ᠭᠦᠷᠢᠶ᠎ᠡ ᠨᠤᠳᠤᠭ ᠲᠤ ᠠᠳᠤᠭᠤ ᠶᠢ ᠰᠦᠷᠦᠭ ᠢᠶᠠᠷ ᠨᠢ ᠲᠤᠰᠬᠠᠢ ᠠᠳᠤᠭᠤᠴᠢᠨ ᠬᠠᠷᠢᠭᠤᠯᠤᠨ᠎ᠠ᠃ | ᠠᠳᠤᠭᠤ ᠲᠠᠮᠠᠭᠠᠯᠠᠬᠤ᠂ ᠠᠳᠤᠭᠤ ᠲᠡᠯᠯᠡᠭᠦ ᠦᠷᠢᠶ᠎ᠡ ᠴᠠᠭᠠᠯᠠᠬᠤ ᠦᠢᠯᠡ ᠶᠢ ᠬᠠᠮᠳᠦ ᠳᠤ ᠨᠢ ᠵᠢᠯ ᠪᠦᠷᠢ ᠨᠢᠬᠡ | ᠤᠳᠠᠭ᠎ᠠ ᠬᠢᠳᠡᠭ ᠮᠦᠷᠳᠡᠬᠡᠨ ᠤᠯᠠᠩᠬᠢ ᠳᠤ ᠪᠠᠨ ᠬᠠᠪᠤᠷ ᠬᠢᠳᠡᠭ᠃ ᠠᠳᠤᠭᠤ ᠲᠠᠮᠠᠭᠠᠯᠠᠬᠤ ᠳᠤ ᠪᠠᠨ ᠤᠷᠢᠳ ᠢᠶᠠᠷ | ᠨᠢᠬᠡ ᠲᠠᠮᠵᠢᠭᠤᠷ ᠠᠷᠭᠠᠯ ᠢ ᠨᠦᠬᠡᠨ ᠳᠤ ᠤᠪᠤᠭᠠᠯᠠᠵᠦ ᠲᠠᠮᠠᠭ᠎ᠠ ᠪᠠᠨ ᠤᠯᠠᠶᠢᠯᠭᠠᠨᠠ᠃ ᠦᠷᠢᠶ᠎ᠡ ᠶᠢᠨ ᠪᠦᠬᠡᠷ᠎ᠡ ᠶᠢ | ᠬᠠᠪᠴᠢᠨ ᠬᠠᠭᠠᠷᠢᠵᠦ ᠠᠪᠳᠠᠭ᠃ | ᠠᠳᠤᠭᠤ ᠲᠡᠯᠯᠡᠭᠦ ᠳᠤ ᠠᠵᠢᠷᠠᠭᠠ ᠪᠤᠶᠦ ᠲᠠᠭ᠎ᠠ ᠠᠴᠠ ᠪᠤᠰᠤᠳ ᠮᠤᠷᠢ ᠶᠢ ᠪᠦᠷ ᠲᠡᠯᠯᠡᠨᠡ᠃ ᠬᠡᠭᠦᠦ ᠮᠤᠷᠢᠨ ᠤ | ᠬᠢ ᠶᠢ ᠭᠦᠭᠦᠯ ᠲᠠᠯᠪᠢᠵᠦ᠂ ᠡᠷ᠎ᠡ ᠮᠤᠷᠢᠨ ᠳᠤ ᠬᠡᠵᠢᠬᠡ ᠲᠠᠯᠪᠢᠳᠠᠭ᠃ ᠵᠢᠯ ᠳᠤ ᠨᠢᠬᠡ ᠯᠡ ᠤᠳᠠᠭ᠎ᠠ ᠲᠡᠯᠯᠡᠵᠦ᠂ | ᠤᠨᠴᠠ ᠵᠠᠷᠢᠮ ᠦᠶ᠎ᠡ ᠳᠤ ᠮᠤᠷᠢ ᠤᠨᠤᠭᠠᠨ ᠤ ᠨᠤᠭᠳᠦ ᠴᠤᠯᠪᠤᠭᠤᠷ ᠲᠠᠯᠪᠢᠬᠤ ᠬᠡᠳ ᠵᠠᠷᠢᠮ ᠮᠤᠷᠢᠨ ᠤ ᠰᠡᠭᠦᠯ ᠤᠨ | ᠭᠤᠤᠯ ᠠᠴᠠ ᠡᠳᠦᠷ ᠲᠡᠳᠦᠢ ᠶᠢ ᠬᠢᠷᠭᠠᠭᠠᠨ ᠠᠪᠳᠠᠭ᠃ ᠠᠳᠤᠭᠤᠨ ᠤ ᠲᠡᠯ ᠢ ᠲᠡᠷᠬᠡ᠂ ᠠᠨᠵᠢᠰᠤᠨ ᠤ ᠲᠡᠯᠪᠡᠭᠡ᠂ | ᠪᠠᠷᠢᠶᠡ ᠬᠢᠭᠦ ᠳᠤ ᠬᠡᠷᠡᠭᠯᠡᠨ᠎ᠡ᠃ | ᠠᠳᠤᠭᠤᠨ ᠤ ᠡᠳ᠋ᠯᠡᠯ ᠬᠡᠷᠡᠭᠰᠡᠯ ᠳᠤ ᠡᠮᠡᠬᠡᠯ᠂ ᠬᠠᠵᠠᠭᠠᠷ᠂ ᠴᠢᠳᠦᠷ᠂ ᠤᠷᠭ᠎ᠠ᠂ ᠮᠢᠯᠠᠭ᠎ᠠ ᠵᠡᠷᠬᠡ ᠡᠳᠦᠷ | ᠲᠤᠳᠤᠮ ᠤᠨ ᠬᠡᠷᠡᠭᠯᠡᠬᠡᠨ ᠤ ᠵᠦᠢᠯ ᠪᠠᠶᠢᠳᠠᠭ᠃ ᠭᠦᠷᠢᠶ᠎ᠡ ᠨᠤᠳᠤᠭ ᠲᠤ ᠤᠵᠢᠷᠭᠠᠨ ᠡᠮᠡᠬᠡᠯ ᠢ ᠲᠤᠩ ᠡᠷᠬᠢᠮᠯᠡᠳᠡᠭ᠃ | ᠬᠠᠶᠢᠯᠠᠰᠦ ᠪᠠ ᠤᠳᠠ ᠮᠤᠳᠤᠨ ᠤ ᠤᠵᠢᠷᠭ᠎ᠠ ᠪᠠᠷ ᠬᠢᠭᠰᠡᠨ ᠡᠮᠡᠬᠡᠯ ᠪᠤᠯ ᠪᠦᠬᠡᠯᠢᠭ ᠪᠦᠬᠡᠳ ᠭᠤᠶᠤ ᠪᠤᠯᠬᠤᠷ ᠤᠯᠠᠨ | ᠬᠡᠷᠡᠭᠯᠡᠳᠡᠭ᠃ | ᠠᠳᠤᠭᠤ ᠪᠤᠯ ᠡᠪᠡᠰᠦᠨ ᠤ ᠤᠷᠤᠢ ᠶᠢ ᠢᠳᠡᠳᠡᠭ᠃ ᠠᠳᠤᠭᠤᠨ ᠰᠦᠷᠦᠭ ᠬᠠᠪᠤᠷ ᠨᠠᠮᠤᠷ ᠲᠠᠯ᠎ᠠ ᠳᠤ ᠢᠯᠡᠭᠦᠦ | ᠲᠤᠭᠳᠠᠳᠠᠭ᠂ ᠵᠤᠨ ᠪᠤᠯ ᠮᠠᠩᠬᠠᠨ ᠲᠡᠬᠡᠷ᠎ᠡ ᠢᠯᠡᠭᠦᠦ ᠪᠡᠯᠴᠢᠬᠡᠷᠯᠡᠨᠡ᠃ ᠬᠠᠪᠤᠷ᠂ ᠵᠤᠨ᠂ ᠨᠠᠮᠤᠷ᠂ ᠡᠪᠤᠯ ᠤᠨ ᠴᠠᠭ | ᠠᠳᠤᠭᠤ ᠶᠢ ᠶᠡᠬᠡᠪᠴᠢᠯᠡᠨ ᠨᠠᠭᠤᠷ ᠪᠤᠶᠦ ᠬᠤᠳᠳᠤᠭ ᠲᠡᠬᠡᠷ᠎ᠡ ᠤᠩᠭᠤᠴᠠ ᠪᠠᠷ ᠤᠰᠤᠯᠠᠵᠦ ᠪᠠᠶᠢᠳᠠᠭ᠃ | ᠠᠳᠤᠭᠤ ᠶᠢ ᠵᠢᠯ ᠪᠦᠷᠢ ᠪᠢᠯᠢᠭ ᠤᠨ ᠤᠯᠠᠷᠢᠯ ᠤᠨ 10 ᠳ᠋ᠤᠭᠠᠷ ᠰᠠᠷ᠎ᠠ ᠶᠢᠨ ᠡᠬᠢᠨ ᠳᠤ ᠲᠠᠷᠢᠶ᠎ᠠ ᠲᠦᠮᠦᠰᠦ | ᠬᠤᠷᠢᠶᠠᠵᠦ ᠪᠠᠷᠠᠭᠰᠠᠨ ᠠᠴᠠ ᠲᠠᠷᠠᠭ᠎ᠠ ᠵᠢᠯ ᠤᠨ ᠬᠢᠨᠢ 3 ᠳ᠋ᠤᠭᠠᠷ ᠰᠠᠷ᠎ᠠ ᠶᠢᠨ ᠰᠡᠭᠦᠯ ᠪᠤᠯᠳᠠᠯ᠎ᠠ ᠬᠡᠬᠡᠷ᠎ᠡ ᠶᠢᠨ | ᠪᠡᠯᠴᠢᠬᠡᠷ ᠲᠤ ᠰᠤᠯᠠ ᠲᠠᠯᠪᠢᠨ᠎ᠠ᠃ 5 —7 ᠡᠳᠦᠷ ᠲᠤ ᠠᠳᠤᠭᠤᠴᠢᠨ ᠨᠢᠬᠡ ᠤᠳᠠᠭ᠎ᠠ ᠬᠡᠬᠡᠷ᠎ᠡ ᠭᠠᠷᠤᠨ ᠬᠠᠷᠠᠵᠦ | ᠪᠦᠷᠢᠳᠬᠡᠳᠡᠭ᠂ ᠠᠳᠤᠭᠤ ᠡᠩ ᠤᠨ ᠪᠠᠶᠢᠳᠠᠯ ᠳᠤ ᠨᠤᠳᠤᠭ ᠤᠨ ᠢᠶᠠᠨ ᠬᠢᠵᠠᠭᠠᠷ ᠪᠡᠯᠴᠢᠬᠡᠷ ᠠᠴᠠ ᠭᠠᠷᠬᠤ ᠦᠬᠡᠢ | ᠪᠠᠶᠢᠳᠠᠭ᠃ |