ᠵᠤᠨ ᠤ ᠤᠯᠠᠷᠢᠯ ᠳᠤ ᠠᠭᠤᠷ ᠠᠮᠢᠰᠬᠤᠯ ᠤᠯᠠᠮ ᠠᠴᠠ ᠤᠯᠠᠮ ᠠᠭᠠᠬᠢᠮ᠎ᠠ ᠬᠠᠯᠠᠭᠤᠨ ᠪᠣᠯᠵᠤ᠂ ᠶᠡᠭᠡ | ᠬᠡᠮᠵᠢᠶᠡᠨ ᠤ ᠬᠦᠯᠦᠰᠦ ᠭᠠᠷᠬᠤ ᠨᠢ ᠬᠦᠮᠦᠨ ᠤ ᠪᠡᠶ᠎ᠡ ᠶᠢᠨ ᠤᠰᠤᠨ ᠤ ᠬᠤᠷᠤᠭᠳᠠᠯ ᠢ ᠨᠡᠮᠡᠭᠳᠡᠭᠦᠯᠳᠡᠭ᠃ | ᠡᠶᠢᠮᠦ ᠠᠴᠠ ᠰᠢᠨᠵᠢᠯᠠᠬᠦ ᠤᠬᠠᠭᠠᠨᠴᠢ ᠪᠠᠷ ᠤᠰᠤ ᠨᠥᠬᠦᠪᠦᠷᠢᠯᠡᠬᠦ ᠨᠢ ᠮᠠᠰᠢ ᠴᠢᠬᠤᠯᠠ ᠪᠠᠶᠢᠳᠠᠭ᠃ | ①︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠯᠠᠪᠯᠠᠯᠲᠠ︾ ᠶᠢ | ᠦᠨᠳᠦᠰᠦᠯᠡᠪᠡᠯ᠂ ᠨᠠᠰᠤᠨ ᠳᠤ ᠬᠦᠷᠦᠭᠰᠡᠳ ᠤᠨ ᠡᠳᠦᠷ ᠪᠦᠷᠢ ᠶᠢᠨ ᠤᠤᠭᠤᠬᠤ ᠤᠰᠤᠨ ᠤ ᠬᠡᠮᠵᠢᠶ᠎ᠡ ᠨᠢ | 1500—1700 ᠮᠢᠯᠢᠯᠢᠲᠷ ᠤᠨ ᠬᠤᠭᠤᠷᠤᠨᠳᠤ ᠪᠠᠶᠢᠪᠠᠯ ᠵᠣᠬᠢᠨ᠎ᠠ᠃ ᠵᠤᠨ ᠤ ᠤᠯᠠᠷᠢᠯ ᠳᠤ ᠬᠦᠯᠦᠰᠦ ᠠᠷᠪᠢᠨ | ᠭᠠᠷᠬᠤ ᠤᠴᠢᠷ ᠠᠴᠠ ᠡᠳᠦᠷ ᠳᠣᠲᠤᠮ ᠤᠨ ᠪᠡᠶ᠎ᠡ ᠶᠢᠨ ᠬᠦᠳᠡᠯᠭᠡᠭᠡᠨ ᠤ ᠪᠠᠶᠢᠳᠠᠯ ᠵᠢᠴᠢ ᠣᠷᠴᠢᠨ ᠲᠣᠭᠤᠷᠢᠨ ᠤ ᠪᠠᠨ | ᠪᠠᠶᠢᠳᠠᠯ ᠢ ᠦᠨᠳᠦᠰᠦᠯᠡᠨ᠂ ᠤᠤᠭᠤᠬᠤ ᠤᠰᠤᠨ ᠤ ᠬᠡᠮᠵᠢᠶ᠎ᠡ ᠪᠠᠨ ᠵᠣᠬᠢᠰᠲᠠᠢ ᠨᠡᠮᠡᠭᠳᠡᠭᠦᠯᠵᠦ ᠪᠣᠯᠤᠨ᠎ᠠ᠃ | ②ᠬᠦᠯᠦᠰᠦ ᠶᠡᠭᠡ ᠭᠠᠷᠴᠤ ᠤᠰᠤ ᠳᠤᠲᠠᠭᠳᠠᠪᠠᠯ ᠪᠥᠯᠢᠶᠡᠨ ᠤᠰᠤ᠂ ᠳᠠᠪᠤᠰᠤ ᠲᠠᠢ ᠤᠰᠤ᠂ ᠨᠣᠭᠤᠭᠠᠨ | ᠪᠤᠷᠴᠠᠭ ᠤᠨ ᠱᠦᠯᠦ᠂ ᠨᠢᠮᠪᠡᠭᠡ ᠲᠠᠢ ᠤᠰᠤ ᠪᠣᠶᠤ ᠴᠠᠬᠢᠯᠭᠠᠨ ᠵᠠᠳᠠᠯᠤᠭᠳᠠᠬᠤᠨ ᠲᠠᠢ ᠤᠮᠳᠠᠭᠠᠨ ᠤᠤᠭᠤᠵᠤ | ᠪᠣᠯᠤᠨ᠎ᠠ᠃ ᠡᠨᠡ ᠨᠢ ᠬᠦᠮᠦᠨ ᠤ ᠪᠡᠶ᠎ᠡ ᠳᠤ ᠤᠰᠤ ᠨᠥᠬᠦᠪᠦᠷᠢᠯᠡᠬᠦ ᠪᠠᠷ ᠪᠠᠷᠠᠬᠤ ᠦᠭᠡᠢ ᠪᠠᠰᠠ ᠠᠯᠳᠠᠭᠳᠠᠭᠰᠠᠨ | ᠡᠷᠦᠳᠡᠰᠦ᠂ ᠸᠢᠲ᠋ᠠᠮᠢᠨ ᠵᠡᠷᠭᠡ ᠶᠢ ᠨᠥᠬᠦᠪᠦᠷᠢᠯᠡᠬᠦ ᠦᠢᠯᠡᠳᠦᠯ ᠲᠠᠢ᠃ | ③ᠰᠢᠷᠦᠭᠦᠨ ᠬᠦᠳᠡᠯᠭᠡᠭᠡᠨ ᠬᠢᠭᠰᠡᠨ ᠤ ᠳᠠᠷᠠᠭ᠎ᠠ ᠶᠡᠭᠡ ᠬᠡᠮᠵᠢᠶᠡᠨ ᠤ ᠤᠰᠤ ᠤᠤᠭᠤᠵᠤ ᠪᠣᠯᠬᠤ ᠦᠭᠡᠢ᠃ | ᠰᠢᠷᠦᠭᠦᠨ ᠬᠦᠳᠡᠯᠭᠡᠭᠡᠨ ᠬᠢᠭᠰᠡᠨ ᠤ ᠳᠠᠷᠠᠭ᠎ᠠ ᠶᠡᠭᠡ ᠬᠡᠮᠵᠢᠶᠡᠨ ᠤ ᠤᠰᠤ ᠤᠤᠭᠤᠪᠠᠯ ᠭᠡᠳᠡᠰᠦ ᠬᠥᠭᠡᠬᠦ᠂ | ᠬᠤᠳᠤᠭᠤᠳᠤ ᠡᠪᠡᠳᠬᠦ ᠵᠡᠷᠭᠡ ᠢᠯᠡᠷᠡᠯ ᠭᠠᠷᠬᠤ ᠠᠴᠠ ᠭᠠᠳᠠᠨ᠎ᠠ ᠵᠢᠷᠦᠬᠡ᠂ ᠳᠣᠲᠤᠷ ᠪᠦᠭᠡᠷ᠎ᠡ ᠵᠡᠷᠭᠡ ᠡᠷᠬᠡᠲᠡᠨ ᠤ | ᠳᠠᠷᠤᠭᠠᠰᠤ ᠶᠢ ᠬᠦᠨᠳᠦᠷᠡᠭᠦᠯᠵᠦ᠂ ᠬᠦᠮᠦᠨ ᠤ ᠪᠡᠶ᠎ᠡ ᠶᠢᠨ ᠴᠠᠬᠢᠯᠭᠠᠨ ᠵᠠᠳᠠᠯᠤᠭᠳᠠᠬᠤᠨ ᠢ ᠬᠡᠪ ᠤᠨ ᠪᠤᠰᠤ ᠪᠣᠯᠭᠠᠵᠤ | ᠮᠡᠳᠡᠨ᠎ᠡ᠃ | ④ᠤᠰᠤ ᠶᠢ ᠵᠦᠪᠬᠡᠨ ᠤᠮᠳᠠᠭᠠᠰᠤᠭᠰᠠᠨ ᠦᠶ᠎ᠡ ᠳᠤ ᠯᠡ ᠤᠤᠭᠤᠬᠤ ᠪᠢᠰᠢ ᠬᠠᠷᠢᠨ ᠲᠤᠭᠲᠠᠭᠰᠠᠨ ᠴᠠᠭ ᠲᠤ | ᠤᠰᠤ ᠤᠤᠭᠤᠬᠤ ᠳᠠᠳᠬᠠᠯ ᠲᠠᠢ ᠪᠣᠯᠪᠠᠯ ᠰᠠᠶᠢᠨ᠃ ᠵᠢᠱᠢᠶᠡᠯᠡᠪᠡᠯ ᠥᠷᠯᠦᠭᠡ ᠪᠣᠰᠤᠭᠰᠠᠨ ᠤ ᠳᠠᠷᠠᠭ᠎ᠠ ᠨᠢᠭᠡ ᠴᠣᠮᠤ | ᠤᠰᠤ ᠤᠤᠭᠤᠪᠠᠯ ᠴᠢᠰᠤᠨ ᠰᠢᠩᠭᠡᠨ ᠤ ᠥᠳᠭᠡᠴᠡ ᠶᠢ ᠪᠠᠭᠤᠷᠠᠭᠤᠯᠵᠤ᠂ ᠭᠡᠳᠡᠰᠦ ᠳᠣᠲᠤᠷ ᠢ ᠴᠡᠪᠡᠷᠯᠡᠨ ᠬᠤᠣᠷ ᠢ | ᠭᠠᠳᠠᠭᠰᠢᠯᠠᠭᠤᠯᠤᠨ᠎ᠠ᠃ ᠬᠤᠭᠤᠯᠠᠨ ᠤ ᠡᠮᠦᠨ᠎ᠡ 1 ᠴᠠᠭ ᠤᠰᠤ ᠤᠤᠭᠤᠪᠠᠯ ᠪᠡᠶ᠎ᠡ ᠶᠢᠨ ᠳᠣᠲᠤᠷᠠᠬᠢ ᠤᠰᠤᠨ ᠤ | ᠬᠡᠷᠡᠭᠴᠡᠭᠡ ᠶᠢ ᠬᠠᠩᠭᠠᠵᠤ ᠳᠡᠶᠢᠯᠦᠨ᠎ᠡ᠃ ᠭᠡᠪᠡᠴᠦ ᠤᠰᠤ ᠤᠤᠭᠤᠭᠰᠠᠨ ᠤ ᠳᠠᠷᠠᠭ᠎ᠠ ᠳᠠᠷᠤᠶᠢᠬᠠᠨ ᠬᠤᠭᠤᠯᠠ ᠢᠳᠡᠬᠦ | ᠪᠣᠶᠤ ᠢᠳᠡᠵᠦ ᠪᠠᠷᠠᠮᠠᠭᠴᠠ ᠶᠡᠭᠡ ᠬᠡᠮᠵᠢᠶᠡᠨ ᠤ ᠤᠰᠤ ᠤᠤᠭᠤᠬᠤ ᠨᠢ ᠠᠮᠠᠷᠬᠠᠨ ᠬᠤᠳᠤᠭᠤᠳᠤᠨ ᠤ ᠬᠦᠴᠢᠯ ᠢ | ᠰᠢᠩᠭᠡᠷᠡᠭᠦᠯᠵᠦ᠂ ᠰᠢᠩᠭᠡᠯᠲᠡ ᠶᠢᠨ ᠴᠢᠳᠠᠪᠤᠷᠢ ᠶᠢ ᠪᠠᠭᠤᠷᠠᠭᠤᠯᠳᠠᠭ᠃ | ⑤ᠵᠤᠨ ᠤ ᠤᠯᠠᠷᠢᠯ ᠳᠤ ᠠᠮᠠᠷᠬᠠᠨ ᠬᠠᠯᠠᠭᠤᠨ ᠳᠡᠭᠡᠭᠰᠢ ᠠᠭᠰᠠᠳᠠᠭ ᠤᠴᠢᠷ ᠠᠴᠠ ᠤᠤᠭᠤᠬᠤ | ᠤᠰᠤᠨ ᠳᠤ ᠪᠠᠨ ᠵᠣᠬᠢᠬᠤ ᠬᠡᠮᠵᠢᠶᠡᠨ ᠤ ᠤᠳᠪᠠᠯᠠ ᠴᠡᠴᠡᠭ᠂ ᠠᠯᠲᠠ ᠮᠥᠩᠭᠦᠨ ᠴᠡᠴᠡᠭ ᠵᠡᠷᠭᠡ ᠶᠢ ᠨᠡᠮᠡᠵᠦ | ᠪᠣᠯᠤᠨ᠎ᠠ᠃ |