ᠡᠯᠡᠰᠦᠨ ᠲᠠᠯᠠᠢ ᠶᠢᠨ ᠤᠩᠭᠤᠴᠠ ᠬᠡᠮᠡᠨ ᠠᠯᠳᠠᠷᠰᠢᠭᠰᠠᠨ ᠲᠠᠮᠡᠭᠡ ᠪᠤᠯ ᠮᠠᠨ ᠤ ᠡᠷᠳᠠ ᠢᠵᠠᠭᠤᠷ ᠠᠴᠠ | ᠡᠵᠡᠩᠨᠡᠵᠦ ᠢᠷᠡᠭᠰᠡᠨ ᠮᠠᠯ ᠪᠤᠯᠠᠢ᠃ ᠲᠡᠮᠡᠬᠡᠨ ᠰᠦᠨ ᠬᠤᠨᠢᠨ ᠰᠦᠨ ᠮᠡᠳᠦ ᠦᠳᠬᠡᠨ ᠪᠦᠬᠡᠳ ᠰᠢᠮ᠎ᠡ ᠲᠡᠵᠢᠬᠡᠯ | ᠲᠠᠢ ᠪᠦᠯᠦᠬᠡ᠃ ᠮᠠᠨ ᠤ ᠤᠷᠤᠨ ᠤ ᠤᠷᠳᠤᠰ ᠠᠯᠠᠱᠠᠨ ᠵᠡᠷᠬᠡ ᠶᠢᠨ ᠭᠠᠵᠠᠷ ᠢᠩᠬᠡᠨ ᠰᠦᠨ ᠢ ᠶᠡᠬᠡᠳᠠ ᠠᠪᠴᠦ | ᠠᠶᠢᠷᠠᠭ ᠢᠰᠬᠡᠵᠦ ᠪᠦᠯᠢᠭᠦ ᠪᠠ ᠴᠠᠭᠠᠨ ᠲᠤᠰᠤ᠂ ᠰᠢᠷ᠎ᠠ ᠲᠤᠰᠤ᠂ ᠠᠭᠠᠷᠤᠤᠯ᠂ ᠬᠤᠷᠤᠳ᠂ ᠦᠷᠦᠮ᠎ᠠ ᠵᠡᠷᠬᠡ ᠶᠢ | ᠠᠪᠳᠠᠭ ᠪᠤᠯᠠᠢ᠃ | ᠢᠩᠬᠡᠨ ᠰᠦᠨ ᠳᠤᠷ ᠪᠤᠰᠤᠳ ᠮᠠᠯ ᠤᠨ ᠰᠦᠨ ᠳᠤᠷ ᠪᠠᠶᠢᠬᠤ ᠦᠬᠡᠢ ᠪᠦᠷᠢᠯᠳᠦᠭᠦᠨ ᠪᠠᠶᠢᠮᠤᠢ᠃ ᠲᠡᠭᠦᠨ ᠤ | ᠢᠯᠴᠢᠳᠦ ᠬᠤᠪᠢ ᠠᠨᠤ ᠦᠨᠢᠶ᠎ᠡ᠂ ᠬᠡᠭᠦᠦ ᠶᠢᠨ ᠰᠦᠨ ᠠᠴᠠ ᠢᠯᠡᠭᠦᠦ ᠪᠤᠯᠠᠢ᠃ ᠢᠯᠴᠢᠳᠦ ᠬᠤᠪᠢ ᠦᠨᠢᠶᠡᠨ | ᠰᠦᠨ ᠳᠤᠷ 62 ᠺᠢᠯᠤᠺᠠᠯᠤᠷᠢ ᠪᠠᠶᠢᠬᠤᠢ ᠳᠤᠷ ᠢᠩᠬᠡᠨ ᠰᠦᠨ ᠳᠤᠷ 108.8 ᠺᠢᠯᠤᠺᠠᠯᠤᠷᠢ ᠪᠠᠶᠢᠮᠤᠢ᠃ ᠮᠤᠩᠭᠤᠯ | ᠡᠮ ᠡᠮᠨᠡᠯᠬᠡ ᠳᠤᠷ ︽ᠲᠡᠮᠡᠬᠡᠨ ᠰᠦᠨ ᠢᠶᠠᠷ ᠡᠯ᠎ᠡ ᠵᠦᠢᠯ ᠤᠨ ᠤᠵᠢᠭ ᠡᠪᠡᠳᠴᠢᠨ᠂ ᠠᠭᠤᠰᠬᠢ ᠶᠢᠨ ᠰᠦᠷᠢᠶ᠎ᠡ ᠶᠢ | ᠡᠳᠡᠬᠡᠷᠡᠭᠦᠯᠦᠭᠰᠡᠬᠡᠷ ᠢᠷᠡᠪᠡᠢ︾ ᠬᠡᠮᠡᠨ ᠲᠡᠮᠳᠡᠭᠯᠡᠵᠦ ᠠᠮᠤᠢ᠃ ᠵᠢᠴᠢ ᠡᠮᠴᠢ ᠨᠠᠷ ᠠᠴᠠ ᠲᠡᠮᠡᠬᠡᠨ ᠰᠦᠨ | ᠤᠤᠭᠤᠭᠰᠠᠨ ᠮᠠᠯᠴᠢᠳ ᠢ ᠪᠠᠶᠢᠴᠠᠭᠠᠨ ᠦᠵᠡᠭᠦᠯ᠎ᠠ ᠠᠭᠤᠰᠬᠢ ᠶᠢᠨ ᠰᠦᠷᠢᠶ᠎ᠡ ᠡᠪᠡᠳᠴᠢᠨ ᠳᠤᠷ ᠨᠡᠷᠪᠡᠭᠳᠡᠭᠰᠡᠳ | ᠲᠤᠩ ᠴᠦᠬᠡᠨ ᠪᠠᠶᠢᠭᠰᠠᠨ ᠠᠵᠤᠭᠤ᠃ ᠲᠡᠮᠡᠬᠡᠨ ᠰᠦᠨ ᠮᠦᠨ ᠬᠤᠳᠤᠭᠤᠳᠤᠨ ᠤ ᠰᠢᠩᠬᠡᠬᠡᠯᠳᠠ ᠶᠢ | ᠰᠠᠶᠢᠵᠢᠷᠠᠭᠤᠯᠤᠨ᠂ ᠠᠮᠢᠰᠬᠤᠯ ᠤᠨ ᠡᠷᠬᠡᠳᠡᠨ ᠤ ᠲᠠᠮᠢᠷ ᠢ ᠨᠡᠮᠡᠭᠳᠡᠭᠦᠯᠭᠦᠢ ᠴᠢᠳᠠᠪᠦᠷᠢᠳᠠᠢ ᠪᠦᠯᠦᠬᠡ᠃ ᠡᠶᠢᠨ ᠭᠦ | ᠮᠤᠩᠭᠤᠯ ᠡᠮᠨᠡᠯᠬᠡ ᠶᠢᠨ ᠨᠤᠮ ᠳᠤᠷ ︽ᠬᠡᠢ ᠬᠠᠯᠠᠭᠤᠨ ᠢᠶᠠᠷ ᠬᠡᠪᠡᠯᠢ ᠭᠦᠬᠡᠬᠡᠭᠦ᠂ ᠬᠤᠷᠤᠬᠠᠢ ᠰᠤᠪᠠᠭ ᠬᠠᠪᠤᠩ᠂ | ᠤᠰᠤᠨ ᠬᠠᠪᠤᠩ᠂ ᠬᠤᠰᠬᠢᠨᠠᠭ ᠤᠨ ᠡᠪᠡᠳᠴᠢᠨ ᠢ ᠠᠷᠢᠯᠭᠠᠮᠤᠢ︾ ᠬᠡᠮᠡᠨ ᠲᠡᠮᠳᠡᠭᠯᠡᠭᠰᠡᠨ ᠪᠠᠶᠢᠮᠤᠢ᠃ | ᠢᠩᠬᠡ ᠪᠤᠯᠪᠠᠰᠤ ᠡᠬᠡᠨᠡᠭ ᠵᠠᠩ ᠲᠠᠢ᠂ ᠤᠶᠠᠷᠠᠭᠤᠨ ᠰᠡᠳᠬᠢᠯ ᠲᠠᠢ ᠠᠮᠢᠳᠠᠨ ᠰᠠᠨ᠃ ᠰᠠᠭᠠᠯᠭᠠᠵᠦ ᠲᠠᠰᠤᠭᠰᠠᠨ | ᠡᠵᠡᠨ ᠳᠡᠭᠡᠨ ᠬᠠᠶᠢᠷᠠᠳᠠᠢ ᠬᠠᠷᠠᠭᠤ ᠪᠠᠶᠢᠳᠠᠭ ᠲᠤᠯᠠ ᠪᠤᠰᠤᠳ ᠭᠦᠮᠦᠨ ᠤᠴᠢᠪᠠᠰᠦ ᠡᠵᠡᠨ ᠢᠶᠠᠨ ᠲᠤᠭᠤᠷᠢᠨ | ᠬᠠᠰᠢᠵᠦ ᠬᠠᠷᠠᠭᠤᠳᠠᠳᠠᠭ ᠪᠦᠬᠡᠳ ᠭᠤᠸᠠᠭᠯᠠᠨ ᠰᠠᠪᠠᠰᠤ ᠪᠠᠨ ᠲᠦᠰᠦᠷᠬᠡᠳᠡᠭ ᠠᠵᠠᠢ᠃ ᠢᠩᠬᠡ ᠮᠦᠨ ᠦᠨᠢᠶ᠎ᠡ | ᠠᠳᠠᠯᠢ ᠰᠠᠭᠠᠮᠠᠰᠢᠷᠠᠵᠦ ᠲᠠᠯᠠᠩ ᠢᠨᠦ ᠴᠢᠨᠤᠭᠦᠯᠡᠷ ᠰᠠᠭᠠᠯᠠᠩ ᠳᠤᠷ ᠦᠪᠡᠰᠦᠪᠡᠨ ᠢᠷᠡᠵᠦ ᠰᠠᠭᠠᠬᠤ ᠶᠢ ᠭᠦᠯᠢᠶᠡᠨ | ᠬᠡᠪᠢᠵᠦ ᠵᠤᠭᠰᠤᠳᠠᠭ ᠠᠵᠤᠭᠤ᠃ ᠬᠡᠷᠪᠡ ᠡᠵᠡᠨ ᠢᠨᠦ ᠪᠠᠭ᠋ᠠᠨ ᠲᠦᠳᠡᠭᠦᠯᠡ ᠬᠡᠷ ᠦᠬᠡᠳᠠ ᠬᠠᠨᠳᠤᠨ ᠪᠤᠶᠢᠯᠠᠷᠠᠬᠤ | ᠪᠤᠶᠦ ᠭᠦᠵᠦᠭᠦᠦ ᠲᠤᠯᠤᠭᠠᠢ ᠪᠠᠷ ᠢᠶᠠᠨ ᠬᠠᠨ᠎ᠠ ᠵᠠᠪᠠᠭ ᠢ ᠱᠠᠵᠢᠬᠢᠨᠠᠳᠠᠯᠠ ᠱᠦᠷᠭᠦᠯᠬᠢᠯᠡᠳᠡᠭ ᠪᠤᠯᠠᠢ᠃ ᠢᠩᠬᠡ ᠶᠢ | ᠰᠠᠭᠠᠬᠤᠢ ᠠᠷᠭ᠎ᠠ ᠠᠨᠤ ᠭᠠᠵᠠᠷ ᠭᠠᠵᠠᠷ ᠤᠨ ᠵᠠᠩᠰᠢᠯ ᠠᠳᠠᠯᠢ ᠦᠬᠡᠢ ᠪᠤᠯᠠᠢ᠃ ᠤᠷᠳᠤᠰ ᠤᠨ ᠰᠠᠭᠠᠯᠢᠴᠢᠨ | ᠪᠦᠰᠡᠭᠦᠢ ᠢᠩᠬᠡᠨ ᠤ ᠵᠦᠪ ᠲᠠᠯ᠎ᠠ ᠳᠤᠷ ᠵᠡᠭᠦᠨ ᠭᠦᠯ ᠲᠡᠬᠡᠷ᠎ᠡ ᠪᠠᠨ ᠵᠤᠭᠰᠤᠨ ᠪᠠᠷᠠᠭᠤᠨ ᠭᠦᠯ ᠢᠶᠠᠨ ᠨᠤᠭᠤᠯᠵᠦ᠂ | ᠭᠦᠯ ᠤᠨ ᠤᠯᠠ ᠶᠢ ᠵᠡᠭᠦᠨ ᠭᠦᠯ ᠤᠨ ᠡᠪᠤᠳᠦᠭ ᠲᠡᠬᠡᠷ᠎ᠡ ᠲᠤᠯᠭᠠᠵᠦ᠂ ᠨᠤᠭᠤᠯᠤᠭᠰᠠᠨ ᠪᠠᠷᠠᠭᠤᠨ ᠭᠦᠯ ᠤᠨ ᠢᠶᠠᠨ | ᠭᠤᠶ᠎ᠠ ᠲᠡᠬᠡᠷ᠎ᠡ ᠰᠦᠨ ᠰᠠᠭᠤᠯᠠᠭ᠎ᠠ ᠪᠠᠨ ᠲᠠᠯᠪᠢᠵᠦ᠂ ᠪᠠᠷᠠᠭᠤᠨ ᠮᠦᠷᠦ ᠪᠠᠷ ᠢᠶᠠᠨ ᠢᠩᠬᠡᠨ ᠤ ᠪᠡᠶ᠎ᠡ ᠶᠢ ᠲᠦᠰᠢᠵᠦ | ᠰᠠᠭᠠᠳᠠᠭ ᠪᠤᠯᠠᠢ᠃ ᠬᠡᠳᠡᠯ᠎ᠡ ᠠᠯᠠᠱᠠᠨ ᠳᠤᠷ ᠡᠭᠦᠨ ᠤ ᠡᠰᠡᠷᠭᠦ ᠪᠠᠷ ᠪᠠᠷᠠᠭᠤᠨ ᠭᠦᠯ ᠲᠡᠬᠡᠷ᠎ᠡ ᠪᠠᠨ ᠵᠤᠭᠰᠤᠨ᠂ ᠵᠡᠭᠦᠨ | ᠭᠦᠯ ᠢᠶᠠᠨ ᠨᠤᠭᠤᠯᠤᠨ ᠵᠤᠭᠰᠤᠵᠦ ᠰᠠᠭᠠᠳᠠᠭ ᠠᠵᠤᠭᠤ᠃ ᠪᠤᠰᠤᠳ ᠤᠷᠤᠨ ᠳᠤᠷ ᠰᠠᠭᠤᠯᠠᠭ᠎ᠠ ᠪᠠᠨ ᠡᠬᠡᠯᠳᠤᠷᠬᠡᠯᠡᠵᠦ | ᠵᠤᠭᠰᠤᠭ᠎ᠠ ᠪᠠᠷ ᠰᠠᠭᠠᠳᠠᠭ ᠴᠦ ᠪᠤᠢ᠃ ᠮᠦᠨ ᠲᠤᠭᠰᠢᠨ ᠡᠮᠨᠢᠭ ᠢᠩᠬᠡ ᠶᠢ ᠤᠶᠠᠭᠠᠨ ᠠᠴᠠ ᠤᠶᠠᠬᠤ᠂ ᠬᠤᠶᠢᠳᠦ | ᠭᠦᠯ ᠢ ᠨᠢ ᠲᠤᠱᠠᠬᠤ ᠪᠤᠶᠦ ᠲᠠᠳᠠᠵᠦ ᠤᠶᠠᠬᠤ᠂ ᠡᠰᠡᠭᠦᠯ᠎ᠡ ᠲᠠᠭᠤᠨ ᠠᠶᠠᠯᠠᠭᠤᠯᠠᠨ ᠰᠢᠭᠤᠳ ᠰᠠᠭᠠᠳᠠᠭ ᠵᠡᠷᠬᠡ ᠪᠠᠷ | ᠠᠳᠠᠯᠢ ᠦᠬᠡᠢ ᠪᠤᠯᠠᠢ᠃ ᠪᠠᠷᠠᠭᠤᠨ ᠤᠷᠤᠨ᠎ᠠ ᠴᠦᠮ ᠪᠤᠳᠤᠭᠤ ᠪᠠᠷ ᠢᠩᠬᠡ ᠶᠢ ᠢᠪᠡᠯᠬᠡᠳᠡᠭ ᠠᠵᠠᠢ᠃ ᠵᠡᠭᠦᠨ | ᠤᠷᠤᠨ ᠤ ᠵᠠᠷᠢᠮ ᠭᠠᠵᠠᠷ ᠪᠤᠳᠤᠭᠤ ᠪᠠᠷ ᠢᠩᠬᠡ ᠶᠢ ᠭᠦᠭᠦᠭᠦᠯᠵᠦ ᠢᠪᠡᠯᠬᠡᠭᠦ ᠦᠬᠡᠢ ᠪᠠᠶᠢᠮᠤᠢ᠃ ᠬᠡᠷᠪᠡ ᠢᠩᠬᠡ | ᠢᠨᠦ ᠪᠤᠳᠤᠭᠤ ᠪᠠᠨ ᠭᠤᠯᠤᠪᠠᠯ ᠴᠤᠭᠤᠷᠳᠡᠵᠦ ᠲᠠᠭᠤᠨ ᠠᠶᠠᠯᠭᠤᠯᠠᠪᠠᠰᠤ᠂ ᠤᠶᠠᠷᠠᠭᠤᠨ ᠰᠡᠳᠬᠢᠯ ᠲᠠᠢ ᠢᠩᠬᠡ ᠢᠨᠦ | ᠪᠤᠳᠤᠭᠤ ᠪᠠᠨ ᠲᠤᠤᠷ᠎ᠠ ᠨᠢ ᠠᠪᠴᠢᠬᠠᠳᠠᠭ ᠪᠤᠯᠠᠢ᠃ | ᠤᠷᠳᠤᠰ ᠨᠤᠳᠤᠭ ᠲᠤᠷ ᠢᠩᠬᠡᠨ ᠤ ᠰᠠᠭᠠᠯᠢ ᠶᠢ ᠡᠪᠤᠯ ᠬᠠᠪᠤᠷ ᠠᠪᠳᠠᠭ ᠪᠤᠯᠠᠢ᠃ ᠢᠩᠬᠡ ᠶᠢ ᠨᠢᠬᠡᠨ | ᠤᠳᠠᠭ᠎ᠠ ᠰᠠᠭᠠᠬᠤᠢ ᠳᠤᠷ 5 — 7 ᠵᠢᠩ ᠰᠦᠨ ᠭᠠᠷᠤᠮᠤᠢ᠃ ᠢᠩᠬᠡ ᠶᠢᠨ ᠰᠦᠨ ᠢᠶᠠᠷ ᠴᠠᠢ ᠰᠦᠯᠡᠪᠠᠰᠦ ᠬᠤᠨᠢᠨ | ᠰᠦᠨ ᠯᠦᠭᠡ ᠠᠳᠠᠯᠢᠬᠠᠨ ᠴᠠᠢ ᠶᠢᠨ ᠦᠩᠬᠡ ᠤᠭᠤᠭᠠᠳᠠ ᠰᠠᠶᠢᠬᠠᠨ ᠪᠦᠭᠡᠳ ᠠᠭᠰᠢᠭᠤᠨ ᠪᠤᠯᠳᠠᠭ ᠪᠤᠯᠠᠢ᠃ ᠮᠦᠨ | ᠠᠶᠢᠷᠠᠭ ᠢᠰᠬᠡᠵᠦ ᠪᠦᠯᠢᠳᠡᠭ ᠪᠤᠯᠠᠢ᠃ ᠤᠷᠳᠤᠰ ᠨᠤᠳᠤᠭ ᠲᠤᠷ ᠲᠦᠭᠦᠮ ᠢ ᠪᠤᠳᠤᠵᠦ ᠠᠶᠢᠷᠠᠭ ᠢᠶᠠᠨ ᠮᠤᠳᠤᠨ | ᠲᠤᠷᠬ᠎ᠠ ᠳᠤᠷ ᠬᠢᠵᠦ ᠤᠨᠤᠯᠭ᠎ᠠ ᠶᠢᠨ ᠲᠡᠮᠡᠬᠡᠨ ᠲᠡᠬᠡᠷ᠎ᠡ ᠠᠴᠢᠵᠦ ᠰᠠᠵᠢᠯᠠᠭᠤᠯᠤᠨ ᠲᠤᠰᠤ ᠤᠨᠠᠭᠠᠨ ᠠᠪᠳᠠᠭ ᠠᠷᠭ᠎ᠠ | ᠵᠠᠩᠰᠢᠯ ᠪᠠᠰᠠ ᠪᠠᠶᠢᠭᠰᠠᠭᠠᠷ ᠠᠵᠠᠢ᠃ ᠢᠩᠬᠡ ᠶᠢᠨ ᠰᠦᠨ ᠢᠶᠠᠷ ᠲᠠᠷᠠᠭ ᠪᠦᠷᠢᠳᠡᠭ ᠦᠬᠡᠢ᠂ ᠠᠶᠢᠷᠠᠭ ᠲᠡᠵᠢᠬᠡᠭᠦᠢ | ᠳᠤᠷ ᠴᠢᠩᠭ᠎ᠠ ᠭᠦᠷᠦᠩᠬᠡ ᠪᠠᠷ ᠭᠦᠷᠦᠩᠬᠡᠯᠡᠵᠦ ᠪᠠᠶᠢᠳᠠᠭ᠃ ᠢᠩᠬᠡ ᠶᠢᠨ ᠠᠶᠢᠷᠠᠭ ᠢ ᠪᠤᠰᠤᠳ ᠮᠠᠯ ᠤᠨ ᠠᠶᠢᠷᠠᠭ | ᠯᠤᠭ᠎ᠠ ᠬᠤᠯᠢᠵᠦ ᠠᠷᠢᠬᠢ ᠨᠡᠷᠡᠭᠦ ᠶᠢ ᠪᠠᠰᠡᠷᠡᠭᠯᠠᠨ ᠨᠡᠷᠡᠭᠦᠢ ᠬᠡᠳᠡᠭ ᠪᠦᠬᠡᠳ ᠡᠶᠢᠮᠦ ᠠᠷᠢᠬᠢ ᠶᠢ ᠵᠤᠬᠢᠮᠵᠢ ᠪᠠᠷ ᠠᠨᠢ | ᠬᠡᠮᠡᠨ ᠬᠡᠯᠡᠯᠴᠡᠳᠡᠭ ᠠᠵᠤᠭᠤ᠃ |