ᠪᠤᠶᠠᠨ ᠪᠠᠷᠢᠯᠳᠤᠭᠤᠯᠭᠴᠢ ᠬᠡᠶᠢᠳ ᠬᠠᠳᠠ ᠰᠡᠭᠦᠳᠡᠷᠯᠡᠪᠡ | | | | ᠪᠤᠶᠠᠨ ᠪᠠᠷᠢᠯᠳᠤᠭᠤᠯᠤᠭᠴᠢ ᠬᠡᠶᠢᠳ ︵福缘寺︶ ᠢ ᠴᠢᠩ ᠤᠯᠤᠰ ᠤᠨ ᠲᠡᠭᠷᠢ ᠲᠡᠳᠭᠦᠭᠴᠢ ᠶᠢᠨ | ᠲᠤᠯᠤᠳᠤᠭᠠᠷ ᠤᠨ ︵1742 ᠤᠨ︶ ᠳᠤ ᠪᠠᠶᠢᠭᠤᠯᠵᠠᠢ᠃ ᠲᠡᠮᠳᠡᠭᠯᠡᠯ ᠢ ᠦᠨᠳᠦᠰᠦᠯᠡᠪᠡᠯ᠂ ᠲᠡᠭᠷᠢ ᠲᠡᠳᠭᠦᠭᠴᠢ | ᠶᠢᠨ ᠠᠩᠬᠠᠨ ᠤ ᠤᠨ ᠳᠤ ᠯᠠᠮᠠ ᠨᠠᠷ ᠲᠤᠳᠤᠭᠠᠳᠦ ᠳᠤ ᠪᠠᠨ ᠵᠢᠭᠤᠷᠠᠯᠳᠤᠭᠠᠨ ᠭᠠᠷᠤᠭᠰᠠᠨ ᠳᠤ᠂ ᠭᠦᠷᠢᠶ᠎ᠡ ᠶᠢᠨ | ᠠᠷᠪᠠᠨ ᠬᠤᠶᠠᠳᠤᠭᠠᠷ ᠦᠶ᠎ᠡ ᠶᠢᠨ ᠵᠠᠰᠠᠭ ᠳ᠋ᠠ ᠯᠠᠮᠠ ᠠᠭᠸᠠᠩᠵᠠᠮᠢᠶᠠᠨ ᠬᠤᠳᠤᠭᠳᠦ ᠨᠢᠬᠡ ᠰᠤᠪᠤᠷᠭ᠎ᠠ ᠨᠢᠬᠡ ᠰᠦᠮ᠎ᠡ | ᠶᠢ ᠪᠠᠶᠢᠭᠤᠯᠵᠦ ᠲᠠᠯᠳᠠ ᠠᠴᠠ ᠰᠢᠷ᠎ᠠ ᠶᠢᠨ ᠱᠠᠰᠢᠨ ᠢ ᠲᠦᠢᠪᠡᠬᠡᠵᠦ ᠪᠠᠶᠢᠭ᠎ᠠ ᠠᠳᠠ ᠴᠢᠳᠭᠦᠷ ᠢ ᠲᠠᠷᠤᠩᠭᠤᠶᠢᠯᠠᠵᠦ | ᠬᠡᠨ᠎ᠡ᠃ ᠰᠦᠮ᠎ᠡ ᠶᠢ ᠪᠠᠶᠢᠭᠤᠯᠵᠦ ᠪᠦᠳᠦᠬᠡᠭᠰᠡᠨ ᠤ ᠲᠠᠷᠠᠭ᠎ᠠ᠂ ᠲᠡᠭᠷᠢ ᠲᠡᠳᠭᠦᠭᠴᠢ ᠬᠠᠭᠠᠨ ᠠᠴᠠ ︽ᠪᠤᠶᠠᠨ | ᠪᠠᠷᠢᠯᠳᠤᠭᠤᠯᠤᠭᠴᠢ ᠬᠡᠶᠢᠳ︾ ᠬᠡᠮᠡᠭᠦ ᠨᠠᠷᠠ ᠬᠠᠶᠢᠷᠠᠯᠠᠵᠠᠢ᠃ ︽ᠬᠡᠨᠳᠦᠩ︾ ︵ᠡᠪᠰᠡᠭᠦᠯᠭᠦ︶ ᠨᠠᠷᠠ ᠲᠠᠢ | ᠰᠤᠪᠤᠷᠭ᠎ᠠ ᠶᠢ ᠰᠦᠮ᠎ᠡ ᠶᠢᠨ ᠭᠦᠷᠢᠶᠡᠨ ᠤ ᠠᠷᠦ ᠳᠠᠬᠢ ᠦᠨᠳᠦᠷ ᠤᠷᠤᠢ ᠲᠡᠬᠡᠷ᠎ᠡ ᠪᠤᠰᠬᠠᠵᠦ᠂ ᠳ᠋ᠠᠮᠪᠠᠵᠠᠮᠰᠦ ᠶᠢ | ᠲᠤᠰ ᠰᠦᠮ᠎ᠡ ᠶᠢᠨ ᠳ᠋ᠠ ᠯᠠᠮᠠ ᠪᠠᠷ ᠲᠤᠮᠢᠯᠠᠪᠠ᠃ ᠪᠤᠶᠠᠨ ᠪᠠᠷᠢᠯᠳᠤᠭᠤᠯᠤᠭᠴᠢ ᠬᠡᠶᠢᠳ ᠢ ᠰᠤᠪᠤᠷᠭ᠎ᠠ ᠶᠢᠨ ᠡᠮᠦᠨᠡᠳᠠᠢ | ᠪᠠᠶᠢᠭᠤᠯᠵᠦ ᠡᠮᠦᠨ᠎ᠡ ᠠᠴᠠ ᠬᠤᠶᠢᠰᠢ ᠠᠷᠦ ᠠᠷᠦ ᠠᠴᠠ ᠨᠢ ᠤᠭᠰᠠᠷᠠᠭᠤᠯᠤᠨ ᠰᠦᠮ᠎ᠡ ᠶᠢᠨ ᠬᠠᠭᠠᠯᠭ᠎ᠠ᠂ ᠨᠤᠮ ᠤᠨ | ᠬᠠᠷᠰᠢ᠂ ᠪᠤᠷᠬᠠᠨ ᠤ ᠬᠠᠷᠰᠢ ᠪᠤᠯᠤᠨ ᠯᠤᠤᠶᠧ ᠶᠢᠨ ᠰᠦᠮ᠎ᠡ ᠵᠡᠷᠬᠡ ᠲᠦᠪᠡᠨ ᠰᠦᠮ᠎ᠡ ᠶᠢ ᠪᠠᠷᠢᠵᠠᠢ᠃ ᠵᠡᠭᠦᠨ | ᠪᠠᠷᠠᠭᠤᠨ ᠲᠠᠯ᠎ᠠ ᠶᠢᠨ ᠬᠤᠩᠬᠢᠯ ᠬᠡᠷ ᠤᠨ ᠡᠮᠦᠨ᠎ᠡ ᠦᠵᠦᠭᠦᠷ ᠲᠤ ᠲᠤᠰ ᠪᠦᠷᠢ ᠭᠤᠷᠪᠠᠨ ᠵᠠᠩ ᠲᠠᠰᠢᠭᠤ ᠬᠠᠷᠰᠢ | ᠲᠠᠢ᠂ ᠲᠠᠰᠢᠭᠤ ᠬᠠᠷᠰᠢ ᠪᠤᠯᠤᠨ ᠰᠦᠮ᠎ᠡ ᠶᠢᠨ ᠬᠠᠭᠠᠯᠭ᠎ᠠ ᠶᠢᠨ ᠬᠤᠭᠤᠷᠤᠨᠳᠦ ᠵᠦᠩ ᠬᠡᠩᠬᠡᠷᠬᠡ ᠶᠢᠨ ᠠᠰᠠᠷ ᠲᠠᠢ᠃ | ᠪᠤᠶᠠᠨ ᠪᠠᠷᠢᠯᠳᠤᠭᠤᠯᠤᠭᠴᠢ ᠬᠡᠶᠢᠳ ᠨᠢ ᠨᠠᠶᠢᠳᠠ 4000 ᠢᠯᠡᠭᠦᠦ ᠲᠡᠭᠰᠢ ᠲᠦᠷᠪᠡᠯᠵᠢᠨ ᠮᠧᠲᠷ ᠭᠠᠵᠠᠷ ᠢ | ᠡᠵᠡᠯᠡᠵᠦ ᠪᠠᠶᠢᠨ᠎ᠠ᠃ | ᠬᠠᠭᠠᠯᠭ᠎ᠠ ᠶᠢᠨ ᠬᠡᠶᠢᠳ ᠨᠢ ᠭᠤᠷᠪᠠᠨ ᠵᠠᠩ᠂ ᠲᠤᠮᠳᠠ ᠪᠠᠨ ᠭᠤᠤᠯ ᠡᠭᠦᠳᠠ ᠲᠠᠢ᠂ ᠬᠤᠶᠠᠷ ᠲᠠᠯ᠎ᠠ ᠳᠤ ᠨᠢ | ᠲᠦᠷᠪᠡᠨ ᠮᠠᠬᠠᠷᠠᠠᠽᠠ ᠶᠢᠨ ᠱᠤᠭᠤᠮᠠᠯ ᠭᠦᠷᠦᠭ ᠢ ᠪᠠᠶᠢᠷᠢᠰᠢᠭᠤᠯᠵᠦ᠂ ᠤᠷᠳᠤᠭᠤᠷ ᠨᠢ ᠮᠤᠳᠤᠨ ᠵᠢᠶᠠᠰᠠ ᠲᠠᠢ᠃ | ᠲᠡᠬᠡᠷ᠎ᠡ ᠨᠢ ᠰᠢᠭᠦᠷ᠂ ᠲᠠᠪᠢᠭᠦᠷ᠂ ᠲᠤᠭ᠂ ᠫᠠᠢ᠂ ᠲᠦᠮᠦᠬᠡ ᠵᠡᠷᠬᠡ ᠶᠤᠰᠤᠯᠠᠯ ᠤᠨ ᠡᠳ᠋ ᠢ ᠵᠡᠷᠬᠡᠯᠡᠵᠡᠢ᠃ ᠡᠭᠦᠳᠡᠨ | ᠭᠤᠳᠤᠮᠵᠢ ᠶᠢᠨ ᠭᠤᠤᠯ ᠲᠤᠮᠳᠠ ᠮᠤᠩᠭᠤᠯ᠂ ᠬᠢᠳᠡᠳ᠂ ᠲᠦᠪᠡᠳ ᠢᠶᠠᠷ ᠰᠡᠶᠢᠯᠦᠭᠰᠡᠨ ᠠᠯᠳᠠᠨ ᠦᠰᠦᠭᠳᠡᠢ ᠫᠠᠶᠢᠰᠠ | ᠶᠢ ᠡᠯᠭᠦᠵᠦ ᠪᠠᠶᠢᠳᠠᠭ᠃ ᠬᠠᠭᠠᠯᠭ᠎ᠠ ᠶᠢᠨ ᠰᠦᠮ᠎ᠡ ᠶᠢᠨ ᠬᠤᠶᠠᠷ ᠲᠠᠯ᠎ᠠ ᠳᠤ ᠬᠠᠵᠠᠭᠤ ᠶᠢᠨ ᠬᠡᠷ ᠤᠨ ᠡᠭᠦᠳᠡ ᠲᠠᠢ᠂ | ᠶᠡᠷᠦ ᠶᠢᠨ ᠴᠠᠭ ᠲᠤ ᠡᠨᠡ ᠬᠤᠶᠠᠷ ᠡᠭᠦᠳᠡ ᠪᠠᠷ ᠤᠷᠤᠵᠦ ᠭᠠᠷᠤᠨ᠎ᠠ᠃ | | | | ᠨᠤᠮ ᠤᠨ ᠬᠠᠷᠰᠢ ᠨᠢ ᠲᠦᠪᠡᠳ ᠬᠡᠯᠪᠡᠷᠢᠳᠠᠢ ᠬᠤᠶᠠᠷ ᠲᠠᠪᠬᠤᠷ ᠪᠠᠷᠢᠯᠭ᠎ᠠ ᠪᠤᠯᠤᠨ᠎ᠠ᠃ ᠡᠮᠦᠨᠡᠰᠢ ᠤᠮᠠᠷᠠᠰᠢ | ᠵᠡᠭᠦᠨᠰᠢ ᠪᠠᠷᠠᠭᠤᠠᠰᠢ ᠪᠠᠨ ᠲᠤᠰ ᠲᠤᠰ ᠲᠠᠪᠤᠨ ᠵᠠᠩ ᠪᠠᠶᠢᠳᠠᠭ ᠠᠴᠠ ᠶᠡᠷᠦ ᠳᠤ ᠪᠠᠨ ᠬᠤᠷᠢᠨ ᠲᠠᠪᠤᠨ ᠵᠠᠩ ᠬᠡᠳᠡᠭ᠃ | ᠡᠨᠡ ᠪᠤᠯ ᠰᠦᠮ᠎ᠡ ᠶᠢᠨ ᠯᠠᠮᠠ ᠨᠠᠷ ᠤᠨ ᠬᠤᠷᠠᠯ ᠬᠢᠭᠦ ᠲᠠᠯᠠᠪᠤᠷ ᠮᠦᠨ᠃ ᠰᠦᠮ᠎ᠡ ᠳᠤ ᠽᠦᠩᠺᠠᠪᠠ ᠪᠤᠷᠬᠠᠨ | ᠪᠤᠯᠤᠨ ᠴᠠᠭᠠᠨ ᠳ᠋ᠠᠷ᠎ᠠ᠂ ᠨᠤᠭᠤᠭᠠᠨ ᠳ᠋ᠠᠷ᠎ᠠ ᠡᠬᠡ ᠶᠢᠨ ᠭᠦᠷᠦᠭ ᠢ ᠲᠠᠬᠢᠵᠦ᠂ ᠽᠦᠩᠺᠠᠪᠠ ᠪᠤᠷᠬᠠᠨ ᠤ ᠭᠦᠷᠦᠭ ᠤᠨ | ᠡᠮᠦᠨ᠎ᠡ ᠲᠠᠯ᠎ᠠ ᠳᠤ ᠬᠤᠳᠤᠭᠳᠦ ᠯᠠᠮᠠ ᠶᠢᠨ ᠰᠠᠭᠤᠳᠠᠯ ᠢ ᠲᠠᠯᠪᠢᠵᠦ ᠪᠠᠶᠢᠪᠠ᠃ ᠲᠡᠭᠦᠨ ᠤ ᠡᠮᠦᠨ᠎ᠡ ᠨᠢ ᠯᠠᠮᠠ ᠨᠠᠷ | ᠤᠨ ᠰᠠᠭᠤᠬᠤ 150 ᠰᠠᠭᠤᠳᠠᠯ ᠲᠠᠢ᠂ ᠲᠡᠬᠡᠷ᠎ᠡ ᠨᠢ ᠢᠰᠡᠬᠡᠢ ᠪᠤᠯᠤᠨ ᠬᠡᠪᠢᠰ ᠢ ᠲᠠᠪᠬᠤᠷᠯᠠᠨ ᠲᠡᠪᠢᠰᠴᠦ ᠪᠠᠶᠢᠪᠠ᠃ | ᠬᠤᠶᠠᠳᠤᠭᠠᠷ ᠲᠠᠪᠬᠤᠷᠯᠢᠭ ᠲᠡᠬᠡᠷ᠎ᠡ ᠨᠢ ᠰᠢᠩᠬᠤ ᠪᠠᠷ ᠲᠠᠷᠤᠮᠯᠠᠭᠰᠠᠨ ᠪᠡᠬᠡᠵᠢᠩ ᠪᠠᠷ ᠤᠨ 120 ᠪᠤᠳᠢ ︽ᠭᠠᠨᠵᠤᠤᠷ | ᠤᠨ ᠰᠤᠳᠤᠷ︾ ᠢ ᠬᠠᠳᠠᠭᠠᠯᠠᠵᠦ ᠪᠠᠶᠢᠵᠠᠢ᠃ ᠨᠤᠮ ᠤᠨ ᠬᠠᠷᠰᠢ ᠶᠢᠨ ᠠᠷᠦ ᠲᠠᠯ᠎ᠠ ᠳᠤ ᠲᠠᠷᠤᠢ ᠪᠤᠷᠬᠠᠨ ᠤ ᠬᠠᠷᠰᠢ | ᠪᠤᠯᠤᠨ᠎ᠠ᠃ | ᠪᠤᠷᠬᠠᠨ ᠤ ᠬᠠᠰᠢ ᠪᠤᠯ ᠪᠤᠶᠠᠨ ᠪᠠᠷᠢᠯᠳᠤᠭᠤᠯᠤᠭᠴᠢ ᠬᠡᠶᠢᠳ ᠤᠨ ᠭᠤᠤᠯ ᠰᠦᠮ᠎ᠡ ᠪᠤᠯᠤᠨ᠎ᠠ᠃ ᠲᠡᠭᠦᠨ ᠤ | ᠪᠠᠷᠢᠯᠭ᠎ᠠ ᠶᠢᠨ ᠬᠡᠪ ᠶᠠᠩᠵᠦ ᠨᠢ ᠰᠢᠷᠡᠬᠡᠳᠦ ᠭᠦᠷᠢᠶ᠎ᠡ ᠶᠢᠨ ᠪᠤᠢ ᠪᠦᠭᠦᠢ ᠰᠦᠮ᠎ᠡ ᠬᠡᠶᠢᠳ ᠤᠨ ᠲᠤᠳᠤᠷ᠎ᠠ ᠤᠨᠴᠠᠭᠠᠢ | ᠬᠡᠪ ᠨᠠᠮᠪᠠ ᠲᠠᠢ ᠶᠤᠮ᠃ ᠡᠨᠡ ᠰᠦᠮ᠎ᠡ ᠳᠤ ᠭᠤᠷᠪᠠᠨ ᠴᠠᠭ ᠤᠨ ᠪᠤᠷᠬᠠᠨ ᠢ ᠲᠠᠬᠢᠵᠦ ᠪᠠᠶᠢᠵᠠᠢ᠃ ᠪᠤᠷᠬᠠᠨᠨ ᠬᠠᠷᠰᠢ | ᠶᠢᠨ ᠠᠷᠦ ᠲᠠᠯ᠎ᠠ ᠳᠤ ᠬᠤᠶᠠᠷ ᠰᠠᠭᠤᠷᠢ ᠭᠦᠭᠰᠢᠨ ᠮᠤᠳᠦ ᠲᠠᠢ᠃ ᠵᠡᠭᠦᠨ ᠲᠠᠯ᠎ᠠ ᠶᠢᠨ ᠬᠢᠨᠢ ᠨᠠᠷᠠᠰᠦ᠂ ᠪᠠᠷᠠᠭᠤᠨ | ᠲᠠᠯ᠎ᠠ ᠶᠢᠨ ᠬᠢᠨᠢ ᠠᠷᠴᠠ᠂ ᠮᠤᠳᠤᠨ ᠤ ᠤᠷᠤᠢ ᠨᠢ ᠪᠤᠷᠬᠠᠨ ᠤ ᠬᠠᠷᠰᠢ ᠶᠢᠨ ᠤᠷᠤᠢ ᠳᠠᠬᠢ ᠭᠠᠨᠵᠢᠷ᠎ᠠ ᠲᠠᠢ ᠰᠠᠴᠠᠭᠤ | ᠪᠠᠶᠢᠳᠠᠭ᠃ ᠡᠨᠡ ᠬᠤᠶᠠᠷ ᠭᠦᠭᠰᠢᠨ ᠮᠤᠳᠦ ᠤᠳᠦ 250 ᠵᠢᠯ ᠪᠤᠯᠵᠦ ᠪᠠᠶᠢᠨ᠎ᠠ᠃ ᠡᠨᠡ ᠬᠤᠶᠠᠷ ᠭᠦᠭᠰᠢᠨ ᠮᠤᠳᠤᠨ | ᠤ ᠬᠤᠶᠢᠳᠦ ᠲᠠᠯ᠎ᠠ ᠳᠤ ᠨᠢ ᠬᠤᠶᠠᠷ ᠲᠠᠪᠬᠤᠷᠯᠢᠭ ᠯᠤᠤᠶᠧ ᠶᠢᠨ ᠰᠦᠮ᠎ᠡ ᠪᠤᠢ᠃ | ᠯᠤᠤᠶᠧ ᠶᠢᠨ ᠰᠦᠮ᠎ᠡ ᠪᠤᠯ ᠲᠠᠪᠤᠨ ᠵᠠᠩ ᠪᠦᠬᠡᠳ ᠲᠤᠮᠳᠠᠬᠢ ᠭᠤᠷᠪᠠᠨ ᠲᠠᠰᠤᠯᠭ᠎ᠠ ᠨᠢ ᠬᠤᠶᠠᠷ ᠲᠠᠯ᠎ᠠ ᠶᠢᠨ | ᠬᠢ ᠠᠴᠠ ᠪᠠᠨ ᠨᠢᠬᠡ ᠲᠤᠬᠤᠢ ᠦᠨᠳᠦᠷ ᠪᠠᠶᠢᠳᠠᠭ᠃ ᠠᠳᠠ ᠭᠤᠸᠠᠨ ᠭᠦᠩ ᠪᠤᠭᠳᠠ ᠶᠢ ᠲᠠᠬᠢᠵᠦ ᠪᠠᠶᠢᠨ᠎ᠠ᠃ | ᠵᠡᠭᠦᠨ ᠲᠠᠯ᠎ᠠ ᠶᠢᠨ ᠨᠢᠬᠡᠨ ᠲᠠᠰᠤᠯᠭ᠎ᠠ ᠨᠢ ᠨᠠᠰᠤᠨ ᠤᠷᠳᠤᠳᠬᠠᠭᠴᠢ ᠬᠡᠶᠢᠳ ᠤᠨ ᠮᠠᠶᠢᠳᠠᠷᠢ ᠬᠤᠳᠤᠭᠳᠦ ᠭᠦᠷᠢᠶ᠎ᠡ | ᠳᠤ ᠨᠤᠮ ᠲᠠᠯᠪᠢᠪᠠᠯ ᠪᠠᠭᠤᠬᠤ ᠬᠡᠷ ᠪᠤᠯᠬᠤᠷ ︽ᠬᠡᠬᠡᠨ ᠤ ᠤᠷᠳᠦ︾ ᠬᠡᠳᠡᠭ᠃ ᠪᠠᠷᠠᠭᠤᠨ ᠲᠠᠯ᠎ᠠ ᠶᠢᠨ ᠨᠢᠬᠡ | ᠲᠠᠰᠤᠯᠭ᠎ᠠ ᠳᠤ ᠭᠤᠸᠠᠨ ᠯᠤᠤᠶᠧ ᠶᠢᠨ ᠲᠠᠮ ᠢᠯᠳᠦ᠂ ᠡᠮᠡᠭᠡᠯ ᠪᠠ ᠨᠢᠶᠠᠨ ᠲᠡᠷᠬᠡ ᠵᠡᠷᠬᠡ ᠶᠢ ᠬᠠᠳᠠᠭᠠᠯᠠᠵᠦ ᠪᠠᠶᠢᠪᠠ᠃ | ᠬᠤᠶᠠᠳᠤᠭᠠᠷ ᠲᠠᠪᠬᠤᠷᠯᠢᠭ ᠲᠡᠬᠡᠷ᠎ᠡ ᠨᠢ ᠭᠠᠤᠯᠢ ᠪᠠᠷ ᠪᠦᠳᠦᠬᠡᠵᠦ ᠠᠯᠳᠠ ᠪᠠᠷ ᠦᠩᠬᠡᠯᠡᠭᠰᠡᠨ ᠭᠤᠷᠪᠠᠨ ᠲᠤᠬᠤᠢ | ᠦᠨᠳᠦᠷ ᠱᠠᠷᠢᠯ ᠤᠨ ᠰᠤᠪᠤᠷᠭ᠎ᠠ ᠲᠠᠢ᠃ ᠲᠤᠳᠤᠷ᠎ᠠ ᠨᠢ ᠭᠦᠷᠢᠶ᠎ᠡ ᠶᠢᠨ ᠠᠷᠪᠠᠨ ᠬᠤᠶᠠᠳᠤᠭᠠᠷ ᠦᠶ᠎ᠡ ᠶᠢᠨ ᠵᠠᠰᠠᠭ | ᠳ᠋ᠠ ᠯᠠᠮᠠ ᠠᠭᠸᠠᠩᠵᠠᠮᠢᠶᠠᠨ ᠤ ᠱᠠᠷᠢᠯ ᠢ ᠲᠠᠯᠪᠢᠵᠦ ᠪᠠᠶᠢᠵᠠᠢ᠃ | ᠠᠭᠸᠠᠩᠵᠠᠮᠢᠶᠠᠨ ᠬᠤᠳᠤᠭᠳᠦ ᠵᠠᠰᠠᠭ ᠳ᠋ᠠ ᠯᠠᠮᠠ ᠶᠢᠨ ᠲᠤᠰᠢᠶᠠᠯ ᠳᠤ 32 ᠵᠢᠯ ᠰᠠᠭᠤᠵᠦ᠂ ᠪᠤᠷᠬᠠᠨ ᠤ | ᠨᠤᠮᠯᠠᠯ ᠢ ᠲᠤᠳᠤᠷᠬᠠᠶᠢᠯᠠᠨ ᠦᠭᠦᠯᠡᠵᠦ᠂ ᠰᠡᠬᠢᠯ ᠰᠠᠨᠸᠠᠷ ᠢ ᠡᠮᠬᠢᠯᠡᠨ ᠴᠡᠭᠴᠡᠯᠡᠵᠦ᠂ ᠪᠤᠷᠬᠠᠨ ᠱᠠᠰᠢᠨ ᠢ | ᠲᠡᠯᠬᠡᠷᠡᠭᠦᠯᠭᠦ ᠲᠠᠯ᠎ᠠ ᠳᠤ ᠭᠠᠪᠢᠶ᠎ᠠ ᠵᠢᠳᠭᠦᠯ ᠢᠶᠠᠨ ᠦᠵᠡᠭᠦᠯᠦᠭᠰᠡᠨ ᠪᠠᠶᠢᠨ᠎ᠠ᠃ ᠲᠡᠭᠷᠢ ᠲᠡᠳᠭᠦᠭᠴᠢ ᠶᠢᠨ ᠠᠷᠪᠠ | ᠶᠢᠰᠦᠳᠦᠬᠡᠷ ᠤᠨ ︵1754 ᠤᠨ︶ ᠳᠤ᠂ ᠲᠡᠭᠷᠢ ᠲᠡᠳᠭᠦᠭᠴᠢ ᠬᠠᠭᠠᠨ ᠵᠡᠭᠦᠨᠰᠢ ᠲᠤᠭᠤᠷᠢᠨ ᠱᠸᠠᠩᠵᠢᠩ ︵ | ᠮᠦᠭᠳᠡᠨ︶ ᠳᠤ ᠤᠴᠢᠬᠤ ᠵᠠᠮ ᠳᠤ ᠪᠠᠨ ᠬᠡᠤᠬᠡᠨ ᠭᠤᠤᠯ ︵扣河︶ ᠳᠤ ᠢᠷᠡᠵᠦ᠂ ᠲᠦᠩᠱᠢ ᠠᠶᠢᠯ ᠤᠨ | ᠲᠠᠪᠤᠨ ᠲᠤᠯᠤᠭᠠᠶᠢᠳᠦ ᠠᠭᠤᠯᠠᠨ ᠳᠤ ᠪᠠᠭᠤᠳᠠᠯᠯᠠᠪᠠ᠃ ᠠᠭᠸᠠᠩᠵᠠᠮᠢᠶᠠᠨ ᠬᠤᠳᠤᠭᠳᠦ ᠦᠪᠡᠷ ᠤᠨ ᠪᠡᠶ᠎ᠡ ᠪᠠᠷ ᠢᠶᠠᠨ | ᠤᠯᠠᠨ ᠯᠠᠮᠠ ᠨᠠᠷ ᠢᠶᠠᠨ ᠲᠠᠭᠠᠭᠤᠯᠵᠦ ᠬᠠᠭᠠᠨ ᠡᠵᠡᠨ ᠢ ᠤᠭᠳᠤᠵᠦ᠂ ᠶᠤᠰᠤᠨ ᠤ ᠡᠳ᠋ ᠢ ᠡᠷᠭᠦᠪᠡ᠃ ᠬᠠᠭᠠᠨ | ᠪᠠᠶᠠᠷᠯᠠᠵᠦ 64 ᠪᠦᠭᠦᠯᠢ ᠲᠤᠷᠭ᠎ᠠ ᠪᠠᠷ ᠱᠠᠩᠨᠠᠪᠠ᠃ ᠬᠤᠵᠢᠮ ᠨᠢ ᠡᠭᠦᠨ ᠢᠶᠠᠷ ᠴᠠᠮ ᠤᠨ ᠬᠤᠪᠴᠠᠰᠦ ᠬᠢᠪᠡ ᠬᠡᠨ᠎ᠡ᠃ | | ᠰᠢᠷᠡᠬᠡᠳᠦ ᠭᠦᠷᠢᠶ᠎ᠡ ᠬᠡᠳᠦᠶᠢᠪᠠᠷ ᠯᠠᠮᠠ ᠶᠢᠨ ᠬᠤᠰᠢᠭᠤ ᠬᠡᠳᠡᠭ ᠪᠤᠯᠪᠠᠴᠦ ᠤᠭ ᠲᠤ ᠪᠠᠨ ᠷᠠᠰᠠᠩ ᠦᠬᠡᠢ | ᠪᠠᠶᠢᠵᠠᠢ᠃ 20 ᠳ᠋ᠤᠭᠠᠷ ᠵᠠᠭᠤᠨ ᠤ ᠬᠤᠷᠢᠭᠠᠳ ᠤᠨ ᠤ ᠦᠶ᠎ᠡ ᠳᠤ ᠰᠠᠶ᠋ᠢ ᠴᠤᠶᠢᠷᠸ᠎ᠠ ᠷᠠᠰᠠᠩ ᠭᠠᠷᠭᠠᠬᠤ ᠪᠠᠷ | ᠪᠡᠯᠡᠳᠬᠡᠵᠡᠢ᠃ ᠡᠶᠢᠮᠦ ᠠᠴᠠ ᠵᠢᠯ ᠪᠦᠷᠢ 20 ᠨᠠᠷᠠᠰ ᠵᠠᠯᠠᠭᠤ ᠯᠠᠮᠠ ᠶᠢ ᠨᠠᠰᠤᠨ ᠤᠷᠳᠤᠳᠬᠠᠭᠴᠢ ᠬᠡᠶᠢᠳ ᠤᠨ | ᠮᠠᠶᠢᠳᠠᠷᠢ ᠬᠤᠳᠤᠭᠳᠦ ᠶᠢᠨ ᠲᠡᠷᠬᠡᠳᠠ ᠤᠴᠢᠭᠤᠯᠤᠨ ᠰᠤᠷᠭᠠᠳᠠᠭ᠃ ᠲᠦᠷᠪᠡ ᠲᠠᠪᠤᠨ ᠵᠢᠯ ᠤᠨ ᠲᠠᠷᠠᠭ᠎ᠠ᠂ ᠲᠠᠷᠤᠢ | 1926 ᠤᠨ ᠤ 6 ᠰᠠᠷ᠎ᠠ ᠶᠢᠨ ᠡᠬᠢ ᠪᠠᠷ ᠨᠠᠰᠤᠨ ᠤᠷᠳᠤᠳᠬᠠᠭᠴᠢ ᠬᠡᠶᠢᠳ ᠲᠤ ᠤᠴᠢᠵᠦ ᠰᠤᠷᠤᠯᠴᠠᠭᠰᠠᠨ | ᠲᠡᠳᠡᠬᠡᠷ ᠵᠠᠭᠤ ᠭᠠᠷᠤᠢ ᠯᠠᠮᠠ ᠨᠠᠷ ᠢ ᠪᠤᠶᠠᠨ ᠪᠠᠷᠢᠯᠳᠤᠭᠤᠯᠤᠭᠴᠢ ᠬᠡᠶᠢᠳ ᠲᠤ ᠢᠷᠡᠭᠦᠯᠵᠦ᠂ ᠮᠠᠶᠢᠳᠠᠷᠢ ᠬᠤᠳᠤᠭᠳᠦ | ᠶᠢ ᠭᠦᠷᠢᠶ᠎ᠡ ᠳᠤ ᠵᠠᠯᠠᠵᠦ ᠠᠪᠴᠢᠷᠠᠭᠠᠳ ᠴᠦᠢᠷᠸᠠ ᠷᠠᠰᠠᠩ ᠤᠨ ᠳ᠋ᠠ ᠯᠠᠮᠠ ᠪᠤᠯᠭᠠᠵᠠᠢ᠃ ᠮᠠᠶᠢᠳᠠᠷᠢ ᠬᠤᠳᠤᠭᠳᠦ | ᠭᠦᠷᠢᠶ᠎ᠡ ᠳᠤ 3 ᠵᠢᠯ ᠰᠢᠬᠠᠮ ᠰᠠᠭᠤᠵᠦ ᠰᠦᠮ᠎ᠡ ᠳᠤ ᠪᠠᠨ ᠪᠤᠴᠠᠵᠠᠢ᠃ ᠮᠠᠶᠢᠳᠠᠷᠢ ᠬᠤᠳᠤᠭᠳᠦ ᠶᠠᠪᠤᠭᠰᠠᠨ ᠤ | ᠲᠠᠷᠠᠭ᠎ᠠ ᠲᠦᠮᠡᠳ ᠠᠴᠠ ᠨᠢᠬᠡ ᠯᠠᠮᠠ ᠵᠠᠯᠠᠵᠦ ᠠᠪᠴᠢᠷᠠᠭᠠᠳ ᠳ᠋ᠠ ᠯᠠᠮᠠ ᠶᠢᠨ ᠲᠤᠰᠢᠶᠠᠯ ᠢ ᠬᠠᠷᠢᠭᠤᠴᠠᠭᠤᠯᠪᠠ᠃ | ᠬᠤᠵᠢᠮ ᠨᠢ ᠲᠦᠪᠡᠳ ᠲᠤ ᠰᠤᠷᠭᠠᠯ ᠭᠦᠷᠳᠡᠭᠰᠡᠨ ᠪᠢᠯᠢᠭᠦᠨ ᠲᠤᠷᠤᠮᠪᠠ ᠪᠠᠷ ᠳ᠋ᠠ ᠯᠠᠮᠠ ᠶᠢᠨ ᠲᠤᠰᠢᠶᠠᠯ ᠢ | ᠬᠠᠷᠢᠭᠤᠴᠠᠭᠤᠯᠵᠠᠢ᠃ ᠡᠬᠢᠨ ᠳᠤ ᠪᠠᠨ ᠴᠤᠶᠢᠷᠸ᠎ᠠ ᠷᠠᠰᠠᠩ ᠪᠤᠯᠤᠨ ᠪᠤᠶᠠᠨ ᠪᠠᠷᠢᠯᠳᠤᠭᠤᠯᠤᠭᠴᠢ ᠬᠡᠶᠢᠳ | ᠬᠤᠭᠤᠷᠤᠨᠳᠦ ᠪᠠᠨ ᠬᠠᠷᠢᠯᠴᠠᠨ ᠬᠠᠷᠢᠶᠠᠯᠠᠭᠳᠠᠬᠤ ᠬᠠᠷᠢᠴᠠᠭ᠎ᠠ ᠦᠬᠡᠢ ᠪᠠᠶᠢᠪᠠ᠃ ᠬᠤᠶᠠᠷ ᠵᠢᠯ ᠤᠨ ᠲᠠᠷᠠᠭ᠎ᠠ | ᠨᠡᠶᠢᠯᠡᠬᠡᠳ ᠨᠠᠶᠢᠳᠠ 110 ᠭᠠᠷᠤᠢ ᠯᠠᠮᠠ ᠲᠠᠢ ᠪᠤᠯᠵᠠᠢ᠃ ᠪᠤᠶᠠᠨ ᠪᠠᠷᠢᠯᠳᠤᠭᠤᠯᠤᠭᠴᠢ ᠬᠡᠶᠢᠳ ᠲᠤ ᠳ᠋ᠠ ᠯᠠᠮᠠ ᠶᠢᠨ | ᠲᠤᠤᠷ᠎ᠠ ᠨᠢᠬᠡ ᠲᠠᠮᠴᠢ ᠲᠠᠯᠪᠢᠵᠦ᠂ ᠰᠦᠮ᠎ᠡ ᠬᠡᠶᠢᠳ ᠤᠨ ᠶᠠᠪᠤᠳᠠᠯ ᠢ ᠬᠠᠮᠢᠶᠠᠷᠠᠭᠤᠯᠪᠠ᠃ ᠡᠭᠦᠨ ᠠᠴᠠ ᠭᠠᠳᠠᠨ᠎ᠠ | ᠪᠠᠰᠠ ᠨᠢᠷᠪᠡ᠂ ᠪᠤᠶᠢᠳᠠ ᠵᠡᠷᠬᠡ ᠶᠠᠪᠤᠳᠠᠯ ᠤᠨ ᠯᠠᠮᠠ ᠭᠠᠷᠭᠠᠵᠠᠢ᠃ |