ᠰᠤᠶᠤᠯ ᠵᠤᠬᠢᠰᠳᠦ ᠬᠡᠶᠢᠳ
ᠨᠡᠶᠢᠲᠡᠯᠡᠭᠰᠡᠨ ᠴᠠᠭ᠄
2024/3/28
ᠰᠤᠶᠤᠯ ᠵᠤᠬᠢᠰᠳᠦ ᠬᠡᠶᠢᠳ  
    ᠰᠤᠶᠤᠯ ᠵᠤᠬᠢᠰᠳᠦ ᠬᠡᠶᠢᠳ ︵象教寺︶   ᠨᠢ ᠡᠬᠡ ᠶᠦᠭᠡᠨ ᠪᠠᠳᠠᠷᠠᠭᠤᠯᠤᠭᠴᠢ ᠬᠡᠶᠢᠳ ᠤᠨ ᠵᠡᠭᠦᠨ ᠲᠠᠯ᠎ᠠ ᠳᠤ ᠪᠠᠶᠢᠷᠢᠰᠢᠵᠦ ᠪᠠᠶᠢᠳᠠᠭ᠃ ᠡᠩᠬᠡ ᠠᠮᠤᠭᠤᠯᠠᠩ ᠤᠨ ᠶᠢᠰᠦᠳᠦᠬᠡᠷ ᠤᠨ ︵1670 ᠤᠨ︶ ᠳᠤ ᠪᠠᠶᠢᠭᠤᠯᠵᠠᠢ᠃ ᠰᠤᠶᠤᠯ ᠵᠤᠬᠢᠰᠳᠦ ᠬᠡᠶᠢᠳ ᠢ ᠪᠠᠰᠠ ᠸᠠᠩ ᠤᠨ ᠤᠷᠳᠤᠨ ᠤ ᠰᠦᠮ᠎ᠡ ︵王爷府庙︶ ᠬᠡᠵᠦ ᠬᠡᠯᠡᠳᠡᠭ᠃ ᠤᠴᠢᠷ ᠨᠢ ᠰᠢᠷᠡᠬᠡᠳᠦ ᠭᠦᠷᠢᠶ᠎ᠡ ᠶᠢᠨ ᠨᠤᠶᠠᠷᠬᠠᠯ ᠤᠨ ᠪᠠᠶᠢᠭᠤᠯᠤᠮᠵᠢ — ᠵᠠᠰᠠᠭ ᠳ᠋ᠠ ᠯᠠᠮᠠ ᠶᠢᠨ ᠠᠵᠢᠯᠯᠠᠬᠤ ᠭᠠᠵᠠᠷ ᠪᠠ ᠲᠦᠷᠦ ᠱᠠᠰᠢᠨ ᠤ ᠡᠷᠬᠡ ᠶᠢ ᠶᠠᠪᠤᠭᠳᠠᠭᠤᠯᠬᠤ ᠲᠠᠮᠠᠭᠠᠨ ᠭᠠᠵᠠᠷ ᠪᠠᠶᠢᠭ᠎ᠠ ᠪᠤᠯᠬᠤᠷ ᠸᠠᠩ ᠤᠨ ᠤᠷᠳᠤᠨ ᠤ ᠰᠦᠮ᠎ᠡ ᠬᠡᠵᠦ ᠬᠡᠯᠡᠳᠡᠭ᠃     ᠰᠤᠶᠤᠯ ᠵᠤᠬᠢᠰᠳᠦ ᠬᠡᠶᠢᠳ ᠨᠢ ᠰᠦᠮ᠎ᠡ ᠶᠢᠨ ᠬᠠᠭᠠᠯᠭ᠎ᠠ᠂ ᠮᠠᠶᠢᠳᠠᠷᠢ ᠪᠤᠷᠬᠠᠨ ᠤ ᠬᠠᠷᠰᠢ᠂ ᠠᠶᠤᠰᠢ ᠶᠢᠨ ᠰᠦᠮ᠎ᠡ᠂ ᠬᠠᠰ ᠲᠤᠯᠭᠠᠭᠤᠷᠳᠦ ᠲᠠᠩᠬᠢᠮ᠂ ᠳ᠋ᠠᠷ᠎ᠠ ᠡᠬᠡ ᠶᠢᠨ ᠰᠦᠮ᠎ᠡ ᠵᠡᠷᠬᠡ ᠪᠠᠷ ᠪᠦᠷᠢᠯᠳᠦᠭᠰᠡᠨ ᠪᠦᠬᠡᠳ ᠲᠡᠭᠦᠨ  ᠤ ᠪᠠᠷᠢᠯᠭ᠎ᠠ ᠨᠢ ᠡᠳᠡᠬᠡᠳ ᠤᠨᠴᠠᠯᠢᠭ ᠲᠠᠢ᠃ ᠰᠦᠮ᠎ᠡ ᠶᠢᠨ ᠬᠠᠭᠠᠯᠭ᠎ᠠ ᠨᠢ ᠭᠦᠷᠢᠶᠡᠨ ᠬᠡᠷᠡᠮ ᠤᠨ ᠲᠤᠳᠤᠷ᠎ᠠ ᠪᠠᠶᠢᠵᠦ᠂ ᠡᠮᠦᠨ᠎ᠡ ᠲᠠᠯ᠎ᠠ ᠳᠤ ᠨᠢ ᠴᠠᠮ ᠤᠨ ᠲᠠᠯᠠᠪᠤᠷ ᠲᠠᠢ᠃ ᠡᠬᠡ ᠶᠦᠭᠡᠨ ᠪᠠᠳᠠᠷᠠᠭᠤᠯᠤᠭᠴᠢ ᠰᠦᠮ᠎ᠡ ᠶᠢᠨ ᠴᠠᠭᠠᠨ ᠰᠠᠷ᠎ᠠ ᠶᠢᠨ ᠬᠤᠷᠠᠯ ᠪᠤᠯᠤᠨ ᠵᠢᠷᠭᠤᠭᠠᠨ ᠰᠠᠷ᠎ᠠ ᠶᠢᠨ ᠬᠤᠷᠠᠯ ᠲᠡᠬᠡᠷ᠎ᠡ ᠴᠦᠮ ᠠᠳᠠ ᠴᠠᠮ ᠴᠠᠮᠨᠠᠳᠠᠭ᠃ ᠰᠤᠶᠤᠯ ᠵᠤᠬᠢᠰᠳᠦ ᠬᠡᠶᠢᠳ ᠤᠨ ᠬᠠᠭᠠᠯᠭ᠎ᠠ ᠨᠢ ᠭᠤᠷᠪᠠᠨ ᠵᠠᠩ ᠰᠦᠮ᠎ᠡ ᠪᠤᠯᠤᠨ᠎ᠠ᠃ ᠭᠤᠷᠪᠠᠨ ᠡᠭᠦᠳᠠ ᠲᠠᠢ᠂ ᠭᠤᠤᠯ ᠲᠤᠮᠳᠠᠬᠢ ᠶᠡᠭᠡ ᠡᠭᠦᠳᠠ ᠶᠢ ᠶᠡᠷᠦ ᠶᠢᠨ ᠴᠠᠭ ᠲᠤ ᠨᠡᠬᠡᠬᠡᠭᠦ ᠦᠬᠡᠢ᠂ ᠵᠦᠪᠬᠡᠨ ᠬᠤᠶᠠᠷ ᠲᠠᠯ᠎ᠠ ᠶᠢᠨ ᠪᠠᠭ᠎ᠠ ᠡᠭᠦᠳᠡ ᠪᠠᠷ ᠭᠠᠷᠴᠦ ᠤᠷᠤᠳᠠᠭ ᠪᠠᠶᠢᠨ᠎ᠠ᠃ ᠰᠦᠮ᠎ᠡ ᠶᠢᠨ ᠬᠠᠭᠠᠯᠭ᠎ᠠ ᠶᠢᠨ ᠬᠤᠶᠠᠷ ᠲᠠᠯ᠎ᠠ ᠳᠤ ᠲᠤᠰ ᠪᠦᠷᠢ ᠬᠤᠶᠠᠷ ᠵᠠᠩ ᠵᠢᠭᠦᠷ ᠤᠨ ᠬᠡᠷ ᠲᠠᠢ᠃ ᠪᠠᠷᠠᠭᠤᠨ ᠲᠠᠯ᠎ᠠ ᠶᠢ ᠨᠢ ᠵᠡᠭᠦᠨ ᠡᠮᠦᠨ᠎ᠡ ᠵᠦᠭ ᠬᠠᠨᠳᠤᠭᠤᠯᠵᠦ᠂ ᠵᠡᠭᠦᠨ ᠲᠠᠯ᠎ᠠ ᠶᠢ ᠨᠢ ᠪᠠᠷᠠᠭᠤᠨ ᠡᠮᠦᠨ᠎ᠡ ᠵᠦᠭ ᠬᠠᠨᠳᠤᠭᠤᠯᠤᠨ ᠪᠠᠷᠢᠵᠠᠢ᠃ ᠴᠠᠮ ᠴᠠᠮᠨᠠᠬᠤ ᠦᠶ᠎ᠡ ᠳᠤ ᠵᠠᠰᠠᠭ᠂ ᠲᠠᠮᠴᠢ ᠵᠡᠷᠬᠡ ᠬᠡᠷᠬᠡᠮᠳᠡᠨ ᠯᠠᠮᠠ ᠠᠳᠠ ᠰᠠᠭᠤᠵᠦ ᠴᠠᠮ ᠢ ᠦᠵᠡᠳᠡᠭ᠃ ᠲᠠᠯᠠᠪᠤᠷ ᠤᠨ ᠡᠮᠦᠨ᠎ᠡ ᠲᠠᠯ᠎ᠠ ᠳᠤ ᠭᠦᠷᠢᠶᠡᠨ ᠬᠡᠷᠡᠮ ᠤᠨ ᠲᠤᠳᠤᠨ᠎ᠠ ᠦᠨᠳᠦᠷ ᠢᠶᠠᠷ ᠢᠶᠠᠨ ᠨᠢᠬᠡ ᠬᠤᠤᠰ ᠠᠯᠳᠠ ᠵᠡᠭᠦᠨᠰᠢ ᠪᠠᠷᠠᠭᠤᠨᠰᠢ ᠠᠷᠪᠠᠭᠠᠳ ᠬᠤᠤᠰ ᠠᠯᠳᠠ ᠤᠷᠳᠦ ᠬᠠᠯᠬᠠᠪᠴᠢ ᠬᠡᠷᠡᠮ ᠲᠠᠢ᠂ ᠬᠡᠷᠡᠮ ᠢ ᠨᠠᠭᠠᠯᠳᠤᠭᠤᠯᠤᠨ ᠬᠠᠨᠵᠦ ᠬᠡᠯᠪᠡᠷᠢ ᠲᠠᠢ ᠲᠠᠶᠢᠰᠠ ᠵᠤᠬᠢᠶᠠᠵᠠᠢ᠃ ᠴᠠᠮ ᠴᠠᠮᠨᠠᠬᠤ ᠦᠶ᠎ᠡ ᠳᠤ ᠡᠨᠡ ᠲᠠᠶᠢᠰᠠᠨ ᠲᠡᠬᠡᠷ᠎ᠡ ᠤᠮᠵᠠᠳ᠂ ᠬᠠᠮᠵᠠ ᠪᠤᠯᠤᠨ ᠭᠦᠭᠵᠢᠮᠴᠢᠨ ᠯᠠᠮᠠ ᠭᠤᠴᠢ ᠭᠠᠷᠤᠢ ᠰᠢᠬᠠᠮ ᠭᠦᠮᠦᠨ ᠰᠠᠭᠤᠳᠠᠭ᠃ ᠴᠠᠮ ᠤᠨ ᠲᠠᠯᠠᠪᠤᠷ ᠤᠨ ᠡᠮᠦᠨ᠎ᠡ ᠲᠠᠯ᠎ᠠ ᠳᠤ ᠶᠡᠭᠡ ᠡᠭᠦᠳᠡ ᠶᠢᠨ ᠡᠮᠦᠨ᠎ᠡ ᠨᠢᠬᠡᠨ ᠬᠤᠳᠳᠤᠭ ᠲᠠᠢ᠂ ᠬᠤᠳᠳᠤᠭ ᠤᠨ ᠪᠠᠷᠠᠭᠤᠨ ᠲᠠᠯ᠎ᠠ ᠳᠤ ᠲᠠᠪᠤᠨ ᠵᠠᠩ ᠬᠤᠭᠤᠯᠠᠨ ᠬᠡᠷ ᠪᠠᠶᠢᠵᠦ᠂ ᠲᠤᠳᠤᠷ᠎ᠠ ᠨᠢ ᠨᠢᠬᠡ ᠯᠡ ᠤᠳᠠᠭ᠎ᠠ  ᠳᠤ ᠬᠤᠶᠠᠷ ᠳ᠋ᠠᠨ ᠪᠤᠳᠠᠭ᠎ᠠ ᠴᠢᠨᠠᠳᠠᠭ ᠲᠤᠮᠤ ᠮᠠᠩᠵᠠᠨ ᠲᠤᠭᠤᠭ᠎ᠠ ᠨᠢᠬᠡ᠂ ᠪᠠᠭ᠎ᠠ ᠮᠠᠩᠵᠠᠨ ᠲᠤᠭᠤᠭ᠎ᠠ ᠬᠤᠶᠠᠷ ᠪᠠᠶᠢᠳᠠᠭ᠃ ᠤᠳᠠᠭ᠎ᠠ ᠪᠦᠷᠢ ᠶᠢᠨ ᠬᠤᠷᠠᠯ ᠴᠤᠭᠯᠠᠭᠠᠨ ᠬᠢᠭᠦ ᠳᠤ ᠡᠨᠡ ᠲᠤᠭᠤᠭᠠᠨ ᠳᠤ ᠪᠤᠳᠠᠭ᠎ᠠ ᠴᠢᠨᠠᠳᠠᠭ᠃ ᠰᠦᠮ᠎ᠡ ᠶᠢᠨ ᠬᠠᠭᠠᠯᠭ᠎ᠠ ᠪᠠᠷ ᠲᠤᠳᠤᠭᠰᠢ ᠤᠷᠤᠪᠠᠯ ᠬᠤᠶᠠᠳᠤᠭᠠᠷ ᠭᠦᠷᠢᠶ᠎ᠡ ᠪᠤᠯᠤᠨ᠎ᠠ᠃
    ᠬᠤᠶᠠᠳᠤᠭᠠᠷ ᠭᠦᠷᠢᠶᠡᠨ ᠳᠤ ᠭᠤᠷᠪᠠᠨ ᠵᠠᠩ ᠬᠡᠪᠴᠢᠶ᠎ᠡ ᠲᠠᠢ ᠰᠤᠶᠤᠯ ᠵᠤᠬᠢᠰᠳᠦ ᠬᠡᠶᠢᠳ ᠭᠦᠷᠢᠶᠡᠨ ᠤ ᠭᠤᠤᠯ ᠲᠤᠮᠳᠠ ᠪᠠᠶᠢᠷᠢᠰᠢᠵᠦ ᠪᠠᠶᠢᠳᠠᠭ᠃ ᠭᠤᠤᠯ ᠰᠦᠮ᠎ᠡ ᠶᠢᠨ ᠡᠭᠦᠳᠡᠨ ᠲᠡᠬᠡᠷ᠎ᠡ ᠮᠤᠩᠭᠤᠯ᠂ ᠬᠢᠳᠡᠳ᠂ ᠲᠦᠪᠡᠳ ᠢᠶᠠᠷ ᠪᠢᠴᠢᠭᠰᠡᠨ ᠢᠯᠡᠷᠬᠡᠶᠢᠯᠡᠯ ᠬᠠᠷᠠᠭᠳᠠᠳᠠᠭ᠃ ᠰᠦᠮ᠎ᠡ ᠶᠢᠨ ᠲᠤᠳᠤᠷ᠎ᠠ ᠮᠠᠶᠢᠳᠠᠷᠢ ᠪᠤᠷᠬᠠᠨ ᠤ ᠭᠠᠤᠯᠢᠨ ᠭᠦᠷᠦᠭ ᠢ ᠲᠠᠬᠢᠵᠦ ᠪᠠᠶᠢᠳᠠᠭ ᠠᠴᠠ ᠪᠠᠰᠠ ᠮᠠᠶᠢᠳᠠᠷᠢ ᠪᠤᠷᠬᠠᠨ ᠤ ᠬᠠᠷᠰᠢ ᠬᠡᠨ᠎ᠡ᠃ ᠵᠢᠯ ᠪᠦᠷᠢ ᠶᠢᠨ ᠴᠠᠭᠠᠨ ᠰᠠᠷ᠎ᠠ ᠶᠢᠨ ᠴᠤᠭᠴᠢᠨ ᠲᠤᠭᠠᠩ ᠤᠨ ᠬᠤᠷᠠᠯ ᠲᠠᠷᠬᠠᠬᠤ ᠡᠳᠦᠷ ᠮᠠᠶᠢᠳᠠᠷᠢ ᠶᠢ ᠴᠠᠮ ᠤᠨ ᠲᠠᠯᠠᠪᠤᠷ ᠲᠤ ᠭᠠᠷᠭᠠᠵᠦ ᠬᠤᠶᠠᠷ ᠯᠠᠮᠠ ᠲᠦᠰᠢᠵᠦ ᠵᠤᠭᠰᠤᠳᠠᠭ᠃ ᠬᠤᠷᠠᠯ ᠲᠡᠭᠦᠰᠪᠡᠯ ᠰᠦᠮ᠎ᠡ ᠳᠤ ᠨᠢ ᠵᠠᠯᠠᠵᠦ ᠤᠷᠤᠭᠤᠯᠤᠨ᠎ᠠ᠃ ᠭᠤᠤᠯ ᠰᠦᠮ᠎ᠡ ᠶᠢᠨ ᠬᠤᠶᠠᠷ ᠲᠠᠯ᠎ᠠ ᠳᠤ ᠵᠠᠯᠭᠠᠯᠳᠤᠭᠰᠠᠨ ᠬᠠᠵᠠᠭᠤ ᠶᠢᠨ ᠬᠡᠷ ᠬᠤᠷᠢᠭᠠᠳ ᠵᠠᠩ ᠪᠠᠶᠢᠵᠦ᠂ ᠲᠡᠷᠡ ᠨᠢ ᠯᠠᠮᠠ ᠶᠢᠨ ᠪᠠᠶᠢᠷᠢᠨ ᠬᠡᠷ ᠪᠤᠯᠤᠨ ᠬᠤᠭᠤᠯᠠᠨ ᠬᠡᠷ ᠪᠤᠯᠤᠨ᠎ᠠ᠃ ᠭᠤᠤᠯ ᠰᠦᠮ᠎ᠡ ᠶᠢᠨ ᠠᠷᠦ ᠲᠠᠯ᠎ᠠ ᠳᠤ ᠰᠠᠶᠢᠴᠢᠮᠠᠯ ᠬᠡᠷᠡᠮ ᠲᠠᠢ᠃ ᠲᠤᠮᠳᠠ ᠨᠢ ᠴᠦᠢ ᠬᠤᠸᠠ ᠮᠧᠨ ᠬᠠᠭᠠᠯᠭ᠎ᠠ᠂ ᠬᠤᠶᠠᠷ ᠲᠠᠯ᠎ᠠ ᠳᠤ ᠨᠢ ᠶᠤᠸᠠᠨ ᠮᠧᠨ ᠡᠭᠦᠳᠠ ᠪᠤᠢ᠃ ᠴᠦᠢ ᠬᠤᠸᠠ ᠮᠧᠨ ᠬᠠᠭᠠᠯᠭ᠎ᠠ ᠪᠠᠷ ᠲᠤᠳᠤᠭᠰᠢ ᠤᠷᠤᠪᠠᠯ ᠲᠠᠷᠤᠢ ᠭᠤᠷᠪᠠᠳᠤᠭᠠᠷ ᠭᠦᠷᠢᠶ᠎ᠡ ᠪᠤᠯᠤᠨ᠎ᠠ᠃     ᠭᠤᠷᠪᠠᠳᠤᠭᠠᠷ ᠭᠦᠷᠢᠶᠡᠨ ᠳᠤ ᠲᠠᠪᠤᠨ ᠵᠠᠩ ᠠᠶᠤᠰᠢ ᠶᠢᠨ ᠰᠦᠮ᠎ᠡ ᠲᠠᠢ᠂ ᠡᠨᠡ ᠨᠢ ᠵᠠᠰᠠᠭ ᠳ᠋ᠠ ᠯᠠᠮᠠ ᠶᠢᠨ ᠪᠤᠷᠬᠠᠨ ᠲᠠᠬᠢᠬᠤ ᠭᠠᠵᠠᠷ ᠪᠤᠯᠤᠨ᠎ᠠ᠃ ᠰᠤᠶᠤᠯ ᠵᠤᠬᠢᠰᠳᠦ ᠬᠡᠶᠢᠳ    ᠪᠠᠳᠤᠮᠦ᠋ᠩᠬᠡ  ᠂ ᠶᠦᠸᠧ ᠢᠩ ᠰᠡᠭᠦᠳᠡᠷᠯᠡᠪᠡ
    ᠰᠤᠶᠤᠯ ᠵᠤᠬᠢᠰᠳᠦ ᠬᠡᠶᠢᠳ ᠪᠤᠯ ᠲᠦᠷᠦ ᠱᠠᠰᠢᠨ ᠤ ᠡᠷᠬᠡ ᠮᠠᠳᠠᠯ ᠢ ᠶᠠᠪᠤᠭᠳᠠᠭᠤᠯᠬᠤ ᠲᠦᠪ ᠶᠤᠮ᠃ ᠪᠦᠭᠦᠶᠢᠯᠡ ᠭᠦᠷᠢᠶᠡᠨ ᠲᠤᠳᠤᠷ᠎ᠠ ᠪᠤᠷᠬᠠᠨ ᠤ ᠤᠷᠳᠤᠨ ᠬᠠᠷᠰᠢ ᠵᠦᠪᠬᠡᠨ ᠲᠦᠷᠪᠡᠨ ᠬᠤᠪᠢ ᠶᠢᠨ ᠨᠢᠬᠡ ᠶᠢ ᠡᠵᠡᠯᠡᠵᠦ ᠪᠠᠶᠢᠳᠠᠭ᠃ ᠰᠤᠶᠤᠯ ᠵᠤᠬᠢᠰᠳᠦ ᠬᠡᠶᠢᠳ ᠤᠨ ᠭᠦᠷᠢᠶᠡᠨ ᠲᠤᠳᠤᠷ᠎ᠠ ᠬᠡᠷ ᠪᠠᠷᠢᠯᠭ᠎ᠠ ᠪᠠᠷᠤᠭ ᠵᠠᠭᠤᠨ ᠵᠠᠩ ᠪᠠᠶᠢᠵᠦ᠂ ᠵᠡᠭᠦᠨ ᠲᠠᠯ᠎ᠠ ᠪᠠ ᠬᠤᠶᠢᠳᠦ ᠲᠠᠯ᠎ᠠ ᠪᠠᠷ ᠨᠢ ᠭᠤᠷᠪᠠᠨ ᠲᠤᠮᠤ ᠬᠠᠭᠠᠯᠭ᠎ᠠ ᠶᠢᠨ ᠠᠰᠠᠷ ᠲᠠᠢ᠃ ᠠᠶᠤᠰᠢ ᠶᠢᠨ ᠰᠦᠮ᠎ᠡ  ᠶᠢᠨ ᠵᠡᠭᠦᠨ ᠪᠡᠶ᠎ᠡ ᠳᠤ ᠲᠤᠰᠠᠭᠠᠷ ᠨᠢᠬᠡ ᠭᠦᠷᠢᠶ᠎ᠡ ᠪᠠᠶᠢᠳᠠᠭ᠃ ᠭᠦᠷᠢᠶᠡᠨ ᠳᠤ ᠨᠢ ᠤᠷᠤᠪᠠᠯ ᠲᠤᠳᠤᠷ᠎ᠠ ᠨᠢ ᠭᠤᠤᠯ ᠲᠠᠩᠬᠢᠮ ᠨᠢ ᠲᠠᠪᠤᠨ ᠵᠠᠩ ᠪᠠᠶᠢᠵᠦ᠂ ᠲᠦᠷᠪᠡᠨ ᠲᠤᠯᠭᠠᠭᠤᠷ ᠲᠡᠬᠡᠷ᠎ᠡ ᠨᠢ ᠬᠤᠤᠰ ᠤᠶᠠᠩᠭ᠎ᠠ ᠶᠢ ᠮᠤᠩᠭᠤᠯ ᠤᠭᠠᠯᠵᠠᠨ ᠦᠰᠦᠭ ᠢᠶᠠᠷ ᠰᠠᠶᠢᠯᠵᠠᠢ᠃ ᠡᠨᠡ ᠲᠠᠪᠤᠨ ᠵᠠᠩ ᠬᠡᠷ ᠢ ᠬᠠᠰ ᠲᠤᠯᠭᠠᠭᠤᠷᠳᠦ ᠲᠠᠩᠬᠢᠮ ᠬᠡᠵᠦ ᠬᠡᠯᠡᠳᠡᠭ᠃ ᠵᠢᠯ ᠪᠦᠷᠢ ᠶᠢᠨ ᠴᠠᠭᠠᠨ ᠰᠠᠷ᠎ᠠ ᠶᠢᠨ ᠰᠢᠨ᠎ᠡ ᠶᠢᠨ ᠨᠢᠬᠡᠨ᠎ᠠ ᠵᠠᠰᠠᠭ ᠳ᠋ᠠ ᠯᠠᠮᠠ ᠠᠳᠠ ᠲᠠᠮᠠᠭᠠᠨ ᠭᠠᠵᠠᠷ ᠤᠨ ᠨᠤᠶᠠᠳ  ᠤᠨ ᠠᠮᠤᠷ ᠡᠷᠢᠵᠦ ᠬᠠᠳᠠᠭ ᠲᠠᠯᠪᠢᠬᠤ ᠶᠢ ᠭᠦᠯᠢᠶᠡᠨ ᠠᠪᠳᠠᠭ᠃ ᠬᠠᠰ ᠲᠤᠯᠭᠠᠭᠤᠷᠳᠦ ᠲᠠᠩᠬᠢᠮ ᠢ ᠨᠠᠭᠠᠯᠳᠤᠭᠠᠳ ᠵᠡᠭᠦᠨ ᠲᠠᠯ᠎ᠠ ᠳᠤ ᠨᠢ ᠭᠤᠷᠪᠠᠨ ᠲᠠᠪᠬᠤᠷ ᠠᠰᠠᠷ ᠪᠠᠶᠢᠬᠤ ᠨᠢ ᠵᠠᠰᠠᠭ ᠳ᠋ᠠ ᠯᠠᠮᠠ ᠶᠢᠨ ᠠᠵᠢᠯᠯᠠᠬᠤ ᠭᠠᠵᠠᠷ ᠮᠦᠨ᠃ ᠡᠭᠦᠨ ᠠᠴᠠ ᠭᠠᠳᠠᠨ᠎ᠠ᠂ ᠠᠷᠦ ᠭᠦᠷᠢᠶᠡᠨ ᠳᠠᠬᠢ ᠲᠠᠪᠤᠨ ᠵᠠᠩ ᠳ᠋ᠠᠷ᠎ᠠ ᠡᠬᠡ ᠶᠢᠨ ᠰᠦᠮ᠎ᠡ ᠶᠢ ᠭᠠᠷᠭᠠᠪᠠᠯ ᠪᠦᠷ ᠲᠠᠮᠠᠭᠠᠨ ᠭᠠᠵᠠᠷ ᠤᠨ ᠬᠡᠷ ᠪᠤᠯᠤᠨ᠎ᠠ᠃ ᠰᠤᠶᠤᠯ ᠵᠤᠬᠢᠰᠳᠦ ᠰᠦᠮ᠎ᠡ ᠳᠤ ᠵᠠᠰᠠᠭ ᠳ᠋ᠠ ᠯᠠᠮᠠ ᠪᠠ ᠲᠠᠮᠠᠭᠠᠨ ᠭᠠᠵᠠᠷ ᠪᠠᠶᠢᠳᠠᠭ ᠪᠤᠯᠬᠤᠷ ᠰᠦᠮ᠎ᠡ ᠶᠢᠨ ᠲᠤᠳᠤᠷ᠎ᠠ ᠳ᠋ᠠ ᠯᠠᠮᠠ ᠲᠠᠯᠪᠢᠳᠠᠭ ᠦᠬᠡᠢ᠂ ᠵᠦᠪᠬᠡᠨ ᠱᠠᠩᠰᠠᠳ ᠯᠠᠮᠠ ᠨᠢᠬᠡ ᠲᠠᠯᠪᠢᠵᠦ ᠰᠦᠮ᠎ᠡ ᠬᠡᠶᠢᠳ ᠤᠨ ᠠᠯᠢᠪᠠ ᠤᠴᠢᠷ ᠢ ᠬᠠᠮᠢᠶᠠᠷᠳᠠᠭ᠃ ᠱᠠᠩᠰᠠᠳ ᠯᠠᠮᠠ ᠪᠤᠯᠤᠨ ᠳ᠋ᠠ ᠯᠠᠮᠠ ᠶᠢᠨ ᠬᠠᠷᠢᠴᠠᠭ᠎ᠠ ᠶᠡᠷᠦ ᠪᠤᠰᠤ ᠪᠠᠶᠢᠵᠦ᠂ ᠲᠡᠳᠡᠬᠡᠷ ᠵᠡᠷᠬᠡ ᠬᠡᠷᠬᠡᠮ ᠲᠠᠢ ᠯᠠᠮᠠ ᠨᠠᠷ ᠴᠦ ᠠᠯᠢ ᠴᠢᠳᠠᠬᠤ ᠪᠠᠷ ᠱᠠᠩᠰᠠᠳ ᠯᠠᠮᠠ ᠶᠢ ᠪᠢᠯᠳᠠᠤᠴᠢᠯᠠᠳᠠᠭ᠃ ᠴᠢᠩ ᠤᠯᠤᠰ ᠤᠨ ᠰᠡᠭᠦᠯᠴᠢ᠂ ᠲᠤᠮᠳᠠᠳᠦ ᠢᠷᠬᠡᠨ ᠤᠯᠤᠰ ᠤᠨ ᠡᠬᠢᠨ ᠤ ᠦᠶ᠎ᠡ ᠳᠤ ᠰᠤᠶᠤᠯ ᠵᠤᠬᠢᠰᠳᠦ ᠰᠦᠮ᠎ᠡ ᠳᠤ ᠪᠠᠷᠤᠭ 100 ᠭᠠᠷᠤᠢ ᠯᠠᠮᠠ ᠪᠠᠶᠢᠪᠠ᠃ 1940 ᠤᠨ ᠳᠤ ᠠᠷᠠᠢ 40 ᠭᠦᠷᠭᠦ ᠦᠬᠡᠢ ᠪᠤᠯᠪᠠ᠃     ᠰᠤᠶᠤᠯ ᠵᠤᠬᠢᠰᠳᠦ ᠬᠡᠶᠢᠳ ᠤᠨ ᠭᠦᠷᠦᠩᠬᠡ ᠬᠤᠭᠰᠢᠯ᠂ ᠭᠠᠵᠠᠷ ᠲᠠᠷᠢᠶ᠎ᠠ ᠨᠢ ᠬᠠᠷᠠᠭᠤᠤ ᠰᠤᠮᠤ ᠶᠢᠨ ᠬᠤᠵᠢᠷ  ᠤᠨ ᠭᠤᠤᠯ ᠪᠤᠯᠤᠨ ᠰᠢᠪᠠᠷᠳᠡᠢ ᠠᠴᠠ ᠬᠤᠶᠢᠰᠢ ᠵᠠᠶᠢᠰᠠᠩᠳᠦ ᠭᠦᠷᠳᠡᠯᠡᠬᠢ ᠬᠡᠪᠴᠢᠶᠠᠨ ᠳᠤ ᠲᠦᠪᠯᠡᠷᠡᠵᠦ᠂ ᠡᠮᠦᠨᠡᠰᠢ ᠤᠮᠠᠷᠠᠰᠢ ᠪᠠᠷᠤᠭ 10 ᠭᠠᠵᠠᠷ᠂ ᠵᠡᠭᠦᠨᠰᠢ ᠪᠠᠷᠠᠭᠤᠨᠰᠢ 15 ᠭᠠᠵᠠᠷ  ᠪᠠᠶᠢᠳᠠᠭ᠃  ᠡᠨᠡ  ᠶᠡᠭᠡ  ᠬᠡᠰᠡᠭ  ᠭᠠᠵᠠᠷ  ᠢᠶᠠᠨ ᠪᠦᠷ  ᠲᠠᠷᠢᠶᠠᠴᠢᠳ ᠲᠤ  ᠲᠦᠷᠢᠶᠠᠰᠦᠯᠡᠨ ᠲᠠᠷᠢᠭᠤᠯᠵᠦ ᠵᠢᠯ  ᠪᠦᠷᠢ 200  ᠳ᠋ᠠᠨ  ᠲᠦᠷᠢᠶᠡᠰᠦᠨ  ᠪᠤᠳᠠᠭ᠎ᠠ  ᠬᠤᠷᠢᠶᠠᠳᠠᠭ᠃  ᠡᠭᠦᠨ ᠠᠴᠠ ᠭᠠᠳᠠᠨ᠎ᠠ᠂ ᠪᠠᠰᠠ ᠮᠤᠳᠤᠨ ᠭᠠᠵᠠᠷ᠂ ᠪᠤᠷᠭᠠᠰᠤᠨ ᠬᠤᠷᠢᠭ᠎ᠠ ᠪᠠ ᠡᠪᠡᠰᠦᠨ ᠬᠠᠳᠤᠯᠠᠩ ᠲᠠᠢ᠃ ᠭᠦᠷᠢᠶ᠎ᠡ ᠪᠠᠯᠭᠠᠰᠤᠨ ᠳᠤ ᠪᠠᠰᠠ ᠲᠦᠷᠢᠶᠡᠰᠦᠨ ᠬᠡᠷ ᠲᠠᠢ᠃ ᠪᠠᠶᠠᠠᠬᠤᠸᠠ ᠰᠤᠮᠤ ᠶᠢᠨ ᠴᠠᠭᠠᠠᠴᠢᠯᠠᠭᠤᠳᠠᠢ ᠠᠶᠢᠯ᠂ ᠬᠠᠷᠠᠭᠤᠤ ᠰᠤᠮᠤ ᠶᠢᠨ ᠰᠢᠨᠡᠴᠤᠳ ᠠᠶᠢᠯ ᠪᠤᠯᠤᠨ ᠭᠦᠷᠢᠶ᠎ᠡ ᠪᠠᠯᠭᠠᠰᠤᠨ ᠤ ᠵᠤᠤᠬᠠᠴᠢᠨ ᠠᠶᠢᠯ ᠤᠨ ᠨᠢᠬᠡ ᠪᠦᠯᠦᠭ ᠠᠷᠠᠳ ᠪᠤᠯ ᠰᠤᠶᠤᠯ ᠵᠤᠬᠢᠰᠳᠦ ᠬᠡᠶᠢᠳ ᠤᠨ ᠬᠠᠷᠢᠶᠠᠳᠦ ᠪᠤᠯᠤᠨ᠎ᠠ᠃    
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号