ᠠᠨᠳᠠᠢ ᠶᠢᠨ ᠬᠡᠯᠪᠡᠷᠢ
ᠨᠡᠶᠢᠲᠡᠯᠡᠭᠰᠡᠨ ᠴᠠᠭ᠄
2021/1/22
   ᠬᠦᠷᠢᠶ᠎ᠡ ᠠᠨᠳᠠᠢ ᠶᠢᠨ ᠬᠡᠯᠪᠡᠷᠢ ᠭᠡᠵᠦ ᠬᠡᠯᠡᠪᠡᠯ ᠬᠦᠮᠦᠰ ᠪᠠᠷᠤᠭ ᠯᠡ ︽ᠪᠥᠵᠢᠭ︾ ᠤᠨ ᠬᠦᠷᠢᠶᠡᠨ ᠳᠤ ᠤᠷᠤᠭᠤᠯᠵᠤ ᠰᠡᠳᠬᠢᠵᠦ ᠣᠶᠢᠯᠭᠠᠵᠦ ᠪᠠᠶᠢᠳᠠᠭ ᠪᠠᠶᠢᠯᠭᠦᠢ᠃ ᠠᠨᠳᠠᠢ ᠳᠤ ᠠᠭᠤᠯᠭ᠎ᠠ ᠬᠡᠯᠪᠡᠷᠢ ᠶᠢ ᠶᠠᠷᠢᠵᠤ ᠪᠠᠶᠢᠭ᠎ᠠ  ᠨᠢ ᠲᠡᠷᠡ ᠣᠯᠠᠨ ᠠᠭᠤᠯᠭ᠎ᠠ ᠶᠢᠨ ᠢᠯᠡᠷᠡᠬᠦ ᠬᠡᠯᠪᠡᠷᠢ ᠶᠢ ᠵᠢᠭᠠᠵᠦ ᠪᠠᠶᠢᠭ᠎ᠠ ᠣᠴᠢᠷ ᠠᠨᠳᠠᠢ ᠶᠢᠨ ᠬᠡᠯᠪᠡᠷᠢ ᠶᠢ ᠪᠢᠳᠠ ᠳᠠᠭᠤᠤ᠂ ᠪᠥᠵᠢᠭ ᠢᠶᠠᠷ ᠭᠤᠤᠯᠯᠠᠵᠤ᠂ ᠳᠠᠭᠤᠨ ᠳᠣᠲᠣᠷ᠎ᠠ ᠨᠢ ᠳᠠᠭᠤᠯᠠᠭᠳᠠᠬᠤ ᠰᠢᠯᠦᠭ ᠪᠠᠶᠢᠭ᠎ᠠ ᠲᠤᠯᠠ ᠦᠨᠡᠨ ᠳᠤ  ᠪᠠᠨ ᠰᠢᠯᠦᠭ᠂ ᠠᠶᠠᠰ᠂ ᠪᠥᠵᠢᠭ ᠭᠡᠵᠦ ᠭᠤᠷᠪᠠ ᠬᠤᠪᠢᠶᠠᠵᠤ᠂ ᠮᠤᠩᠭᠤᠯ ᠦᠨᠳᠦᠰᠦᠲᠡᠨ ᠤ ᠥᠪᠡᠷ ᠤᠨ ᠬᠢ ᠬᠠᠮᠤᠭ ᠢᠯᠡ ᠤᠨᠴᠠᠯᠢᠭ ᠲᠤ ᠰᠠᠭᠤᠷᠢᠯᠠᠭᠰᠠᠨ ᠬᠡᠯᠪᠡᠷᠢ ᠪᠤᠯᠤᠨ᠎ᠠ ᠭᠡᠵᠦ ᠲᠠᠨᠢᠵᠦ ᠪᠤᠯᠤᠨ᠎ᠠ᠃ ᠡᠶᠢᠮᠦ ᠠᠴᠠ ᠠᠨᠳᠠᠢ  ᠶᠢᠨ ᠬᠡᠯᠪᠡᠷᠢ ᠶᠢ ᠥᠩᠭᠡᠨ ᠲᠠᠯ᠎ᠠ ᠠᠴᠠ ᠭᠤᠷᠪᠠᠨ ᠵᠦᠢᠯᠡᠰ ᠢᠶᠠᠷ ᠬᠤᠪᠢᠶᠠᠨ ᠦᠵᠡᠵᠦ ᠪᠠᠶᠢᠳᠠᠭ᠃    1. ᠰᠢᠯᠦᠭ᠄ ᠠᠨᠳᠠᠢ ᠨᠢ ᠬᠦᠷᠢᠶ᠎ᠡ ᠨᠤᠲᠤᠭ ᠲᠤ ᠪᠤᠢ ᠪᠤᠯᠵᠤ᠂ ᠦᠨᠳᠦᠰᠦ ᠬᠠᠳᠬᠤᠨ ᠦᠰᠴᠦ ᠪᠣᠶᠢᠵᠢᠭᠠᠳ ᠦᠷ᠎ᠡ ᠵᠢᠮᠢᠰ ᠰᠠᠭᠤᠬᠤ ᠳᠤ ᠪᠠᠨ ︽ᠠᠨᠳᠠᠢ ᠳᠠᠭᠤᠯᠠᠨ᠎ᠠ︾ ᠭᠡᠵᠦ ᠶᠠᠷᠢᠭᠳᠠᠵᠤ ᠪᠠᠶᠢᠭᠰᠠᠨ ᠣᠴᠢᠷ ᠠᠨᠳᠠᠢ ᠳᠠᠭᠤᠯᠠᠬᠤ ᠳᠤ ᠡᠷᠬᠡᠪᠰᠢ ᠦᠭᠡ ᠪᠠᠶᠢᠬᠤ ᠭᠡᠷᠡᠭᠲᠠᠢ ᠲᠤᠯᠠ ᠠᠨᠳᠠᠢ ᠳᠤ ᠳᠠᠭᠤᠨ ᠤ ᠦᠭᠡ — ᠰᠢᠯᠦᠭ ᠪᠠᠶᠢᠬᠤ ᠨᠢ ᠶᠠᠷᠢᠶᠠᠨ ᠦᠭᠡᠢ ᠶᠤᠮ᠃    ᠡᠷᠲᠡᠨ ᠤ ᠠᠨᠳᠠᠢ ᠵᠠᠰᠠᠯᠭ᠎ᠠ ᠳᠤ 7 — 49 ᠡᠳᠦᠷ ︵ᠪᠤᠶᠤ ᠬᠤᠨᠤᠭ︶ ᠢᠶᠠᠷ ᠠᠳᠠᠯᠢ ᠪᠤᠰᠤ ᠬᠤᠭᠤᠴᠠᠭ᠎ᠠ  ᠲᠠᠢ ᠳᠠᠭᠤᠯᠠᠳᠠᠭ ᠲᠤᠯᠠ ᠲᠡᠷᠡ ᠴᠠᠭ ᠢᠶᠠᠷ ᠳᠠᠭᠤᠯᠠᠭᠳᠠᠵᠤ ᠪᠠᠶᠢᠬᠤ ᠲᠠᠭᠤᠨ ᠤ ᠦᠭᠡ ᠬᠡᠳᠦᠢ ᠤᠯᠠᠨ ᠭᠡᠳᠡᠭ ᠢ ᠬᠡᠮᠵᠢᠵᠦ ᠳᠡᠶᠢᠯᠬᠦ ᠦᠭᠡᠢ ᠪᠠᠶᠢᠯᠭᠦᠢ᠃ ᠮᠥᠨᠴᠦ ᠠᠨᠳᠠᠢ ᠳᠠᠭᠤᠯᠠᠬᠤ ᠳᠤ ᠵᠠᠪᠠᠯ ᠳᠠᠭᠤᠤ ᠬᠥᠭᠵᠢᠮ ᠳᠤ ᠠᠪᠢᠶᠠᠰ  ᠲᠠᠢ᠂ ᠬᠡᠯᠡ ᠣᠷᠠᠨ᠂ ᠲᠠᠷᠢᠬᠢ ᠬᠤᠷᠴᠠ᠂ ᠴᠡᠭᠡᠵᠢ ᠰᠡᠷᠭᠦᠯᠡᠩ᠂ ᠳᠠᠭᠤᠴᠢᠨ ᠬᠦᠮᠦᠨ ᠢᠶᠠᠷ ᠠᠨᠳᠠᠢ ᠳᠠᠭᠤᠯᠠᠭᠤᠯᠳᠠᠭ ᠪᠦᠭᠡᠳ ᠲᠡᠷᠡ ᠠᠨᠳᠠᠢ ᠳᠠᠭᠠᠭᠤᠯᠤᠨ ᠳᠠᠭᠤᠯᠠᠳᠠᠭ ᠬᠦᠮᠦᠨ ᠨᠢ ᠳᠠᠭᠤᠯᠠᠵᠦ ᠪᠥᠵᠢᠭᠯᠡᠵᠦ ᠡᠮᠦᠨ᠎ᠡ  ᠨᠢ ᠳᠠᠭᠠᠭᠤᠯᠳᠠᠭ ᠲᠤᠯᠠ ᠬᠤᠶᠢᠨ᠎ᠠ ᠨᠢ ᠪᠠᠶᠢᠭ᠎ᠠ ᠤᠯᠠᠨ ᠬᠦᠮᠦᠨ ᠨᠢ ᠵᠥᠪᠬᠡᠨ ᠳᠠᠭᠠᠵᠤ ᠲᠠᠭᠤᠯᠠᠨ ᠬᠥᠭ ᠴᠤᠬᠢᠯᠭ᠎ᠠ ᠨᠡᠮᠡᠵᠦ ᠶᠠᠪᠤᠳᠠᠭ ᠪᠠᠶᠢᠵᠠᠢ᠃ 2009 ᠤᠨ ᠳᠤ ᠬᠦᠷᠢᠶ᠎ᠡ ᠬᠤᠰᠢᠭᠤ ᠳᠤ ︽ᠠᠨᠳᠠᠢ ᠶᠢᠨ ᠦᠭᠡ ᠠᠶᠠᠯᠭᠤ ᠶᠢᠨ ᠴᠢᠭᠤᠯᠭᠠᠨ︾ ᠭᠡᠬᠦ ᠨᠤᠮ ᠢ ᠬᠡᠪᠯᠡᠨ ᠲᠠᠷᠬᠠᠭᠠᠬᠤ ᠪᠤᠯᠲᠠᠯ᠎ᠠ ᠨᠢᠭᠡᠨᠲᠡ ᠣᠯᠳᠠᠭᠰᠠᠨ ᠠᠨᠳᠠᠢ ᠶᠢᠨ ᠳᠠᠭᠤᠨ ᠰᠢᠯᠦᠭ ᠨᠢ 1260 ᠭᠠᠷᠤᠢ ᠪᠠᠳᠠᠭ ᠬᠦᠷᠴᠦ᠂ ᠲᠡᠷᠡ ᠴᠢᠭ ᠢᠶᠠᠷ ᠢᠶᠠᠨ ᠨᠢᠭᠡᠨ ᠰᠢᠯᠦᠭ ᠤᠨ ᠳᠠᠯᠠᠢ ᠬᠥᠮᠦᠷᠭᠡ ᠪᠤᠯᠤᠭᠰᠠᠨ ᠪᠠᠶᠢᠨ᠎ᠠ᠃ ᠳᠠᠷᠦᠢ᠄    ᠠᠶᠢᠯᠴᠢᠯᠠᠵᠦ ᠢᠷᠡᠭᠰᠡᠨ ᠵᠤᠴᠢᠳ ᠲᠤ ᠪᠠᠨ    ᠠᠨᠳᠠᠢ ᠲᠠᠭᠤᠤ ᠪᠠᠨ ᠡᠷᠭᠦᠶ᠎ᠡ    ᠠᠯᠣᠰ ᠠᠴᠠ ᠣᠯᠣᠭᠰᠠᠨ ᠵᠦᠳᠡᠷᠡᠯ ᠢ ᠨᠢ    ᠠᠰᠠᠭᠤᠵᠤ ᠪᠠᠶᠢᠮᠠᠨ ᠬᠠᠷᠢᠭᠤᠯᠤᠶ᠎ᠠ         ᠪᠠ ᠪᠦᠷᠢᠨ ᠤ ᠶᠡᠭᠡ ᠪᠠᠭᠰᠢ ᠶᠢᠨ         ᠪᠢᠴᠢᠭ ᠵᠠᠷᠯᠢᠭ ᠲᠠᠢ ᠢᠷᠡᠪᠡ ᠤᠤ ᠴᠢ         ᠪᠠᠶᠢᠮᠠᠨ ᠡᠷᠲᠡ ᠳᠡᠭᠡᠷ᠎ᠡ ᠦᠶ᠎ᠡ ᠠᠴᠠ         ᠪᠠᠲᠤᠯᠭ᠎ᠠ ᠶᠢᠨ ᠭᠡᠷᠡᠴᠢ ᠪᠠᠷᠢᠮᠲᠠ ᠲᠠᠢ ᠤᠤ︖             ︽ᠠᠯᠢᠶ᠎ᠠ ᠠᠨᠳᠠᠢ︾    ᠠᠷᠣ ᠶᠡᠭᠡ ᠠᠭᠤᠯᠠ ᠶᠢ ᠪᠠᠨ ᠡᠪᠳᠡᠯᠡᠶ᠎ᠡ ᠭᠡᠪᠡᠯ ᠬᠦ᠋    ᠠᠷᠭ᠎ᠠ ᠤᠬᠠᠭᠠᠨᠲᠠᠢ ᠱᠢᠵᠠᠩ ᠢ ᠵᠠᠯᠠᠬᠤ ᠦᠭᠡᠢ ᠪᠤᠯᠬᠤ ᠦᠭᠡᠢ    ᠠᠩᠭ᠎ᠠ ᠪᠠᠭ᠎ᠠ ᠪᠥᠭᠡᠷ᠎ᠡ ᠪᠠᠨ ᠪᠠᠶᠠᠰᠬᠠᠶ᠎ᠠ ᠭᠡᠪᠡᠯ ᠬᠦ᠋    ᠠᠮᠠ ᠬᠡᠯᠡᠲᠠᠢ ᠲᠠᠭᠤᠵᠢ ᠶᠢ ᠵᠠᠯᠠᠬᠤ ᠦᠭᠡᠢ ᠪᠤᠯᠬᠤ ᠦᠭᠡᠢ            ︽ᠴᠤᠤᠲᠠᠢ︾    ᠠᠨᠳᠠᠢ ᠶᠢᠨ ᠦᠭᠡ ᠨᠢ ᠳᠠᠭᠤᠯᠠᠬᠤ ᠳᠤ ᠵᠤᠷᠢᠭᠤᠯᠤᠭᠰᠠᠨ ᠲᠤᠯᠠ ᠮᠤᠩᠭᠤᠯ ᠤᠨ ᠡᠷᠲᠡᠨ ᠤ ᠢᠷᠠᠭᠤ ᠨᠠᠶᠢᠷᠠᠭ  ᠤᠨ ᠥᠪ ᠲᠤ ᠰᠠᠭᠤᠷᠢᠯᠠᠵᠤ᠂ ᠴᠠᠭ ᠦᠶ᠎ᠡ᠂ ᠭᠠᠵᠠᠷ ᠤᠷᠤᠨ ᠤ ᠪᠤᠳᠠᠲᠠᠢ ᠪᠠᠶᠢᠳᠠᠯ ᠳᠤ ᠵᠣᠬᠢᠴᠠᠨ ᠬᠥᠭᠵᠢᠵᠦ᠂ ᠬᠦᠷᠢᠶ᠎ᠡ ᠮᠤᠩᠭᠤᠯᠴᠣᠣᠳ ᠤᠨ ᠲᠡᠤᠬᠡ ᠰᠣᠶᠣᠯ᠂ ᠠᠮᠢᠳᠤᠷᠠᠯ ᠲᠡᠮᠡᠴᠡᠯ ᠤᠨ ᠪᠤᠳᠠᠲᠤ ᠠᠬᠤᠢ ᠶᠢ ᠦᠨᠡᠨ ᠮᠥᠨ  ᠢᠶᠠᠷ ᠨᠢ ᠪᠡᠯᠭᠡᠳᠡᠨ ᠳᠣᠰᠬᠠᠵᠤ᠂ ᠬᠤᠵᠢᠮ ᠬᠤᠶᠢᠰᠢ ᠶᠢᠨ ᠬᠦᠮᠦᠰ ᠤᠨ ᠠᠮᠳᠠᠷᠠᠵᠤ ᠰᠢᠨᠵᠢᠬᠦ᠂ ᠡᠷᠭᠢᠴᠡᠭᠦᠯᠦᠨ ᠲᠣᠩᠭᠠᠬᠤ ᠠᠴᠠ ᠰᠡᠳᠬᠢᠨ ᠪᠣᠳᠣᠭᠤᠯᠵᠦ᠂ ᠤᠯᠠᠮᠵᠢᠯᠠᠵᠤ ᠵᠠᠯᠭᠠᠮᠵᠢᠯᠠᠬᠤ ᠬᠦᠷᠲᠡᠯ᠎ᠡ ᠪᠦᠬᠦᠶᠢᠯᠡ ᠤᠷᠤᠨ ᠵᠠᠢ ᠶᠢ ᠬᠠᠩᠭᠠᠵᠦ ᠴᠢᠳᠠᠭᠰᠠᠨ ᠪᠠᠶᠢᠨ᠎ᠠ᠃ ᠪᠠᠰᠠ ᠵᠢᠱᠢᠶᠡᠯᠡᠪᠡᠯ᠄    ᠵᠡᠭᠡᠷᠳᠡ ᠮᠤᠷᠢᠨ ᠤ ᠤᠶᠠᠭ᠎ᠠ ᠤᠤ︖    ᠵᠢᠭᠡ ᠨᠠᠭᠠᠴᠤ ᠶᠢᠨ ᠰᠦᠯᠪᠡᠭᠡ ᠤᠤ︖    ᠬᠤᠸᠠ ᠮᠤᠷᠢᠨ ᠤ ᠤᠶᠠᠭ᠎ᠠ ᠤᠤ︖    ᠬᠤᠲᠠ ᠣᠷᠤᠭ ᠤᠨ ᠰᠦᠯᠪᠡᠭᠡ ᠤᠤ︖        ᠡᠯᠵᠢᠭᠡ ᠬᠦᠷᠪᠡᠭᠰᠡᠨ ᠦᠨᠡᠰᠦᠨ ᠳᠤ        ᠦᠨᠢᠶ᠎ᠡ ᠲᠤᠭᠤᠯ ᠣᠶᠢᠷᠠᠳᠬᠤ ᠦᠭᠡᠢ        ᠥᠬᠢᠳ ᠪᠡᠷᠢᠶᠡᠳ ᠪᠤᠯᠤᠭᠰᠠᠨ ᠬᠦᠮᠦᠨ        ᠠᠨᠳᠠᠢ ᠴᠠᠩᠽᠢ ᠳᠤ ᠤᠶᠢᠷᠠᠳᠬᠤ ᠦᠭᠡᠢ᠃ ︵ᠬᠥᠭᠡᠷᠦᠬᠡᠢ︶    ᠢᠩᠭᠢᠵᠦ ᠮᠤᠩᠭᠤᠯ ᠰᠢᠯᠦᠭ ᠤᠨ ᠨᠠᠶᠢᠷᠠᠭᠤᠯᠭ᠎ᠠ ᠶᠢ ᠪᠦᠷᠢᠨ ᠬᠠᠳᠠᠭᠠᠯᠠᠵᠦ᠂ ᠲᠤᠯᠤᠭᠠᠢ᠂ ᠰᠡᠭᠦᠯ᠂ ᠮᠥᠷ ᠪᠠᠳᠠᠭ ᠤᠨ ᠬᠤᠯᠪᠤᠯᠲᠠ ᠶᠢ ᠭᠦᠢᠴᠡᠳᠬᠡᠵᠦ᠂ ᠬᠤᠯᠪᠦᠭ᠎ᠠ ᠦᠬᠡ᠂ ᠵᠦᠢᠷ ᠰᠡᠴᠡᠨ ᠦᠭᠡ᠂ ᠢᠷᠦᠭᠡᠯ ᠮᠠᠭᠲᠠᠭᠠᠯ  ᠠᠴᠠ ᠳᠠᠭᠠᠷᠢᠯᠴᠠᠭ᠎ᠠ ᠬᠦᠷᠲᠡᠯ᠎ᠡ ᠬᠡᠪ ᠨᠠᠶᠢᠷᠠᠭ ᠨᠢ ᠢᠯᠡᠷᠡᠵᠦ᠂ ᠮᠤᠩᠭᠤᠯ ᠤᠨ ᠡᠷᠲᠡᠨ ᠤ ᠢᠷᠠᠭᠤ ᠨᠠᠶᠢᠷᠠᠭ ᠢ ᠲᠡᠷᠡ ᠬᠡᠪ ᠢᠶᠠᠷ ᠨᠢ ᠳᠠᠭᠤᠷᠢᠶᠠᠵᠦ ᠳᠠᠭᠤᠯᠭ᠎ᠠ ᠦᠭᠡᠢ ᠴᠦ ᠲᠡᠭᠦᠨ ᠤ ᠶᠤᠰᠤ ᠵᠢᠷᠤᠮ ᠢ ᠪᠦᠷᠢᠨ ᠰᠢᠩᠭᠡᠭᠡᠵᠦ᠂ ᠥᠪᠡᠷ ᠤᠨ ᠠᠮᠢᠳᠤᠷᠠᠯ᠂ ᠣᠷᠴᠢᠨ ᠠᠬᠤᠢ ᠪᠤᠯᠤᠨ ᠪᠣᠳᠠᠲᠣ ᠪᠠᠶᠢᠳᠠᠯ ᠳᠤ ᠪᠠᠨ ᠰᠢᠭᠤᠳ ᠬᠡᠷᠡᠭᠯᠡᠭᠰᠡᠨ ᠨᠢ ᠦᠨᠡᠨᠲᠠᠢ᠃ ᠡᠨᠡ  ᠨᠢ ᠠᠨᠳᠠᠢ ᠵᠠᠰᠠᠯᠭ᠎ᠠ ᠶᠢᠨ ᠷᠢᠳᠢ ᠰᠢᠳᠢ ᠶᠢ ᠭᠠᠶᠢᠬᠠᠭᠤᠯᠵᠤ ᠪᠠᠶᠢᠭ᠎ᠠ ᠪᠠᠰᠠ ᠨᠢᠭᠡᠨ ᠪᠤᠳᠠᠲᠤ ᠦᠵᠡᠭᠳᠡᠯ ᠮᠥᠨ᠃ ᠲᠡᠳᠡᠭᠡᠷ ᠤᠯᠠᠨ ᠳᠠᠭᠤᠨ ᠦᠭᠡ ᠨᠢ ᠮᠤᠩᠭᠤᠯ ᠬᠡᠯᠡᠨ ᠤ ᠢᠯᠡ ᠵᠦᠢᠷᠯᠡᠯ ᠪᠠ ᠳᠠᠯᠳᠠ ᠵᠦᠢᠷᠯᠡᠯ ᠢ ᠪᠦᠲᠦᠭᠡᠯᠵᠢ ᠪᠠᠷ ᠬᠠᠮᠤᠭ ᠠᠷᠪᠢᠨ ᠬᠡᠷᠡᠭᠯᠡᠵᠦ᠂ ᠠᠨᠳᠠᠢ ᠠᠪᠡᠳᠴᠢᠲᠡᠨ ᠢ ᠳᠠᠭᠤᠳᠠᠨ ᠡᠳᠡᠭᠡᠷᠡᠭᠦᠯᠬᠦ ᠳᠤ ᠣᠶᠢᠯᠡᠴᠢᠯᠡᠭᠦᠯᠵᠦ᠂ ᠮᠣᠩᠭᠤᠯ ᠠᠮᠠᠨ ᠢᠷᠠᠭᠤ ᠨᠠᠶᠢᠷᠠᠭ ᠤᠨ ᠪᠠᠶᠠᠨ ᠲᠠᠩᠰᠤᠭ ᠢ ᠬᠠᠷᠠᠭᠤᠯᠵᠤ ᠴᠢᠳᠠᠳᠠᠭ ᠪᠠᠶᠢᠨ᠎ᠠ᠃    ᠠᠷᠪᠠᠨ ᠲᠠᠪᠤᠨ ᠤ ᠰᠠᠷ᠎ᠠ ᠶᠢ    ᠠᠷᠦ ᠳᠡᠭᠡᠷ᠎ᠡ ᠭᠠᠷᠲᠠᠯ᠎ᠠ ᠳᠠᠭᠤᠯᠠᠶ᠎ᠠ    ᠠᠳᠣᠭᠤ ᠮᠠᠯ ᠤᠨ ᠰᠦᠷᠦᠭ ᠢ    ᠪᠡᠯᠴᠢᠭᠡᠷ ᠲᠤ ᠭᠠᠷᠲᠠᠯ᠎ᠠ ᠳᠠᠭᠤᠯᠠᠶ᠎ᠠ᠃          ᠲᠣᠭᠤᠷ ᠮᠣᠳᠣᠨ ᠲᠣᠯᠭᠠᠭᠤᠷᠢ ᠲᠠᠢ          ᠲᠤᠯᠭᠠᠭᠤᠷᠢ ᠪᠦᠬᠦᠨ ᠰᠡᠶᠢᠯᠪᠦᠷᠢ ᠲᠠᠢ          ᠲᠤᠮᠤ ᠭᠤᠷᠪᠠᠨ ᠬᠠᠭᠠᠯᠭ᠎ᠠ ᠲᠠᠢ          ᠳᠣᠲᠦᠷ᠎ᠠ ᠨᠠᠢᠮᠠᠨ ᠡᠭᠦᠳᠡ ᠲᠠᠢ᠃ ︵ᠮᠠᠭᠲᠠᠭᠠᠯ︶    ᠭᠡᠬᠦ ᠠᠴᠠ ᠦᠵᠡᠪᠡᠯ ᠠᠨᠳᠠᠢ ᠶᠢᠨ ᠳᠠᠭᠤᠨ ᠳᠤ ᠪᠦᠷ ᠨᠡᠷᠡᠲᠠᠢ ᠪᠦᠭᠡᠳ ᠲᠤᠭᠲᠠᠭᠰᠠᠨ ᠠᠶᠠᠯᠭᠤ ᠲᠠᠢ ᠤᠴᠢᠷ ᠲᠡᠳᠡᠭᠡᠷ ᠲᠠᠭᠤᠨ ᠤ ᠠᠭᠤᠯᠭ᠎ᠠ᠂ ᠬᠡᠯᠪᠡᠷᠢ᠂ ᠤᠨᠴᠠᠯᠢᠭ ᠁ ᠨᠢ ᠪᠦᠷ ᠠᠳᠠᠯᠢ ᠦᠭᠡᠢ ᠪᠠᠶᠢᠳᠠᠭ ᠶᠤᠮ᠃ ᠡᠶᠢᠮᠦ  ᠠᠴᠠ ᠠᠨᠳᠠᠢ ᠶᠢᠨ ᠰᠢᠯᠦᠭ ᠲᠤ᠄ ᠡᠬᠡ ᠡᠶ᠎ᠡ᠂ ᠡᠯᠢᠶ᠎ᠡ ᠠᠨᠳᠠᠢ᠂ ᠴᠤᠴᠢᠭᠠᠬᠤ᠂ ᠠᠰᠠᠭᠤᠬᠤ᠂ ᠢᠳᠬᠠᠬᠤ᠂ ᠤᠶᠠᠷᠠᠭᠤᠯᠬᠤ᠂ ᠬᠥᠭᠵᠢᠭᠡᠬᠦ ᠲᠠᠩᠭᠠᠷᠢᠭ ᠠᠪᠬᠤ᠂ ᠮᠠᠭᠲᠠᠭᠠᠯ᠂ ᠤᠷᠢᠬᠤ᠂ ᠳᠠᠭᠤᠳᠠᠬᠤ᠂ ᠶᠡᠭᠡ ᠠᠨᠳᠠᠢ᠂ ᠳᠡᠪᠰᠡᠬᠦ ᠠᠶ᠎ᠠ᠂ ᠥᠳᠦᠭᠡᠬᠦ᠂ ᠮᠤᠩᠭᠤᠯᠵᠢᠨ ᠡᠯᠢᠭᠡᠰᠢᠷ᠎ᠠ᠂ ᠡᠯᠢᠭᠡᠰᠢᠷ᠎ᠡ᠂ ᠴᠤᠤᠳᠢ᠂ ᠴᠤᠬᠤᠷ᠂ ᠬᠦᠷᠲᠡᠭᠡᠬᠦ ᠠᠶᠠᠰ᠂ ᠬᠥᠭᠡᠷᠦᠬᠦᠢ᠂ ᠵᠧᠬᠦᠷ ᠨᠠᠶᠢᠭᠤᠷ᠂ ᠬᠡᠵᠤᠤᠷᠡᠢ᠂ ᠰᠡᠷᠭᠦᠭᠡᠬᠦ᠂ ᠪᠤᠯᠢᠶᠠᠯᠴᠠᠬᠤ᠂ ᠠ ᠵᠤᠴᠢᠨ ᠰᠤᠨᠤᠰ᠂ ᠠ ᠲᠠᠭᠤᠵᠢ᠂ ᠴᠠᠢ ᠤᠤᠭᠤᠯᠭᠠᠬᠤ᠂ ᠡᠶᠡᠰᠬᠦ ᠪᠥᠮᠪᠦᠷᠡᠢ᠂ ᠪᠦᠮᠪᠦᠷᠡᠢ᠂ ᠪᠥᠭᠡᠷ᠎ᠡ ᠭᠢᠶ᠎ᠡ᠂ ᠦᠨᠡᠷᠡᠨ᠂ ᠬᠦᠷᠢᠶᠡᠯᠡᠩ᠂ ᠬᠤᠩᠬᠤᠷ᠂ ᠬᠡᠵᠡᠬᠢᠶ᠎ᠡ᠂ ᠬᠡᠵᠢᠶ᠎ᠡ ᠬᠡᠶ᠎ᠡ᠂ ᠬᠡᠵᠢᠶ᠎ᠡ᠂ ᠳᠡᠩᠲᠠᠢ᠂ ᠤᠬᠤᠷ ᠬᠡᠵᠢᠶ᠎ᠡ᠂ ᠵᠠᠮᠨᠠᠬᠤ᠂ ᠬᠦᠷᠢᠶ᠎ᠡ ᠡᠯᠢᠭᠡᠰᠢᠷ᠎ᠡ᠂ ᠵᠤᠰᠤ  ᠶᠢᠨ ᠭᠤᠤᠯ᠂ ᠯᠢ ᠶᠢᠨ ᠽᠠᠢ᠂ ᠡᠶᠡᠯᠡᠩ᠂ ᠰᠤᠷᠭᠠᠬᠤ᠂ ᠠᠯᠲᠠᠨ ᠰᠢᠷᠭᠤᠭᠤᠯ᠂ ᠰᠢᠷ᠎ᠠ ᠰᠢᠪᠠᠭᠤᠬᠠᠢ᠂ ᠵᠤᠯᠢᠭ ᠠᠮᠢᠯᠠᠬᠤ᠂ ᠪᠠᠭ᠎ᠠ ᠠᠨᠳᠠᠢ᠂ ᠠᠳᠠ ᠠᠨᠳᠠᠢ᠂ ᠮᠤᠷᠳᠠᠭᠤᠯᠬᠤ᠂ ᠬᠦᠷᠭᠡᠬᠦ᠂ ᠠᠨᠳᠠᠢ ᠭᠠᠷᠭᠠᠬᠤ ᠠᠶ᠎ᠠ ᠭᠡᠬᠦ ᠵᠡᠷᠭᠡ ᠪᠠᠶᠢᠳᠠᠭ᠃    2. ᠪᠥᠵᠢᠭ᠄ ᠤᠯᠠᠮᠵᠢᠯᠠᠯᠲᠦ ᠠᠨᠳᠠᠢ ᠶᠢ ᠪᠥᠵᠢᠭ ᠤᠨ ᠲᠠᠯ᠎ᠠ ᠠᠴᠠ ᠦᠵᠡᠪᠡᠯ ᠳᠠᠭᠤᠯᠠᠬᠤ ᠪᠠᠷ ᠭᠤᠣᠯ ᠪᠤᠯᠭᠠᠵᠤ ᠪᠥᠵᠢᠭ ᠬᠠᠪᠰᠤᠷᠭᠠᠳᠠᠭ ᠲᠤᠯᠠ ᠠᠨᠳᠠᠢ ᠶᠢᠨ ᠪᠥᠵᠢᠭ ᠢ ᠲᠠᠨᠢᠯᠴᠠᠭᠤᠯᠬᠤ ᠳᠤ ᠡᠶᠢᠮᠦᠷᠬᠦ ᠬᠤᠶᠠᠷ ᠲᠠᠯ᠎ᠠ  ᠠᠴᠠ ᠶᠠᠷᠢᠵᠤ ᠪᠤᠯᠤᠨ᠎ᠠ᠃ ᠲᠦᠷᠦᠭᠦᠦ ᠨᠢᠭᠡ ᠨᠢ ᠠᠨᠳᠠᠢ ᠳᠠᠭᠤᠯᠠᠬᠤ ᠳᠤ ᠪᠥᠬᠡ ᠶᠢᠨ ᠳᠠᠭᠠᠭᠤᠯᠭ᠎ᠠ ᠲᠠᠢ ᠠᠨᠳᠠᠢ ᠳᠠᠭᠤᠯᠠᠵᠤ᠂ ᠳᠠᠭᠠᠭᠤᠯᠵᠤ ᠳᠠᠭᠤᠯᠠᠬᠤ ᠡᠷᠡᠭᠲᠠᠢ ᠡᠮᠦᠨ᠎ᠡ ᠨᠢ ᠣᠷᠣᠵᠦ ᠳᠠᠭᠤᠯᠠᠨ ᠪᠥᠵᠢᠭᠯᠡᠳᠡᠭ ᠠᠴᠠ ᠪᠦᠭᠡ ᠶᠢᠨ ᠪᠠᠷᠢᠳᠠᠭ ᠬᠤᠩᠬᠤᠲᠦ ᠳᠠᠰᠢᠭᠤᠷ ᠠᠴᠠ ᠭᠠᠳᠠᠨ᠎ᠠ ᠠᠷᠤ ᠳᠤ ᠨᠢ ᠳᠠᠭᠠᠵᠤ ᠳᠠᠭᠤᠯᠠᠳᠠᠭ ᠨᠢ ᠠᠯᠴᠢᠭᠤᠷ᠂ ᠬᠤᠷᠮᠤᠢ᠂ ᠪᠦᠰᠡ ᠁ ᠶᠠᠭᠤ ᠪᠦᠷ ᠪᠠᠶᠢᠳᠠᠭ ᠶᠤᠮ᠃ ᠠᠨᠳᠠᠢ ᠳᠠᠭᠤᠯᠠᠬᠤ ᠳᠤ ᠤᠯᠠᠨ ᠬᠦᠮᠦᠨ ᠤᠷᠤᠳᠠᠭ ᠤᠴᠢᠷ ᠪᠥᠵᠢᠭ  ᠲᠤ ᠨᠢ ᠳᠦᠭᠦᠮ ᠪᠦᠭᠡᠳ ᠪᠦᠷᠢᠮᠤᠰᠤᠨ ᠨᠢᠭᠡᠳᠦᠯ ᠲᠠᠢ ᠪᠢᠰᠢ ᠪᠠᠶᠢᠳᠠᠭ ᠶᠤᠮ᠃ ᠡᠶᠢᠮᠦᠷᠬᠦ ᠬᠦᠳᠡᠯᠭᠡᠭᠡᠨ ᠨᠢ᠄    ︵1︶ ᠠᠯᠴᠢᠭᠤᠷ ᠰᠠᠵᠢᠨ ᠳᠡᠪᠰᠡᠨ ᠠᠯᠬᠤᠬᠤ ᠳᠠᠷᠤᠢ ᠵᠡᠭᠦᠨ ᠭᠠᠷ ᠢᠶᠠᠨ ᠰᠦᠪᠡᠭᠡ ᠪᠠᠨ ᠲᠤᠯᠵᠦ ᠪᠠᠷᠠᠭᠤᠨ ᠭᠠᠷ ᠤᠨ ᠠᠯᠴᠢᠭᠤᠷ ᠢᠶᠠᠨ ᠴᠡᠭᠡᠵᠢᠨ ᠡᠮᠦᠨ᠎ᠡ ᠪᠠᠨ ᠳᠡᠭᠡᠭᠰᠢ ᠳᠤᠷᠤᠭᠰᠢ ᠰᠠᠵᠢᠵᠦ᠂ ᠪᠠᠷᠠᠭᠤᠨ ᠬᠥᠯ ᠢᠶᠠᠨ ᠳᠡᠪᠰᠡᠵᠦ ᠠᠭᠠᠵᠢᠮ ᠣᠷᠤᠭᠰᠢᠯᠠᠬᠤ ᠬᠥᠳᠡᠯᠭᠡᠭᠡᠨ᠃    ︵2︶ ᠬᠤᠶᠠᠷ ᠭᠠᠷ ᠤᠨ ᠠᠯᠴᠢᠭᠤᠷ ᠢ ᠰᠠᠵᠢᠨ ᠳᠡᠪᠰᠡᠨ ᠠᠯᠬᠤᠬᠤ ᠳᠠᠷᠤᠢ ᠬᠤᠶᠠᠷ ᠭᠠᠷ ᠤᠨ ᠠᠯᠴᠢᠭᠤᠷ  ᠢᠶᠠᠨ ᠪᠡᠶ᠎ᠡ ᠶᠢᠨ ᠬᠤᠶᠠᠷ ᠵᠦᠭ ᠰᠠᠵᠢᠵᠦ᠂ ᠪᠠᠷᠠᠭᠤᠨ ᠬᠥᠯ ᠢᠶᠠᠨ ᠳᠡᠪᠰᠡᠨ ᠤᠷᠤᠭᠰᠢᠯᠠᠬᠤ ᠬᠥᠳᠡᠯᠭᠡᠭᠡᠨ᠃    ︵3︶ ᠬᠤᠶᠠᠷ ᠭᠠᠷ ᠢᠶᠠᠨ ᠬᠠᠮᠲᠦᠪᠠᠷ ᠤᠷᠤᠭᠰᠢ ᠪᠠᠨ ᠰᠤᠩᠭᠠᠵᠦ ᠳᠠᠬᠢᠨ ᠳᠡᠭᠡᠭᠰᠢ ᠰᠠᠵᠢᠨ᠂ ᠳᠡᠪᠰᠡᠨ ᠳᠡᠪᠰᠡᠨ ᠣᠷᠣᠭᠰᠢᠯᠠᠬᠤ ᠬᠥᠳᠡᠯᠭᠡᠭᠡᠨ᠃    ︵4︶ ᠠᠯᠳᠠᠨ ᠰᠢᠷᠭᠤᠭᠤᠯ ᠤᠨ ᠬᠥᠳᠡᠯᠭᠡᠭᠡᠨ ᠳᠠᠷᠤᠢ ᠣᠯᠠᠨ ᠬᠦᠮᠦᠨ ᠭᠠᠷ ᠭᠠᠷ ᠢᠶᠠᠨ ᠬᠤᠯᠪᠤᠵᠤ ᠲᠤᠭᠤᠷᠢᠭᠯᠠᠵᠤ᠂ ᠬᠥᠯ ᠢᠶᠠᠨ ᠳᠡᠪᠰᠡᠨ ᠪᠥᠵᠢᠭᠯᠡᠬᠦ ᠳᠤ ᠡᠪᠡᠳᠴᠢᠨ ᠲᠠᠢ ᠬᠦᠮᠦᠨ ᠪᠠ ᠠᠨᠳᠠᠢ ᠳᠠᠭᠠᠭᠤᠯᠵᠤ ᠳᠠᠭᠤᠯᠠᠬᠤ ᠬᠦᠮᠦᠨ ᠨᠢ ᠰᠤᠯᠢᠪᠴᠢᠯᠠᠨ ᠰᠢᠷᠭᠤᠬᠤ ᠬᠥᠳᠡᠯᠭᠡᠭᠡᠨ ᠭᠡᠳᠡᠭ᠃ ᠡᠶᠢᠮᠦ ᠠᠴᠠ ᠤᠯᠠᠮᠵᠢᠯᠠᠯᠲᠤ ᠠᠨᠳᠠᠢ  ᠳᠤ ᠶᠡᠷᠦᠨᠢ ᠡᠶᠢᠮᠦᠷᠬᠦ ᠳᠥᠷᠪᠡᠨ ᠵᠦᠢᠯ ᠤᠨ ᠦᠨᠳᠤᠰᠤᠨ ᠬᠦᠳᠡᠯᠬᠡᠬᠡᠨ ᠪᠠᠶᠢᠳᠠᠭ᠃    3.ᠠᠶᠠᠯᠭᠤ᠄ ᠬᠦᠷᠢᠶ᠎ᠡ ᠠᠨᠳᠠᠢ ᠶᠢᠨ ᠠᠶᠠᠯᠭᠤ ᠭᠡᠭᠴᠢ ᠨᠢᠭᠡᠨ ᠪᠦᠷᠢᠨ ᠪᠦᠲᠦᠨ᠂ ᠥᠪᠡᠷᠮᠢᠴᠡ ᠤᠨᠴᠠᠯᠢᠭ ᠲᠠᠢ ᠂ ᠥᠪᠡᠷ ᠤᠨ ᠬᠢ ᠭᠡᠬᠦ ᠭᠡᠪ ᠨᠠᠮᠪᠠ ᠲᠠᠢ ᠳᠣᠰᠬᠠᠢ ᠲᠥᠷᠦᠯ ᠤᠨ ᠠᠶᠠᠯᠭᠤ ᠪᠤᠯᠵᠤ ᠳᠣᠭᠲᠠᠪᠤᠷᠢᠵᠠᠵᠠᠢ᠃ ᠡᠭᠦᠨ ᠳᠤ ᠵᠠᠷᠢᠮ ᠠᠶᠠᠯᠭᠤ ᠨᠢ ᠮᠤᠩᠭᠤᠯ ᠤᠨ ᠢᠵᠠᠭᠤᠷ ᠰᠤᠶᠤᠯ ᠪᠥᠬᠡ ᠶᠢᠨ ᠵᠠᠷᠢᠮ ᠠᠶᠠᠯᠭᠤ ᠲᠠᠢ ᠳᠥᠰᠦᠭᠡᠲᠠᠢ ᠪᠦᠭᠡᠳ ᠮᠤᠩᠭᠤᠯ ᠤᠨ ᠠᠷᠠᠳ ᠶᠢ ᠳᠠᠭᠤᠤ᠂ ᠬᠤᠯᠪᠤᠭ᠎ᠠ᠂ ᠳᠠᠭᠠᠷᠢᠯᠴᠠᠭ᠎ᠠ᠂ ᠬᠤᠭᠤᠷ ᠤᠨ ᠦᠯᠢᠭᠡᠷ ᠤᠨ ᠰᠢᠮ᠎ᠡ ᠲᠡᠵᠢᠭᠡᠯ ᠬᠦᠷᠲᠡᠭᠰᠡᠨ ᠨᠢ ᠳᠣᠳᠣᠷᠬᠠᠢ ᠪᠠᠶᠢᠭ᠎ᠠ ᠶᠤᠮ᠃ ᠣᠳᠣ ᠪᠣᠯᠲᠠᠯ᠎ᠠ ᠪᠢᠳᠠ ᠲᠠᠷᠦᠢ ︽ᠬᠦᠷᠢᠶ᠎ᠡ ᠠᠨᠳᠠᠢ ᠶᠢᠨ ᠦᠭᠡ ᠠᠶᠠᠯᠭᠤ ᠶᠢᠨ ᠴᠢᠭᠤᠯᠭᠠᠨ︾ ᠨᠤᠮ ᠢ ᠬᠡᠪᠯᠡᠬᠦ ᠪᠤᠯᠲᠠᠯ᠎ᠠ ᠨᠡᠶᠢᠲᠡ 78 ᠬᠤᠪᠢ ᠠᠶᠠᠯᠭᠤ ᠶᠢ ᠡᠮᠬᠢᠳᠬᠡᠨ ᠴᠤᠭᠯᠠᠭᠤᠯᠵᠤ ᠠᠪᠴᠠᠢ᠃ ᠡᠭᠦᠨ ᠳᠤ ᠵᠠᠷᠢᠮ ᠠᠶᠠᠯᠭᠤ ᠨᠢ ᠬᠡᠳᠦ ᠬᠡᠳᠦᠨ ᠬᠤᠪᠢᠯᠪᠤᠷᠢ ᠪᠠᠶᠢᠳᠠᠭ᠃ ᠳᠠᠷᠤᠢ ᠪᠥᠮᠪᠦᠷᠠᠢ᠂ ᠡᠯᠢᠭᠡᠰᠢᠷ᠎ᠠ᠂ ᠮᠣᠩᠭᠤᠯᠵᠢᠨ ᠁ ᠭᠡᠬᠦ ᠮᠡᠲᠦ᠃    ᠠᠨᠳᠠᠢ ᠶᠢᠨ ᠠᠶᠠᠯᠭᠤ ᠨᠢᠭᠡᠪᠦᠷᠢ ᠨᠡᠷ᠎ᠡ ᠲᠠᠢ ᠪᠦᠭᠡᠳ ᠬᠦᠮᠦᠨ ᠳᠤ ᠲᠣᠳᠣᠷᠬᠠᠢ ᠲᠠᠨᠢᠯᠲᠠ ᠶᠢ ᠣᠯᠭᠤᠳᠠᠭ ᠶᠤᠮ ᠃ ᠲᠡᠭᠦᠨ ᠢ ᠦᠭᠡᠨ ᠤ ᠤᠳᠬ᠎ᠠ ᠪᠠᠷ ᠨᠢ ᠬᠤᠪᠢᠶᠠᠪᠠᠯ ᠳᠣᠣᠷᠠᠬᠢ ᠮᠡᠲᠦ ᠬᠤᠪᠢᠶᠠᠵᠦ ᠪᠣᠯᠣᠨ᠎ᠠ᠃    ︵1︶ ᠬᠦᠮᠦᠨ ᠤ ᠨᠡᠷᠡᠲᠦ ᠠᠶ᠎ᠠ᠄ ᠪᠥᠮᠪᠦᠷᠠᠢ᠂ ᠬᠤᠩᠭᠤᠷ᠂ ᠯᠢ ᠶᠢᠨ ᠽᠠᠢ᠂ ᠰᠢᠶᠠᠩᠲᠤᠤᠷ᠂ ᠴᠤᠤᠲᠠᠢ᠂ ᠳᠡᠩᠲᠠᠢ ᠁ ᠬᠡᠬᠦ ᠮᠡᠳᠤ    ︵2︶ ᠭᠠᠵᠠᠷ ᠤᠰᠤᠨ ᠤ ᠨᠡᠷᠡᠲᠦ ᠠᠶ᠎ᠠ᠄ ᠵᠤᠰᠤ ᠶᠢᠨ ᠭᠤᠣᠯ᠂ ᠮᠣᠩᠭᠤᠯᠵᠢᠨ᠂ ᠬᠦᠷᠢᠶ᠎ᠡ ᠁ᠭᠡᠬᠦ ᠮᠡᠲᠦ    ︵3︶ ᠠᠮᠢᠲᠠᠨ ᠭᠤᠣᠯᠲᠠᠨ ᠤ ᠨᠡᠷ᠎ᠡ ᠲᠠᠢ ᠠᠶ᠎ᠠ᠄ ᠰᠢᠷ᠎ᠠ ᠰᠢᠪᠠᠭᠤᠬᠠᠢ᠂ ᠡᠯᠢᠶ᠎ᠡ᠂ ᠴᠠᠭᠠᠨ ᠯᠠᠪᠠᠢ ᠁ ᠭᠡᠬᠦ ᠮᠡᠲᠦ᠃    ︵4︶ ᠤᠶᠢᠯᠡ ᠬᠦᠳᠡᠯᠭᠡᠭᠡᠨ ᠢᠶᠠᠷ ᠨᠡᠷᠡᠶᠢᠳᠦᠭᠰᠡᠨ ᠠᠶ᠎ᠠ᠄ ᠪᠦᠬᠦᠶᠢᠰᠬᠡᠨ ᠲᠡᠪᠰᠡᠶ᠎ᠡ᠂ ᠵᠧᠬᠦᠷ ᠨᠠᠶᠢᠭᠤᠷ᠂ ᠵᠧ ᠶᠠᠪᠤ᠂ ᠵᠡᠷᠭᠡᠪᠡᠷ ᠶᠠᠪᠦ᠂ ᠵᠣᠯᠢᠭ ᠠᠮᠢᠯᠠᠭᠤᠯᠬᠤ᠂ ᠴᠠᠢ ᠤᠤᠭᠤᠯᠭᠠᠬᠤ᠂ ᠵᠠᠮᠨᠠᠬᠤ᠂ ᠬᠦᠷᠢᠶᠡᠯᠡᠩ ᠁ ᠬᠡᠬᠦ ᠮᠡᠳᠤ    ︵5︶ᠥᠩᠭᠡ ᠪᠤᠳᠤᠭ ᠤᠨ ᠪᠠᠶᠢᠳᠠᠯ ᠲᠠᠢ ᠨᠡᠷᠡᠶᠢᠳᠦᠭᠰᠡᠨ ᠠᠶ᠎ᠠ᠄ ᠴᠣᠬᠤᠷ᠂ ᠠᠯᠲᠠᠨ ᠰᠢᠷᠭᠤᠭᠤᠯ᠂ ᠰᠢᠷ᠎ᠠ ᠰᠢᠪᠠᠭᠤᠬᠠᠢ᠂ ᠬᠤᠩᠭᠤᠷ ᠁ ᠬᠡᠬᠦ ᠮᠠᠳᠤ    ︵6︶ ᠠᠨᠳᠠᠢ ᠲᠠᠭᠤᠯᠠᠬᠤ ᠳᠤ ᠳᠠᠭᠠᠯᠳᠠ ᠦᠭᠡ ᠪᠠᠷ ᠨᠢ ᠨᠡᠷᠡᠶᠢᠳᠦᠭᠰᠡᠨ ᠠᠶ᠎ᠠ᠄ ᠬᠦᠭᠡᠷᠦᠭᠦᠢ᠂ ᠪᠥᠭᠡᠷ᠎ᠡ᠂ ᠪᠥᠭᠡᠷ᠎ᠡ ᠬᠢᠶ᠎ᠡ᠂ ᠪᠥᠮᠪᠦᠷᠡᠢ᠂ ᠡᠶᠡᠰᠬᠦ ᠪᠦᠮᠪᠦᠷᠡᠢ᠂ ᠬᠡᠵᠢᠶ᠎ᠡ᠂ ᠬᠡᠵᠢᠬᠢᠶ᠎ᠡ᠂ ᠬᠡᠵᠤᠤᠷᠠᠢ ᠁ ᠬᠡᠬᠦ ᠮᠡᠳᠤ    ︵7︶ ᠠᠨᠳᠠᠢ ᠳᠠᠭᠤᠯᠠᠬᠤ ᠳᠤ ᠰᠢᠭᠤᠳ ᠬᠡᠷᠡᠭᠯᠡᠬᠦ ᠨᠡᠷᠡᠶᠢᠳᠤᠯ ᠦᠭᠡ ᠪᠠᠷ ᠨᠡᠷᠡᠶᠢᠳᠦᠭᠰᠡᠨ ᠠᠶ᠎ᠠ᠄ ᠠᠰᠠᠭᠤᠬᠤ ᠂ ᠢᠳᠬᠠᠬᠤ᠂ ᠴᠣᠴᠢᠭᠠᠬᠤ᠂ ᠰᠤᠷᠭᠠᠬᠤ᠂ ᠣᠷᠢᠬᠤ᠂ ᠳᠠᠭᠤᠳᠠᠬᠤ᠂ ᠬᠥᠭᠵᠢᠭᠡᠬᠦ᠂ ᠬᠦᠷᠲᠡᠭᠡᠬᠦ᠂ ᠬᠦᠷᠭᠡᠬᠦ᠂ ᠭᠠᠷᠬᠤ᠂ ᠮᠤᠷᠳᠠᠭᠤᠯᠬᠤ ᠁ ᠭᠡᠬᠦ ᠮᠡᠲᠦ ᠤᠯᠠᠨ ᠵᠦᠢᠯ ᠪᠠᠶᠢᠳᠠᠭ᠃    ᠠᠨᠳᠠᠢ ᠠᠶ᠎ᠠ ᠨᠢ ᠬᠦᠮᠦᠨ ᠤ ᠰᠡᠳᠬᠢᠯ ᠤᠨ ᠬᠥᠳᠡᠯᠭᠡᠭᠡᠨ ᠢ ᠰᠢᠭᠤᠳ ᠨᠥᠯᠦᠭᠡᠯᠡᠳᠡᠭ ᠣᠴᠢᠷ ᠠᠴᠠ ᠠᠨᠳᠠᠢ ᠳᠠᠭᠠᠭᠤᠯᠵᠤ ᠳᠠᠭᠤᠯᠠᠬᠤ ᠶᠠᠪᠦᠴᠠ ᠳᠤ ᠥᠪᠡᠷ ᠥᠪᠡᠷ ᠤᠨ ᠬᠢ ᠭᠡᠬᠦ ᠤᠨᠴᠠᠯᠢᠭ ᠲᠤ ᠳᠤᠬᠢᠷᠠᠭᠤᠯᠤᠨ ᠠᠶ᠎ᠠ ᠰᠤᠩᠭᠤᠵᠤ ᠳᠠᠭᠤᠯᠠᠨ᠎ᠠ᠃ ᠳᠠᠷᠤᠢ ᠠᠨᠳᠠᠢ ᠡᠮᠡᠭᠲᠠᠢ ᠶᠢ ᠢᠳᠬᠠᠵᠤ ᠰᠤᠷᠭᠠᠬᠤ ᠳᠤ ᠶᠡᠷᠦᠨᠢ ᠬᠥᠭᠡᠷᠦᠬᠦᠢ᠂ ᠡᠶᠡᠯᠡᠩ᠂ ᠡᠬᠡ ᠠᠶ᠎ᠠ᠂ ᠵᠧ ᠶᠠᠪᠦ᠂ ᠵᠡᠷᠭᠡᠪᠡᠷ ᠶᠠᠪᠦ ᠁ ᠭᠡᠬᠦ ᠮᠡᠲᠦ ᠶᠢᠨ ᠠᠶ᠎ᠠ ᠶᠢ ᠬᠡᠷᠡᠭᠯᠡᠬᠦ ᠳᠤ ᠬᠦᠮᠦᠰ ᠤᠨ ᠤᠷᠮ᠎ᠠ ᠶᠢ ᠬᠥᠭᠵᠢᠭᠡᠵᠦ ᠠᠨᠳᠠᠢ ᠪᠠᠨ ᠬᠥᠭᠵᠢᠭᠦᠯᠦᠨ ᠳᠠᠭᠤᠯᠠᠬᠤ ᠳᠤ ᠪᠥᠬᠦᠰᠬᠢᠨ ᠳᠡᠪᠰᠡᠶ᠎ᠡ᠂ ᠵᠧ ᠣᠳᠣ ᠦᠨᠡᠷᠡᠨ᠂ ᠵᠧᠬᠦᠷ ᠨᠠᠶᠢᠭᠤᠷ ᠭᠡᠬᠦ ᠮᠡᠲᠦ ᠶᠢᠨ ᠠᠶ᠎ᠠ ᠶᠢ ᠬᠡᠷᠡᠭᠯᠡᠵᠦ ᠲᠤᠬᠠᠢ ᠶᠢᠨ ᠲᠠᠯᠠᠪᠠᠢ ᠶᠢᠨ ᠠᠨᠳᠠᠢ ᠳᠤ ᠪᠠᠨ ᠦᠢᠯᠡᠴᠢᠯᠡᠭᠦᠯᠳᠡᠭ ᠪᠢᠯᠡ᠃
 
ᠢᠷᠡᠯᠲᠡ᠄ ᠲᠤᠳᠤᠷᠬᠠᠢ ᠦᠬᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号