ᠮᠠᠨ ᠤ ᠤᠷᠤᠨ᠎ᠠ ᠰᠠᠶ᠋ᠢᠬᠠᠨ ᠲᠦᠯᠯᠡᠭᠰᠡᠨ ᠦᠨᠢᠶ᠎ᠡ᠂ ᠬᠤᠨᠢ᠂ ᠢᠮᠠᠭ᠎ᠠ᠂ ᠢᠩᠬᠡ᠂ ᠬᠡᠭᠦᠦ ᠠᠴᠠ ᠭᠠᠷᠤᠭᠰᠠᠨ | ᠦᠳᠬᠡᠨ ᠰᠢᠷ᠎ᠠ ᠦᠩᠬᠡᠳᠠᠢ ᠠᠩᠬᠠᠨ ᠤ ᠰᠦᠨ ᠢ ᠤᠭᠤᠷᠠᠭ ᠪᠤᠶᠦ ᠰᠢᠷ᠎ᠠ ᠤᠭᠤᠷᠠᠭ ᠬᠡᠮᠡᠮᠤᠢ᠃ ᠮᠠᠨ ᠤ ᠤᠷᠤᠨ ᠤ | ᠮᠤᠩᠭᠤᠯᠴᠤᠳ ᠭᠤᠤᠯᠳᠠᠭᠤ ᠦᠨᠢᠶ᠎ᠡ᠂ ᠬᠤᠨᠢ᠂ ᠢᠮᠠᠭ᠎ᠠ ᠶᠢᠨ ᠤᠭᠤᠷᠠᠭ ᠢ ᠢᠳᠡᠳᠡᠭ ᠪᠤᠯᠠᠢ᠃ ᠡᠭᠦᠨ᠎ᠡ 1— | 2 ᠬᠤᠨᠤᠭ ᠤᠨ ᠲᠤᠳᠤᠷᠠᠬᠢ ᠤᠭᠤᠷᠠᠭ ᠢ ᠯᠠᠭ ᠤᠭᠤᠷᠠᠭ ᠬᠡᠵᠦ 3— 5 ᠡᠳᠦᠷ ᠤᠨ ᠲᠤᠳᠤᠷᠠᠬᠢ ᠤᠭᠤᠷᠠᠭ ᠢ | ᠬᠡᠯᠡᠬᠡᠢ ᠤᠭᠤᠷᠠᠭ ᠬᠡᠮᠡᠮᠤᠢ᠃ ᠤᠭᠤᠷᠠᠭ ᠤᠨ ᠲᠤᠳᠤᠷ᠎ᠠ ᠤᠭᠤᠷᠬᠠᠯᠢᠭ ᠪᠤᠳᠠᠰ ᠠᠷᠪᠢᠨ ᠪᠠᠶᠢᠳᠠᠭ ᠪᠦᠬᠡᠳ | ᠡᠪᠡᠳᠴᠢᠨ ᠢ ᠰᠡᠷᠬᠡᠶᠢᠯᠡᠨ ᠡᠰᠡᠷᠭᠦᠴᠡᠭᠦ ᠪᠤᠳᠠᠰ ᠶᠡᠬᠡᠳᠠ ᠠᠭᠤᠯᠤᠭᠳᠠᠵᠦ ᠪᠠᠶᠢᠮᠤᠢ᠃ ᠡᠶᠢᠨ ᠭᠦ ᠮᠠᠨᠠᠶᠢᠬᠢᠨ ᠠᠯᠢ | ᠡᠷᠡᠳᠡᠨ ᠠᠴᠠ ᠰᠠᠶ᠋ᠢᠬᠠᠨ ᠰᠠᠭᠠᠭᠰᠠᠨ ᠤᠭᠤᠷᠠᠭ ᠲᠤᠷ ᠪᠠᠭᠠᠬᠠᠨ ᠰᠦᠨ ᠢ ᠬᠤᠯᠢᠵᠦ᠂ ᠲᠡᠬᠡᠷ᠎ᠡ ᠢᠨᠦ ᠪᠤᠯᠤᠭᠰᠠᠨ | ᠪᠤᠳᠠᠭ᠎ᠠ ᠬᠢᠵᠦ ᠭᠦᠬᠡᠷᠤᠭᠦᠯᠦᠬᠡᠳ ᠤᠯᠠᠨᠳᠠ ᠰᠠᠮᠤᠷᠴᠦ ᠦᠳᠬᠡᠷᠡᠭᠦᠯᠦᠨ ᠢᠳᠡᠳᠡᠭ ᠪᠤᠯᠠᠢ᠃ ᠪᠠᠰᠠ ᠤᠭᠤᠷᠠᠭ ᠢᠶᠠᠨ | ᠠᠭᠰᠢᠭᠤᠯᠤᠨ ᠬᠠᠳᠠᠭᠠᠵᠦ ᠠᠪᠤᠭᠠᠳ ᠢᠳᠡᠳᠡᠭ ᠴᠦ ᠪᠤᠢ᠃ | ᠤᠭᠤᠷᠠᠭ ᠤᠨ ᠲᠠᠷᠠᠭᠠᠬᠢ ᠰᠦᠨ ᠢ ᠰᠢᠨ᠎ᠡ ᠰᠦᠨ ᠪᠤᠶᠦ ᠲᠦᠭᠦᠬᠡᠢ ᠰᠦᠨ ᠬᠡᠮᠡᠮᠤᠢ᠃ ᠦᠨᠢᠶᠡᠨ ᠤ ᠲᠦᠭᠦᠬᠡᠢ | ᠰᠦᠨ ᠠᠮᠳᠠᠯᠢᠭ ᠪᠦᠬᠡᠳ ᠰᠢᠮ᠎ᠡ ᠲᠡᠵᠢᠬᠡᠯ ᠰᠠᠶᠢᠳᠠᠢ ᠪᠦᠯᠦᠬᠡ᠃ ᠡᠭᠦᠨ ᠢ ᠲᠦᠭᠦᠬᠡᠢ ᠪᠠᠷ ᠪᠤᠶᠦ ᠵᠦᠬᠡᠯᠡᠨ ᠭᠠᠯ | ᠳᠤᠷ ᠭᠦᠬᠡᠷᠦᠭᠦᠯᠦᠨ ᠪᠤᠴᠠᠯᠭᠠᠵᠦ ᠤᠤᠭᠤᠳᠠᠭ ᠪᠤᠯᠠᠢ᠃ ᠪᠤᠴᠠᠯᠭᠠᠭᠰᠠᠨ ᠰᠦᠨ ᠢ ᠭᠦᠬᠡᠷᠤᠭᠦᠯᠦᠭᠰᠡᠨ ᠰᠦᠨ ᠪᠤᠶᠦ | ᠪᠤᠯᠤᠭᠰᠠᠨ ᠰᠦᠨ ᠬᠡᠮᠡᠮᠤᠢ᠃ ᠲᠡᠭᠦᠨ ᠢ ᠴᠠᠭᠠᠨ ᠰᠢᠬᠢᠷ ᠯᠦᠭᠡ ᠪᠤᠴᠠᠯᠭᠠᠨ ᠤᠤᠭᠤᠪᠠᠰᠦ ᠲᠠᠪᠤᠨ ᠴᠤᠯᠤ ᠵᠢᠷᠭᠤᠭᠠᠨ | ᠰᠠᠪᠠ ᠶᠢᠨ ᠬᠠᠯᠠᠭᠤᠨ ᠢ ᠲᠠᠶᠢᠯᠵᠦ᠂ ᠲᠠᠮᠢᠷ ᠰᠦᠯᠳᠠ ᠶᠢ ᠨᠡᠮᠡᠭᠳᠡᠭᠦᠯᠦᠨ᠂ ᠠᠯᠢᠪᠠ ᠡᠪᠡᠳᠴᠢᠨ ᠠᠷᠬᠠᠭ ᠢ | ᠠᠷᠢᠯᠭᠠᠵᠦ ᠴᠢᠳᠠᠮᠤᠢ᠃ | ᠦᠨᠢᠶᠡᠨ ᠰᠦᠨ᠂ ᠬᠤᠨᠢ ᠢᠮᠠᠭᠠᠨ ᠰᠦᠨ ᠢᠶᠠᠷ ᠬᠢᠷᠠᠮ᠎ᠠ ᠪᠤᠴᠠᠯᠭᠠᠠᠵᠦ ᠤᠤᠭᠤᠵᠦ ᠪᠤᠯᠤᠮᠤᠢ ᠃ ᠲᠠᠷᠤᠢ | ᠦᠨᠢᠶᠡᠨ ᠤ ᠲᠦᠭᠦᠬᠡᠢ ᠰᠦᠨ ᠳᠤᠷ ᠲᠠᠪᠤᠨ ᠤ ᠬᠤᠶᠠᠷ ᠬᠤᠪᠢ ᠪᠠᠷ ᠤᠰᠤ ᠬᠤᠷᠰᠢᠭᠤᠯᠵᠦ ᠪᠤᠴᠠᠯᠭᠠᠭᠰᠠᠨ ᠢ | ᠬᠢᠷᠠᠮ᠎ᠠ ᠬᠡᠮᠡᠮᠤᠢ᠃ ᠡᠭᠦᠨ ᠢ ᠬᠠᠯᠠᠭᠤᠨ ᠳᠤᠷ ᠴᠠᠩᠭᠠᠭᠰᠠᠨ ᠬᠡᠤᠬᠡᠳ ᠲᠤᠷ ᠤᠤᠭᠤᠯᠭᠠᠪᠠᠰᠤ ᠲᠦᠷᠬᠡᠨ ᠲᠤᠰᠠᠯᠠᠳᠠᠭ | ᠪᠤᠯᠠᠢ᠃ ᠪᠠᠰᠠ ᠴᠤᠯᠤ ᠰᠦᠨ ᠳᠤᠷ ᠰᠢᠷ᠎ᠠ ᠲᠤᠰᠤ ᠬᠠᠴᠢᠷᠯᠠᠨ ᠪᠤᠴᠠᠯᠭᠠᠭᠰᠠᠨ ᠢ ᠮᠦᠨ ᠬᠢᠷᠠᠮ᠎ᠠ ᠬᠡᠮᠡᠮᠤᠢ᠃ ᠡᠭᠦᠨ | ᠢ ᠰᠠᠷᠢᠮᠰᠠᠭ᠂ ᠰᠤᠩᠬᠢᠨ᠎ᠡ ᠬᠠᠵᠠᠯᠠᠨ ᠤᠤᠭᠤᠪᠠᠰᠤ ᠬᠡᠢ ᠶᠢ ᠲᠠᠷᠤᠵᠦ ᠨᠤᠶᠢᠷ ᠬᠤᠯᠵᠢᠬᠤ ᠶᠢ ᠲᠤᠰᠠᠯᠠᠮᠤᠢ᠃ ᠮᠦᠨ | ᠦᠨᠢᠶ᠎ᠡ᠂ ᠬᠤᠨᠢ᠂ ᠢᠮᠠᠭᠠᠨ ᠰᠦᠨ ᠳᠤᠷ ᠤᠰᠤ ᠬᠤᠨᠯᠢᠬᠤ ᠪᠤᠶᠦ ᠡᠰᠡ ᠬᠤᠯᠢᠬᠤ ᠪᠠᠷ ᠬᠠᠭᠤᠷᠤᠭᠰᠠᠨ ᠪᠤᠳᠠᠭ᠎ᠠ | ᠬᠢᠵᠦ ᠪᠤᠴᠠᠯᠭᠠᠨ᠂ ᠰᠢᠷ᠎ᠠ ᠲᠤᠰᠤ ᠬᠠᠴᠢᠷᠯᠠᠨ ᠢᠳᠡᠭᠦ ᠶᠢ ᠮᠦᠨ ᠬᠢᠷᠠᠮ᠎ᠠ ᠬᠡᠮᠡᠮᠤᠢ᠃ ᠡᠭᠦᠨ ᠢ ᠢᠳᠡᠪᠡᠰᠦ | ᠦᠯᠦᠰᠭᠦ ᠦᠬᠡᠢ ᠪᠦᠬᠡᠳ ᠤᠮᠳᠠᠭᠠᠰᠬᠤ ᠶᠢ ᠴᠦ ᠭᠦᠯᠢᠴᠡᠵᠦ ᠴᠢᠳᠠᠮᠤᠢ᠃ | ᠦᠨᠢᠶ᠎ᠡ᠂ ᠬᠤᠨᠢ᠂ ᠢᠮᠠᠭ᠎ᠠ᠂ ᠢᠩᠬᠡ ᠶᠢᠨ ᠰᠦᠨ ᠢ ᠴᠦᠮ ᠡᠬᠡᠳᠡᠭᠦᠯᠵᠦ ᠪᠤᠯᠤᠮᠤᠢ᠃ ᠰᠢᠨ᠎ᠡ ᠰᠠᠭᠠᠭᠰᠠᠨ | ᠲᠦᠭᠦᠬᠡᠢ ᠰᠦᠨ ᠢ 20 — 30 ᠤᠷᠴᠢᠮ ᠤᠨ ᠭᠷᠠᠳᠦ᠋ᠰ ᠬᠠᠯᠠᠭᠤᠨ ᠳᠤᠷ ᠵᠠᠳᠠᠭᠠᠢ ᠰᠠᠪᠠᠨᠠ ᠰᠠᠪᠠᠯᠠᠨ | ᠰᠡᠷᠢᠭᠦᠬᠡᠨ ᠬᠡᠷ ᠲᠤᠷ 6— 8 ᠴᠠᠭ ᠤᠷᠴᠢᠮ ᠲᠠᠯᠪᠢᠪᠠᠰᠤ ᠰᠦᠨ ᠢᠨᠦ ᠦᠳᠬᠡᠷᠡᠨ ᠡᠬᠡᠳᠡᠵᠦ᠂ ᠲᠡᠬᠡᠭᠦᠷ ᠢᠨᠦ | ᠵᠦᠬᠡᠬᠡᠢ ᠰᠠᠭᠤᠮᠤᠢ᠂ ᠵᠦᠬᠡᠬᠡᠢ ᠶᠢ ᠪᠠᠭᠠᠷᠢᠨ᠂ ᠠᠷᠦ ᠬᠤᠷᠴᠢᠨ ᠪᠠ ᠵᠢᠷᠢᠮ ᠤᠨ ᠤᠯᠠᠩᠬᠢ ᠭᠠᠵᠠᠷ ᠦᠷᠦᠮ᠎ᠡ | ᠬᠡᠮᠡᠵᠦ᠂ ᠰᠢᠯᠢ ᠶᠢᠨ ᠭᠤᠤᠯ ᠳᠤᠷ ᠨᠤᠯᠤᠤᠷ ᠬᠡᠮᠡᠮᠤᠢ᠃ ᠲᠡᠭᠦᠨ ᠤ ᠲᠤᠤᠷᠡᠬᠢ ᠦᠳᠬᠡᠷᠡᠭᠰᠡᠨ ᠰᠦᠨ ᠢ ᠡᠬᠡᠳᠡᠭᠰᠡᠨ | ᠰᠦᠨ ᠪᠤᠶᠦ ᠡᠬᠡᠳᠡᠮ ᠬᠡᠮᠡᠳᠡᠭ ᠪᠤᠯᠠᠢ᠃ ᠵᠦᠬᠡᠬᠡᠢ ᠶᠢ ᠬᠠᠮᠤᠵᠦ ᠠᠪᠤᠭᠰᠠᠨ ᠤ ᠲᠠᠷᠠᠭ᠎ᠠ ᠡᠬᠡᠳᠡᠭᠰᠡᠨ ᠰᠦᠨ ᠤ | ᠲᠤᠳᠤᠷ᠎ᠠ ᠢᠯᠭᠠᠷᠠᠨ ᠬᠠᠷᠠᠭᠳᠠᠬᠤ ᠰᠢᠷᠠᠪᠳᠤᠷ ᠤᠰᠤᠯᠢᠭ ᠵᠦᠢᠯ ᠢ ᠰᠢᠷᠠᠰᠦ ᠬᠡᠮᠡᠳᠡᠭ ᠪᠠ ᠰᠦᠨᠢᠳ ᠲᠤᠷ ᠰᠢᠷ᠎ᠠ | ᠰᠦᠨ ᠬᠡᠮᠡᠮᠤᠢ᠃ ᠰᠦᠨ ᠤ ᠡᠬᠡᠳᠡᠮᠡᠭ ᠢᠨᠦ ᠬᠡᠰᠡᠭ ᠪᠤᠰᠠᠭ ᠪᠤᠯᠵᠦ᠂ ᠨᠠᠩᠳᠠ ᠭᠦᠴᠢᠯᠢᠭ ᠪᠤᠯᠤᠭᠰᠠᠨ ᠢ | ᠢᠰᠦᠭᠰᠡᠨ ᠰᠦᠨ ᠬᠡᠮᠡᠮᠤᠢ᠃ ᠡᠬᠡᠳᠡᠭᠰᠡᠨ ᠰᠦᠨ ᠢᠨᠦ ᠤᠭᠤ ᠴᠠᠭᠠᠨ ᠦᠩᠬᠡᠳᠠᠢ᠂ ᠤᠯᠪᠤᠭᠠᠷ ᠨᠡᠮᠡᠭᠦᠨ ᠴᠢᠨᠠᠷᠳᠠᠢ᠂ | ᠬᠠᠨᠳᠠᠷᠠᠬᠤ ᠨᠢᠳᠬᠡᠯ ᠰᠢᠨᠵᠢᠳᠠᠢ᠂ ᠲᠠᠪᠠᠯᠠᠠᠭᠤᠨ ᠲᠠᠮᠰᠤᠭ ᠤᠮᠳᠠᠭᠠᠨ ᠪᠤᠯᠠᠢ᠃ ᠵᠤᠨ ᠤ ᠵᠢᠷᠭᠤᠭᠠᠨ ᠰᠠᠷ᠎ᠠ ᠳᠤᠷ | ᠤᠤᠭᠤᠪᠠᠰᠦ ᠴᠠᠩᠭᠠᠭᠰᠠᠨ ᠢ ᠲᠠᠶᠢᠳᠬᠤᠷᠠᠭᠤᠯᠤᠨ᠂ ᠦᠷᠭᠦᠯᠵᠢ ᠤᠤᠭᠤᠪᠠᠰᠦ ᠦᠮᠡᠨ ᠢ ᠰᠡᠷᠬᠡᠶᠢᠯᠡᠨ᠂ ᠲᠠᠪᠤᠨ | ᠴᠤᠯᠤ ᠶᠢ ᠰᠢᠮᠡᠵᠢᠭᠦᠯᠵᠦ᠂ ᠦᠳᠬᠡᠨ ᠰᠢᠩᠬᠡᠨ ᠮᠦᠷ ᠲᠤᠷ ᠲᠤᠰᠠᠯᠠᠨ᠂ ᠰᠤᠳᠠᠯ ᠤᠨ ᠲᠠᠮᠢᠷ ᠢ ᠰᠠᠶᠢᠵᠢᠷᠠᠭᠤᠯᠤᠮᠤᠢ᠃ | ᠬᠡᠳᠦᠢ ᠲᠠᠶᠢᠨ ᠠᠪᠠᠴᠦ ᠵᠢᠭᠠᠬᠠᠨ ᠭᠦᠢᠳᠡᠨ ᠴᠢᠨᠠᠷᠳᠠᠢ ᠲᠤᠯᠠ ᠬᠡᠢ ᠶᠢ ᠲᠦᠷᠦᠭᠦᠯᠦᠮᠤᠢ᠃ ᠠᠯᠢᠪᠠ ᠪᠤᠯᠭᠤᠭᠰᠠᠨ | ᠭᠤᠯᠢᠷ ᠢ ᠬᠤᠳᠬᠤᠵᠦ ᠢᠳᠡᠭᠦᠢ ᠳᠤᠷ ᠰᠢᠮᠡᠯᠢᠭ ᠪᠦᠬᠡᠳ ᠦᠯ ᠰᠠᠶᠢᠳᠠᠢ ᠪᠤᠯᠠᠢ᠃ | ᠬᠡᠷᠪᠡ ᠬᠤᠨᠢ᠂ ᠢᠮᠠᠭ᠎ᠠ᠂ ᠲᠡᠮᠡᠭᠡ᠂ ᠦᠨᠢᠶᠡᠨ ᠰᠦᠨ ᠢ ᠵᠤᠨ ᠤ ᠤᠯᠠᠷᠢᠯ ᠳᠤᠷ ᠭᠤᠷᠪᠠᠨ ᠴᠠᠭ ᠲᠠᠯᠪᠢᠪᠠᠰᠦ | ᠪᠠᠭ᠋ᠠᠨ ᠭᠦᠴᠢᠯᠢᠭ ᠪᠤᠯᠵᠦ ᠦᠩᠬᠡ ᠢᠨᠦ ᠭᠦᠬᠡᠷᠡᠭᠦ ᠲᠤᠯᠠ ᠡᠭᠦᠨ ᠢ ᠭᠦᠬᠡᠷᠡᠭᠰᠡᠨ ᠰᠦᠨ ᠪᠤᠶᠦ ᠴᠠᠯᠳᠠᠩ ᠰᠦᠨ | ᠬᠡᠮᠡᠮᠤᠢ᠃ ᠭᠦᠬᠡᠷᠡᠭᠰᠡᠨ ᠰᠦᠨ ᠢᠶᠠᠷ ᠴᠠᠢ ᠨᠠᠶᠢᠯᠠᠭᠦᠯᠪᠡᠰᠦ ᠡᠬᠡᠳᠡᠮᠡᠭᠳᠡᠵᠦ᠂ ᠤᠤᠤᠭᠤᠪᠠᠰᠦ ᠢᠰᠭᠦᠯᠡᠩ ᠭᠦᠴᠢᠯ | ᠪᠤᠯᠬᠤ ᠲᠤᠯᠠ ᠠᠮᠳᠠᠷᠬᠠᠨ ᠬᠡᠷᠡᠭᠰᠡᠭᠴᠢᠳ ᠶᠡᠬᠡᠳᠠ ᠴᠦᠬᠡᠨ ᠠᠵᠠᠢ᠃ | ᠮᠠᠨ ᠤ ᠤᠷᠤᠨ ᠤ ᠵᠢᠷᠢᠮ ᠵᠡᠷᠬᠡ ᠭᠠᠵᠠᠷ ᠰᠦᠨ ᠢ ᠲᠦᠷᠬᠡᠨ ᠡᠬᠡᠳᠡᠭᠦᠯᠭᠦ ᠠᠷᠭ᠎ᠠ ᠶᠢ ᠠᠪᠳᠠᠭ ᠪᠤᠯᠠᠢ᠃ ᠲᠠᠷᠤᠢ | ᠰᠢᠨᠡᠬᠡᠨ ᠰᠠᠭᠠᠭᠰᠠᠨ ᠦᠨᠢᠶ᠎ᠡ ᠪᠤᠶᠦ ᠬᠤᠨᠢ ᠢᠮᠠᠭᠠᠨ ᠤ ᠬᠠᠯᠠᠭᠤᠨ ᠰᠦᠨ ᠢᠶᠠᠨ ᠴᠡᠪᠡᠷ ᠰᠠᠪᠠᠨ ᠳᠤᠷ ᠬᠢᠬᠡᠳ | ᠲᠡᠬᠡᠷ᠎ᠡ ᠢᠨᠦ ᠲᠠᠷᠠᠭ ᠪᠤᠶᠦ ᠬᠠᠭᠤᠴᠢᠨ ᠡᠬᠡᠳᠡᠭᠰᠡᠨ ᠰᠦᠨ ᠤ ᠰᠢᠷ᠎ᠠ ᠤᠰᠤ ᠶᠢ ᠭᠦᠷᠦᠩᠬᠡ ᠪᠤᠯᠭᠠᠨ ᠬᠡᠮ ᠢ ᠨᠢ | ᠲᠠᠭᠠᠷᠠᠭᠤᠯᠤᠨ ᠬᠢᠬᠡᠳ ᠰᠠᠶᠢᠳᠤᠷ ᠬᠤᠳᠬᠤᠵᠦ ᠭᠦᠳᠡᠯᠬᠡᠬᠡᠳ ᠲᠠᠯᠪᠢᠪᠠᠰᠤ ᠤᠳᠠᠯ ᠦᠬᠡᠢ ᠡᠬᠡᠳᠡᠳᠡᠭ ᠪᠤᠯᠠᠢ᠃ | ᠡᠶᠢᠨ ᠭᠦ ᠡᠬᠡᠳᠡᠭᠰᠡᠨ ᠰᠦᠨ ᠪᠤᠯᠪᠠᠰᠤ ᠢᠰᠭᠦᠯᠡᠩ ᠭᠦᠴᠢᠯᠢᠭ ᠴᠢᠨᠠᠷ ᠢᠶᠠᠷ ᠪᠠᠭ᠎ᠠ ᠪᠤᠯᠬᠤᠷ ᠢᠳᠡᠭᠦᠢ ᠳᠤᠷ ᠶᠡᠬᠡᠯ᠎ᠠ | ᠲᠠᠭᠠᠯᠠᠮᠵᠢᠳᠠᠢ ᠪᠦᠯᠦᠬᠡ᠃ | ᠮᠠᠨ ᠤ ᠤᠷᠤᠨ ᠡᠬᠡᠳᠡᠭᠰᠡᠨ ᠰᠦᠨ ᠬᠢᠬᠡᠳ ᠢᠰᠦᠭᠰᠡᠨ ᠰᠦᠨ ᠢᠶᠠᠷ ᠴᠦᠮ ᠬᠤᠷᠤᠳ ᠬᠢᠮᠤᠢ᠃ |