| | | ᠲᠡᠷᠭᠡ ᠬᠥᠳᠡᠯᠬᠦ ᠠᠴᠠ ᠪᠠᠨ ᠡᠮᠦᠨ᠎ᠡ ᠲᠡᠷᠭᠡ ᠪᠠᠨ ᠬᠠᠯᠠᠭᠤᠯᠵᠤ᠂ ᠲᠡᠷᠭᠡᠨ ᠤ ᠪᠠᠶᠢᠳᠠᠯ ᠢ ᠨᠠᠷᠢᠨ ᠬᠢᠨᠠᠮᠠᠭᠠᠢ | ᠪᠠᠶᠢᠴᠠᠭᠠᠵᠤ᠂ ᠲᠡᠷᠭᠡᠨ ᠳᠡᠭᠡᠷᠡᠬᠢ ᠲᠥᠬᠦᠭᠡᠷᠦᠮᠵᠢ ᠶᠢᠨ ᠬᠡᠪ ᠤᠨ ᠪᠠᠶᠢᠬᠤ ᠶᠢ ᠪᠠᠲᠤᠯᠠᠨ᠎ᠠ᠃ ᠬᠡᠷᠪᠡ ᠲᠡᠷᠭᠡᠨ ᠤ | ᠴᠣᠩᠬᠤ ᠮᠥᠰᠥᠲᠦᠪᠡᠯ ᠲᠡᠷᠭᠡ ᠪᠠᠨ ᠨᠣᠴᠣᠭᠠᠵᠤ᠂ ᠳᠤᠯᠠᠭᠠᠯᠠᠮᠵᠢ ᠶᠢ ᠨᠡᠭᠡᠭᠡᠵᠦ ᠴᠣᠩᠬᠤᠨ ᠳᠡᠭᠡᠷᠡᠬᠢ ᠮᠥᠰᠥ ᠶᠢ | ᠠᠭᠠᠵᠢᠮ ᠢᠶᠠᠷ ᠬᠠᠶᠢᠯᠤᠭᠤᠯᠤᠨ᠎ᠠ᠂ ᠪᠠᠰᠠ ᠲᠤᠰᠬᠠᠢ ᠮᠥᠰᠥ ᠴᠠᠰᠤ ᠠᠷᠢᠯᠭᠠᠬᠤ ᠬᠤᠰᠤᠭᠤᠷ ᠢᠶᠠᠷ ᠠᠷᠢᠯᠭᠠᠵᠤ | ᠪᠣᠯᠣᠨ᠎ᠠ᠃ ᠠᠩᠬᠠᠷᠬᠤ ᠨᠢ᠂ ᠬᠠᠯᠠᠭᠤᠨ ᠤᠰᠤ ᠪᠠᠷ ᠴᠣᠩᠬᠤᠨ ᠳᠡᠭᠡᠷᠡᠬᠢ ᠮᠥᠰᠥ ᠶᠢ ᠬᠠᠶᠢᠯᠤᠭᠤᠯᠵᠤ ᠪᠤᠯᠬᠤ | ᠦᠭᠡᠢ᠂ ᠢᠩᠭᠢᠬᠦ ᠨᠢ ᠲᠡᠷᠭᠡᠨ ᠤ ᠴᠣᠩᠬᠤ ᠶᠢ ᠲᠤᠩ ᠠᠮᠠᠷᠬᠠᠨ ᠡᠪᠳᠡᠯᠡᠵᠦ ᠰᠦᠢᠷᠡᠭᠦᠯᠦᠨᠡ᠃ | ᠴᠠᠰᠤ ᠮᠥᠰᠥ ᠲᠠᠢ ᠡᠳᠦᠷ ᠮᠠᠰᠢᠨ ᠲᠡᠷᠭᠡ ᠶᠢ ᠠᠮᠤᠷ ᠲᠦᠪᠰᠢᠨ ᠵᠢᠯᠤᠭᠤᠳᠬᠤ ᠶᠢᠨ ᠰᠠᠨᠠᠭᠤᠯᠤᠮᠵᠢ᠄ | ᠨᠢᠭᠡ᠂ ᠴᠠᠰᠤ ᠮᠥᠰᠥ ᠲᠠᠢ ᠡᠳᠦᠷ ᠲᠡᠷᠭᠡᠨ ᠤ ᠡᠮᠦᠨ᠎ᠡ ᠲᠠᠯ᠎ᠠ ᠶᠢᠨ ᠰᠠᠯᠬᠢ ᠬᠠᠯᠬᠠᠯᠠᠬᠤ ᠰᠢᠯ ᠨᠢ ᠲᠤᠩ | ᠠᠮᠠᠷᠬᠠᠨ ᠮᠠᠨᠠᠨᠲᠤᠳᠠᠭ ᠲᠤᠯᠠ ᠰᠠᠯᠬᠢ ᠬᠠᠯᠬᠠᠯᠠᠬᠤ ᠰᠢᠯ ᠤᠨ ᠮᠠᠨᠠᠨ ᠢ ᠳᠤᠯᠠᠭᠠᠨ ᠢ ᠨᠡᠮᠡᠭᠳᠡᠭᠦᠯᠬᠦ ᠠᠷᠭ᠎ᠠ ᠪᠠᠷ | ᠠᠷᠢᠯᠭᠠᠵᠤ ᠪᠣᠯᠣᠨ᠎ᠠ᠃ ᠲᠡᠷᠭᠡ ᠵᠢᠯᠤᠭᠤᠳᠬᠤ ᠶᠢᠨ ᠳᠠᠭᠠᠤ ᠳᠤ ᠵᠦᠯᠭᠦᠭᠦᠷ ᠢᠶᠠᠷ ᠵᠦᠯᠭᠦᠬᠦ ᠶᠢ ᠡᠷᠡᠰ ᠲᠡᠪᠴᠢᠨ᠎ᠡ᠃ | ᠬᠤᠶᠠᠷ᠂ ᠴᠠᠰᠤ ᠮᠥᠰᠥ ᠲᠠᠢ ᠡᠳᠦᠷ ᠮᠠᠰᠢᠨ ᠲᠡᠷᠭᠡ ᠵᠢᠯᠤᠭᠤᠳᠬᠤ ᠦᠶᠡᠰ ᠲᠡᠷᠭᠡᠨ ᠤ ᠬᠤᠷᠳᠤᠴᠠ ᠶᠢ | ᠰᠠᠶᠢᠲᠤᠷ ᠡᠵᠡᠮᠳᠡᠬᠦ ᠬᠡᠷᠡᠭᠲᠡᠢ᠂ ᠶᠡᠷᠦ ᠲᠡᠭᠡᠨ ᠴᠠᠭ ᠪᠦᠷᠢ 30 ᠺᠢᠯᠣᠮᠧᠲᠷ ᠠᠴᠠ ᠬᠡᠲᠦᠷᠡᠭᠦᠯᠬᠦ ᠦᠭᠡᠢ ᠪᠠᠶᠢᠭᠠᠷᠠᠢ᠃ | ᠡᠭᠦᠨ ᠠᠴᠠ ᠭᠠᠳᠠᠨ᠎ᠠ ᠭᠦᠢᠴᠡᠳ ᠲᠣᠷᠣᠮᠰᠤᠯᠠᠬᠤ ᠵᠠᠶᠢᠲᠠᠢ ᠪᠠᠶᠢᠬᠤ ᠶᠢ ᠪᠠᠲᠤᠯᠠᠵᠤ ᠲᠡᠷᠭᠡᠨ ᠤ ᠬᠤᠭᠤᠷᠤᠨᠳᠤᠭᠢ | ᠵᠠᠢ ᠶᠢ ᠵᠣᠬᠢᠰᠲᠠᠢ ᠪᠠᠶᠢᠯᠭᠠᠵᠤ᠂ ᠪᠤᠯᠬᠤ ᠶᠢᠨ ᠨᠥᠬᠦᠴᠡᠯ ᠳᠤ ᠡᠮᠦᠨᠡᠬᠢ ᠲᠡᠷᠭᠡ ᠶᠢ ᠳᠠᠪᠠᠭ᠋ᠤ ᠪᠠᠷ ᠬᠤᠷᠳᠤᠯᠠᠬᠤ | ᠦᠭᠡᠢ᠃ | ᠭᠤᠷᠪᠠ᠂ ᠴᠠᠰᠤ ᠮᠥᠰᠥ ᠲᠠᠢ ᠵᠠᠮ ᠳᠡᠭᠡᠷ᠎ᠡ ᠲᠡᠷᠭᠡ ᠵᠢᠯᠤᠭᠤᠳᠬᠤ ᠳᠤ ᠪᠣᠯᠭᠤᠮᠵᠢᠲᠠᠢ ᠪᠠᠶᠢᠵᠤ᠂ ᠲᠡᠷᠭᠡᠨ ᠤ | ᠬᠦᠷᠳᠦ ᠭᠤᠯᠭᠤᠷᠢᠬᠤ ᠪᠠᠶᠢᠳᠠᠯ ᠲᠣᠬᠢᠶᠠᠯᠳᠤᠪᠠᠯ ᠣᠭᠵᠣᠮ ᠲᠣᠷᠣᠮᠰᠤᠯᠠᠬᠤ ᠪᠠᠷ ᠭᠡᠳᠤ ᠲᠦᠷᠭᠡᠨ ᠵᠠᠯᠠᠭᠤᠷ ᠢᠶᠠᠨ | ᠡᠷᠭᠢᠭᠦᠯᠬᠦ ᠶᠢ ᠴᠡᠭᠡᠷᠯᠡᠵᠦ᠂ ᠵᠠᠪᠠᠯ ᠬᠠᠯᠲᠤᠷᠢᠭᠰᠠᠨ ᠴᠢᠭᠯᠡᠯ ᠲᠡᠶᠢᠰᠢ ᠬᠥᠩᠭᠡᠬᠡᠨ ᠰᠢᠭ ᠵᠠᠯᠠᠭᠤᠷ ᠢᠶᠠᠨ ᠵᠠᠯᠠᠵᠤ᠂ | ᠲᠡᠷᠭᠡ ᠬᠡᠪ ᠤᠨ ᠪᠠᠶᠢᠳᠠᠯ ᠳᠤ ᠣᠷᠣᠭᠰᠠᠨ ᠤ ᠲᠠᠷᠠᠭ᠎ᠠ ᠰᠠᠶ᠋ᠢ ᠲᠣᠷᠣᠮᠰᠤᠯᠠᠭᠤᠷ ᠢᠶᠠᠨ ᠭᠢᠰᠬᠢᠵᠦ ᠲᠡᠷᠭᠡ ᠪᠠᠨ ᠠᠯᠭᠤᠷ | ᠡᠵᠡᠮᠳᠡᠨ᠎ᠡ᠃ | ᠴᠠᠰᠤ ᠮᠥᠰᠥ ᠲᠠᠢ ᠵᠠᠮ ᠳᠡᠭᠡᠷ᠎ᠡ ᠮᠠᠰᠢᠨ ᠲᠡᠷᠭᠡ ᠵᠢᠯᠤᠭᠤᠳᠬᠤ ᠨᠢ ᠪᠣᠷᠣᠭᠠᠨ ᠤᠰᠤ ᠲᠠᠢ ᠵᠠᠮ ᠳᠡᠭᠡᠷ᠎ᠡ | ᠮᠠᠰᠢᠨ ᠵᠢᠯᠤᠭᠤᠳᠬᠤ ᠲᠠᠢ ᠬᠠᠷᠢᠴᠠᠭᠤᠯᠪᠠᠯ ᠨᠠᠩ ᠬᠦᠴᠢᠷ ᠪᠠᠶᠢᠵᠤ᠂ ᠭᠡᠨᠡᠳᠡᠯ ᠭᠠᠷᠬᠤ ᠨᠤᠷᠮ᠎ᠠ ᠨᠢ ᠴᠦ ᠨᠠᠩ | ᠥᠨᠳᠥᠷ ᠪᠠᠶᠢᠳᠠᠭ᠃ ᠮᠥᠰᠥ ᠴᠠᠰᠤ ᠲᠠᠢ ᠡᠳᠦᠷ ᠮᠠᠰᠢᠨ ᠲᠡᠷᠭᠡ ᠵᠢᠯᠤᠭᠤᠳᠬᠤ ᠤᠷ᠎ᠠ ᠴᠢᠳᠠᠪᠤᠷᠢ ᠶᠢᠨ ᠲᠤᠬᠠᠢ | ᠰᠢᠨᠬᠤᠸᠠ ᠰᠦᠯᠵᠢᠶᠡᠨ ᠳᠡᠭᠡᠷ᠎ᠡ ︽ᠠᠯᠭᠤᠷ᠂ ᠳᠡᠮᠲᠡᠢ᠂ ᠠᠭᠠᠵᠢᠮ︾ ᠭᠡᠵᠦ ᠬᠤᠷᠢᠶᠠᠩᠭᠤᠶᠢᠯᠠᠭᠰᠠᠨ ᠪᠠᠶᠢᠨ᠎ᠠ᠃ | ᠳᠠᠷᠤᠢ ᠠᠯᠭᠤᠷ ᠲᠣᠰᠣ ᠨᠡᠮᠡᠬᠦ᠂ ᠮᠠᠰᠢᠨ ᠲᠡᠷᠭᠡᠨ ᠤ ᠬᠤᠷᠳᠤᠴᠠ ᠶᠢ ᠳᠡᠮᠲᠡᠢ ᠡᠵᠡᠮᠰᠢᠵᠦ᠂ ᠠᠭᠠᠵᠢᠮ ᠢᠶᠠᠷ ᠴᠢᠭᠯᠡᠯ | ᠥᠭᠡᠷᠡᠴᠢᠯᠡᠬᠦ ᠪᠣᠯᠣᠨ᠎ᠠ᠃ | ᠲᠣᠰᠣ ᠠᠯᠭᠤᠷ ᠨᠡᠮᠡᠬᠦ ᠭᠡᠳᠡᠭ ᠨᠢ ᠳᠠᠷᠤᠢ ᠮᠠᠰᠢᠨ ᠲᠡᠷᠭᠡ ᠶᠢ ᠵᠢᠯᠤᠭᠤᠳᠬᠤ ᠦᠶ᠎ᠡ ᠳᠤ ᠲᠣᠰᠣ ᠶᠢ ᠬᠥᠩᠭᠡᠬᠡᠨ | ᠥᠭᠴᠦ᠂ ᠶᠠᠭᠠᠷᠠᠵᠤ ᠪᠠᠴᠢᠮᠳᠠᠬᠤ ᠦᠭᠡᠢ᠂ ᠮᠠᠰᠢᠨ ᠲᠡᠷᠭᠡ ᠡᠬᠢᠯᠡᠵᠦ ᠬᠥᠳᠡᠯᠬᠦ ᠦᠶᠡᠰ ᠤᠨ ᠠᠶᠤᠯᠭᠦᠢ ᠪᠠᠶᠢᠬᠤ ᠶᠢ | ᠪᠠᠲᠤᠯᠠᠨ᠎ᠠ᠃ ᠮᠥᠰᠥ ᠴᠠᠰᠤ ᠲᠠᠢ ᠵᠠᠮ ᠨᠢ ᠬᠡᠪ ᠤᠨ ᠵᠠᠮ ᠠᠴᠠ ᠨᠠᠩ ᠭᠥᠯᠢᠭᠡᠷ ᠪᠠᠶᠢᠳᠠᠭ ᠠᠴᠠ ᠮᠠᠰᠢᠨ | ᠲᠡᠷᠭᠡᠨ ᠳᠤ ᠳᠡᠩᠳᠡᠭᠦᠦ ᠲᠦᠷᠭᠡᠨ ᠲᠣᠰᠣ ᠥᠭᠪᠡᠯ ᠮᠠᠰᠢᠨ ᠲᠡᠷᠭᠡᠨ ᠤ ᠬᠥᠳᠡᠯᠭᠡᠬᠦ ᠬᠦᠴᠦᠨ ᠨᠢ ᠭᠠᠵᠠᠷ ᠤᠨ | ᠭᠠᠳᠠᠷᠭᠤ ᠶᠢᠨ ᠨᠠᠭᠠᠯᠳᠤᠬᠤ ᠬᠦᠴᠦᠨ ᠠᠴᠠ ᠶᠡᠭᠡ ᠪᠣᠯᠵᠤ ᠲᠡᠷᠭᠡᠨ ᠤ ᠬᠦᠷᠳᠦ ᠨᠢ ᠬᠤᠭᠤᠰᠤᠨ ᠡᠷᠭᠢᠭᠡᠳ ᠮᠠᠰᠢᠨ | ᠲᠡᠷᠭᠡ ᠨᠢ ᠬᠥᠨᠳᠡᠯᠡᠨ ᠲᠡᠶᠢᠰᠢ ᠭᠦᠪᠪᠤᠨ ᠰᠢᠯᠵᠢᠭᠦ ᠪᠣᠯᠣᠨ᠎ᠠ᠃ | ᠲᠡᠷᠭᠡᠨ ᠤ ᠬᠤᠷᠳᠤᠴᠠ ᠶᠢ ᠳᠡᠮᠲᠡᠢ ᠡᠵᠡᠮᠰᠢᠬᠦ ᠭᠡᠳᠡᠭ ᠨᠢ ᠳᠠᠷᠤᠢ ᠲᠡᠷᠭᠡᠨ ᠤ ᠲᠣᠷᠣᠮᠰᠤᠯᠠᠭᠤᠷ ᠢ ᠬᠥᠩᠭᠡᠬᠡᠨ | ᠭᠢᠰᠬᠢᠬᠦ᠂ ᠡᠰᠡᠬᠦᠯ᠎ᠡ ᠬᠥᠳᠡᠯᠭᠡᠭᠦᠷ ᠢᠶᠠᠷ ᠲᠣᠷᠣᠮᠰᠤᠯᠠᠵᠤ᠂ ᠲᠤᠰᠤᠨ ᠨᠡᠭᠡᠯᠡᠭᠡᠢ ᠶᠢ ᠬᠠᠭᠠᠵᠤ ᠬᠥᠳᠡᠯᠭᠡᠭᠦᠷ ᠤᠨ | ᠡᠷᠭᠢᠯᠲᠡ ᠶᠢᠨ ᠬᠤᠷᠳᠤᠴᠠ ᠶᠢ ᠦᠳᠲᠡᠷ ᠲᠦᠷᠭᠡᠨ ᠪᠠᠭᠤᠷᠠᠭᠤᠯᠵᠤ᠂ ᠲᠡᠷᠭᠡᠨ ᠤ ᠬᠤᠷᠳᠤᠴᠠ ᠶᠢᠨ ᠤᠳᠠᠭᠠᠨ | ᠪᠤᠯᠬᠤ ᠶᠢ ᠪᠡᠶᠡᠯᠡᠭᠦᠯᠦᠨ᠎ᠡ᠃ ᠶᠠᠭᠠᠬᠢᠭᠰᠠᠨ ᠴᠤ ᠪᠠᠴᠢᠮ ᠲᠣᠷᠣᠮᠰᠤᠯᠠᠵᠤ ᠪᠤᠯᠬᠤ ᠦᠭᠡᠢ᠃ ᠲᠣᠷᠣᠮᠰᠤᠯᠠᠬᠤ ᠪᠠᠷ | ᠲᠠᠮᠵᠢᠵᠤ ᠲᠡᠷᠭᠡ ᠶᠢ ᠵᠣᠭᠰᠤᠭᠠᠬᠤ ᠭᠡᠰᠡᠨ ᠴᠤ ᠲᠣᠷᠣᠮᠰᠤᠯᠠᠬᠤ ᠠᠴᠠ ᠡᠮᠦᠨ᠎ᠡ ᠤᠷᠢᠳ ᠢᠶᠠᠷ ᠬᠥᠳᠡᠯᠭᠡᠭᠦᠷ ᠢ | ᠵᠣᠭᠰᠣᠭᠠᠭᠠᠳ ᠰᠠᠶ᠋ᠢ ᠮᠠᠰᠢᠨ ᠲᠡᠷᠭᠡ ᠶᠢ ᠵᠣᠭᠰᠣᠭᠠᠨ᠎ᠠ᠃ | ᠴᠢᠭᠯᠡᠯ ᠢ ᠠᠭᠠᠵᠢᠮ ᠢᠶᠠᠷ ᠥᠭᠡᠷᠡᠴᠢᠯᠡᠬᠦ ᠭᠡᠳᠡᠭ ᠨᠢ ᠳᠠᠷᠤᠢ ᠲᠡᠷᠭᠡᠨ ᠤ ᠴᠢᠭᠯᠡᠯ ᠢ ᠥᠭᠡᠷᠡᠴᠢᠯᠡᠬᠦ ᠠᠴᠠ ᠡᠮᠦᠨ᠎ᠡ | ᠲᠡᠷᠭᠡᠨ ᠤ ᠬᠤᠷᠳᠤᠴᠠ ᠶᠢ ᠤᠳᠠᠭᠠᠨ ᠪᠣᠯᠭᠠᠨ᠎ᠠ᠂ ᠬᠡᠷᠪᠡ ᠵᠠᠮ ᠤᠨ ᠪᠠᠶᠢᠳᠠᠯ ᠰᠠᠶᠢᠨ ᠪᠣᠯ ᠷᠠᠳᠢᠦ᠋ᠰ ᠢ ᠶᠡᠭᠡ | ᠪᠠᠶᠢᠯᠭᠠᠵᠤ ᠵᠠᠯᠠᠭᠤᠷ ᠢ ᠠᠭᠠᠵᠢᠮ ᠡᠷᠭᠢᠭᠦᠯᠵᠦ᠂ ᠬᠠᠵᠠᠭᠤ ᠲᠡᠶᠢᠰᠢ ᠪᠠᠨ ᠬᠠᠯᠲᠤᠷᠢᠬᠤ ᠪᠠᠶᠢᠳᠠᠯ ᠭᠠᠷᠪᠠᠯ ᠬᠦᠷᠳᠦ | ᠪᠠᠨ ᠵᠣᠬᠢᠰᠲᠠᠢ ᠪᠤᠴᠠᠭᠠᠵᠤ ᠡᠷᠭᠢᠭᠦᠯᠵᠦ ᠪᠣᠯᠣᠨ᠎ᠠ᠃ | ᠴᠠᠰᠤ ᠮᠥᠰᠥ ᠲᠠᠢ ᠡᠳᠦᠷ ᠠᠯᠢ ᠪᠤᠯᠬᠤ ᠪᠠᠷ ᠲᠡᠷᠭᠡ ᠪᠠᠨ ᠬᠥᠮᠥᠷᠭᠡ ᠲᠡᠭᠡᠨ ᠵᠣᠭᠰᠣᠭᠠᠨ᠎ᠠ᠂ ᠬᠡᠷᠪᠡ | ᠨᠥᠬᠦᠴᠡᠯ ᠬᠦᠷᠦᠯᠴᠡᠬᠦ ᠦᠭᠡᠢ ᠪᠣᠯ ᠠᠯᠢ ᠪᠤᠯᠬᠤ ᠪᠠᠷ ᠤᠰᠤ ᠬᠤᠷᠠᠬᠤ ᠦᠭᠡᠢ ᠭᠠᠵᠠᠷ ᠲᠡᠷᠭᠡ ᠪᠠᠨ ᠵᠣᠭᠰᠣᠭᠠᠵᠤ᠂ | ᠮᠥᠰᠥ ᠬᠥᠯᠳᠡᠭᠡᠳ ᠶᠠᠷᠰᠢᠭ ᠪᠤᠯᠬᠤ ᠠᠴᠠ ᠰᠡᠷᠭᠡᠶᠢᠯᠡᠭᠡᠷᠡᠢ᠃ |