠠᠰᠠᠳᠠᠭ ᠠᠭᠤᠯᠭ᠎ᠠ ᠪᠤᠯᠭᠠᠵᠤ ᠪᠠᠶᠢᠭ᠎ᠠ ᠶᠤᠮ᠃    ᠡᠪᠡᠳᠴᠢᠲᠡᠨ ᠤ ᠨᠠᠰᠤ ᠵᠢᠯ᠂ ᠤᠷᠤᠨ ᠵᠠᠢ᠂ ᠤᠷᠦᠨ ᠭᠠᠵᠠᠷ᠂ ᠭᠠᠷᠤᠯ ᠲᠡᠦᠬᠡ᠂ ᠤᠷᠴᠢᠨ ᠠᠬᠤᠢ ᠠᠮᠢᠳᠣᠷᠠᠯ  ᠳᠤᠨᠢ ᠬᠦᠷᠲᠡᠯ᠎ᠡ ᠠᠳᠠᠯᠢ ᠦᠭᠡᠢ ᠪᠤᠯᠬᠤᠷ ᠠᠨᠳᠠᠢ ᠶᠢᠨ ᠠᠭᠤᠯᠭ᠎ᠠ ᠴᠦ ᠠᠳᠠᠯᠢ ᠦᠭᠡᠢ ᠶᠤᠮ᠃ ᠭᠡᠪᠡᠴᠦ ᠠᠨᠳᠠᠢ ᠳᠠᠭᠤᠯᠠᠬᠤ ᠶᠠᠪᠤᠴᠠ ᠨᠢ ᠨᠡᠯᠢᠶᠡᠳ ᠠᠳᠠᠯᠢ ᠪᠠᠶᠢᠵᠦ᠂ ᠠᠨᠳᠠᠢ ᠡᠪᠡᠳᠴᠢᠨ ᠢ ᠣᠨᠣᠰᠢᠯᠠᠬᠤ᠂ ᠠᠨᠳᠠᠢ ᠵᠠᠰᠠᠯᠭ᠎ᠠ ᠬᠢᠬᠦ ᠲᠤᠬᠠᠢ ᠲᠤᠭᠲᠠᠭᠠᠬᠤ᠂ ᠶᠡᠭᠡ ᠪᠠᠭ᠎ᠠ ᠠᠨᠳᠠᠢ ᠳᠠᠭᠤᠯᠠᠬᠤ ᠶᠢ ᠶᠠᠷᠢᠯᠴᠠᠬᠤ᠂ ᠲᠠᠯᠠᠪᠠᠢ ᠪᠡᠯᠡᠳᠬᠡᠬᠦ᠂ ᠡᠳᠦᠷ ᠬᠤᠨᠤᠭ ᠢ ᠲᠤᠬᠢᠷᠠᠭᠤᠯᠬᠤ᠂ ᠠᠨᠳᠠᠢ ᠳᠠᠭᠠᠭᠤᠯᠵᠦ ᠳᠠᠭᠤᠯᠠᠬᠤ ᠬᠦᠮᠦᠨ ᠢ ᠲᠤᠭᠲᠠᠭᠠᠬᠤ᠂ ᠠᠨᠳᠠᠢ ᠳᠠᠭᠤᠯᠠᠵᠦ ᠡᠬᠢᠯᠡᠬᠦ᠂ ᠠᠰᠠᠭᠤᠬᠤ᠂ ᠳᠠᠭᠤᠳᠠᠬᠤ᠂ ᠰᠡᠷᠭᠦᠭᠡᠬᠦ᠂ ᠭᠠᠷᠭᠠᠬᠤ ᠁ ᠵᠡᠷᠭᠡ ᠣᠯᠠᠨ ᠠᠭᠤᠯᠭ᠎ᠠ ᠪᠠᠷ ᠶᠠᠪᠤᠭᠳᠠᠵᠤ ᠠᠨᠳᠠᠢ ᠡᠪᠡᠳᠴᠢᠨ ᠢ ᠵᠠᠰᠠᠨ᠎ᠠ᠃ ᠭᠡᠬᠦ ᠳᠤ ᠪᠠᠨ ᠡᠳᠡᠭᠡᠷ ᠦᠢᠯᠡ ᠶᠢ ᠬᠢᠬᠦ ᠳᠤ ᠬᠤᠩᠬᠤᠲᠤ ᠳᠠᠰᠢᠭᠤᠷ  ᠂ ᠨᠠᠶᠢᠵᠢᠮ᠂ ᠥᠷᠦᠭᠡ ᠴᠠᠭᠠᠨ ᠭᠡᠷ᠂ ᠤᠳᠤᠷᠤᠤ ᠵᠡᠷᠭᠡ ᠤᠯᠠᠨ ᠠᠷᠪᠢᠨ ᠡᠳ᠋ᠯᠡᠯ ᠬᠡᠷᠡᠭᠰᠡᠯ ᠣᠷᠣᠳᠠᠭ ᠪᠠᠶᠢᠵᠠᠢ᠃ ᠭᠡᠬᠦ ᠳᠤ ᠪᠥᠵᠢᠭᠯᠡᠬᠦ᠂ ᠳᠠᠭᠤᠯᠠᠬᠤ ᠦᠶ᠎ᠡ ᠳᠤ ᠠᠯᠴᠢᠭᠤᠷ᠂ ᠰᠢᠯᠪᠢᠬᠦᠷ ᠵᠡᠷᠭᠡ ᠭᠠᠷ ᠲᠤ ᠨᠢ ᠰᠠᠵᠢᠵᠤ ᠬᠡᠷᠡᠭᠯᠡᠬᠦ ᠵᠦᠢᠯᠡᠰ ᠴᠤ ᠶᠡᠭᠡ ᠣᠯᠠᠨ ᠪᠠᠶᠢᠭ᠎ᠠ ᠶᠤᠮ᠃ ᠡᠨᠡ ᠪᠦᠬᠦᠢ ᠵᠦᠢᠯᠡᠰ ᠨᠢ ᠠᠨᠳᠠᠢ ᠶᠢᠨ ᠪᠤᠳᠠᠲᠤ ᠠᠭᠤᠯᠭ᠎ᠠ ᠪᠤᠯᠵᠤ ᠤᠨᠴᠠᠯᠢᠭᠳᠠᠨ᠎ᠠ ᠃ ᠲᠡᠳᠡᠭᠡᠷ ᠤᠯᠠᠨ ᠵᠦᠢᠯᠡᠰ ᠨᠢ ᠬᠤᠪᠢ ᠬᠤᠪᠢᠨ ᠤ ᠪᠠᠨ ᠠᠭᠤᠯᠭ᠎ᠠ ᠬᠡᠯᠪᠡᠷᠢ᠂ ᠭᠠᠷ ᠤᠷᠠᠯᠠᠯ ᠤᠨ ᠪᠦᠲᠦᠭᠡᠭᠳᠡᠭᠦᠨ ᠪᠠᠶᠢᠭ᠎ᠠ ᠤᠴᠢᠷ ᠠᠴᠠ ᠠᠨᠳᠠᠢ ᠶᠢᠨ ᠠᠭᠤᠯᠭ᠎ᠠ ᠳᠤ ᠨᠡᠩ ᠢᠯᠡᠭᠦᠦ ᠭᠠᠯᠪᠢᠷ ᠳᠦᠷᠢ ᠨᠡᠮᠡᠵᠦ᠂ ᠦᠨᠳᠦᠰᠦᠲᠡᠨ ᠤ ᠰᠣᠶᠣᠯ ᠤᠨ ᠰᠤᠳᠤᠨ ᠵᠦᠢᠯᠡᠰ ᠪᠤᠯᠵᠤ ᠬᠥᠭᠵᠢᠵᠠᠢ᠃ ᠭᠡᠶ᠎ᠡ ᠲᠤᠬᠠᠢ ᠶᠢᠨ ᠦᠶ᠎ᠡ ᠳᠤ ᠠᠨᠳᠠᠢ ᠡᠪᠡᠳᠴᠢᠨ ᠨᠢ ︽ᠮᠠᠭᠤ ᠡᠪᠡᠳᠴᠢᠨ︾᠂ ︽ᠮᠠᠭᠤ ᠶᠠᠭᠤᠮ᠎ᠠ ᠨᠠᠭᠠᠯᠳᠣᠬᠤ ᠡᠪᠡᠳᠴᠢᠨ︾᠂ ︽ᠠᠳᠠ ᠤᠷᠤᠰᠢᠬᠤ ᠡᠪᠡᠳᠴᠢᠨ︾ ᠭᠡᠳᠡᠭ ᠨᠡᠷ᠎ᠡ ᠲᠦᠷᠦ ᠲᠠᠢ ᠪᠦᠭᠡᠳ ᠬᠦᠮᠦᠰ ᠤᠨ ᠲᠠᠨᠢᠯᠲᠠ ᠳᠤ ︽ᠠᠨᠳᠠᠢ ᠮᠠᠭᠤ ᠪᠤᠶᠤ ᠮᠠᠭᠤ ᠮᠠᠭᠤᠬᠠᠢ ᠵᠦᠢᠯᠡᠰ︾ ᠪᠠᠶᠢᠵᠤ᠂ ᠲᠡᠭᠦᠨ ᠤ ᠳᠣᠲᠣᠭᠠᠳᠣ ᠠᠭᠤᠯᠠᠬᠤᠨ ᠳᠤ ᠨᠠᠵᠠᠭᠠᠢ ᠲᠠᠨᠢᠯᠲᠡ ᠲᠠᠢ ᠪᠠᠶᠢᠭᠰᠠᠨ ᠢ ᠨᠢ ᠪᠤᠷᠤᠭᠤ ᠬᠡᠵᠤ ᠬᠡᠯᠡᠬᠦ ᠶᠢᠨ ᠠᠷᠭ᠎ᠠ ᠦᠭᠡᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号