ᠬᠤᠨᠢᠨ ᠰᠦᠨ
ᠨᠡᠶᠢᠲᠡᠯᠡᠭᠰᠡᠨ ᠴᠠᠭ᠄
2024/8/27
   ᠮᠤᠩᠭᠤᠯ  ᠬᠤᠨᠢ   ᠪᠤᠯᠪᠠᠰᠤ   ᠠᠳᠠᠷ   ᠨᠤᠳᠤᠭ ᠤᠨ   ᠬᠢᠶᠠᠭ᠂   ᠬᠢᠯᠭᠠᠨ᠎ᠠ᠂   ᠠᠬᠢ᠂   ᠲᠠᠭᠠᠨ᠎ᠠ᠂  ᠮᠠᠩᠬᠢᠷ᠂ ᠭᠤᠭᠤᠳ᠂ ᠪᠤᠷᠤᠯᠵᠠᠢ᠂ ᠵᠡᠬᠡᠷᠬᠡᠨ᠎ᠡ ᠵᠡᠷᠬᠡ ᠦᠨᠢᠷ ᠤᠯᠠᠨ ᠡᠪᠡᠰᠦ ᠤᠷᠭᠤᠮᠠᠯ ᠢ ᠢᠳᠡᠳᠡᠭ ᠲᠤᠯᠠ ᠰᠦᠨ ᠠᠨᠤ ᠦᠳᠬᠡᠨ ᠪᠦᠬᠡᠳ ᠲᠤᠰᠤᠯᠢᠭ ᠠᠵᠠᠢ᠃ ᠬᠤᠨᠢᠨ ᠰᠦᠨ ᠢᠶᠠᠷ ᠭᠤᠤᠯᠳᠠᠭᠤ ᠪᠢᠰᠢᠯᠠᠭ ᠬᠢᠭᠦ᠂ ᠲᠠᠷᠠᠭ ᠪᠦᠷᠢᠭᠦ᠂ ᠠᠶᠢᠷᠠᠭ ᠲᠡᠵᠢᠬᠡᠭᠦ᠂ ᠠᠷᠢᠬᠢ ᠨᠡᠷᠡᠭᠦ᠂ ᠡᠬᠡᠵᠡᠬᠡᠢ ᠬᠢᠭᠦ᠂ ᠰᠢᠷ᠎ᠠ ᠲᠤᠰᠤ ᠠᠪᠬᠤ᠂ ᠦᠷᠦᠮ᠎ᠡ ᠬᠤᠷᠢᠶᠠᠬᠤ ᠮᠠᠳᠦ ᠪᠠᠷ ᠤᠯᠠᠨ ᠶᠠᠩᠵᠦ ᠶᠢᠨ ᠢᠳᠡᠬᠡᠨ ᠤᠮᠳᠠᠭᠠᠨ ᠪᠤᠯᠪᠠᠰᠤᠷᠠᠭᠤᠯᠵᠦ ᠪᠤᠯᠳᠠᠭ ᠠᠵᠤᠭᠤ᠃    ᠬᠤᠨᠢᠨ ᠤ ᠰᠦᠨ ᠪᠤᠯ ᠬᠡᠢ ᠶᠢ ᠲᠠᠷᠤᠬᠤ ᠴᠢᠳᠠᠯ ᠲᠠᠢ᠂ ᠮᠤᠩᠭᠤᠯ ᠡᠮᠨᠡᠯᠬᠡ ᠶᠢᠨ ᠤᠬᠠᠭᠠᠨ ᠳᠤᠷ ︽ᠬᠤᠨᠢᠨ ᠰᠦᠨ ᠠᠮᠳᠠᠯᠢᠭ᠂ ᠲᠤᠰᠤᠯᠢᠭ᠂ ᠭᠦᠨᠳᠦ᠂ ᠪᠦᠯᠢᠶᠡᠨ ᠴᠢᠨᠠᠷᠳᠠᠢ᠃ ᠬᠡᠢ ᠶᠢ ᠲᠠᠷᠤᠬᠤ ᠴᠢᠳᠠᠯ ᠲᠠᠢ᠃ ᠰᠠᠶ᠋ᠢᠬᠠᠨ ᠰᠠᠭᠠᠭᠰᠠᠨ ᠬᠤᠨᠢᠨ ᠰᠦᠨ ᠳᠤᠷ ᠦᠬᠡᠷ᠎ᠡ ᠨᠠᠶᠢᠷᠠᠯᠭ᠎ᠠ ᠨᠡᠮᠡᠭᠦ ᠦᠬᠡᠢ ᠪᠠᠷ ᠪᠠᠮ ᠡᠪᠡᠳᠴᠢᠨ ᠳᠤᠷ ᠲᠤᠰᠠᠳᠠᠢ︾ ᠬᠡᠮᠡᠨ ᠲᠡᠮᠳᠡᠭᠯᠡᠭᠰᠡᠨ ᠠᠵᠠᠢ᠃    ᠡᠳᠦᠬᠡ ᠪᠢᠳᠠ ᠬᠤᠨᠢᠨ ᠰᠦᠨ ᠢ ᠰᠢᠨᠵᠢᠯᠡᠭᠦ ᠤᠬᠠᠭᠠᠨ ᠢᠶᠠᠷ ᠵᠠᠳᠠᠯᠤᠨ ᠦᠵᠡᠪᠡᠰᠦ᠂ ᠬᠤᠨᠢᠨ ᠰᠦᠨ ᠤ ᠭᠦᠴᠢᠯ ᠢᠨᠦ ᠦᠨᠢᠶᠠᠨ ᠰᠦᠨ ᠠᠴᠠ ᠢᠯᠡᠭᠦᠦ ᠲᠤᠯᠠ ᠢᠰᠤᠯᠳᠠ ᠢᠨᠦ ᠦᠨᠢᠶᠡᠨ ᠰᠦᠨ ᠠᠴᠠ ᠲᠦᠷᠬᠡᠨ ᠪᠦᠬᠡᠳ ᠬᠠᠯᠠᠭᠤᠨ ᠤ ᠬᠡᠮᠵᠢᠶ᠎ᠡ ᠶᠢ ᠱᠠᠭᠠᠷᠳᠠᠬᠤ ᠠᠨᠤ ᠲᠤᠤᠷ᠎ᠠ ᠪᠠᠶᠢᠯᠤᠭ᠎ᠠ᠃    ᠬᠤᠨᠢᠨ ᠰᠦᠨ ᠢᠶᠠᠷ ᠬᠤᠷᠤᠳ ᠬᠢᠪᠡᠰᠦ ᠭᠠᠰᠢᠭᠤᠯᠢᠭ ᠪᠦᠬᠡᠳ ᠢᠰᠴᠦ ᠡᠪᠳᠡᠷᠡᠭᠦ ᠢᠨᠦ ᠲᠦᠷᠬᠡᠨ ᠲᠤᠯᠠ ᠴᠤᠷ᠎ᠠ ︵ᠨᠢᠬᠡᠨ ᠵᠦᠢᠯ ᠤᠨ ᠠᠭᠠᠷᠤᠤᠯ︶ ᠬᠢᠳᠡᠭ ᠪᠤᠯᠠᠢ᠃ ᠬᠤᠨᠢᠨ ᠰᠦᠨ ᠪᠤᠯᠪᠠᠰᠤ ᠦᠳᠬᠡᠨ ᠰᠢᠷ᠎ᠠ ᠦᠩᠬᠡ  ᠲᠠᠢ᠂ ᠴᠠᠢ ᠰᠦᠯᠡᠭᠦᠢ ᠳᠤᠷ ᠨᠠᠶᠢᠴᠠᠳᠠᠢ ᠪᠦᠬᠡᠳ ᠠᠷᠪᠢᠳᠠᠢ ᠪᠦᠯᠦᠬᠡ᠂ ᠭᠤᠷᠪᠠᠨ ᠵᠢᠩ ᠤᠨ ᠲᠠᠪᠤᠷ᠎ᠠ ᠲᠠᠢ ᠴᠠᠢ  ᠳᠤᠷ ᠬᠠᠭᠠᠰ ᠯᠠᠩ ᠬᠤᠨᠢᠨ ᠰᠦᠨ ᠢ ᠨᠠᠶᠢᠯᠠᠭᠦᠯᠪᠠᠰᠤ᠂ ᠴᠠᠢ ᠶᠢᠨ ᠦᠩᠬᠡ ᠤᠭᠤᠷᠠᠭ ᠮᠡᠳᠦ ᠦᠩᠬᠡᠰᠢᠵᠦ᠂ ᠦᠨᠦᠷ ᠠᠮᠳᠠ ᠬᠠᠩᠬᠤᠯᠤᠮ᠎ᠠ ᠰᠠᠶᠢᠬᠠᠨ ᠪᠤᠯᠵᠦ ᠰᠢᠮ᠎ᠡ ᠲᠡᠵᠢᠬᠡᠯ ᠬᠤᠪᠢ ᠶᠢᠨ ᠭᠠᠳᠨ᠎ᠠ ᠨᠡᠮᠡᠭᠳᠡᠮᠤᠢ᠃    ᠬᠤᠨᠢᠨ ᠤ ᠵᠠᠩ ᠠᠭᠠᠯᠢ ᠠᠨᠤ ᠨᠤᠮᠤᠬᠠᠨ ᠲᠦᠯᠬᠡᠨ᠂ ᠡᠵᠡᠨ ᠳᠡᠭᠡᠨ ᠡᠬᠡᠯᠢᠳᠠᠢ᠂ ᠡᠬᠡ ᠳᠡᠭᠡᠨ ᠭᠦᠨᠳᠤᠳᠠᠢ ᠪᠠᠶᠢᠳᠠᠭ ᠲᠤᠯᠠ ᠮᠤᠩᠭᠤᠯᠴᠤᠳ ᠲᠡᠭᠦᠨ ᠢ ᠬᠠᠮᠤᠭ ᠮᠠᠯ ᠤᠨ ᠲᠦᠷᠦᠭᠦᠦ ᠬᠠᠯᠠᠭᠤᠨ ᠬᠤᠰᠢᠭᠤᠳᠦ ᠬᠤᠨᠢ ᠬᠡᠮᠡᠳᠡᠭ ᠠᠵᠠᠢ᠃ ᠬᠤᠨᠢ ᠶᠢ ᠰᠠᠭᠠᠬᠤᠢ ᠳᠠᠭᠠᠨ ᠬᠤᠷᠠᠭ᠎ᠠ ᠶᠢ ᠠᠨᠤ ᠭᠦᠭᠦᠭᠦᠯᠦᠨ ᠢᠪᠡᠯᠬᠡᠳᠡᠭ ᠦᠬᠡᠢ᠂ ᠰᠢᠭᠤᠳ ᠰᠠᠭᠠᠳᠠᠭ ᠪᠤᠯᠠᠢ᠃ ᠮᠠᠨ ᠤ ᠤᠷᠤᠨ᠎ᠠ᠂ ᠬᠤᠨᠢᠨ ᠤ ᠤᠯᠠᠨ ᠴᠦᠬᠡᠨ ᠢ ᠦᠨᠳᠦᠰᠦᠯᠠᠵᠦ᠂ ᠬᠤᠷᠢᠵᠦ ᠰᠠᠭᠠᠬᠤᠢ᠂ ᠪᠠᠷᠢᠵᠦ ᠰᠠᠭᠠᠬᠤᠢ ᠪᠤᠶᠦ ᠵᠡᠯᠡᠯᠡᠨ ᠬᠤᠯᠪᠤᠵᠦ ᠰᠠᠭᠠᠳᠠᠭ ᠪᠤᠯᠠᠢ᠃ ᠬᠤᠯᠪᠤᠵᠦ ᠰᠠᠭᠠᠬᠤᠢ ᠳᠤᠷ ᠬᠤᠨᠢᠨ ᠨᠤᠤᠰᠦ᠂ ᠲᠡᠮᠡᠬᠡᠨ ᠨᠤᠤᠰᠦ ᠪᠠᠷ ᠲᠠᠮᠤᠭᠰᠠᠨ ᠵᠡᠯ᠎ᠡ ᠳᠤᠷ ᠰᠠᠭᠠᠯᠢ ᠶᠢᠨ ᠬᠤᠨᠢ ᠪᠠᠨ ᠬᠡᠳᠦᠨ ᠠᠷᠪᠠ ᠪᠠᠷ ᠲᠠᠷᠠᠭᠠᠯᠠᠭᠤᠯᠤᠨ ︵ᠬᠡᠰᠢᠭᠳᠡᠨ  ᠳᠤᠷ ᠭᠤᠷᠪᠠ ᠭᠤᠷᠪᠠ ᠪᠠᠷ ᠵᠦᠷᠢᠭᠦᠯᠦᠨ ᠭᠦᠪᠪᠦᠷᠬᠡᠢ ᠭᠤᠭᠴᠤᠭᠠᠯᠠᠨ ᠬᠤᠯᠪᠤᠳᠠᠭ ᠠᠵᠠᠢ︶ ᠬᠤᠤᠰ ᠬᠤᠤᠰ ᠢᠶᠠᠷ ᠲᠤᠯᠤᠭᠠᠢ ᠶᠢ ᠠᠨᠤ ᠵᠦᠷᠢᠭᠦᠯᠦᠨ ᠬᠤᠯᠪᠤᠵᠦ ᠵᠤᠭᠰᠤᠭᠠᠭᠠᠳ᠂ ᠰᠠᠭᠠᠯᠢᠴᠢᠳ᠂ ᠪᠢᠴᠢᠬᠠᠨ ᠰᠠᠭᠤᠯᠠᠭ᠎ᠠ ᠪᠠᠨ ᠪᠠᠷᠢᠵᠦ ᠬᠤᠶᠢᠳᠦ ᠬᠤᠶᠠᠷ ᠭᠦᠯ ᠤᠨ ᠬᠢᠨᠢ ᠠᠷᠦ ᠳᠤᠨᠢ ᠰᠠᠭᠤᠵᠦ ᠨᠢᠬᠡᠨ ᠭᠠᠷ ᠢᠶᠠᠷ ᠢᠶᠠᠨ ᠰᠠᠭᠠᠬᠤᠢ ᠪᠤᠶᠦ ᠬᠤᠶᠠᠷ ᠭᠠᠷ  ᠢᠶᠠᠨ ᠰᠤᠯᠢᠯᠴᠠᠭᠤᠯᠤᠨ ᠰᠠᠭᠠᠳᠠᠭ ᠪᠤᠯᠠᠢ᠃ ᠢᠩᠬᠢᠵᠦ ᠵᠡᠯᠡᠯᠡᠭᠰᠡᠨ ᠬᠤᠨᠢ ᠪᠠᠨ ᠨᠢᠬᠡᠨ ᠵᠠᠬ᠎ᠠ ᠠᠴᠠ ᠨᠢ ᠡᠩ ᠲᠠᠭᠠᠭᠤᠯᠤᠨ ᠨᠦᠭᠦᠬᠡ ᠲᠠᠯ᠎ᠠ ᠦᠬᠡᠳᠠ ᠢᠨᠦ ᠰᠠᠭᠠᠵᠦ ᠪᠠᠷᠠᠭᠠᠳᠠᠭ ᠪᠤᠯᠠᠢ᠃ ᠬᠤᠨᠢ ᠶᠢ ᠪᠠᠰᠠ ᠦᠨᠢᠶ᠎ᠡ ᠮᠠᠳᠦ ᠪᠠᠷ ᠬᠤᠷᠠᠭ᠎ᠠ ᠶᠢ ᠠᠨᠤ ᠰᠠᠯᠭᠠᠵᠦ ᠬᠠᠷᠢᠭᠤᠯᠤᠭᠠᠳ ᠡᠳᠦᠷ ᠤᠨ ᠬᠤᠶᠠᠷ ᠴᠠᠭ ᠢᠶᠠᠷ ᠰᠠᠭᠠᠵᠦ ᠪᠤᠯᠤᠮᠤᠢ᠃
 
ᠢᠷᠡᠯᠲᠡ᠄ ᠮᠤᠩᠭᠤᠯ ᠤᠨ ᠢᠳᠡᠬᠡᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号