ᠭᠡᠷ ᠪᠦᠯᠢ ᠨᠢ ᠬᠡᠤᠭᠡᠳ ᠤᠨ ᠤᠤᠭᠠᠨ ᠬᠢᠴᠢᠶᠠᠯ ᠤᠨ ᠲᠢᠩᠬᠢᠮ᠂ ᠠᠪᠤ ᠡᠵᠢ ᠨᠢ ᠬᠡᠤᠭᠡᠳ ᠤᠨ ᠠᠩᠬᠠᠨ ᠤ | ᠪᠠᠭᠰᠢ ᠪᠠᠶᠢᠳᠠᠭ᠃ ᠭᠡᠷ ᠤᠨ ᠠᠬᠠᠮᠠᠳ ᠬᠡᠵᠢᠶ᠎ᠠ᠂ ᠬᠠᠮᠢᠭ᠎ᠠ ᠴᠤ ᠬᠡᠤᠭᠡᠳ ᠲᠡᠭᠡᠨ ᠲᠠᠭᠤᠷᠢᠶᠠᠯ ᠦᠵᠡᠭᠦᠯᠵᠤ ᠵᠦᠪ | ᠦᠢᠯᠡ ᠠᠵᠢᠯᠯᠠᠭ᠎ᠠ᠂ ᠵᠦᠪ ᠦᠵᠠᠯ ᠪᠤᠳᠤᠯ᠂ ᠵᠦᠪ ᠠᠷᠭ᠎ᠠ ᠪᠠᠷᠢᠯ ᠢᠶᠠᠷ ᠬᠡᠤᠭᠡᠳ ᠢ ᠲᠠᠭᠠᠭᠤᠯᠵᠤ ᠬᠦᠮᠦᠵᠢᠭᠦᠯᠭᠦ | ᠬᠡᠷᠡᠭᠳᠡᠢ᠃ ᠬᠡᠤᠭᠡᠳ ᠲᠤ ᠠᠷᠰᠠᠷ ᠬᠡᠷᠡᠭ ᠤᠴᠢᠷ ᠠᠴᠠ ᠦᠨᠡᠨ ᠴᠠᠶᠢᠯᠭᠠᠨ ᠭᠤᠸ᠎ᠠ ᠰᠠᠶᠢᠬᠠᠨ ᠤ ᠲᠠᠭᠠᠰᠢᠶᠠᠯ ᠢ | ᠬᠦᠷᠳᠡᠭᠡᠵᠤ᠂ ᠬᠤᠳᠠᠯ ᠮᠠᠭᠤᠬᠠᠢ ᠪᠤᠯᠬᠢ ᠶᠢ ᠵᠢᠭᠰᠢᠭᠦ ᠰᠤᠷᠳᠠᠯ ᠲᠠᠢ ᠪᠤᠯᠭᠠᠬᠤ ᠬᠡᠷᠡᠭᠳᠡᠢ᠃ ᠬᠡᠤᠭᠡᠳ ᠤᠨ ᠦᠵᠠᠯ | ᠰᠠᠨᠠᠭᠠᠨ ᠤ ᠬᠠᠨᠳᠤᠰᠢ ᠬᠢᠭᠡᠳ ᠦᠢᠯᠡ ᠠᠵᠢᠯᠯᠠᠭᠠᠨ ᠤ ᠬᠤᠪᠢᠷᠠᠯᠳᠠ ᠶᠢ ᠠᠩᠬᠠᠷᠴᠤ᠂ ᠴᠠᠭ ᠲᠤᠬᠠᠢ ᠳᠤᠨᠢ | ᠬᠦᠳᠤᠯᠤᠨ ᠬᠦᠮᠦᠵᠢᠭᠦᠯᠭᠦ ᠬᠡᠷᠡᠭᠳᠡᠢ᠃ | | ᠊᠊᠊᠊᠊᠊᠊᠊ ᠰᠢ ᠶᠢᠨ ᠫᠢᠡᠭ | ︽ᠭᠡᠷ ᠤᠨ ᠰᠤᠷᠭᠠᠯ ᠤᠯᠤᠰ ᠤᠨ ᠦᠨᠳᠤᠰᠤ︾ ᠬᠡᠳᠡᠭᠴᠢᠯᠠᠨ ᠨᠢᠭᠡ ᠤᠯᠤᠰ ᠦᠨᠳᠤᠰᠤᠳᠠᠨ ᠤ ᠬᠦᠭᠵᠢᠯ | ᠮᠠᠨᠳᠤᠯ ᠳᠤ ᠭᠡᠷ ᠪᠦᠯᠢ ᠶᠢᠨ ᠬᠦᠮᠦᠵᠢᠯ ᠲᠤᠩ ᠴᠢᠬᠤᠯᠠ ᠦᠢᠯᠡᠳᠤᠯ ᠲᠠᠢ ᠪᠠᠶᠢᠳᠠᠭ᠃ ᠮᠤᠩᠭᠤᠯᠴᠤᠳ ᠡᠷᠳᠡ | ᠤᠵᠤᠭᠤᠷ ᠠᠴᠠ ᠪᠠᠨ ᠭᠡᠷ ᠪᠦᠯᠢ ᠶᠢᠨ ᠬᠦᠮᠦᠵᠢᠯ ᠢ ᠡᠷᠬᠢᠮᠯᠡᠭᠰᠡᠭᠡᠷ ᠢᠷᠡᠵᠠᠢ᠃ ᠪᠢᠴᠢᠭ ᠮᠠᠲ᠋ᠧᠷᠢᠶᠠᠯ ᠢ | ᠦᠨᠳᠤᠰᠤᠯᠠᠪᠠᠯ᠂ ᠮᠤᠩᠭᠤᠯᠴᠤᠳ ᠤᠨ ᠭᠡᠷ ᠪᠦᠯᠢ ᠶᠢᠨ ᠬᠦᠮᠦᠵᠢᠯ ᠨᠢ ᠡᠭᠡᠴᠢᠯᠠᠯ ᠤᠨ ᠤᠪᠤᠭ ᠲᠦᠷᠦᠯ ᠤᠨ | ᠦᠶ᠎ᠠ ᠳᠤ ᠪᠦᠷᠢᠯᠳᠤᠵᠠᠢ᠃ ᠡᠨᠡ ᠨᠢ ᠡᠷᠡᠭᠳᠡᠶᠢᠴᠤᠳ ᠠᠡᠭ ᠠᠪᠠ ᠬᠢᠬᠦ᠂ ᠮᠠᠯ ᠦᠢᠯᠡᠳᠪᠤᠷᠢᠯᠠᠯ ᠳᠤ ᠤᠷᠤᠯᠴᠠᠬᠤ᠂ | ᠬᠠᠷᠠᠭᠤᠯ ᠮᠠᠨᠠᠭ᠎ᠠ ᠳᠤ ᠭᠠᠷᠳᠠᠭ ᠪᠠ ᠡᠮᠡᠭᠳᠡᠶᠢᠴᠤᠳ ᠨᠢ ᠭᠡᠷ ᠪᠦᠯᠢ ᠶᠢᠨ ᠦᠳᠡᠭᠦᠰ ᠨᠢᠯᠬᠠᠰ ᠢ ᠠᠰᠠᠷᠠᠬᠤ᠂ | ᠠᠮᠢᠳᠤᠷᠠᠯ ᠤᠨᠳᠤᠷᠤᠯᠭ᠎ᠠ ᠪᠠᠨ ᠲᠡᠩᠴᠡᠭᠦᠯᠵᠤ ᠪᠠᠶᠢᠬᠰᠠᠨ ᠡᠭᠦᠷᠭᠡ ᠬᠠᠷᠢᠭᠤᠴᠠᠯᠭ᠎ᠠ ᠲᠠᠢ ᠬᠤᠯᠪᠤᠬᠳᠠᠨ᠎ᠠ᠃ | ᠡᠮᠡᠭᠳᠡᠶᠢᠴᠤᠳ ᠤᠨ ᠭᠡᠷ ᠪᠦᠯᠢ᠂ ᠨᠡᠶᠢᠭᠡᠮ ᠤᠨ ᠪᠠᠶᠢᠷᠢ ᠰᠠᠭᠤᠷᠢ ᠨᠢ ᠲᠡᠳᠡᠨ ᠢ ᠠᠶᠠᠨᠳᠠᠭᠠᠨ ᠭᠡᠷ ᠪᠦᠯᠢ ᠶᠢᠨ | ᠬᠦᠮᠦᠵᠢᠯ ᠢ ᠶᠠᠪᠤᠬᠳᠠᠭᠤᠯᠵᠤ ᠪᠠᠶᠢᠪᠠ᠃ ᠡᠴᠢᠭᠡ ᠶᠢᠨ ᠡᠷᠭᠡᠳᠤ ᠪᠠᠶᠢᠭᠤᠯᠤᠯ ᠳᠤ ᠤᠷᠤᠬᠰᠠᠨ ᠴᠤ ︽ᠭᠡᠷ ᠤᠨ | ᠬᠦᠮᠦᠵᠢᠯ︾ ᠨᠢ ᠮᠦᠨ ᠵᠤᠬᠢᠬᠤ ᠦᠢᠯᠡᠳᠤᠯ ᠢ ᠭᠠᠷᠭᠠᠬᠰᠠᠭᠠᠷ ᠪᠠᠶᠢᠪᠠ᠃ ᠵᠢᠱᠢᠶᠠᠯᠠᠪᠠᠯ᠂ ᠠᠯᠤᠩᠭᠤᠸ᠎ᠠ ᠡᠭᠡ ᠶᠢᠨ | ᠠᠯᠳᠠᠷᠳᠤ ︽ᠲᠠᠪᠤᠨ ᠮᠦᠰᠤᠨ ᠤ ᠰᠤᠷᠭᠠᠯ︾᠂ ᠦᠭᠡᠯᠤᠨ ᠡᠭᠡ ᠶᠢᠨ ︽ᠰᠡᠭᠦᠳᠡᠷ ᠲᠤᠷ ᠲᠤᠪᠳᠤᠯᠬᠤ ᠰᠢᠩᠬᠤᠷ ︵ | ᠱᠤᠩᠬᠤᠷ ᠰᠢᠪᠠᠭᠤ︶ ᠮᠠᠳᠤ᠂ ᠰᠠᠮ ᠢᠶᠠᠷ ᠵᠠᠯᠬᠢᠬᠤ ᠴᠤᠷᠠᠭᠠ ︵ᠨᠢᠭᠡ ᠵᠦᠢᠯ ᠤᠨ ᠵᠢᠭᠠᠰᠤ︶ ᠮᠠᠳᠤ ᠁ | ᠰᠡᠭᠦᠳᠡᠷ ᠠᠴᠠ ᠪᠤᠰᠤ ᠨᠦᠭᠦᠷ ᠦᠭᠡᠢ ᠳᠤᠷ᠂ ᠰᠡᠭᠦᠯ ᠠᠴᠠ ᠪᠤᠰᠤ ᠴᠢᠴᠤᠭᠠ ︵ᠲᠠᠰᠢᠭᠤᠷ︶ ᠦᠭᠡᠢ ᠳᠤᠷ ᠁ | ︾ ᠬᠡᠵᠤ ᠲᠡᠮᠤᠵᠢᠨ᠂ ᠬᠠᠰᠠᠷ ᠬᠤᠶᠠᠭᠤᠯᠠ ᠶᠢ ᠵᠢᠮᠡᠯᠡᠨ ᠲᠤᠩᠭᠤᠳᠤᠬᠰᠠᠨ ᠦᠯᠢᠭᠡᠷ ᠵᠡᠷᠭᠡ ᠨᠢ ᠤᠳᠤ ᠳᠤ | ᠬᠦᠷᠳᠠᠯ᠎ᠠ ᠤᠯᠠᠮᠵᠢᠯᠠᠬᠳᠠᠵᠤ᠂ ᠮᠤᠩᠭᠤᠯᠴᠤᠳ ᠤᠨ ᠭᠡᠷ ᠪᠦᠯᠢ ᠶᠢᠨ ᠬᠦᠮᠦᠵᠢᠯ ᠤᠨ ᠦᠯᠢᠭᠡᠷ ᠵᠢᠱᠢᠶ᠎ᠠ ᠪᠤᠯᠤᠬᠰᠠᠨ | ᠪᠠᠶᠢᠨ᠎ᠠ᠃ | ᠮᠤᠩᠭᠤᠯᠴᠤᠳ ︽ᠰᠤᠷᠭᠠᠯ ᠰᠠᠶᠢᠳᠠᠢ ᠭᠡᠷ ᠢ ᠶᠡᠭᠡ ᠡᠷᠬᠢᠮᠯᠡᠮᠤᠢ︾ ᠬᠡᠮᠡᠨ ᠯᠤᠪᠰᠠᠩᠴᠦ᠋ᠢᠳᠠᠨ ︽ᠮᠤᠩᠭᠤᠯ ᠤᠨ | ᠵᠠᠩ ᠠᠭᠠᠯᠢ ᠶᠢᠨ ᠤᠢᠢᠯᠠᠪᠤᠷᠢ︾ ᠨᠤᠮ ᠳᠠᠭᠠᠨ ᠲᠤᠷᠠᠳᠤᠬᠰᠠᠨ ᠪᠠᠶᠢᠳᠠᠭ᠃ ᠡᠷᠳᠡᠨ ᠤ ᠮᠤᠩᠭᠤᠯᠴᠤᠳ ᠤᠷᠳᠤ | ᠤᠳᠠᠭᠠᠨ ᠠᠮᠢᠳᠤᠷᠠᠯ ᠦᠢᠯᠡᠳᠪᠤᠷᠢᠯᠠᠯ ᠤᠨ ᠶᠠᠪᠤᠴᠠ ᠳᠠᠭᠠᠨ ᠦᠪᠡᠷ ᠤᠨ ᠬᠤᠶᠢᠴᠢᠰ ᠊᠊᠊᠊᠊᠊ ᠦᠷ᠎ᠠ ᠬᠡᠤᠭᠡᠳ ᠢᠶᠠᠨ | ᠡᠶ᠎ᠡ ᠡᠪᠳᠠᠢ ᠪᠦᠯᠭᠦᠮᠳᠠᠯ ᠨᠢᠬᠳᠠᠷᠠᠯ ᠲᠠᠢ᠂ ᠡᠷᠡᠭᠦᠯ ᠴᠢᠬᠢᠷᠠᠭ ᠪᠠᠶ᠎ᠠ ᠮᠠᠬᠠᠪᠤᠳ ᠲᠠᠢ᠂ ᠰᠡᠴᠠᠨ ᠰᠡᠷᠭᠦᠯᠠᠩ ᠤᠢ | ᠤᠬᠠᠭᠠᠨ ᠲᠠᠢ᠂ ᠠᠵᠢᠯᠴᠢ ᠬᠦᠳᠡᠯᠮᠤᠷᠢᠴᠢ ᠪᠤᠷᠤᠬᠵᠢᠭᠤᠨ ᠰᠤᠷᠳᠠᠯ ᠲᠠᠢ ᠪᠤᠯᠭᠠᠨ ᠬᠦᠮᠦᠵᠢᠭᠦᠯᠭᠦ ᠶᠢ ᠰᠡᠳᠬᠢᠨ | ᠦᠢᠯᠡᠳᠤᠯᠭᠡᠵᠢᠭᠦᠯᠵᠤ ᠢᠷᠡᠭᠰᠡᠨ ᠶᠤᠮ᠃ ᠬᠡᠳᠠᠯ᠎ᠠ ᠨᠡᠶᠢᠭᠡᠮ ᠤᠨ ᠬᠤᠪᠢᠰᠤᠯᠳᠠ᠂ ᠰᠤᠷᠭᠠᠭᠤᠯᠢ ᠶᠢᠨ ᠰᠤᠷᠭᠠᠨ | ᠬᠦᠮᠦᠵᠢᠯ ᠤᠨ ᠲᠦᠭᠡᠮᠡᠯᠵᠢᠯᠳᠠ᠂ ᠡᠯ᠎ᠠ ᠵᠦᠢᠯ ᠤᠨ ᠦᠵᠡᠯᠳᠠ ᠤᠢᠢᠯᠠᠭᠠᠬᠳᠠᠬᠤᠨ ᠤ ᠨᠦᠯᠦᠭᠡᠯᠡᠯ ᠠᠴᠠ ᠪᠤᠯᠵᠤ | ᠮᠤᠩᠭᠤᠯᠴᠤᠳ ᠤᠨ ᠭᠡᠷ ᠤᠨ ᠬᠦᠮᠦᠵᠢᠯ ᠮᠠᠰᠢ ᠤᠯᠠᠨ ᠲᠠᠯ᠎ᠠ ᠳᠤ ᠬᠤᠪᠢᠷᠠᠯᠳᠠ ᠭᠠᠷᠴᠤ ᠴᠢᠨᠠᠬᠰᠢᠯᠠᠭᠠᠳ | ᠠᠯᠳᠠᠬᠳᠠᠵᠤ᠂ ᠮᠠᠷᠳᠠᠬᠳᠠᠵᠤ ᠪᠠᠶᠢᠨ᠎ᠠ᠃ | ᠭᠡᠷ ᠪᠦᠯᠢ ᠶᠢᠨ ᠪᠦᠳᠤᠴᠠ ᠶᠢᠨ ᠵᠠᠳᠠᠷᠠᠯ | ᠭᠡᠷ ᠪᠦᠯᠢ ᠶᠢᠨ ᠪᠦᠳᠤᠴᠠ ᠭᠡᠭᠰᠡᠭᠡᠷ ᠭᠤᠤᠯᠳᠠᠭᠤ ᠭᠡᠷ ᠪᠦᠯᠢ ᠶᠢᠨ ᠬᠦᠮᠤᠨ ᠠᠮᠠ ᠶᠢᠨ ᠪᠦᠳᠤᠴᠠ ᠶᠢ ᠵᠢᠭᠠᠳᠠᠭ | ᠃ ᠮᠤᠩᠭᠤᠯᠴᠤᠳ ᠤᠨ ᠤᠯᠠᠮᠵᠢᠯᠠᠯᠳᠤ ᠭᠡᠷ ᠪᠦ᠋ᠯᠢ ᠶᠢᠨ ᠬᠦᠮᠦᠵᠢᠯ ᠳᠤ ᠨᠢᠭᠡ ᠬᠡᠤᠭᠡᠳ ᠦᠰᠴᠤ ᠪᠤᠶᠢᠵᠢᠬᠤ | ᠶᠠᠪᠤᠴᠠ ᠳᠠᠭᠠᠨ ᠡᠴᠢᠭᠡ ᠡᠭᠡ ᠶᠢᠨ ᠰᠢᠭᠤᠳ ᠰᠤᠷᠭᠠᠨ ᠬᠦᠮᠦᠵᠢᠯ᠂ ᠡᠪᠦᠭᠡ ᠡᠮᠡᠭᠡ ᠶᠢᠨ ᠲᠡᠮ ᠪᠤᠶᠤ ᠰᠢᠭᠤᠳ | ᠰᠤᠷᠭᠠᠨ ᠬᠦᠮᠦᠵᠢᠯ᠂ ᠠᠬ᠎ᠠ ᠡᠭᠡᠴᠢ ᠶᠢᠨ ᠦᠭᠡ ᠶᠠᠷᠢᠶ᠎ᠠ᠂ ᠦᠢᠯᠡ ᠠᠵᠢᠯᠯᠠᠭᠠᠨ ᠤ ᠦᠯᠢᠭᠡᠷ ᠵᠢᠱᠢᠶ᠎ᠠ ᠵᠡᠷᠭᠡ ᠪᠠᠷ | ᠬᠦᠮᠦᠵᠢᠭᠳᠡᠳᠡᠭ ᠪᠠᠶᠢᠪᠠ᠃ ᠨᠡᠶᠢᠭᠡᠮ ᠤᠨ ᠬᠤᠪᠢᠰᠤᠯᠳᠠ ᠶᠢ ᠲᠠᠭᠠᠯᠳᠤᠨ᠂ ᠭᠡᠷ ᠪᠦᠯᠢ ᠶᠢᠨ ᠪᠦᠳᠤᠴᠠ ᠳᠤ ᠴᠤ | ᠬᠤᠪᠢᠷᠠᠯᠳᠠ ᠭᠠᠷᠴᠤ᠂ ᠭᠡᠷ ᠪᠦ᠋ᠯᠢ ᠶᠢᠨ ᠬᠦᠮᠦᠵᠢᠯ ᠬᠡᠪ ᠢᠶᠠᠨ ᠠᠯᠳᠠᠬᠳᠠᠵᠤ ᠪᠠᠶᠢᠨ᠎ᠠ᠃ | ᠲᠦᠯᠦᠪᠯᠡᠭᠡ ᠲᠠᠢ ᠪᠠᠷ ᠬᠡᠤᠭᠡᠳ ᠠᠪᠬᠤ ᠲᠦᠷᠦ ᠶᠢᠨ ᠪᠤᠳᠤᠯᠭ᠎ᠠ ᠶᠢᠨ ᠨᠦᠯᠦᠭᠡᠯᠡᠯ ᠢᠶᠠᠷ ᠭᠡᠷ ᠪᠦᠯᠢ ᠶᠢᠨ | ᠬᠦᠮᠦᠵᠢᠯ ᠤᠯᠠᠮᠵᠢᠯᠠᠯᠳᠤ ᠶᠤᠰᠤᠭᠠᠷ ᠶᠠᠪᠤᠬᠳᠠᠬᠤ ᠶᠢ ᠨᠦᠯᠦᠭᠡᠯᠡᠭᠰᠡᠨ ᠪᠠᠶᠢᠨ᠎ᠠ᠃ ︽ᠮᠤᠩᠭᠤᠯᠴᠤᠳ ᠤᠨ ᠤᠯᠠᠨ | ᠬᠡᠤᠭᠡᠳ ᠲᠠᠢ ᠠᠶᠢᠯ ᠢ ︿ᠦᠨᠢᠷ ᠦᠳᠭᠡᠨ ᠦᠷ᠎ᠠ ᠪᠤᠶᠠᠨ ᠤ ᠵᠠᠶᠠᠭ᠎ᠠ ᠲᠠᠢ᠂ ᠠᠮᠠᠨ ᠤ ᠬᠡᠰᠢᠭ ᠬᠤᠷᠠᠬᠰᠠᠨ | ᠠᠵᠠ ᠲᠠᠢ ᠠᠶᠢᠯ﹀᠂ ︿ᠬᠦᠮᠤᠨ ᠨᠠᠮᠠᠪᠠᠯ ᠬᠦᠨᠡᠰᠤ ᠨᠠᠮᠠᠨ᠎ᠠ﹀ ᠬᠡᠵᠤ ᠦᠵᠡᠳᠡᠭ ᠪᠦᠭᠡᠳ ᠰᠢᠨ᠎ᠠ ᠬᠡᠤᠭᠡᠳ | ᠨᠡᠮᠡᠭᠳᠡᠭᠦ ᠶᠢ ᠢᠮᠠᠬᠳᠠ ᠬᠦᠰᠡᠮᠵᠢᠯᠠᠨ ᠪᠠᠶᠢᠬᠰᠠᠨ ᠰᠠᠶᠢᠬᠠᠨ ᠤᠯᠠᠮᠵᠢᠯᠠᠯ ᠨᠢ ᠠᠯᠳᠠᠬᠳᠠᠵᠤ᠂ ᠤᠤᠯ ᠤᠨ ᠰᠢᠭ᠋ ᠨᠢᠭᠡ | ᠠᠶᠢᠯ ᠳᠤ ᠵᠤᠯᠠᠢ ᠵᠤᠯᠠᠢ ᠪᠠᠨ ᠬᠢᠰᠭᠡᠨ ᠲᠦᠷᠦᠭᠰᠡᠨ ᠬᠡᠤᠭᠡᠳ ᠬᠤᠭᠤᠷᠤᠨᠳᠤ ᠪᠠᠨ ᠲᠤᠬᠯᠠᠨ ᠨᠠᠭᠠᠳᠴᠤ᠂ ᠪᠠᠶ᠎ᠠ | ᠪᠠᠶ᠎ᠠ ᠪᠠᠨ ᠤᠬᠠᠭᠠᠷᠠᠭᠤᠯᠤᠨ ᠨᠦᠯᠦᠭᠡᠯᠡᠳᠡᠭ ᠤᠳᠤᠮᠰᠢᠯ ᠨᠢ ᠲᠦᠯᠦᠪᠯᠡᠭᠡ ᠲᠠᠢ ᠪᠠᠷ ᠬᠡᠤᠭᠡᠳ ᠠᠪᠬᠤ ᠲᠦᠷᠦ ᠶᠢᠨ | ᠪᠤᠳᠤᠯᠭ᠎ᠠ ᠶᠢᠨ ᠨᠦᠯᠦᠭᠡᠯᠡᠯ ᠢᠶᠠᠷ ᠨᠢᠭᠡᠨᠳᠠ ᠡᠴᠤᠰᠯᠡᠭᠰᠡᠨ ᠪᠠᠶᠢᠳᠠᠯ ᠳᠤ ᠤᠷᠤᠪᠠ᠃ ᠤᠳᠤ ᠮᠤᠩᠭᠤᠯᠴᠤᠳ | ᠦᠨᠳᠤᠰᠤᠨ ᠳᠡᠭᠡᠨ ᠭᠠᠭᠴᠠ ᠪᠤᠶᠤ ᠬᠤᠶᠠᠷ ᠬᠡᠤᠭᠡᠳ ᠠᠪᠬᠤ ᠠᠶᠢᠯ ᠤᠯᠠᠰᠢᠷᠠᠬᠰᠠᠨ ᠠᠴᠠ ᠪᠤᠯᠵᠤ᠂ ᠬᠡᠤᠭᠡᠳ ᠢᠶᠠᠨ | ︿ᠲᠤᠷᠭ᠎ᠠ ᠪᠠᠷ ᠪᠠᠭᠯᠠᠵᠤ ᠲᠤᠰᠤ ᠪᠠᠷ ᠮᠢᠯᠢᠶᠠᠬᠤ﹀ ᠠᠴᠠ ᠲᠤᠤᠷ᠎ᠠ ᠦᠭᠡᠢ ᠬᠠᠶᠢᠷᠠᠯᠠᠵᠤ ᠰᠠᠨᠠᠵᠤ᠂ ᠬᠠᠷᠢᠨ ᠬᠦᠮᠤᠨ | ᠪᠤᠯᠬᠤ ᠶᠢᠨ ᠬᠠᠮᠤᠭ ᠦᠨᠳᠤᠰᠤᠨ ᠶᠤᠰᠤ ᠮᠤᠷᠠᠯ ᠪᠤᠯᠤᠨ ᠲᠠᠳᠤᠯᠭ᠎ᠠ ᠪᠤᠯᠪᠠᠰᠤᠷᠠᠯ ᠢ ᠬᠦᠢᠴᠡᠳ ᠬᠦᠷᠳᠡᠭᠡᠭᠦ ᠦᠭᠡᠢ᠂ | ᠡᠪᠦᠭᠡ ᠡᠮᠡᠭᠡ ᠪᠤᠯᠤᠬᠰᠡᠳ ᠨᠢ ᠤᠮᠪᠤᠯᠤ ᠪᠠᠨ ᠰᠠᠨᠠᠬᠤ ᠶᠢᠨ ᠲᠦᠯᠦᠭᠡ ᠡᠵᠢ ᠠᠪᠤ ᠶᠢ ᠨᠢ ᠪᠤᠷᠤᠭᠤᠳᠬᠠᠵᠤ ᠬᠡᠯᠡᠭᠦ | ᠵᠡᠷᠭᠡ ᠤᠯᠠᠨ ᠤᠴᠢᠷ ᠶᠠᠪᠤᠳᠠᠯ ᠠᠴᠠ ᠪᠤᠯᠤᠭᠠᠳ ᠡᠷᠭᠡ ᠲᠠᠩᠬᠢ᠂ ᠰᠤᠷᠳᠠᠯ ᠰᠤᠷᠭᠠᠯ ᠢᠶᠠᠷ ᠲᠤᠳᠠᠭᠤ ᠬᠡᠤᠭᠡᠳ | ᠭᠠᠷᠴᠤ ᠪᠠᠶᠢᠨ᠎ᠠ᠂ ᠡᠶᠢᠮᠤ ᠪᠠᠶᠢᠳᠠᠯ ᠨᠢ ᠶᠠᠪᠤᠬᠤ ᠲᠤᠳᠤᠮ ᠬᠡᠴᠡᠭᠦᠳᠠᠵᠤ ᠪᠠᠶᠢᠨ᠎ᠠ︾ ᠬᠡᠵᠤ ᠦᠪᠤᠷ ᠮᠤᠩᠭᠤᠯ ᠤᠨ | ᠦᠨᠳᠤᠰᠤᠳᠠᠨ ᠤ ᠶᠡᠭᠡ ᠰᠤᠷᠭᠠᠭᠤᠯᠢ ᠶᠢᠨ ᠰᠤᠷᠭᠠᠨ ᠬᠦᠮᠦᠵᠢᠯ ᠤᠨ ᠰᠢᠨᠵᠢᠯᠡᠭᠦ ᠤᠬᠠᠭᠠᠨ ᠤ ᠲᠡᠭᠡᠳᠤ | ᠰᠤᠷᠭᠠᠭᠤᠯᠢ ᠶᠢᠨ ᠲᠤᠬᠳᠠᠬᠤ ᠪᠠᠭᠰᠢ ᠠᠴᠠ ᠶᠠᠷᠢᠯ᠎ᠠ᠃ ᠬᠦᠳᠡᠭᠡ ᠶᠢᠨ ᠰᠤᠷᠭᠠᠭᠤᠯᠢ ᠶᠢ ᠬᠤᠰᠢᠭᠤ ᠰᠢᠶᠠᠨ ᠳᠤ | ᠨᠡᠶᠢᠯᠡᠭᠦᠯᠦᠭᠰᠡᠨ ᠨᠢ ᠭᠡᠷ ᠪᠦᠯᠢ ᠶᠢᠨ ᠬᠦᠮᠦᠵᠢᠯ ᠤᠨ ᠤᠯᠠᠮᠵᠢᠯᠠᠯᠳᠤ ᠶᠤᠰᠤᠭᠠᠷ ᠶᠠᠪᠤᠬᠳᠠᠵᠤ ᠴᠢᠳᠠᠬᠤ ᠦᠭᠡᠢ | ᠪᠤᠯᠵᠠᠢ᠃ ᠬᠡᠤᠭᠡᠳ ᠲᠤ ᠬᠠᠮᠤᠭ ᠶᠡᠭᠡ ᠨᠦᠯᠦᠭᠡ ᠲᠤᠰᠬᠠᠯ ᠦᠵᠡᠭᠦᠯᠳᠡᠭ ᠬᠦᠮᠤᠨ ᠪᠤᠯ ᠲᠠᠷᠤᠢ ᠠᠪᠤ ᠡᠵᠢ ᠪᠤᠯᠬᠤ | ᠶᠤᠮ᠃ ᠠᠪᠤ ᠡᠵᠢ ᠪᠤᠯᠤᠬᠰᠡᠳ ᠤᠨ ᠦᠭᠡ ᠶᠠᠷᠢᠶ᠎ᠠ᠂ ᠦᠢᠯᠡ ᠠᠵᠢᠯᠯᠠᠭ᠎ᠠ᠂ ᠵᠠᠩ ᠲᠠᠳᠬᠠᠯ ᠨᠢ ᠬᠡᠤᠭᠡᠳ ᠤᠨ | ᠡᠷᠡᠭᠦᠯ ᠰᠠᠷᠠᠭᠤᠯ ᠦᠰᠦᠯᠳᠠ ᠪᠤᠶᠢᠵᠢᠯᠳᠠ ᠳᠤ ᠬᠠᠮᠤᠭ ᠴᠢᠬᠤᠯᠠ ᠦᠢᠯᠡᠳᠤᠯ ᠦᠵᠡᠭᠦᠯᠵᠤ ᠪᠠᠶᠢᠳᠠᠭ᠃ | ᠬᠦᠳᠡᠭᠡ ᠶᠢᠨ ᠰᠤᠷᠭᠠᠭᠤᠯᠢ ᠶᠢ ᠬᠤᠰᠢᠭᠤ ᠰᠢᠶᠠᠨ ᠳᠤ ᠨᠡᠶᠢᠯᠡᠭᠦᠯᠦᠭᠰᠡᠨ ᠠᠴᠠ ᠡᠪᠦᠭᠡ ᠡᠮᠡᠭᠡ ᠨᠢ ᠤᠮᠪᠤᠯᠤ ᠪᠠᠨ | ᠠᠪᠴᠤ ᠬᠤᠰᠢᠭᠤᠨ ᠲᠦᠪ ᠲᠤ ᠤᠷᠤᠵᠤ ᠰᠤᠷᠭᠠᠭᠤᠯᠢ ᠳᠤ ᠬᠦᠷᠭᠡᠵᠤ᠂ ᠡᠴᠢᠭᠡ ᠡᠭᠡ ᠨᠢ ᠬᠦᠳᠡᠭᠡ ᠳᠡᠭᠡᠨ ᠠᠵᠢᠯ | ᠠᠮᠢᠳᠤᠷᠠᠯ ᠢᠶᠠᠨ ᠲᠤᠳᠤᠮᠳᠠᠬᠰᠠᠨ ᠠᠮᠢᠳᠤᠷᠠᠯ ᠤᠨ ᠰᠢᠨ᠎ᠠ ᠬᠡᠯᠪᠠᠷᠢ ᠠᠴᠠ ᠪᠤᠢ ᠪᠤᠯᠤᠬᠰᠠᠨ ᠡᠷᠦᠭᠡ ᠭᠡᠷ ᠤᠨ | ᠬᠦᠮᠦᠵᠢᠯ ᠨᠢ ᠡᠪᠦᠭᠡ ᠡᠮᠡᠭᠡ ᠶᠢᠨ ᠬᠦᠮᠦᠵᠢᠯ ᠪᠤᠯᠵᠤ ᠬᠤᠪᠢᠷᠠᠨ᠂ ᠡᠴᠢᠭᠡ ᠡᠭᠡ ᠶᠢᠨ ᠬᠦᠮᠦᠵᠢᠯ ᠰᠤᠷᠭᠠᠯ | ᠬᠤᠮᠰᠠᠳᠠᠵᠤ᠂ ᠭᠠᠷᠠᠭ ᠤᠨ ᠠᠮᠠᠷᠠᠯᠳᠠ ᠳᠠᠭᠠᠨ ᠬᠡᠤᠭᠡᠳ ᠨᠢ ᠭᠡᠷ ᠲᠡᠭᠡᠨ ᠬᠠᠷᠢᠪᠠᠯ ᠶᠠᠭᠤ ᠴᠤ ᠬᠢᠯᠭᠡᠳᠡᠭ ᠦᠭᠡᠢ᠂ | ᠠᠯᠢ ᠠᠮᠳᠠᠳᠠᠢ ᠰᠢᠮᠡᠳᠠᠢ ᠵᠦᠢᠯ ᠢᠳᠡᠭᠦᠯᠵᠤ ᠤᠤᠭᠤᠯᠭᠠᠬᠤ ᠬᠡᠵᠤ ᠶᠠᠭᠠᠷᠠᠳᠠᠭ ᠠᠴᠠ ᠪᠢᠰᠢ ᠦᠵᠠᠯ ᠰᠠᠨᠠᠭᠠᠨ ᠤ | ᠲᠠᠯ᠎ᠠ ᠪᠠᠷ ᠬᠦᠮᠦᠵᠢᠯ ᠬᠢᠬᠦ ᠶᠢ ᠤᠮᠳᠤᠭᠠᠢᠢᠯᠠᠵᠤ ᠪᠠᠶᠢᠳᠠᠭ᠃ ᠦᠷᠯᠦᠭᠡ ᠨᠠᠰᠤᠳᠠᠨ ᠡᠨᠡ ᠵᠢᠯ 60 ᠨᠠᠰᠤᠳᠠᠢ᠂ | ᠦᠨᠤ ᠵᠢᠯ ᠤᠨ 9 ᠰᠠᠷ᠎ᠠ ᠳᠤ ᠤᠮᠪᠤᠯᠤ ᠦᠬᠢᠨ ᠢᠶᠠᠨ ᠪᠠᠭ᠎ᠠ ᠰᠤᠷᠭᠠᠭᠤᠯᠢ ᠳᠤ ᠭᠦᠷᠭᠡᠭᠦ ᠶᠢᠨ ᠲᠦᠯᠦᠭᠡ ᠬᠤᠰᠢᠭᠤᠨ | ᠲᠦᠪ ᠲᠤ ᠰᠤᠷᠭᠠᠭᠤᠯᠢ ᠶᠢᠨ ᠤᠢᠢᠷᠠᠯᠴᠠᠭ᠎ᠠ ᠭᠡᠷ ᠲᠦᠷᠢᠶᠠᠰᠤᠯᠠᠨ ᠰᠠᠭᠤᠪᠠ᠃ ᠦᠷᠯᠦᠭᠡ ᠨᠠᠰᠤᠳᠠᠨ ᠲᠠᠢ | ᠶᠠᠷᠢᠯᠴᠠᠬᠤ ᠲᠤᠮᠳᠠ ᠠᠴᠠ ᠤᠢᠢᠯᠠᠭᠠᠬᠰᠠᠨ ᠢᠶᠠᠷ᠂ ᠨᠠᠰᠤᠳᠠᠨ ᠡᠳᠤᠷᠵᠢᠨ ᠬᠡᠤᠭᠡᠨ ᠳᠡᠭᠡᠨ ᠭᠤᠷᠪᠠᠨ ᠡᠷᠢᠨ ᠤ | ᠬᠤᠭᠤᠯᠠ ᠤᠮᠳᠠ ᠬᠢᠵᠤ ᠪᠡᠯᠡᠳᠭᠡᠨ᠂ ᠬᠤᠪᠴᠠᠰᠤ ᠬᠤᠨᠠᠷ ᠢ ᠨᠢ ᠤᠬᠢᠶᠠᠵᠤ ᠴᠡᠪᠡᠷᠯᠡᠭᠦ ᠠᠴᠠ ᠭᠠᠳᠠᠨ᠎ᠠ ᠪᠠᠰᠠ | ᠰᠤᠷᠭᠠᠭᠤᠯᠢ ᠳᠤᠨᠢ ᠬᠦᠷᠭᠡᠵᠤ ᠲᠤᠰᠤᠭᠠᠳ᠂ ᠤᠷᠤᠢ ᠳᠠᠭᠠᠨ ᠲᠠᠰᠬᠠᠯ ᠲᠠᠭᠠᠭᠠᠯᠭᠠᠪᠤᠷᠢ ᠶᠢ ᠨᠢ ᠬᠢᠯᠭᠡᠳᠡᠭ ᠪᠤᠯᠬᠤᠷ | ᠬᠡᠤᠭᠡᠨ ᠢᠶᠠᠨ ᠬᠡᠯᠡᠵᠤ ᠰᠤᠷᠭᠠᠬᠤ ᠴᠠᠭ ᠨᠢ ᠮᠠᠰᠢ ᠬᠤᠮᠰᠠ ᠪᠠᠶᠢᠳᠠᠭ᠃ ︽ᠤᠳᠤ ᠶᠢᠨ ᠬᠡᠤᠭᠡᠳ ᠪᠦᠷ ᠠᠶᠢᠯ ᠤᠨ | ᠭᠠᠭᠴᠠ ᠬᠡᠤᠭᠡᠳ᠂ ᠬᠡᠯᠡᠵᠤ ᠰᠠᠨᠠᠭᠤᠯᠬᠤ ᠶᠢ ᠬᠦᠯᠢᠶᠡᠵᠤ ᠲᠡᠶᠢᠯᠭᠦ ᠦᠭᠡᠢ᠂ ᠢᠯᠡᠭᠦᠦ ᠬᠡᠳᠤ ᠬᠡᠯᠡᠪᠠᠯ ᠦᠰᠢᠵᠤ | ᠵᠦᠷᠢᠭᠦᠳᠯᠡᠳᠡᠭ︾ ᠬᠡᠵᠤ ᠦᠷᠯᠦᠭᠡ ᠨᠠᠰᠤᠳᠠᠨ ᠶᠠᠷᠢᠵᠤ ᠪᠠᠶᠢᠯ᠎ᠠ᠃ | ᠶᠤᠰᠤ ᠰᠤᠷᠳᠠᠬᠤᠨ ᠤ ᠬᠦᠮᠦᠵᠢᠯ ᠤᠨ ᠭᠡᠭᠡᠭᠳᠠᠯ | ︽ᠮᠤᠷᠠᠯ ᠦᠭᠡᠢ ᠬᠦᠮᠤᠨ᠂ ᠢᠷᠤᠭᠠᠷ ᠦᠭᠡᠢ ᠰᠠᠪᠠ ᠲᠠᠢ ᠠᠳᠠᠯᠢ︾᠂ ︽ᠬᠦᠮᠤᠨ ᠶᠤᠰᠤ ᠲᠠᠢ ᠨᠢ ᠲᠡᠭᠡᠷ᠎ᠠ᠂ | ᠨᠤᠬᠠᠢ ᠰᠡᠭᠦᠯ ᠲᠠᠢ ᠨᠢ ᠲᠡᠭᠡᠷ᠎ᠠ︾ ᠬᠡᠳᠡᠭ ᠮᠡᠷᠭᠡᠨ ᠦᠭᠡ ᠪᠠᠶᠢᠳᠠᠭ᠃ ᠡᠭᠦᠨ ᠲᠠᠢ ᠠᠳᠠᠯᠢ ᠪᠠᠷ ᠬᠡᠤᠭᠡᠳ ᠤᠨ | ᠶᠤᠰᠤ ᠮᠤᠷᠠᠯ ᠤᠨ ᠬᠦᠮᠦᠵᠢᠯ ᠪᠤᠯ ᠭᠡᠷ ᠪᠦᠯᠢ ᠶᠢᠨ ᠬᠦᠮᠦᠵᠢᠯ ᠤᠨ ᠴᠢᠬᠤᠯᠠ ᠨᠢᠭᠡ ᠶᠠᠪᠤᠴᠠ ᠪᠤᠯᠬᠤ ᠶᠤᠮ᠃ | ᠮᠤᠩᠭᠤᠯᠴᠤᠳ ᠤᠨ ᠤᠯᠠᠮᠵᠢᠯᠠᠯᠳᠤ ᠭᠡᠷ ᠪᠦ᠋ᠯᠢ ᠶᠢᠨ ᠬᠦᠮᠦᠵᠢᠯ ᠤᠨ ᠭᠤᠤᠯ ᠴᠤᠬᠴᠠ ᠪᠤᠯ ︽ᠬᠠᠶᠢᠷ᠎ᠠ︾ ᠪᠤᠯᠤᠨ᠎ᠠ᠂ | ᠡᠨᠡ ᠭᠦ ᠭᠤᠤᠯ ᠴᠤᠬᠴᠠ ᠠᠴᠠ ᠬᠦᠪᠤᠷᠠᠨ ᠭᠠᠷᠴᠤ ᠢᠷᠡᠭᠰᠡᠨ ᠠᠴᠢᠯᠠᠯ ᠡᠯᠪᠡᠷᠢᠯ ᠲᠠᠢ᠂ ᠦᠨᠡᠨᠴᠢ ᠢᠳᠡᠭᠡᠯ ᠲᠠᠢ | ᠪᠠᠶᠢᠬᠤ᠂ ᠠᠵᠢᠯᠴᠢ ᠠᠷᠪᠢᠴᠢ᠂ ᠡᠪ ᠨᠠᠶᠢᠷᠠᠮᠳᠠᠯ ᠢ ᠡᠷᠬᠢᠮᠯᠡᠭᠦ ᠵᠡᠷᠭᠡ ᠭᠡᠷ ᠪᠦᠯᠢ ᠶᠢᠨ ᠶᠤᠰᠤ ᠰᠤᠷᠳᠠᠬᠤᠨ ᠨᠢ | ᠮᠤᠩᠭᠤᠯ ᠦᠨᠳᠤᠰᠤᠳᠡᠨ ᠤ ᠦᠬᠢᠳ ᠬᠦᠪᠡᠭᠦᠳ ᠤᠨ ᠪᠡᠶ᠎ᠠ ᠳᠡᠭᠡᠨ ᠠᠪᠴᠤ ᠶᠠᠪᠤᠬᠤ ᠨᠠᠨᠳᠢᠨ ᠶᠠᠰᠤ ᠴᠢᠨᠠᠷ ᠪᠤᠯᠵᠤ᠂ | ᠪᠠᠰᠠ ᠲᠤᠮᠳᠠᠳᠤ ᠶᠢᠨ ᠪᠤᠯᠪᠠᠰᠤᠨ ᠤ ᠡᠷᠳᠡᠨᠢ ᠪᠤᠯᠤᠬᠰᠠᠨ ᠪᠠᠶᠢᠨ᠎ᠠ᠃ | ᠮᠤᠩᠭᠤᠯᠴᠤᠳ ᠤᠨ ᠠᠯᠢ ᠡᠷᠳᠡ ᠠᠴᠠ ᠪᠠᠷᠢᠮᠳᠠᠯᠠᠭᠠᠳ ᠢᠷᠡᠭᠰᠡᠨ ᠦᠷ᠎ᠠ ᠬᠡᠤᠭᠡᠳ ᠨᠢ ᠡᠴᠢᠭᠡ ᠡᠭᠡ᠂ ᠠᠬ᠎ᠠ | ᠵᠠᠬ᠎ᠠ ᠪᠠᠨ ᠬᠦᠨᠳᠤᠯᠡᠭᠦ ᠶᠤᠰᠤ ᠰᠤᠷᠳᠠᠬᠤᠨ ᠤ ᠬᠦᠮᠦᠵᠢᠯ ᠪᠤᠯ ᠤᠯᠠᠮᠵᠢᠯᠠᠯᠳᠤ ᠭᠡᠷ ᠪᠦᠯᠢ ᠶᠢᠨ ᠬᠦᠮᠦᠵᠢᠯ ᠤᠨ ᠬᠢᠨᠢ | ᠴᠢᠬᠤᠯᠠ ᠨᠢᠭᠡ ᠠᠭᠤᠯᠭ᠎ᠠ ᠪᠤᠯᠤᠨ᠎ᠠ᠃ ᠮᠤᠩᠭᠤᠯᠴᠤᠳ ᠤᠨᠠᠭᠠᠨ ᠴᠠᠭ ᠠᠴᠠ ᠪᠠᠨ ᠡᠬᠢᠯᠡᠭᠡᠳ ᠡᠪᠤᠭᠡᠨ ᠬᠦᠭᠰᠢᠨ | ᠪᠤᠯᠳᠠᠯ᠎ᠠ ᠪᠠᠨ ︽ᠬᠦᠮᠤᠨ ᠳᠤ ᠠᠬ᠎ᠠ ᠲᠠᠢ᠂ ᠲᠡᠪᠠᠯ ᠳᠤ ᠵᠠᠭᠠᠮ᠎ᠠ ᠲᠠᠢ︾᠂ ︽ᠶᠤᠰᠤᠳᠠᠨ ᠢ ᠬᠦᠨᠳᠤᠯᠠ᠂ | ᠨᠠᠰᠤᠳᠠᠨ ᠢ ᠪᠠᠶᠠᠷᠯᠠᠭᠤᠯ︾᠂ ︽ᠠᠬ᠎ᠠ ᠨᠢ ᠰᠤᠷᠭᠠᠳᠠᠭ᠂ ᠲᠡᠭᠦᠦ ᠨᠢ ᠰᠤᠨᠤᠰᠳᠠᠭ︾ ᠬᠡᠳᠡᠭ ᠭᠡᠷ ᠤᠨ ᠰᠤᠷᠭᠠᠯ ᠤᠨ | ᠶᠤᠰᠤ ᠵᠢᠷᠤᠮ ᠢ ᠴᠢᠩᠭ᠎ᠠ ᠰᠠᠬᠢᠳᠠᠭ ᠵᠠᠩᠰᠢᠯ ᠲᠠᠢ᠃ ︽ᠪᠢᠳᠠᠨ ᠤ ᠪᠠᠭ᠎ᠠ ᠶᠢᠨ ᠦᠶᠡᠰ ᠠᠪᠤ ᠡᠵᠢ ᠠᠴᠠ ᠦᠷᠭᠦᠯᠵᠢ | ᠠᠬᠠᠮᠠᠳ ᠬᠦᠮᠤᠨ ᠲᠠᠢ ᠤᠴᠠᠷᠠᠨ ᠵᠤᠯᠭᠠᠪᠠᠯ ︿ᠠᠮᠤᠷ ᠰᠠᠶᠢᠨ ᠠᠰᠠᠭᠤᠬᠤ﹀᠂ ᠭᠡᠷ ᠲᠤ ᠬᠡᠶᠢᠴᠢᠨ ᠵᠤᠴᠢᠨ ᠢᠷᠡᠪᠠᠯ | ᠤᠬᠳᠤᠨ ᠭᠠᠷᠴᠤ ᠶᠤᠰᠤᠷᠬᠠᠭ ᠢᠶᠠᠷ ᠮᠠᠨᠳᠤᠴᠢᠯᠡᠭᠦ᠂ ᠠᠬᠠᠮᠠᠳ ᠬᠦᠮᠤᠰ ᠢ ︿ᠲᠠ﹀ ᠬᠡᠮᠡᠨ ᠬᠦᠨᠳᠤᠯᠠᠨ ᠲᠠᠭᠤᠳᠠᠬᠤ | ᠬᠡᠭᠦ ᠮᠠᠳᠤ ᠶᠢ ᠤᠯᠠᠨ ᠵᠠᠬᠢᠵᠤ ᠰᠤᠷᠭᠠᠵᠤ ᠪᠠᠶᠢᠪᠠ᠃ ᠬᠡᠪᠠᠴᠤ ᠤᠳᠤ ᠶᠢᠨ ᠬᠡᠤᠭᠡᠳ ᠠᠮᠤᠷ ᠠᠰᠠᠭᠤᠬᠤ ᠪᠠᠶᠢᠳᠤᠭᠠᠢ | ᠂ ᠭᠡᠷ ᠲᠤᠨᠢ ᠬᠦᠮᠤᠨ ᠢᠷᠡᠵᠤ ᠪᠠᠶᠢᠵᠤ ᠳᠤ ᠲᠧᠯᠧᠢᠰ ᠬᠠᠷᠠᠬᠤ ᠪᠤᠶᠤ ᠭᠠᠷ ᠤᠳᠠᠰᠤ ᠱᠠᠭᠠᠢᠢᠭᠠᠳ ᠦᠯᠦ ᠮᠡᠳᠡᠭᠴᠢ | ᠰᠠᠭᠤᠳᠠᠭ︾ ᠬᠡᠵᠤ ᠭᠡᠷ ᠤᠨ ᠠᠬᠠᠮᠠᠳ ᠨᠠᠷᠠᠨᠭᠡᠷᠡᠯ ᠶᠠᠷᠢᠵᠤ ᠪᠠᠶᠢᠯ᠎ᠠ᠃ | ᠶᠤᠰᠤ ᠰᠤᠷᠳᠠᠬᠤᠨ ᠤ ᠬᠦᠮᠦᠵᠢᠯ ᠳᠤ ᠪᠠᠰᠠ ︽ᠠᠶᠢᠯ ᠠᠶᠢᠮᠠᠭ ᠡᠶ᠎ᠡ ᠲᠠᠢ ᠰᠠᠶᠢᠬᠠᠨ᠂ ᠠᠬ᠎ᠠ ᠲᠡᠭᠦᠦ | ᠨᠠᠶᠢᠷ ᠲᠠᠢ ᠰᠠᠶᠢᠬᠠᠨ︾᠂ ︽ᠴᠤᠪᠤᠵᠤ ᠶᠠᠪᠤᠬᠰᠠᠨ ᠪᠠᠷᠰ ᠠᠴᠠ ᠴᠤᠬᠯᠠᠷᠠᠵᠤ ᠰᠠᠭᠤᠬᠰᠠᠨ ᠱᠠᠭᠠᠵᠠᠭᠠᠢ ᠲᠡᠭᠡᠷ᠎ᠠ︾ | ᠬᠡᠵᠤ ᠠᠭᠤᠳᠠᠮᠴᠢ ᠪᠠᠭᠳᠠᠭᠠᠮᠵᠢᠳᠠᠢ᠂ ᠡᠪ ᠪᠦᠯᠭᠦᠮᠳᠠᠯ ᠢ ᠡᠷᠬᠢᠮᠯᠡᠭᠰᠡᠨ ᠲᠤᠬᠠᠢ ᠲᠠᠢ᠂ ︽ᠤᠨᠠᠬᠰᠠᠨ ᠰᠢᠷᠤᠢ ᠠᠯᠳᠠ | ᠂ ᠤᠤᠭᠤᠬᠰᠠᠨ ᠤᠰᠤ ᠷᠠᠰᠢᠶᠠᠨ︾ ᠬᠡᠵᠤ ᠨᠤᠳᠤᠭ ᠤᠰᠤ᠂ ᠪᠠᠶᠢᠭᠠᠯᠢ ᠪᠤᠳᠠᠰ ᠢ ᠬᠠᠶᠢᠷᠠᠯᠠᠵᠤ ᠬᠠᠮᠠᠭᠠᠯᠠᠬᠤ | ᠲᠤᠬᠠᠢ ᠲᠠᠢ᠂ ︽ᠦᠭᠡ ᠪᠠᠨ ᠢᠳᠡᠭᠦ ᠪᠠᠷ ᠦᠭᠡᠷ ᠢᠶᠠᠨ ᠢᠳᠡ︾᠂ ︽ᠢᠳᠡᠭᠡᠯ ᠢ ᠤᠯᠬᠤ ᠳᠤ ᠦᠨᠡᠨ ᠬᠡᠷᠡᠭᠳᠡᠢ᠂ | ᠡ᠊ᠨᠳᠡᠭᠦᠦ ᠶᠢ ᠬᠠᠯᠠᠬᠤ ᠳᠤ ᠰᠢᠳᠤᠷᠭᠤ ᠬᠡᠷᠡᠭᠳᠡᠢ︾ ᠬᠡᠵᠤ ᠢᠳᠡᠭᠡᠯ ᠵᠢᠷᠤᠮ ᠢ ᠡᠷᠬᠢᠮᠯᠡᠭᠦ ᠲᠤᠬᠠᠢ ᠲᠠᠢ᠂ ︽ᠵᠦᠭᠡᠷ | ᠰᠠᠭᠤᠬᠤ ᠪᠠᠷ ᠵᠦᠯᠭᠦᠵᠤ ᠰᠠᠭᠤ︾᠂ ︽ᠠᠮᠢᠳᠤᠷᠠᠯ ᠢ ᠠᠵᠢᠯ ᠢᠶᠠᠷ᠂ ᠠᠮᠵᠢᠯᠳᠠ ᠶᠢ ᠴᠢᠷᠮᠠᠶᠢᠯᠭ᠎ᠠ ᠪᠠᠷ︾ ᠬᠡᠭᠦ | ᠠᠵᠢᠯᠴᠢ ᠬᠦᠳᠡᠯᠮᠤᠷᠢᠴᠢ ᠶᠢ ᠡᠷᠬᠢᠮᠯᠡᠭᠦ ᠲᠤᠬᠠᠢ ᠲᠠᠢ ᠤᠯᠠᠨ ᠵᠦᠢᠯ ᠤᠨ ᠶᠤᠰᠤ ᠶᠢ ᠵᠠᠬᠢᠵᠤ ᠰᠤᠷᠭᠠᠵᠤ᠂ ᠴᠡᠭᠡᠷᠯᠡᠨ | ᠨᠤᠮᠯᠠᠵᠤ᠂ ᠬᠢᠴᠢᠶᠠᠯᠭᠡᠨ ᠵᠢᠷᠤᠮᠯᠠᠭᠤᠯᠬᠤ ᠪᠠᠷ ᠴᠢᠬᠤᠯᠠᠴᠢᠯᠠᠨ ᠱᠠᠭᠠᠷᠳᠠᠳᠠᠭ ᠪᠠᠶᠢᠬᠰᠠᠨ᠃ | ᠭᠡᠷ ᠪᠦᠯᠢ ᠶᠢᠨ ᠬᠡᠤᠭᠡᠳ ᠲᠤ ᠬᠢᠬᠦ ᠶᠤᠰᠤ ᠰᠤᠷᠳᠠᠬᠤᠨ ᠤ ᠬᠦᠮᠦᠵᠢᠯ ᠨᠢ ᠬᠡᠤᠭᠡᠳ ᠤᠨ ᠶᠠᠮᠠᠷ ᠵᠠᠮ ᠢᠶᠠᠷ | ᠶᠠᠪᠤᠬᠤ᠂ ᠶᠠᠮᠠᠷ ᠰᠢᠤᠬᠠᠨ ᠬᠦᠮᠤᠨ ᠪᠤᠯᠬᠤ ᠡᠰᠡᠭᠦ ᠲᠠᠢ ᠬᠤᠯᠪᠤᠬᠳᠠᠬᠤ ᠵᠠᠩᠬᠢᠯᠠᠭ᠎ᠠ ᠶᠢᠨ ᠠᠰᠠᠭᠤᠳᠠᠯ ᠪᠤᠯᠤᠨ᠎ᠠ᠃ | ᠲᠡᠭᠡᠭᠦ ᠳᠤ ︽ᠭᠡᠭᠡᠷ᠎ᠠ ᠠᠯᠠᠭ ᠠᠴᠠ ᠰᠢᠬᠢᠷ᠎ᠠ ᠠᠯᠠᠭ᠂ ᠬᠡᠯᠳᠡᠩ ᠬᠡᠭᠦᠦ ᠠᠴᠠ ᠱᠤᠪᠳᠤᠩ ᠤᠨᠠᠭ᠎ᠠ︾᠂ ︽ᠰᠠᠶᠢᠨ | ᠬᠦᠮᠤᠨ ᠤ ᠦᠷ᠎ᠠ᠂ ᠰᠣᠳᠤ ᠬᠡᠭᠦᠦ ᠶᠢᠨ ᠤᠨᠠᠭ᠎ᠠ︾ ᠬᠡᠳᠡᠭ ᠪᠢᠯᠠ᠃ ᠬᠡᠪᠡᠴᠤ ᠤᠳᠤ ᠤᠯᠠᠩᠬᠢ ᠡᠴᠢᠭᠡ ᠡᠭᠡ | ᠪᠤᠯᠤᠬᠰᠠᠳ ᠬᠡᠤᠭᠡᠳ ᠤᠨ ᠰᠤᠷᠤᠯᠭ᠎ᠠ ᠶᠢᠨ ᠬᠢᠷᠢ ᠪᠦᠳᠦᠮᠵᠢ ᠶᠢ ᠲᠡᠷᠢᠭᠦᠨ ᠪᠠᠶᠢᠷᠢᠨ ᠳᠤ ᠲᠡᠯᠪᠢᠵᠤ᠂ ᠶᠤᠰᠤ | ᠰᠤᠷᠳᠠᠬᠤᠨ ᠤ ᠬᠦᠮᠦᠵᠢᠯ ᠢ ᠬᠠᠷᠢᠨ ᠤᠮᠳᠤᠭᠠᠢᠢᠯᠠᠳᠠᠭ᠃ ︽ᠬᠡᠤᠭᠡᠳ ᠦᠶ᠎ᠠ ᠳᠤ ᠬᠦᠮᠤᠨ ᠤ ᠵᠠᠩ ᠮᠤᠷᠠᠯ᠂ | ᠦᠪᠡᠷᠮᠢᠴᠠ ᠴᠢᠨᠠᠷ ᠤᠨ ᠪᠦᠷᠢᠯᠳᠤᠭᠦ ᠴᠢᠬᠤᠯᠠ ᠴᠠᠭ ᠦᠶ᠎ᠠ ᠪᠠᠶᠢᠳᠠᠭ᠃ ᠡᠨᠡ ᠭᠦ ᠴᠠᠭ ᠦᠶ᠎ᠠ ᠶᠢᠨ ᠬᠡᠤᠭᠡᠳ ᠨᠢ | ᠮᠠᠰᠢ ᠴᠢᠩᠭ᠎ᠠ ᠤᠶᠠᠨ ᠬᠠᠳᠠᠨ ᠴᠢᠨᠠᠷ ᠲᠠᠢ ᠪᠠᠶᠢᠵᠤ᠂ ᠬᠦᠯᠢᠶᠠᠨ ᠠᠪᠬᠤ ᠴᠢᠳᠠᠪᠤᠷᠢ ᠪᠠ ᠲᠠᠭᠤᠷᠢᠶᠠᠬᠤ | ᠴᠢᠳᠠᠪᠤᠷᠢ ᠨᠢ ᠮᠠᠰᠢ ᠴᠢᠩᠭ᠎ᠠ ᠪᠠᠶᠢᠳᠠᠭ᠂ ᠡᠶᠢᠮᠤ ᠠᠴᠠ ᠮᠦᠨ ᠴᠤ ᠡᠴᠢᠭᠡ ᠡᠭᠡ ᠪᠤᠯᠤᠬᠰᠠᠳ ᠬᠡᠤᠭᠡᠳ ᠲᠡᠭᠡᠨ | ᠶᠤᠰᠤ ᠰᠤᠷᠳᠠᠬᠤᠨ ᠤ ᠬᠦᠮᠦᠵᠢᠯ ᠬᠢᠬᠦ ᠬᠠᠮᠤᠭ ᠤᠨ ᠰᠠᠶᠢᠨ ᠴᠠᠭ ᠦᠶ᠎ᠠ ᠪᠤᠯᠤᠨ᠎ᠠ᠃ ᠬᠡᠪᠡᠴᠤ ᠵᠠᠷᠢᠮ ᠭᠡᠷ ᠤᠨ | ᠠᠬᠠᠮᠠᠳ ᠬᠡᠤᠭᠡᠳ ᠢᠶᠠᠨ ᠵᠦᠪᠭᠡᠨ ᠰᠠᠶᠢᠨ ᠰᠤᠷᠤᠯᠴᠠᠪᠠᠯ ᠪᠤᠯᠴᠢᠬᠠᠨ᠎ᠠ ᠬᠡᠵᠤ᠂ ᠪᠤᠰᠤᠳ ᠲᠠᠯ᠎ᠠ ᠶᠢ ᠬᠠᠮᠢᠶᠠᠷᠬᠤ | ᠦᠭᠡᠢ ᠪᠠᠶᠢᠵᠤ᠂ ᠬᠡᠤᠭᠡᠳ ᠨᠢ ᠭᠡᠷ ᠲᠡᠭᠡᠨ ᠬᠠᠷᠢᠬᠰᠠᠭᠠᠷ ᠰᠤᠷᠤᠯᠴᠠᠬᠤ ᠠᠴᠠ ᠤᠨᠳᠤᠤ ᠦᠭᠡᠷ᠎ᠠ ᠶᠠᠭᠤᠮ᠎ᠠ ᠬᠢᠳᠡᠭ | ᠦᠭᠡᠢ᠃ ᠪᠠᠰᠠ ᠵᠠᠷᠢᠮ ᠭᠡᠷ ᠤᠨ ᠠᠬᠠᠮᠠᠳ ᠬᠡᠤᠭᠡᠳ ᠨᠢ ᠨᠠᠭᠠᠳᠴᠤ ᠪᠠᠶᠢᠭᠠᠳ ᠪᠠᠭ᠎ᠠ ᠰᠠᠭ᠎ᠠ ᠰᠢᠷᠬ᠎ᠠ ᠤᠯᠤᠬᠰᠠᠭᠠᠷ | ᠲᠠᠷᠤᠢ ᠪᠠᠭᠰᠢ ᠶᠢ ᠡᠷᠢᠵᠤ ᠢᠷᠡᠳᠡᠭ ᠪᠤᠶᠤ ︿ᠴᠢᠮ᠎ᠠ ᠳᠤ ᠭᠠᠷ ᠦᠭᠡᠢ ᠤᠤ︖ ᠬᠦᠮᠤᠨ ᠴᠢᠮᠠᠢᠢ ᠵᠤᠳᠤᠪᠠᠯ ᠴᠢ | ᠪᠠᠰᠠ ᠵᠤᠳᠤᠨᠠ ᠪᠠ﹀ ᠬᠡᠵᠤ ᠰᠤᠷᠭᠠᠳᠠᠭ᠂ ᠢᠡᠭᠬᠢᠭᠰᠡᠭᠡᠷ ᠪᠠᠶᠢᠵᠤ ᠬᠡᠤᠭᠡᠳ ᠤᠯᠠᠮ ᠡᠷᠭᠡ ᠲᠠᠩᠬᠢ ᠪᠤᠯᠵᠤ᠂ ᠬᠠᠯᠠ | ᠲᠠᠭᠠᠭᠠᠵᠤ ᠴᠢᠳᠠᠬᠤ ᠦᠭᠡᠢ ᠪᠤᠯᠴᠢᠬᠠᠳᠠᠭ︾ ᠬᠡᠵᠤ ᠪᠠᠭᠰᠢ ᠶᠢᠨ ᠠᠯᠪᠠ ᠲᠠᠢ ᠨᠠᠷᠠᠰᠤ ᠶᠠᠷᠢᠵᠤ ᠪᠠᠶᠢᠯ᠎ᠠ᠃ | ︽ᠬᠦᠮᠤᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ ᠬᠡᠵᠤ ᠮᠠᠨ ᠤ ᠡᠪᠦᠭᠡ | ᠲᠡᠭᠡᠳᠤᠰ ᠬᠡᠤᠭᠡᠳ ᠢᠶᠠᠨ ᠤᠨᠠᠭᠠᠨ ᠴᠠᠭ ᠠᠴᠠ ᠨᠢ ᠶᠤᠰᠤ ᠮᠤᠷᠠᠯ ᠲᠠᠢ ᠪᠤᠯᠭᠠᠨ ᠬᠦᠮᠦᠵᠢᠭᠦᠯᠵᠤ ᠢᠷᠡᠭᠰᠡᠨ ᠶᠤᠮ᠃ | ᠲᠡᠶᠢᠮᠤ ᠠᠴᠠ ᠭᠡᠷ ᠤᠨ ᠠᠬᠠᠮᠠᠳ ᠪᠤᠯᠤᠬᠰᠡᠳ ᠬᠡᠤᠭᠡᠳ ᠤᠨ ᠢᠶᠠᠨ ᠵᠠᠷᠢᠮ ᠬᠤᠷᠢᠬᠯᠠᠬᠤ ᠶᠠᠪᠤᠳᠠᠯ ᠢ ᠬᠤᠷᠢᠬᠯᠠᠵᠤ᠂ | ᠬᠢᠭᠦ ᠵᠦᠪᠳᠡᠢ ᠬᠡᠷᠡᠭ ᠢ ᠵᠤᠷᠢᠬᠵᠢᠭᠤᠯᠤᠨ ᠬᠦᠮᠦᠵᠢᠭᠦᠯᠪᠠᠯ ᠵᠤᠬᠢᠨ᠎ᠠ᠃ | ᠭᠡᠷ ᠪᠦ᠋ᠯᠢ ᠶᠢᠨ ᠬᠦᠮᠦᠵᠢᠯ ᠤᠨ ᠬᠠᠷᠢᠭᠤᠴᠠᠯᠭ᠎ᠠ ᠶᠢᠨ ᠠᠯᠳᠠᠬᠳᠠᠯ | ︽ᠬᠦᠨᠡᠰᠤᠨ ᠲᠠᠷᠢᠶ᠎ᠠ ᠠᠯᠳᠠᠪᠠᠯ ᠨᠢᠭᠡ ᠴᠠᠭ ᠤᠨ ᠤᠴᠢᠷ᠂ ᠬᠡᠤᠭᠡᠳ ᠤᠨ ᠲᠠᠷᠢᠶ᠎ᠠ ᠠᠯᠳᠠᠪᠠᠯ ᠨᠢᠭᠡ ᠨᠠᠰᠤᠨ ᠤ | ᠤᠴᠢᠷ︾ ᠬᠡᠳᠡᠭ ᠢᠶᠠᠷ ᠬᠡᠤᠭᠡᠳ ᠢ ᠦᠰᠭᠡᠵᠤ ᠬᠦᠮᠦᠵᠢᠭᠦᠯᠭᠦ ᠪᠤᠯ ᠭᠡᠷ ᠪᠦᠯᠢ᠂ ᠰᠤᠷᠭᠠᠭᠤᠯᠢ᠂ ᠨᠡᠶᠢᠭᠡᠮ ᠤᠨ | ᠬᠠᠮᠳᠤ ᠶᠢᠨ ᠡᠭᠦᠷᠭᠡ ᠬᠠᠷᠢᠭᠤᠴᠠᠯᠭ᠎ᠠ ᠮᠦᠨ ᠬᠡᠳᠡᠭ᠃ ᠲᠡᠭᠡᠭᠦ ᠳᠤ ︽ᠭᠡᠷ ᠪᠦᠯᠢ ᠶᠢᠨ ᠬᠦᠮᠦᠵᠢᠯ ᠤᠨ ᠨᠦᠯᠦᠭᠡᠯᠡᠭᠦ | ᠬᠦᠴᠤᠨ ᠨᠢ ᠬᠡᠤᠭᠡᠳ ᠤᠨ ᠨᠢᠭᠡ ᠨᠠᠰᠤᠨ ᠳᠤ ᠵᠠᠭᠤᠨ ᠤ ᠨᠠᠶᠠᠨ ᠬᠤᠪᠢ ᠶᠢ ᠡᠵᠡᠯᠡᠨ᠂ ᠰᠤᠷᠭᠠᠭᠤᠯᠢ ᠪᠠ | ᠨᠡᠶᠢᠭᠡᠮ ᠤᠨ ᠬᠦᠮᠦᠵᠢᠯ ᠲᠡᠭᠦᠨ ᠢ ᠤᠷᠤᠯᠠᠵᠤ ᠲᠡᠶᠢᠯᠭᠦ ᠦᠭᠡᠢ︾ ᠪᠠᠶᠢᠳᠠᠭ᠃ | ᠭᠡᠷ ᠪᠦᠯᠢ ᠶᠢᠨ ᠬᠦᠮᠦᠵᠢᠯ ᠲᠤᠮᠳᠠ᠂ ᠦᠨᠡᠨ ᠭᠦ ᠬᠡᠤᠭᠡᠳ ᠢ ᠬᠦᠮᠦᠵᠢᠭᠦᠯᠭᠦ ᠬᠠᠷᠢᠭᠤᠴᠠᠯᠭ᠎ᠠ ᠶᠢ ᠡᠭᠦᠷᠭᠡᠯᠡᠭᠦ ᠨᠢ | ᠡᠴᠢᠭᠡ ᠡᠭᠡ ᠪᠤᠯᠤᠨ᠎ᠠ᠂ ᠤᠴᠢᠷ ᠨᠢ ᠡᠴᠢᠭᠡ ᠡᠭᠡ ᠪᠤᠯ ᠬᠡᠤᠭᠡᠳ ᠤᠨ ᠠᠩᠬᠠᠨ ᠤ ᠪᠠᠭᠰᠢ᠂ ᠪᠠᠰᠠ ᠦᠨᠢᠳᠠ ᠶᠢᠨ | ᠪᠠᠭᠰᠢ ᠪᠤᠯᠤᠨ᠎ᠠ᠃ ︽ᠤᠳᠤ ᠶᠢᠨ ᠵᠠᠷᠢᠮ ᠵᠠᠯᠠᠭᠤᠴᠤᠤᠯ ᠦᠪᠡᠷ ᠤᠨ ᠲᠤᠷ᠎ᠠ ᠰᠤᠨᠢᠷᠬᠠᠯ᠂ ᠠᠵᠢᠯ ᠠᠮᠢᠳᠤᠷᠠᠯ᠂ | ᠬᠦᠮᠤᠨ ᠤ ᠬᠠᠷᠢᠴᠠᠭ᠎ᠠ ᠬᠡᠵᠤ ᠯᠡ ᠱᠠᠯ ᠲᠡᠮᠡᠢ ᠶᠠᠭᠠᠷᠠᠭᠠᠳ᠂ ᠬᠡᠤᠭᠡᠳ ᠢᠶᠠᠨ ᠡᠪᠦᠭᠡ ᠡᠮᠡᠭᠡ ᠳᠤᠨᠢ ᠲᠤᠰᠢᠶᠠᠬᠤ᠂ | ᠬᠡᠤᠭᠡᠳ ᠲᠤᠰᠬᠤ ᠭᠠᠵᠠᠷ ᠬᠦᠷᠭᠡᠭᠦ᠂ ᠰᠤᠷᠭᠠᠭᠤᠯᠢ ᠳᠤ ᠨᠡᠶᠢᠳᠠᠬᠤ ᠮᠡᠳᠤ ᠪᠠᠷ ᠬᠡᠤᠭᠡᠳ ᠬᠦᠮᠦᠵᠢᠭᠦᠯᠭᠦ ᠶᠠᠪᠤᠳᠠᠯ ᠳᠤ | ᠬᠦᠡᠭᠭᠡᠨ ᠬᠠᠭᠤᠳᠠᠮᠴᠢ ᠬᠠᠨᠳᠤᠵᠤ᠂ ᠦᠪᠡᠷ ᠤᠨ ᠡᠭᠦᠷᠭᠡ ᠬᠠᠷᠢᠭᠤᠴᠠᠯᠭ᠎ᠠ ᠪᠠᠨ ᠪᠠᠶ᠎ᠠ ᠠᠴᠠ ᠪᠠᠨ ᠵᠠᠶᠢᠯᠠᠭᠤᠯᠬᠤ ᠶᠢ | ᠤᠷᠤᠯᠳᠤᠳᠠᠭ ᠪᠠᠶᠢᠨ᠎ᠠ᠃ ᠬᠡᠤᠭᠡᠳ ᠤᠨ ᠬᠦᠮᠦᠵᠢᠯ ᠢ ᠬᠦᠮᠤᠨ ᠤ ᠬᠠᠷᠢᠴᠠᠭ᠎ᠠ ᠪᠤᠶᠤ ᠵᠤᠭᠤᠰ ᠮᠦᠡᠭᠬᠦ ᠪᠠᠷ | ᠶᠠᠭᠠᠬᠢᠬᠰᠠᠨ ᠴᠤ ᠤᠷᠤᠯᠠᠭᠤᠯᠵᠤ ᠴᠢᠳᠠᠬᠤ ᠦᠭᠡᠢ ᠪᠤᠶᠤ ᠬᠤᠳᠠᠯᠳᠤᠨ ᠠᠪᠴᠤ ᠲᠡᠶᠢᠯᠭᠦ ᠦᠭᠡᠢ ᠪᠠᠶᠢᠳᠠᠭ᠃ | ᠬᠠᠷᠠᠮᠰᠠᠯᠳᠠᠢ ᠨᠢ ᠤᠳᠤ ᠶᠢᠨ ᠵᠠᠷᠢᠮ ᠵᠠᠯᠠᠭᠤ ᠭᠡᠷ ᠤᠨ ᠠᠬᠠᠮᠠᠳ ᠭᠡᠷ ᠤᠨ ᠬᠦᠮᠦᠵᠢᠯ ᠬᠡᠵᠤ ᠶᠠᠷᠢᠩᠭᠤᠳᠠ ᠯᠡ | ᠵᠤᠭᠤᠰ ᠵᠠᠷᠤᠴᠠᠭᠤᠯᠵᠤ ᠪᠠᠭᠰᠢ ᠵᠠᠯᠠᠵᠤ᠂ ᠡᠮᠤᠰᠭᠦ ᠶᠢᠨ ᠰᠠᠶᠢᠨ ᠢ ᠡᠮᠤᠰᠦᠭᠦᠯᠤᠨ᠂ ᠢᠳᠡᠭᠦ ᠶᠢᠨ ᠰᠠᠶᠢᠨ ᠢ | ᠢᠳᠡᠭᠦᠯᠵᠤ᠂ ᠬᠡᠤᠭᠡᠳ ᠤᠨ ᠲᠦᠯᠦᠭᠡ ᠵᠤᠭᠤᠰ ᠵᠠᠷᠤᠴᠠᠭᠤᠯᠬᠤ ᠪᠠᠨ ᠬᠠᠷᠢᠭᠤᠴᠠᠯᠭ᠎ᠠ ᠪᠤᠯᠭᠠᠨ ᠦᠵᠡᠵᠤ ᠦᠪᠡᠷ ᠤᠨ | ᠬᠢᠪᠡᠰᠤ ᠵᠤᠬᠢᠬᠤ ᠵᠢᠩᠬᠢᠨᠢ ᠡᠭᠦᠷᠭᠡ ᠬᠠᠷᠢᠭᠤᠴᠠᠯᠭ᠎ᠠ ᠪᠠᠨ ᠤᠮᠳᠤᠭᠠᠢᠢᠯᠠᠵᠤ ᠪᠤᠢ᠃ ᠡᠭᠦᠨ ᠠᠴᠠ ᠭᠠᠳᠠᠨ᠎ᠠ ᠪᠠᠰᠠ | ᠭᠡᠷ ᠪᠦᠯᠢ ᠪᠠ ᠰᠤᠷᠭᠠᠭᠤᠯᠢ ᠶᠢᠨ ᠰᠤᠷᠭᠠᠨ ᠬᠦᠮᠦᠵᠢᠯ ᠲᠡᠩᠴᠡᠭᠦᠷᠢ ᠪᠠᠨ ᠠᠯᠳᠠᠵᠤ ᠪᠠᠶᠢᠨ᠎ᠠ᠂ ᠪᠦᠷ ᠯᠡ | ᠰᠢᠯᠭᠠᠯᠳᠠ ᠶᠢᠨ ᠬᠢᠷᠢ ᠪᠦᠳᠤᠮᠵᠢ ᠪᠠᠷ ᠰᠠᠶᠢᠨ ᠰᠤᠷᠤᠬᠴᠢ ᠶᠢ ᠬᠡᠮᠵᠢᠶᠠᠯᠠᠵᠤ ᠪᠠᠶᠢᠬᠤ ᠪᠠ ᠡᠳᠤᠷ ᠲᠤᠳᠤᠮ ᠤᠨ | ᠰᠤᠷᠤᠯᠴᠠᠯᠭ᠎ᠠ ᠶᠢᠨ ᠶᠠᠪᠤᠴᠠ ᠳᠤ ᠭᠡᠷ ᠤᠨ ᠠᠬᠠᠮᠠᠳ ᠪᠤᠯᠤᠨ ᠪᠠᠭᠰᠢ ᠶᠢᠨ ᠬᠤᠭᠤᠷᠤᠨᠳᠤᠬᠢ ᠬᠠᠷᠢᠯᠴᠠᠭ᠎ᠠ ᠲᠤᠳᠠᠮᠠᠭ᠂ | ᠨᠢᠭᠡᠳᠤᠯ ᠦᠭᠡᠢ ᠱᠠᠭᠠᠷᠳᠠᠯᠭ᠎ᠠ ᠶᠢᠨ ᠲᠤᠮᠳᠠ ᠬᠡᠤᠭᠡᠳ ᠡᠯ᠎ᠠ ᠵᠦᠢᠯ ᠤᠨ ᠶᠤᠰᠤ ᠮᠤᠷᠠᠯ᠂ ᠡᠮᠬᠢ ᠲᠢᠭᠯᠢᠮ᠂ ᠭᠤᠸ᠎ᠠ | ᠰᠠᠶᠢᠬᠠᠨ᠂ ᠬᠦᠳᠡᠯᠮᠤᠷᠢ ᠵᠡᠷᠭᠡ ᠬᠦᠮᠦᠵᠢᠭᠳᠡᠪᠠᠰᠤ ᠵᠤᠬᠢᠬᠤ ᠬᠦᠮᠦᠵᠢᠯ ᠢ ᠴᠠᠭ ᠲᠤᠬᠠᠢ ᠳᠤᠨᠢ ᠬᠦᠯᠢᠶᠠᠵᠤ ᠴᠢᠳᠠᠬᠤ | ᠦᠭᠡᠢ ᠪᠠᠶᠢᠨ᠎ᠠ︾ ᠬᠡᠵᠤ ᠲᠤᠬᠳᠠᠬᠤ ᠪᠠᠭᠰᠢ ᠠᠴᠠ ᠶᠠᠷᠢᠯ᠎ᠠ᠃ | ︽ᠡᠴᠢᠭᠡ ᠡᠭᠡ ᠪᠤᠯᠤᠬᠰᠠᠳ ᠦᠷ᠎ᠠ ᠬᠡᠤᠭᠡᠳ ᠲᠡᠭᠡᠨ ᠰᠠᠶᠢᠨ ᠲᠠᠭᠤᠷᠢᠶᠠᠯ ᠦᠵᠡᠭᠦᠯᠵᠤ ᠭᠡᠷ ᠤᠨ ᠰᠤᠷᠭᠠᠯ ᠢ | ᠰᠠᠶᠢᠳᠤᠷ ᠬᠢᠬᠦ ᠬᠡᠷᠡᠭᠳᠡᠢ᠃ ᠬᠡᠳᠠᠯ᠎ᠠ ᠤᠳᠤᠬᠠᠨ ᠳᠤ ᠭᠡᠷ ᠪᠦᠯᠢ ᠲᠤᠳᠤᠷ᠎ᠠ ᠠᠷᠢᠬᠢ ᠲᠠᠷᠠᠰᠤ ᠤᠤᠭᠤᠬᠤ᠂ ᠬᠡᠷᠡᠭᠦᠯ | ᠵᠤᠳᠤᠭᠠᠨ ᠬᠢᠬᠦ᠂ ᠡᠴᠢᠭᠡ ᠡᠭᠡ ᠤᠷᠤᠭ ᠰᠠᠯᠬᠤ ᠦᠵᠡᠭᠳᠡᠯ ᠪᠠᠶᠢᠡᠭᠭᠤ ᠤᠷᠤᠰᠢᠵᠤ᠂ ᠬᠡᠤᠭᠡᠳ ᠤᠨ ᠵᠠᠩ | ᠰᠡᠳᠬᠢᠴᠡ ᠶᠢᠨ ᠡᠷᠡᠭᠦᠯ ᠢᠶᠠᠷ ᠬᠦᠭᠵᠢᠭᠦ ᠶᠢ ᠨᠦᠯᠦᠭᠡᠯᠡᠵᠤ ᠪᠠᠶᠢᠨ᠎ᠠ᠃ ᠶᠠᠭ ᠡᠶᠢᠮᠤ ᠠᠴᠠ ᠬᠡᠤᠭᠡᠳ ᠤᠨ ᠪᠡᠶ᠎ᠠ | ᠲᠡᠭᠡᠷ᠎ᠠ ᠢᠯᠡᠷᠡᠭᠦ ᠠᠰᠠᠭᠤᠳᠠᠯ ᠢ ᠭᠡᠷ ᠤᠨ ᠠᠬᠠᠮᠠᠳ ᠡᠩ ᠲᠡᠷᠢᠭᠦᠨ ᠳᠤ ᠦᠪᠡᠷ ᠤᠨ ᠪᠡᠶ᠎ᠠ ᠠᠴᠠ ᠪᠠᠨ ᠡᠷᠢᠭᠦ | ᠴᠢᠬᠤᠯᠠ ᠲᠠᠢ᠃ ᠵᠠᠷᠢᠮ ᠭᠡᠷ ᠤᠨ ᠠᠬᠠᠮᠠᠳ ᠬᠡᠤᠭᠡᠳ ᠨᠢ ᠠᠯᠳᠠᠭ᠎ᠠ ᠪᠤᠷᠤᠭᠤ ᠭᠠᠷᠭᠠᠬᠰᠠᠭᠠᠷ ᠯᠠ ᠰᠤᠷᠭᠠᠭᠤᠯᠢ᠂ | ᠪᠠᠭᠰᠢ ᠳᠤ ᠲᠦᠯᠬᠢᠵᠤ᠂ ᠬᠡᠤᠭᠡᠳ ᠢᠶᠠᠨ ᠦᠮᠦᠭᠡᠷᠡᠵᠤ᠂ ᠦᠪᠡᠷ ᠢ ᠪᠠᠨ ᠵᠦᠪᠳᠡᠭᠡᠨᠠ᠃ ᠡᠨᠡ ᠨᠢ ᠬᠡᠤᠭᠡᠳ ᠤᠨ | ᠡᠷᠡᠭᠦᠯ ᠦᠰᠦᠨ ᠪᠤᠶᠢᠵᠢᠯᠳᠠ ᠳᠤ ᠠᠰᠢᠭ ᠦᠭᠡᠢ ᠪᠠᠶᠢᠳᠠᠭ︾ ᠬᠡᠵᠤ ᠨᠠᠷᠠᠰᠤ ᠪᠠᠭᠰᠢ ᠠᠴᠠ ᠶᠠᠷᠢᠯ᠎ᠠ᠃ | ᠨᠡᠶᠢᠭᠡᠮ ᠤᠨ ᠬᠦᠭᠵᠢᠯᠳᠡ ᠠᠮᠢᠳᠤᠷᠠᠯ ᠤᠨ ᠬᠡᠯᠪᠠᠷᠢ ᠶᠢᠨ ᠬᠤᠪᠢᠷᠠᠯᠳᠠ ᠶᠢ ᠲᠠᠭᠠᠯᠳᠤᠨ᠂ ᠦᠨᠳᠤᠰᠤᠳᠡᠨ ᠤ | ᠤᠯᠠᠮᠵᠢᠯᠠᠯᠳᠤ ᠭᠡᠷ ᠪᠦ᠋ᠯᠢ ᠶᠢᠨ ᠬᠦᠮᠦᠵᠢᠯ ᠰᠤᠷᠭᠠᠯ ᠵᠤᠬᠢᠬᠤ ᠬᠡᠮᠵᠢᠶ᠎ᠠ ᠪᠠᠷ ᠪᠤᠶᠤ ᠪᠦᠷ ᠵᠠᠷᠢᠮ ᠨᠢ ᠮᠠᠷᠳᠠᠬᠳᠠᠨ | ᠬᠡᠭᠡᠭᠳᠡᠵᠤ ᠪᠠᠶᠢᠭ᠎ᠠ ᠨᠢ ᠮᠠᠰᠢ ᠬᠠᠷᠠᠮᠰᠠᠯᠳᠠᠢ᠃ ᠹᠧᠤᠳᠠᠯ ᠤᠨ ᠲᠦᠷᠦ ᠶᠢᠨ ᠲᠤᠬᠳᠠᠯᠴᠠᠭᠠᠨ ᠳᠤ ᠪᠤᠢ ᠪᠤᠯᠤᠬᠰᠠᠨ | ᠵᠠᠷᠢᠮ ᠰᠤᠷᠭᠠᠯ ᠨᠢ ᠬᠤᠴᠤᠷᠤᠬᠳᠠᠮᠠᠯ ᠲᠠᠯ᠎ᠠ ᠪᠠᠶᠢᠨ᠎ᠠ ᠬᠡᠳᠡᠭ ᠪᠤᠯᠪᠠᠴᠤ ᠡᠴᠢᠭᠡ ᠡᠭᠡ ᠠᠬᠠᠰ ᠵᠠᠬᠠᠰ ᠢᠶᠠᠨ | ᠬᠦᠨᠳᠤᠯᠡᠭᠦ᠂ ᠪᠤᠰᠤᠳ ᠢ ᠲᠤᠰᠠᠷᠬᠠᠬᠤ᠂ ᠨᠤᠳᠤᠭ ᠤᠰᠤ ᠪᠠᠨ ᠬᠠᠶᠢᠷᠠᠯᠠᠬᠤ᠂ ᠬᠠᠷᠠᠬᠠᠨ ᠪᠠᠭ᠎ᠠ ᠠᠴᠠ ᠨᠢ | ᠬᠦᠳᠠᠯᠮᠤᠷᠢ ᠳᠤ ᠤᠷᠤᠯᠴᠠᠭᠤᠯᠤᠨ ᠬᠦᠮᠦᠵᠢᠭᠦᠯᠭᠦ ᠵᠠᠩ ᠵᠠᠩᠰᠢᠯ ᠤᠳᠤ ᠶᠢᠨ ᠬᠦᠮᠦᠵᠢᠯ ᠳᠤ ᠬᠡᠷᠡᠭᠳᠡᠢ ᠪᠠᠶᠢᠨ᠎ᠠ᠃ | ᠤᠳᠤ ᠶᠠᠭ ᠪᠦᠬᠦ ᠨᠡᠶᠢᠭᠡᠮ ᠢᠶᠠᠷ ᠢᠶᠠᠨ ᠬᠡᠪ ᠴᠢᠨᠠᠷ ᠤᠨ ᠰᠤᠷᠭᠠᠨ ᠬᠦᠮᠦᠵᠢᠯ ᠢ ᠲᠦᠭᠡᠮᠡᠯᠵᠢᠭᠦᠯᠤᠨ ᠬᠡᠷᠡᠭᠵᠢᠭᠦᠯᠵᠤ | ᠪᠠᠶᠢᠭ᠎ᠠ ᠴᠠᠭ ᠦᠶ᠎ᠠ᠃ ᠬᠡᠪ ᠴᠢᠨᠠᠷ ᠤᠨ ᠰᠤᠷᠭᠠᠨ ᠬᠦᠮᠦᠵᠢᠯ ᠢ ᠦᠨᠡᠨ ᠭᠦ ᠠᠮᠵᠢᠯᠳᠠ ᠲᠠᠢ ᠦᠷᠨᠢᠭᠦᠯᠤᠶᠠ ᠬᠡᠪᠠᠯ | ᠭᠡᠷ ᠪᠦᠯᠢ ᠶᠢᠨ ᠬᠦᠮᠦᠵᠢᠯ ᠢ ᠤᠮᠳᠤᠭᠠᠢᠢᠯᠠᠵᠤ ᠪᠤᠯᠬᠤ ᠦᠭᠡᠢ᠃ ᠲᠡᠭᠡᠳᠤᠰ ᠠᠴᠠ ᠤᠯᠠᠮᠵᠢᠯᠠᠵᠤ ᠦᠪᠯᠡᠵᠤ | ᠢᠷᠡᠭᠰᠡᠨ ᠦᠪᠡᠷᠮᠢᠴᠠ ᠰᠢᠯᠢᠳᠡᠭ ᠭᠡᠷ ᠪᠦᠯᠢ ᠶᠢᠨ ᠬᠦᠮᠦᠵᠢᠯ ᠤᠨ ᠤᠷ᠎ᠠ ᠤᠬᠠᠭᠠᠨ ᠢ ᠡᠷᠭᠡᠪᠰᠢ ᠦᠶ᠎ᠠ ᠶᠢᠨ | ᠦᠶ᠎ᠠ ᠳᠡᠭᠡᠨ ᠤᠯᠠᠮᠵᠢᠯᠠᠵᠤ᠂ ᠬᠡᠤᠭᠡᠳ ᠢᠶᠠᠨ ᠬᠡᠯ᠎ᠠ ᠲᠠᠢ᠂ ᠰᠤᠶᠤᠯ ᠲᠠᠢ᠂ ᠰᠤᠷᠭᠠᠯ ᠲᠠᠢ ᠬᠦᠮᠤᠨ ᠪᠤᠯᠭᠠᠨ | ᠬᠦᠮᠦᠵᠢᠭᠦᠯᠵᠤ᠂ ᠪᠤᠯᠪᠠᠰᠤᠨ ᠵᠠᠩ ᠦᠢᠯᠡ ᠲᠠᠢ ᠦᠨᠳᠤᠰᠤᠳᠡᠨ ᠬᠡᠳᠡᠭ ᠢᠶᠠᠨ ᠲᠠᠯᠡᠭᠡᠢ ᠶᠢᠨ ᠪᠤᠰᠤᠳ | ᠦᠨᠳᠤᠰᠤᠳᠡᠨ ᠶᠠᠰᠤᠳᠠᠨ ᠳᠤ ᠭᠠᠶᠢᠬᠠᠭᠤᠯᠵᠤ ᠶᠠᠪᠤᠶ᠎ᠠ᠃ | | |