| | | ᠮᠣᠩᠭᠤᠯ ᠦᠨᠳᠦᠰᠦᠲᠡᠨ ᠪᠣᠯ ᠠᠽᠢᠶ᠎ᠠ ᠲᠢᠪ ᠤᠨ ᠤᠮᠠᠷᠠᠲᠤ ᠬᠡᠰᠡᠭ ᠤᠨ ᠮᠣᠩᠭᠤᠯ ᠤᠨ ᠥᠨᠳᠦᠷᠯᠢᠭ ᠲᠠᠬᠢ | ᠡᠷᠲᠡᠨ ᠤ ᠨᠡᠭᠦᠳᠡᠯᠴᠢᠨ ᠦᠨᠳᠦᠰᠦᠲᠡᠨ ᠪᠣᠯᠤᠨ᠎ᠠ᠃ ᠳᠡᠳᠡ ᠦᠬᠡᠷ᠂ ᠮᠣᠷᠢ᠂ ᠢᠮᠠᠭ᠎ᠠ᠂ ᠬᠤᠨᠢ᠂ ᠲᠡᠮᠡᠭᠡ ᠶᠢ | ᠲᠠᠪᠤᠨ ᠬᠤᠰᠢᠭᠤ ᠮᠠᠯ ᠭᠡᠳᠡᠭ᠃ ᠮᠣᠩᠭᠤᠯ ᠦᠨᠳᠦᠰᠦᠲᠡᠨ ᠤ ᠡᠮᠦᠰᠬᠦ᠂ ᠢᠳᠡᠬᠦ᠂ ᠰᠠᠭᠤᠬᠤ᠂ ᠶᠠᠪᠤᠬᠤ ᠵᠡᠷᠭᠡ ᠨᠢ | ᠪᠦᠷ ᠲᠠᠪᠤᠨ ᠬᠤᠰᠢᠭᠤ ᠮᠠᠯ ᠠᠴᠠ ᠰᠠᠯᠵᠤ ᠴᠢᠳᠠᠬᠤ ᠦᠭᠡᠢ ᠶᠤᠮ᠃ ᠲᠠᠯ᠎ᠠ ᠨᠤᠲᠤᠭ ᠪᠠ ᠮᠠᠯ ᠤᠨᠤᠭ᠎ᠠ ᠪᠣᠯ | ᠮᠣᠩᠭᠤᠯ ᠦᠨᠳᠦᠰᠦᠲᠡᠨ ᠤ ᠠᠮᠢ ᠨᠠᠰᠤᠨ ᠤ ᠡᠬᠢ ᠪᠤᠯᠠᠭ ᠮᠥᠨ᠃ | ᠲᠠᠯ᠎ᠠ ᠨᠤᠲᠤᠭ ᠳᠡᠭᠡᠷ᠎ᠡ ᠬᠠᠮᠤᠭ ᠠᠴᠠ ᠦᠷᠭᠦᠯᠵᠢ ᠬᠠᠷᠠᠭᠳᠠᠳᠠᠭ ᠨᠢ ᠦᠬᠡᠷ᠂ ᠬᠤᠨᠢ᠂ ᠮᠣᠷᠢ᠂ ᠲᠡᠮᠡᠭᠡ᠃ ︽ | ᠲᠠᠯ᠎ᠠ ᠨᠤᠲᠤᠭ ᠤᠨ ᠲᠠᠪᠤᠨ ᠬᠤᠰᠢᠭᠤ ᠮᠠᠯ︾ ᠨᠢ ᠲᠠᠯ᠎ᠠ ᠨᠤᠲᠤᠭ ᠤᠨ ᠦᠵᠡᠰᠬᠦᠯᠡᠩᠲᠦ ᠰᠠᠶᠢᠬᠠᠨ ᠦᠵᠡᠮᠵᠢ ᠶᠢᠨ | ᠨᠢᠭᠡ ᠨᠢ ᠪᠢᠯᠡ᠃ ᠲᠠᠯ᠎ᠠ ᠨᠤᠲᠤᠭ ᠤᠨᠬᠥ᠋ᠪᠡᠭᠦᠳ ᠥᠬᠢᠳ ᠬᠡᠳᠦᠨ ᠮᠢᠩᠭᠠᠨ ᠵᠢᠯ ᠵᠠᠷᠤᠴᠠᠭᠤᠯᠤᠨ ᠪᠠᠶᠢᠵᠦ ᠰᠠᠶ᠋ᠢ | ᠲᠡᠳᠡᠨ ᠢ ᠨᠤᠮᠤᠬᠠᠳᠬᠠᠵᠦ ᠲᠠᠵᠢᠭᠡᠵᠦ ᠠᠷᠠᠴᠢᠯᠠᠬᠤ ᠪᠤᠯᠤᠬᠰᠠᠨ ᠶᠤᠮ᠃ | ᠳᠡᠭᠡᠪᠡᠯ ᠦᠬᠡᠷ᠂ ᠠᠳᠤᠭᠤ᠂ ᠬᠤᠨᠢ᠂ ᠲᠡᠮᠡᠭᠡ ᠶᠢ ᠶᠠᠭᠠᠬᠢᠵᠤ ᠲᠣᠭᠠᠯᠠᠵᠤ ᠦᠵᠡᠭᠰᠡᠨ ᠴᠦ ᠪᠦᠷ ︽ ᠲᠥᠷᠪᠡᠨ | ᠬᠤᠰᠢᠭᠤ ᠮᠠᠯ︾ ᠪᠠᠶᠢᠬᠤ ᠶᠣᠰᠣᠲᠠᠢ᠂ ᠡᠭᠦᠨ ᠢ ᠬᠡᠷᠬᠢᠨ ︽ᠲᠠᠪᠤᠨ ᠬᠤᠰᠢᠭᠤ ᠮᠠᠯ︾ ᠭᠡᠵᠦ ᠨᠡᠷᠡᠯᠡᠵᠦ ᠪᠣᠯᠬᠤ | ᠪᠣᠢ︖ ᠨᠠᠷᠢᠨ ᠨᠢᠭᠤᠴᠠ ᠨᠢ ᠪᠦᠷ ᠬᠤᠨᠢᠨ ᠰᠦᠷᠦᠭ ᠲᠤ ᠪᠠᠶᠢᠳᠠᠭ᠂ ᠬᠤᠨᠢᠨ ᠰᠦᠷᠦᠭ ᠲᠤ ᠢᠮᠠᠭ᠎ᠠ ᠪᠠᠶᠢᠬᠤ | ᠮᠥᠷᠲᠡᠭᠡᠨ ᠬᠤᠨᠢ ᠪᠠᠰᠠ ᠪᠠᠶᠢᠨ᠎ᠠ᠃ ᠬᠤᠨᠢ ᠬᠥᠳᠡᠯᠵᠦ ᠪᠠᠷᠢᠬᠤ ᠨᠢ ᠤᠳᠠᠭᠠᠨ᠂ ᠰᠠᠶᠢᠨ ᠪᠡᠯᠴᠢᠭᠡᠷ ᠣᠯᠳᠠᠬᠤ ᠳᠤ | ᠬᠦᠴᠢᠷ᠂ ᠬᠠᠷᠢᠨ ᠢᠮᠠᠭ᠎ᠠ ᠬᠤᠷᠴᠠ ᠰᠡᠷᠭᠦᠯᠡᠩ ᠪᠥᠭᠡᠳ ᠬᠥᠳᠡᠯᠵᠦ ᠪᠠᠷᠢᠬᠤ ᠨᠢ ᠪᠤᠰᠢᠭᠤ ᠱᠠᠯᠠᠮᠠᠭᠠᠢ᠂ ᠭᠡᠪᠡᠴᠦ | ᠶᠠᠪᠤᠵᠤ ᠪᠠᠶᠢᠭᠠᠳ ᠰᠠᠯᠤᠨ ᠵᠠᠳᠠᠷᠠᠳᠠᠭ ᠵᠠᠩ ᠲᠠᠢ᠃ ᠢᠮᠠᠭ᠎ᠠ ᠶᠢ ᠬᠤᠨᠢ ᠲᠠᠢ ᠴᠤᠭ ᠬᠠᠷᠢᠭᠤᠯᠪᠠᠯ ᠰᠠᠶ᠋ᠢ ᠬᠠᠮᠤᠭ | ᠰᠠᠶᠢᠬᠠᠨ ᠬᠤᠨᠢᠨ ᠰᠦᠷᠦᠭ ᠪᠣᠯᠵᠤ ᠴᠢᠳᠠᠳᠠᠭ᠃ ᠡᠶᠢᠮᠦ ᠠᠴᠠ᠂ ᠢᠮᠠᠭ᠎ᠠ᠂ ᠬᠤᠨᠢ᠂ ᠦᠬᠡᠷ᠂ ᠮᠣᠷᠢ᠂ ᠲᠡᠮᠡᠭᠡ ᠶᠢ | ᠰᠠᠶ᠋ᠢ ᠲᠠᠪᠤᠨ ᠬᠤᠰᠢᠭᠤ ᠮᠠᠯ ᠭᠡᠳᠡᠭ᠃ | ᠦᠬᠡᠷ᠂ ᠬᠤᠨᠢ ᠨᠢ ᠮᠠᠯᠴᠢᠳ ᠲᠤ ᠬᠠᠮᠤᠭ ᠤᠨ ᠠᠮᠲᠠᠲᠠᠶ ᠬᠦᠨᠡᠰᠦ ᠬᠠᠨᠭ᠍ᠭᠠᠳᠠᠭ᠂ ᠲᠡᠷᠡ ᠨᠢ ᠰᠢᠨ᠎ᠡ ᠰᠣᠷᠭᠤᠭ | ᠮᠢᠬ᠎ᠠ ᠴᠤ ᠪᠠᠶᠢᠵᠤ ᠮᠡᠳᠡᠨ᠎ᠡ᠂ ᠠᠩᠬᠢᠯᠤᠮ᠎ᠠ ᠰᠦ ᠴᠦ ᠪᠠᠶᠢᠵᠤ ᠮᠡᠳᠡᠨ᠎ᠡ᠃ ᠮᠣᠷᠢ ᠪᠣᠯ ᠮᠠᠯᠴᠢᠳ ᠤᠨ ᠵᠠᠮ | ᠬᠠᠷᠢᠯᠴᠠᠭᠠᠨ ᠤ ᠪᠠᠭᠠᠵᠢ ᠮᠥᠨ᠂ ᠵᠠᠮ ᠵᠠᠮᠨᠠᠬᠤ᠂ ᠠᠴᠢᠶ᠎ᠠ ᠠᠴᠢᠶᠠᠯᠠᠬᠤ ᠵᠡᠷᠭᠡ ᠳᠤ ᠳᠤᠳᠠᠬᠳᠠᠵᠦ ᠪᠤᠯᠤᠰᠢ ᠦᠭᠡᠢ | ᠴᠢᠬᠤᠯᠠ ᠬᠦᠳᠡᠯᠮᠦᠷᠢ ᠬᠦᠴᠦ ᠪᠤᠯᠤᠨ᠎ᠠ᠃ ᠲᠡᠮᠡᠭᠡ ᠲᠠᠯ᠎ᠠ ᠨᠤᠲᠤᠭ ᠤᠨ ᠠᠮᠢᠨ ᠡᠷᠳᠡᠨᠢ ᠪᠣᠯᠤᠭᠰᠠᠨ ᠨᠢ ᠳᠡᠭᠡᠷᠡᠬᠢ | ᠲᠠᠪᠠᠭᠤᠯᠢᠭ ᠲᠠᠯ᠎ᠠ ᠶᠢ ᠪᠦᠬᠦᠨ ᠢ ᠬᠠᠮᠤᠷᠤᠬᠰᠠᠨ ᠳᠤ ᠪᠠᠶᠢᠨ᠎ᠠ᠃ ᠲᠠᠯ᠎ᠠ ᠨᠤᠲᠤᠭ ᠤᠨ ᠲᠠᠪᠤᠨ ᠬᠤᠰᠢᠭᠤ ᠮᠠᠯ ᠨᠢ | ᠦᠶ᠎ᠡ ᠦᠶ᠎ᠡ ᠪᠠᠷ ᠢᠶᠠᠨ ᠲᠠᠯ᠎ᠠ ᠨᠤᠲᠤᠭ ᠲᠤ ᠤᠷᠤᠰᠢᠨ ᠠᠮᠢᠳᠤᠷᠠᠵᠦ᠂ ᠲᠠᠯ᠎ᠠ ᠨᠤᠲᠤᠭ ᠤᠨ ᠭᠤᠶᠤ ᠰᠠᠶᠢᠬᠠᠨ | ᠦᠵᠡᠮᠵᠢ ᠪᠤᠯᠬᠤ ᠪᠠᠷ ᠦᠯᠦ ᠪᠠᠷᠠᠮ ᠨᠠᠩ ᠴᠤ ᠮᠠᠯᠴᠢᠨ ᠲᠦᠮᠡᠨ ᠤ ᠬᠠᠨᠢ ᠨᠦᠬᠦᠳ ᠪᠣᠯᠤᠨ᠎ᠠ᠃ | ᠲᠠᠪᠤᠨ ᠬᠤᠰᠢᠭᠤ ᠮᠠᠯ ᠤᠨ ᠰᠣᠶᠣᠯ ᠤᠨ ᠠᠳᠤᠭᠤᠨ ᠰᠣᠶᠣᠯ | ᠮᠣᠷᠢ ᠨᠢ ᠰᠦᠷ ᠵᠢᠪᠬᠤᠭ᠎ᠠ᠂ ᠴᠤᠭ ᠰᠦᠯᠳᠡ᠂ ᠠᠵᠠ ᠬᠡᠶᠢᠮᠣᠷᠢ ᠶᠢ ᠪᠡᠯᠭᠡᠳᠡᠵᠦ ᠪᠠᠶᠢᠳᠠᠭ᠃ | ᠮᠣᠩᠭᠤᠯᠴᠤᠳ ᠤᠨ ᠰᠡᠳᠬᠢᠯ ᠳᠠᠬᠢ ᠮᠣᠷᠢ ᠪᠣᠯ ᠴᠤᠭ ᠰᠦᠯᠳᠡ ᠪᠠᠳᠠᠷᠠᠭᠰᠠᠨ ᠬᠦᠰᠡᠯᠡᠩᠲᠦ ᠠᠮᠢᠲᠠᠨ ᠶᠤᠮ᠃ | ᠡᠶᠢᠮᠦ ᠠᠴᠠ ᠬᠦᠰᠡᠯᠡᠩ᠂ ᠤᠶᠤᠨ ᠰᠠᠨᠠᠭ᠎ᠠ᠂ ᠠᠵᠠ ᠲᠣᠬᠢᠶᠠᠯ ᠢ ᠬᠡᠢ ᠮᠣᠷᠢ ᠪᠠᠷ ᠵᠦᠢᠷᠯᠡᠳᠡᠭ᠃ ᠲᠩᠷᠢ ᠶᠢᠨ ᠮᠣᠷᠢ | ᠭᠡᠳᠡᠭ ᠲᠤᠭ ᠮᠣᠩᠭᠤᠯ ᠦᠨᠳᠦᠰᠦᠲᠡᠨ ᠤ ᠠᠶᠢᠯ ᠪᠦᠷᠢ ᠶᠢᠨ ᠡᠭᠦᠳᠡᠨ ᠡᠮᠦᠨ᠎ᠡ ᠡᠯᠭᠦᠭᠰᠡᠨ ᠵᠢᠵᠢᠭ ᠴᠠᠭᠠᠨ ᠲᠤᠭ | ᠪᠠᠶᠢᠵᠤ᠂ ᠳᠤᠮᠳᠠ ᠨᠢ ᠲᠡᠭᠷᠢ ᠶᠢᠨ ᠮᠤᠷᠢ ᠳᠠᠪᠬᠢᠭᠤᠯᠤᠨ ᠲᠤᠪᠳᠤᠯᠵᠦ ᠪᠠᠶᠢᠬᠤ ᠵᠢᠷᠤᠭ ᠲᠠᠢ᠃ ᠦᠨᠡᠨ ᠳᠡᠭᠡᠨ | ᠮᠣᠩᠭᠤᠯ ᠦᠨᠳᠦᠰᠦᠲᠡᠨ ᠤ ᠪᠡᠯᠭᠡᠳᠡᠯ ᠪᠠ ᠲᠤᠭ ᠲᠡᠮᠳᠡᠭ ᠨᠢ ᠪᠦᠷ ᠮᠣᠷᠢ ᠲᠠᠢ ᠬᠤᠯᠪᠣᠭ᠎ᠠ ᠲᠠᠢ ᠶᠤᠮ᠃ | ᠮᠣᠩᠭᠤᠯ ᠦᠨᠳᠦᠰᠦᠲᠡᠨ ᠤ ᠠᠵᠤ ᠠᠬᠤᠢ ᠪᠠ ᠤᠶᠤᠨ ᠤ ᠠᠮᠢᠳᠤᠷᠠᠯ ᠨᠢ ᠪᠦᠷ ᠠᠳᠤᠭᠤ ᠮᠣᠷᠢ ᠠᠴᠠ ᠰᠠᠯᠵᠤ | ᠴᠢᠳᠠᠬᠤ ᠦᠭᠡᠢ᠃ ᠮᠣᠩᠭᠤᠯᠴᠤᠳ ᠮᠣᠷᠢ ᠶᠢ ᠬᠦᠨᠳᠦᠳᠬᠡᠨ ᠳᠡᠭᠡᠳᠦᠯᠡᠬᠦ ᠪᠠᠷ ᠪᠠᠷᠠᠬᠤ ᠦᠭᠡᠢ ᠪᠠᠰᠠ ᠰᠢᠲᠦᠵᠦ | ᠪᠠᠶᠢᠳᠠᠭ᠃ ᠢᠯᠠᠩᠭᠤᠶ᠎ᠠ ᠪᠠᠭᠠᠲᠤᠷᠯᠢᠭ ᠲᠤᠤᠯᠢᠰ ᠵᠢᠩᠭᠠᠷ ᠤᠨ ᠤᠳᠬ᠎ᠠ ᠵᠣᠬᠢᠶᠠᠯ ᠤᠨ ᠪᠦᠲᠦᠭᠡᠯ ᠳᠤ ᠨᠠᠩ ᠢᠯᠡᠷᠬᠡᠶ | ᠪᠠᠶᠢᠵᠤ᠂ ᠮᠣᠷᠢ ᠰᠠᠬᠢᠭᠤᠯᠰᠤᠨ ᠪᠣᠯᠤᠭᠰᠠᠨ ᠪᠠᠶᠢᠳᠠᠭ᠃ ᠡᠶᠢᠮᠦᠷᠬᠦᠦ ᠡᠷᠲᠡᠨ ᠤ ᠵᠠᠩ ᠵᠠᠩᠰᠢᠯ ᠨᠢ ᠨᠢᠭᠡᠨᠲᠡ ᠠᠳᠠᠯᠢ | ᠪᠤᠰᠤ ᠬᠡᠮᠵᠢᠶ᠎ᠡ ᠪᠠᠷ ᠤᠳᠤ ᠪᠣᠯᠲᠠᠯ᠎ᠠ ᠤᠯᠠᠮᠵᠢᠯᠠᠭᠳᠠᠭᠰᠠᠨ ᠪᠠᠶᠢᠨ᠎ᠠ᠃ ᠮᠣᠩᠭᠤᠯ ᠦᠨᠳᠦᠰᠦᠲᠡᠨ ᠮᠤᠷᠢ ᠳᠤ ᠪᠠᠨ | ᠬᠡᠮᠵᠢᠶᠡᠯᠡᠰᠢ ᠦᠭᠡᠢ ᠬᠠᠶᠢᠷᠠᠳᠠᠢ ᠪᠠᠶᠢᠳᠠᠭ᠂ ᠮᠣᠷᠢ ᠨᠢ ᠦᠬᠦᠭᠰᠡᠨ ᠤ ᠲᠠᠷᠠᠭ᠎ᠠ ᠬᠡᠭᠦᠷ ᠪᠡᠶ᠎ᠡ ᠶᠢ ᠨᠢ ᠥᠨᠳᠥᠷ | ᠠᠭᠤᠯᠠ ᠶᠢᠨ ᠳᠣᠪᠣᠷᠬᠠᠭ ᠪᠤᠶᠤ ᠲᠣᠯᠣᠭᠠᠢ ᠶᠢ ᠨᠢ ᠥᠨᠳᠥᠷ ᠭᠠᠵᠠᠷ ᠲᠤ ᠣᠷᠣᠰᠢᠭᠤᠯᠤᠭᠠᠳ ᠳᠡᠭᠡᠷ᠎ᠡ ᠨᠢ ᠴᠢᠯᠠᠭᠤ | ᠣᠪᠣᠭᠠᠯᠠᠳᠠᠭ᠂ ᠵᠠᠷᠢᠮ ᠨᠤᠲᠤᠭ ᠲᠤ ᠡᠶᠢᠮᠦ ᠣᠪᠣᠭᠠᠨ ᠴᠢᠯᠠᠭᠤ ᠶᠢ ᠮᠣᠷᠢᠨ ᠣᠪᠣᠭ᠎ᠠ ᠭᠡᠳᠡᠭ ᠪᠠᠶᠢᠵᠠᠶ᠃ | ᠲᠠᠪᠤᠨ ᠬᠤᠰᠢᠭᠤ ᠮᠠᠯ ᠤᠨ ᠰᠣᠶᠣᠯ ᠤᠨ ᠦᠬᠡᠷ ᠤᠨ ᠰᠣᠶᠣᠯ | ᠦᠬᠡᠷ ᠨᠢ ᠮᠣᠩᠭᠤᠯᠴᠤᠳ ᠤᠨ ᠨᠡᠭᠦᠳᠡᠯ ᠮᠠᠯᠵᠢᠯ ᠤᠨ ᠠᠮᠢᠳᠤᠷᠠᠯ ᠳᠤ ᠴᠢᠬᠤᠯᠠ ᠦᠢᠯᠡᠳᠦᠯ ᠭᠠᠷᠭᠠᠭᠰᠠᠨ ᠢᠶᠠᠷ | ᠪᠠᠷᠠᠬᠤ ᠦᠭᠡᠢ᠂ ᠰᠣᠶᠣᠯ ᠤᠨ ᠠᠮᠢᠳᠤᠷᠠᠯ ᠳᠤ ᠴᠤ ᠴᠢᠬᠤᠯᠠ ᠪᠠᠶᠢᠷᠢ ᠰᠠᠭᠤᠷᠢ ᠶᠢ ᠡᠵᠡᠯᠡᠵᠦ ᠪᠠᠶᠢᠳᠠᠭ᠃ ᠬᠢᠳᠠᠨ | ᠦᠨᠳᠦᠰᠦᠲᠡᠨ ᠬᠥᠬᠡ ᠦᠬᠡᠷ ᠢ ᠰᠢᠲᠦᠳᠡᠭ᠂ ᠪᠤᠬ᠎ᠠ ᠤᠳᠤ ᠪᠣᠯᠲᠠᠯ᠎ᠠ ᠮᠣᠩᠭᠤᠯᠴᠤᠳ ᠤᠨ ᠲᠣᠲ᠋ᠧᠮ ᠤᠨ ᠪᠡᠯᠭᠡᠳᠡᠯ | ᠪᠣᠯᠤᠭᠰᠠᠨ ᠤ ᠬᠤᠪᠢ ᠳᠤ ᠬᠥᠮᠦᠰ ᠰᠢᠲᠦᠵᠦ ᠪᠠᠶᠢᠨ᠎ᠠ᠃ ᠡᠳᠡᠭᠡᠷ ᠵᠠᠩ ᠦᠢᠯᠡ ᠨᠢ ᠦᠬᠡᠷ ᠤᠨ ᠰᠣᠶᠣᠯ ᠢ | ᠪᠦᠷᠢᠯᠳᠦᠭᠦᠯᠵᠡᠶ᠃ ᠮᠣᠩᠭᠤᠯ ᠬᠡᠯᠡᠨ ᠳᠤ ᠦᠬᠡᠷ ᠤᠨ ᠲᠦᠷᠦᠯ ᠤᠨ ᠨᠡᠷᠡᠶᠢᠳᠦᠯ ᠵᠢᠴᠢ ᠦᠬᠡᠷ ᠢᠶᠠᠷ ᠨᠡᠷᠡᠯᠡᠬᠦ | ᠨᠡᠷᠡᠶᠢᠳᠦᠯ ᠨᠢ ᠨᠡᠯᠢᠶᠡᠳ ᠪᠠᠶᠠᠯᠢᠭ ᠪᠠᠶᠢᠳᠠᠭ᠃ ᠦᠬᠡᠷ ᠤᠨ ᠲᠤᠬᠠᠢ ᠵᠦᠢᠷ ᠰᠡᠴᠡᠨ ᠦᠭᠡ ᠨᠢ ᠴᠦ ᠮᠣᠩᠭᠤᠯ | ᠬᠡᠯᠡᠨ ᠳᠤ ᠶᠡᠭᠡ ᠪᠠᠶᠠᠯᠢᠭ ᠪᠠᠶᠢᠳᠠᠭ᠃ ᠢᠯᠠᠩᠭᠤᠶ᠎ᠠ ᠲᠤᠤᠯᠢ᠂ ᠮᠠᠭᠲᠠᠭᠠᠯ ᠳᠠᠭᠤᠤ᠂ ᠢᠷᠦᠭᠡᠯ ᠦᠭᠡ ᠂ ᠰᠢᠯᠦᠭ᠂ | ᠲᠤᠭᠤᠵᠢᠰ᠂ ᠠᠷᠠᠳ ᠤᠨ ᠦᠯᠢᠭᠡᠷ ᠲᠤ ᠦᠬᠡᠷ ᠤᠨ ᠲᠤᠬᠠᠢ ᠵᠦᠢᠷ ᠰᠡᠴᠡᠨ ᠦᠭᠡ ᠨᠡᠩ ᠪᠠᠶᠠᠯᠢᠭ ᠪᠠᠶᠢᠳᠠᠭ᠃ | ᠮᠣᠩᠭᠤᠯ ᠦᠨᠳᠦᠰᠦᠲᠡᠨ ᠤ ᠦᠬᠡᠷ ᠤᠨ ᠰᠣᠶᠣᠯ ᠤᠨ ᠭᠤᠣᠯ ᠣᠨᠴᠠᠯᠢᠭ ᠨᠢ ᠬᠦᠴᠦᠨ ᠴᠢᠳᠠᠯ᠂ ᠮᠡᠷᠡᠶᠢᠨ ᠲᠡᠮᠡᠴᠡᠬᠦ | ᠂ ᠪᠦᠷᠢᠨ ᠪᠦᠲᠦᠨ᠃ ᠮᠣᠩᠭᠤᠯ ᠦᠨᠳᠦᠰᠦᠲᠡᠨ ᠤ ᠦᠬᠡᠷ ᠤᠨ ᠰᠢᠲᠦᠭᠡᠨ ᠪᠣᠯᠤᠨ ᠲᠣᠲ᠋ᠧᠮ ᠤᠨ ᠲᠤᠬᠠᠢ | ᠰᠤᠷᠪᠤᠯᠵᠢ ᠪᠢᠴᠢᠭ ᠲᠤ ᠲᠡᠮᠳᠡᠭᠯᠡᠭᠳᠡᠭᠰᠡᠨ ᠨᠢ ᠮᠠᠰᠢ ᠴᠥᠭᠡᠨ ᠪᠠᠶᠢᠳᠠᠭ᠃ ᠪᠢᠳᠡ ᠵᠥᠪᠬᠡᠨ ᠬᠠᠮᠢᠶ᠎ᠠ ᠪᠦᠬᠦᠢ ᠲᠡᠦᠬᠡ | ᠲᠡᠮᠳᠡᠭᠯᠡᠯ ᠪᠤᠶᠤ ᠠᠷᠠᠳ ᠤᠨ ᠳᠣᠮᠤᠭ᠂ ᠵᠠᠩ ᠳᠠᠳᠬᠠᠯ ᠵᠢᠴᠢ ᠦᠭᠡ ᠬᠡᠯᠡᠨ ᠤ ᠦᠭᠡᠰ ᠤᠨ ᠰᠠᠩ ᠠᠴᠠ ᠳᠠᠮ ᠢᠶᠠᠷ | ᠣᠶᠢᠯᠠᠭᠠᠵᠤ ᠪᠣᠯᠤᠨ᠎ᠠ᠃ ᠵᠢᠱᠢᠶᠡᠯᠡᠪᠡᠯ ︽ᠤᠯᠠᠮᠵᠢᠯᠠᠯ ᠶᠠᠷᠢᠶᠠᠨ ᠳᠤ ᠡᠷᠲᠡᠨ ᠤ ᠬᠢᠳᠠᠨ ᠦᠨᠳᠦᠰᠦᠲᠡᠨ ᠤ | ᠳᠡᠭᠡᠳᠦᠰ ᠤᠨ ᠲᠣᠲ᠋ᠧᠮ ᠨᠢ ᠴᠠᠭᠠᠨ ᠮᠣᠷᠢ ᠪᠠ ᠬᠥᠬᠡ ᠦᠬᠡᠷ ᠭᠡᠳᠡᠭ᠃ ᠡᠷᠲᠡᠨ ᠤ ᠬᠢᠳᠠᠨᠴᠤᠳ ᠴᠡᠷᠢᠭᠯᠡᠬᠦ ᠪᠠ | ᠴᠦᠨ ᠴᠢᠦ ᠶᠢᠨ ᠲᠠᠬᠢᠯᠭ᠎ᠠ ᠳᠤ ᠪᠠᠨ ᠴᠠᠭᠠᠨ ᠮᠤᠷᠢ ᠬᠢᠭᠡᠳ ᠬᠦᠬᠡ ᠦᠭᠡᠷ ᠢ ᠲᠠᠬᠢᠵᠦ ᠤᠭ ᠤᠬᠰᠠᠭ᠎ᠠ ᠪᠠᠨ | ᠮᠠᠷᠲᠠᠵᠦ ᠦᠯᠦ ᠪᠤᠯᠬᠤ ᠭᠡᠰᠡᠨ ᠰᠠᠨᠠᠭ᠎ᠠ ᠪᠠᠨ ᠢᠯᠡᠳᠬᠡᠳᠡᠭ︾᠃ | ᠲᠠᠪᠤᠨ ᠬᠤᠰᠢᠭᠤ ᠮᠠᠯ ᠤᠨ ᠰᠣᠶᠣᠯ ᠤᠨ ᠬᠤᠨᠢᠨ ᠤ ᠰᠣᠶᠣᠯ | ᠮᠣᠩᠭᠤᠯᠴᠤᠳ ᠤᠨ ᠵᠠᠩ ᠦᠢᠯᠡ ᠳᠤ ᠬᠤᠨᠢ ᠲᠠᠢ ᠬᠤᠯᠪᠣᠭᠳᠠᠬᠤ ᠮᠠᠰᠢ ᠤᠯᠠᠨ ᠦᠵᠡᠭᠳᠡᠯ ᠪᠠᠶᠢᠳᠠᠭ᠃ | ᠮᠣᠩᠭᠤᠯᠴᠤᠳ ᠬᠡᠦᠬᠡᠳ ᠲᠦᠷᠦᠭᠦ ᠠᠴᠠ ᠪᠠᠨ ᠤᠷᠤᠭ ᠪᠠᠷᠢᠯᠳᠤᠬᠤ᠂ ᠲᠠᠬᠢᠯ ᠡᠷᠭᠦᠬᠦ ᠠᠴᠠ ᠢᠳᠡᠰᠢᠨ ᠳᠤ | ᠬᠦᠷᠲᠡᠯ᠎ᠡ ᠬᠤᠨᠢ ᠢᠮᠠᠭ᠎ᠠ ᠠᠴᠠ ᠰᠠᠯᠵᠤ ᠴᠢᠳᠠᠬᠤ ᠦᠭᠡᠢ ᠪᠠᠶᠢᠳᠠᠭ᠃ ᠮᠣᠩᠭᠤᠯᠴᠤᠳ ᠤᠨ ᠵᠠᠩ ᠥᠢᠯᠨ ᠳᠠᠬᠢ | ᠬᠤᠨᠢᠨ ᠤ ᠰᠢᠲᠦᠯᠭᠡ ᠶᠢᠨ ᠵᠠᠩ ᠦᠢᠯᠡ ᠶᠢ ᠲᠠᠪᠤᠨ ᠲᠥᠷᠥᠯ ᠳᠤ ᠬᠤᠪᠢᠶᠠᠳᠠᠭ᠄ ᠲᠦᠯᠭᠡ ᠦᠵᠡᠬᠦ᠂ ᠭᠠᠢ | ᠪᠠᠷᠴᠢᠳ ᠢ ᠵᠠᠶᠢᠯᠠᠭᠤᠯᠬᠤ᠂ ᠲᠠᠬᠢᠯᠭ᠎ᠠ ᠡᠷᠭᠦᠭᠦ᠂ ᠤᠷᠤᠭ ᠬᠤᠷᠢᠮ ᠳᠡᠭᠡᠷᠡᠬᠢ ᠠᠷᠢᠭᠤᠨ ᠡᠳ᠋᠂ ᠬᠦᠮᠦᠰ ᠤᠨ | ᠬᠠᠷᠢᠯᠴᠠᠭᠠᠨ ᠤ ᠳᠤᠮᠳᠠᠬᠢ ᠪᠡᠯᠡᠭ ᠰᠡᠯᠳᠡ ᠵᠡᠷᠭᠡ᠃ ᠬᠤᠨᠢᠨ ᠤ ᠰᠢᠲᠦᠯᠭᠡ ᠶᠢᠨ ᠰᠤᠶᠤᠯ ᠲᠤᠮᠳᠠ᠂ | ᠮᠣᠩᠭᠤᠯᠴᠤᠳ ᠤᠨ ᠠᠮᠢᠳᠤᠷᠠᠯ ᠳᠤ ᠬᠤᠨᠢ ᠢᠮᠠᠭ᠎ᠠ ᠶᠡᠷᠦ ᠨᠢ ᠣᠨᠴᠠᠭᠠᠢ ᠤᠳᠬ᠎ᠠ ᠠᠭᠤᠯᠭ᠎ᠠ ᠲᠠᠢ ᠪᠠᠶᠢᠳᠠᠭ᠃ | ᠲᠠᠪᠤᠨ ᠬᠤᠰᠢᠭᠤ ᠮᠠᠯ ᠤᠨ ᠰᠣᠶᠣᠯ ᠤᠨ ᠲᠡᠮᠡᠭᠡᠨ ᠰᠣᠶᠣᠯ | ᠮᠣᠩᠭᠤᠯ ᠦᠨᠳᠦᠰᠦᠲᠡᠨ ᠤ ᠤᠯᠠᠮᠵᠢᠯᠠᠯᠲᠤ ᠮᠠᠯ ᠠᠵᠤ ᠠᠬᠤᠢ ᠶᠢᠨ ᠰᠣᠶᠣᠯ ᠳᠤ ᠲᠡᠮᠡᠭᠡ᠂ ᠮᠣᠷᠢ᠂ ᠦᠬᠡᠷ᠂ | ᠢᠮᠠᠭ᠎ᠠ᠂ ᠬᠤᠨᠢ ᠭᠡᠬᠦ ᠴᠢᠬᠤᠯᠠ ᠤᠬᠠᠭᠳᠠᠬᠤᠨ ᠪᠠᠶᠢᠳᠠᠭ᠃ ᠮᠣᠩᠭᠤᠯ ᠮᠠᠯᠴᠢᠳ᠂ ᠲᠠᠪᠤᠨ ᠬᠤᠰᠢᠭᠤ ᠮᠠᠯ ᠪᠦᠷᠢᠨ | ᠪᠠᠶᠢᠪᠠᠯ ᠲᠠᠯ᠎ᠠ ᠨᠤᠲᠤᠭ ᠰᠠᠶ᠋ᠢ ᠦᠨᠢ ᠮᠦᠡᠭᠬᠡ ᠭᠡᠵᠦ ᠦᠵᠡᠳᠡᠭ᠃ ᠠᠳᠠᠯᠢ ᠪᠤᠰᠤ ᠪᠡᠯᠴᠢᠭᠡᠷ ᠲᠤ ᠲᠠᠪᠤᠨ ᠬᠤᠰᠢᠭᠤ | ᠮᠠᠯ ᠤᠨ ᠵᠣᠬᠢᠴᠠᠬᠤ ᠬᠡᠮᠵᠢᠶ᠎ᠡ ᠨᠢ ᠴᠦ ᠠᠳᠠᠯᠢ ᠪᠤᠰᠤ ᠪᠠᠶᠢᠳᠠᠭ᠃ ᠲᠡᠮᠡᠭᠡ ᠨᠢ ᠭᠠᠨᠭ᠌ ᠬᠠᠭᠰᠠᠷᠠᠭᠠᠨ ᠲᠠᠢ ᠭᠠᠵᠠᠷ | ᠬᠠᠷᠢᠴᠠᠯ ᠨᠢ ᠪᠠᠭ᠋ᠠᠨ ᠥᠨᠳᠥᠷ ᠪᠣᠯᠬᠤ ᠪᠣᠯᠪᠠᠴᠤ ᠪᠠᠰᠠ ᠬᠡᠯᠡᠵᠦ ᠮᠡᠳᠡᠬᠦ ᠦᠭᠡᠢ ᠶᠤᠮ᠃ ᠲᠠᠪᠤᠨ ᠬᠤᠰᠢᠭᠤ ᠮᠠᠯ ᠪᠠ | ᠡᠯᠡᠰᠦᠨ ᠣᠩᠭᠤᠴᠠ ᠭᠡᠬᠦ ᠬᠤᠶᠠᠷ ᠤᠬᠠᠭᠳᠠᠬᠤᠨ ᠠᠴᠠ ᠦᠵᠡᠪᠡᠯ᠂ ᠮᠠᠯᠴᠢᠳ ᠤᠨ ᠨᠢᠳᠦᠨ ᠳᠤ᠂ ᠲᠡᠮᠡᠭᠡ ᠲᠠᠯ᠎ᠠ | ᠨᠤᠲᠤᠭ ᠤᠨ ᠬᠡᠦᠬᠡᠳ ᠪᠠᠶᠢᠵᠤ᠂ ᠡᠯᠡᠰᠦᠨ ᠴᠥᠯ ᠤᠨ ᠵᠠᠮ ᠬᠠᠷᠢᠯᠴᠠᠭᠠᠨ ᠤ ᠪᠠᠭᠠᠵᠢ ᠲᠡᠳᠦᠢ ᠪᠢᠰᠢ ᠶᠤᠮ᠃ | | ᠲᠠᠪᠤᠨ ᠬᠤᠰᠢᠭᠤ ᠮᠠᠯ ᠤᠨ ᠲᠤᠬᠠᠢ ᠰᠢᠨ᠎ᠡ ᠵᠢᠯ ᠤᠨ ᠰᠣᠨᠢᠨ ᠰᠣᠨᠣᠰᠬᠠᠯ | ᠪᠢᠲᠡᠭᠦᠨ ᠤ ᠰᠥᠨᠢ᠂ ᠰᠢᠨ᠎ᠡ ᠶᠢᠨ ᠨᠢᠭᠡᠨ ᠤ ᠥᠷᠯᠥᠭᠡ ᠲᠠᠪᠤᠨ ᠬᠤᠰᠢᠭᠤ ᠮᠠᠯ ᠢ ︽ᠰᠢᠨᠡᠯᠡᠭᠦᠯᠬᠦ︾ ᠨᠢ | ᠮᠣᠩᠭᠤᠯᠴᠤᠳ ᠤᠨ ᠤᠯᠠᠮᠵᠢᠯᠠᠯᠲᠦ ᠵᠠᠩ ᠵᠠᠩᠰᠢᠯ ᠶᠤᠮ᠃ ᠮᠠᠯᠴᠢᠳ ᠥᠪᠡᠷ ᠤᠨ ᠲᠤᠭᠤᠯ ᠤᠨ ᠬᠠᠰᠢᠶ᠎ᠠ ᠬᠤᠨᠢᠨ | ᠬᠠᠰᠢᠶ᠎ᠠ ᠪᠠᠨ ᠴᠡᠪᠡᠷᠬᠡᠨ ᠴᠡᠪᠡᠷᠯᠡᠬᠦ ᠬᠡᠷᠡᠭᠲᠡᠶ᠃ ᠳᠠᠷᠠᠭ᠎ᠠ ᠨᠢ ᠥᠪᠡᠷ ᠤᠨ ᠮᠠᠯ ᠢᠶᠠᠨ ᠲᠣᠭᠠᠯᠠᠵᠤ᠂ ᠬᠡᠷᠪᠡ | ᠳᠤᠲᠠᠭᠳᠠᠪᠠᠯ ᠵᠠᠪᠠᠯ ᠡᠷᠢᠵᠦ ᠣᠯᠤᠬᠰᠠᠨ ᠪᠠᠶᠢᠬᠤ ᠬᠡᠷᠡᠭᠲᠡᠶ᠃ ᠪᠤᠰᠤᠳ ᠤᠨ ᠮᠠᠯ ᠤᠨᠤᠭ᠎ᠠ ᠶᠢ ᠭᠡᠷ ᠲᠤ ᠪᠠᠨ | ᠬᠤᠨᠣᠭᠤᠯᠵᠤ ᠪᠣᠯᠬᠤ ᠥᠭᠡᠢ ᠨᠢ ᠮᠡᠳᠡᠭᠡᠵᠢ ᠶᠢᠨ ᠬᠡᠷᠡᠭ᠃ ᠪᠦᠬᠦ ᠮᠠᠯ ᠢᠶᠠᠨ ᠤᠰᠤ ᠬᠠᠨᠲᠠᠯ᠎ᠠ ᠤᠤᠭᠤᠯᠭᠠᠵᠤ᠂ | ᠡᠪᠡᠰᠦ ᠪᠣᠷᠳᠤᠭ᠎ᠠ ᠪᠠᠷ ᠴᠠᠳᠬᠠᠭᠰᠠᠨ ᠤ ᠳᠠᠷᠠᠭ᠎ᠠ᠂ ᠮᠠᠯᠴᠢᠳ ᠮᠠᠯ ᠰᠦᠷᠦᠭ ᠢᠶᠠᠨ ᠲᠣᠭᠤᠷᠢᠨ ᠨᠠᠷᠠᠰᠤ ᠮᠠᠶᠢᠯᠠᠰᠤ | ᠪᠣᠯᠤᠨ ᠵᠤᠯᠠ ︵ᠪᠠᠰᠠ ︽ᠣᠷᠳᠣ ᠭᠡᠷᠡᠯᠲᠦ ᠳ᠋ᠧᠩ︾ ᠭᠡᠳᠡᠭ︶ ᠨᠣᠴᠣᠭᠠᠳᠠᠭ᠃ ᠵᠢᠯ ᠪᠦᠷᠢ ᠨᠢᠭᠡ ᠤᠳᠠᠭ᠎ᠠ | ᠶᠠᠪᠤᠭᠳᠠᠳᠠᠭ ᠲᠠᠪᠤᠨ ᠬᠤᠰᠢᠭᠤ ᠮᠠᠯ ᠤᠨ ᠰᠢᠨᠡᠯᠡᠬᠦ ᠶᠣᠰᠣᠯᠠᠯ ᠢᠶᠠᠨ ᠡᠬᠢᠯᠡᠭᠦᠯᠤᠨ᠎ᠡ᠃ | ᠰᠢᠨ᠎ᠡ ᠶᠢᠨ ᠨᠢᠭᠡᠨ ᠤ ᠥᠷᠯᠥᠭᠡ ᠨᠠᠷᠠ ᠭᠠᠷᠬᠤ ᠠᠴᠠ ᠡᠮᠦᠨ᠎ᠡ᠂ ᠮᠠᠯᠴᠢᠳ ᠴᠠᠭᠠᠨ ᠰᠠᠷ᠎ᠠ ᠠᠴᠠ ᠡᠮᠦᠨ᠎ᠡ | ᠪᠡᠯᠡᠳᠬᠡᠭᠰᠡᠨ ᠴᠠᠢ᠂ ᠮᠢᠬ᠎ᠠ᠂ ᠠᠷᠢᠬᠢ᠂ ᠴᠠᠭᠠᠨ ᠢᠳᠡᠭᠡ ᠪᠠᠨ ᠠᠪᠴᠤ ᠮᠣᠷᠢ ᠪᠠᠨ ᠬᠥᠲᠥᠯᠵᠦ ᠬᠠᠰᠠᠭ ᠲᠡᠷᠭᠡ ᠪᠠᠨ | ᠬᠦᠯᠳᠡᠭ᠃ ᠲᠡᠷᠭᠡᠨ ᠳᠡᠭᠡᠷ᠎ᠡ ᠲᠦᠷ ᠴᠠᠭ ᠤᠨ ᠮᠠᠶᠢᠬᠠᠨ ᠲᠠᠲᠠᠵᠤ᠂ ᠲᠣᠭᠲᠠᠭᠰᠠᠨ ᠭᠠᠵᠠᠷ ᠲᠤ ᠪᠠᠨ ᠴᠤᠭᠯᠠᠷᠠᠨ᠎ᠠ᠃ | ᠤᠷᠢᠳ ᠢᠶᠠᠷ ᠢᠷᠡᠭᠰᠡᠨ ᠬᠦᠮᠦᠨ ᠨᠢ ᠲᠡᠮᠦᠷ ᠲᠣᠭᠤᠭ᠎ᠠ ᠪᠠᠨ ᠬᠠᠪᠴᠢᠵᠤ᠂ ᠳᠠᠷᠠᠭ᠎ᠠ ᠨᠢ ᠣᠯᠠᠨ ᠢᠶᠠᠷ ᠢᠶᠠᠨ | ᠠᠪᠴᠢᠷᠠᠭᠰᠠᠨ ᠴᠠᠢ ᠪᠠᠨ ᠰᠠᠶᠢᠬᠠᠨ ᠬᠠᠶᠢᠯᠤᠭᠰᠠᠨ ᠬᠦᠢᠲᠡᠨ ᠤᠰᠤᠨ ᠳᠤ ᠬᠢᠵᠦ ᠰᠦ ᠲᠠᠢ ᠴᠠᠢ ᠴᠢᠨᠠᠨᠡ᠃ | ᠬᠥᠮᠦᠰ ᠴᠤᠬᠯᠠᠷᠠᠬᠰᠠᠨ ᠬᠤᠶᠢᠨ᠎ᠠ ᠠᠬᠠᠮᠠᠳ ᠨᠢ ᠨᠠᠷᠠᠰᠤ ᠮᠠᠶᠢᠯᠠᠰᠤᠨ ᠤ ᠨᠠᠮᠠᠭ᠎ᠠ ᠶᠢ ᠠᠰᠠᠭᠠᠵᠤ᠂ ᠭᠠᠷ ᠲᠤ ᠪᠠᠨ | ᠰᠦ ᠲᠠᠢ ᠴᠠᠢ᠂ ᠴᠠᠭᠠᠨ ᠢᠳᠡᠭᠡ ᠪᠠᠨ ᠡᠷᠭᠦᠵᠦ ᠢᠷᠥᠭᠡᠯ ᠢᠶᠠᠨ ᠡᠬᠢᠯᠡᠭᠦᠯᠦᠨ᠎ᠡ᠄ ︽ᠮᠢᠩᠭᠠᠨ ᠬᠤᠨᠢ᠂ ᠲᠦᠮᠡᠨ | ᠮᠣᠷᠢ᠂ ᠮᠢᠩᠭ᠎ᠠ ᠲᠦᠮᠡ᠂ ᠲᠦᠮᠡ ᠮᠢᠩᠭ᠎ᠠ ᠲᠦᠮᠡ᠂ ᠲᠠᠷᠭᠤ ᠬᠦᠴᠦ ᠰᠠᠶᠢᠲᠠᠶ ᠪᠠᠶᠢᠭᠠᠰᠠᠢ︕︾᠃ ᠳᠠᠷᠠᠭ᠎ᠠ ᠨᠢ | ᠤᠯᠠᠨ ᠢᠶᠠᠷ ᠢᠶᠠᠨ ᠲᠩᠷᠢ ᠲᠠᠬᠢᠵᠤ᠂ ᠡᠭᠡ ᠭᠠᠵᠠᠷ ᠢ ᠲᠠᠬᠢᠵᠤ᠂ ᠵᠡᠭᠦᠨ ᠪᠠᠷᠠᠭᠤᠨ ᠡᠮᠦᠨ᠎ᠡ ᠤᠮᠠᠷ᠎ᠠ ᠵᠡᠷᠭᠡ ᠡᠯ᠎ᠡ | ᠭᠠᠵᠠᠷ ᠢ ᠲᠠᠬᠢᠳᠠᠭ᠃ ᠶᠣᠰᠣᠯᠠᠯ ᠳᠠᠭᠤᠰᠤᠭᠰᠠᠨ ᠤ ᠳᠠᠷᠠᠭ᠎ᠠ᠂ ᠬᠥᠮᠦᠰ ᠮᠠᠯ ᠰᠦᠷᠦᠭ ᠤᠨ ᠢᠶᠠᠨ ᠬᠠᠵᠠᠭᠤ ᠳᠤ | ᠬᠦᠷᠴᠦ ᠢᠷᠡᠭᠡᠳ᠄ ︽ᠮᠠᠯ ᠰᠦᠷᠦᠭ ᠰᠠᠶᠢᠨ ᠰᠢᠨᠡᠯᠡᠪᠡ ᠦᠦ︖ ᠮᠠᠯ ᠰᠦᠷᠦᠭ ᠰᠠᠶᠢᠨ ᠤᠤ︖︾᠂ ︽ᠰᠠᠶᠢᠨ︕ | ᠰᠠᠶᠢᠨ︕ ᠮᠠᠯ ᠰᠦᠷᠦᠭ ᠰᠠᠶᠢᠨ ᠰᠢᠨᠡᠯᠡᠪᠡ︕︾ ᠭᠡᠵᠦ ᠬᠠᠷᠢᠯᠴᠠᠨ ᠮᠡᠨᠳᠦᠴᠢᠯᠡᠨ᠎ᠡ᠃ ᠲᠡᠭᠡᠭᠡᠳ | ᠮᠡᠨᠳᠦᠴᠢᠯᠡᠵᠦ ᠪᠠᠷᠠᠭᠰᠠᠨ ᠤ ᠪᠠᠨ ᠳᠠᠷᠠᠭ᠎ᠠ ᠣᠯᠠᠨ ᠢᠶᠠᠷ ᠢᠶᠠᠨ ᠨᠠᠰᠤᠨ ᠤ ᠶᠡᠭᠡ ᠪᠠᠭ᠎ᠠ ᠪᠠᠷ ᠦᠬᠡᠷ ᠤᠨ ᠠᠷᠠᠰᠤᠨ | ᠳᠡᠪᠢᠰᠬᠡᠷ ᠳᠡᠭᠡᠷ᠎ᠡ ᠮᠥᠷᠯᠡᠨ ᠰᠠᠭᠤᠨ᠎ᠠ᠃ ᠬᠡᠭᠡᠷ᠎ᠡ ᠭᠠᠳᠠᠨ᠎ᠠ ᠴᠠᠢ ᠤᠤᠭᠤᠭᠠᠳ ᠴᠢᠨᠠᠭᠰᠠᠨ ᠮᠢᠬ᠎ᠠ ᠪᠠᠨ ᠠᠪᠤᠭᠠᠳ | ᠲᠩᠷᠢ ᠳᠤ ᠪᠠᠷᠢᠵᠦ ᠪᠤᠷᠬᠠᠨ ᠳᠤ ᠮᠥᠷᠭᠦᠨ ᠳᠡᠭᠡᠳᠦᠰ ᠢᠶᠠᠨ ᠬᠦᠨᠳᠦᠯᠡᠵᠦ᠂ ᠰᠢᠨ᠎ᠡ ᠨᠢᠭᠡᠨ ᠵᠢᠯ ᠳᠤ ᠬᠤᠷ᠎ᠠ | ᠪᠣᠷᠣᠭᠠᠨ ᠲᠡᠭᠰᠢ᠂ ᠨᠡᠷᠡᠨ ᠤ ᠭᠡᠷᠡᠯ ᠨᠡᠶᠢᠳᠡᠮ ᠭᠡᠷᠡᠯᠲᠦᠵᠦ᠂ ᠰᠣᠷᠭᠤᠭ ᠴᠡᠴᠡᠭ ᠮᠢᠷᠠᠯᠵᠠᠨ ᠳᠡᠯᠭᠡᠷᠡᠵᠦ᠂ ᠵᠦᠯᠭᠡ | ᠨᠣᠭᠤᠭᠠᠷᠠᠵᠤ᠂ ᠮᠠᠯ ᠰᠦᠷᠦᠭ ᠬᠥᠭᠵᠢᠨ ᠮᠠᠨᠳᠤᠬᠤ ᠶᠢ ᠳᠠᠭᠠᠳᠬᠠᠨ᠎ᠠ᠃ ᠳᠠᠷᠠᠭ᠎ᠠ ᠨᠢ ᠣᠯᠠᠨ ᠢᠶᠠᠷ ᠢᠶᠠᠨ ᠪᠠᠩᠰᠢ | ᠴᠢᠨᠠᠵᠤ᠂ ᠪᠤᠤᠵᠠ ᠵᠢᠩᠨᠡᠵᠦ᠂ ᠬᠤᠨᠢᠨ ᠮᠢᠬᠠᠨ ᠱᠥᠯᠥ ᠳᠣᠲᠣᠷ᠎ᠠ ᠪᠠᠨ ᠨᠠᠷᠢᠮᠤ ᠶᠢᠨ ᠰᠢᠩᠭᠡᠨ ᠪᠤᠳᠠᠭ᠎ᠠ ᠴᠢᠨᠠᠳᠠᠭ᠃ | | ᠢᠳᠡᠵᠦ ᠤᠤᠭᠤᠵᠦ ᠪᠠᠷᠠᠬᠰᠠᠨ ᠤ ᠳᠠᠷᠠᠭ᠎ᠠ ᠠᠬᠠᠮᠠᠳ ᠨᠢ ᠮᠣᠷᠢ ᠤᠷᠭᠠᠯᠠᠨ ᠮᠣᠷᠳᠠᠵᠤ᠂ ᠵᠠᠯᠠᠭᠤᠴᠤᠳ | ᠪᠠᠭᠠᠴᠤᠳ ᠲᠡᠭᠦᠨ ᠢ ᠰᠠᠯᠤᠯ ᠥᠬᠡᠶ ᠳᠠᠭᠠᠵᠤ᠂ ᠬᠥᠮᠦᠨ ᠪᠣᠯᠭᠠᠨ ᠤ ᠭᠠᠷ ᠲᠤ ᠰᠡᠯᠡᠮ᠎ᠡ᠂ ᠤᠭᠤᠲᠠ᠂ ᠬᠠᠳᠠᠭ᠂ | ᠴᠠᠭᠠᠨ ᠢᠳᠡᠭᠡ ᠵᠡᠷᠭᠡ ᠶᠢ ᠠᠳᠬᠤᠬᠰᠠᠨ ᠪᠠᠶᠢᠳᠠᠭ᠃ ᠵᠠᠯᠭᠠᠭᠠᠳ ᠵᠠᠯᠠᠭᠤᠴᠤᠳ ᠪᠠᠭᠠᠴᠤᠳ ᠠᠬᠠᠮᠠᠳ ᠬᠥᠮᠦᠰ ᠲᠠᠢ | ᠬᠠᠮᠲᠤ᠄ ︽ᠣᠯᠵᠤ ᠢᠷᠡᠪᠡ︕ ᠣᠯᠵᠤ ᠠᠪᠴᠠᠢ︕ ᠪᠤᠶᠠᠨᠲᠤ ᠣᠳᠣᠨ ᠭᠢᠯᠠᠯᠵᠠᠨ᠎ᠠ︕ ᠣᠯᠵᠤ ᠠᠪᠴᠠᠢ︕ | ᠣᠯᠵᠤ ᠠᠪᠴᠠᠢ︕ ᠲᠠᠪᠤᠨ ᠬᠤᠰᠢᠭᠤ ᠮᠠᠯ ᠥᠰᠪᠡ᠃ ᠣᠯᠵᠤ ᠠᠪᠴᠠᠢ︕ ᠣᠯᠵᠤ ᠠᠪᠴᠠᠢ︕︾ ᠭᠡᠵᠦ | ᠣᠯᠠᠨ ᠢᠶᠠᠷ ᠢᠶᠠᠨ ᠳᠠᠭᠤᠨ ᠨᠢᠭᠡᠳᠡᠢ ᠳᠠᠭᠤᠯᠠᠨ᠎ᠠ᠃ | ᠢᠷᠥᠭᠡᠯ ᠲᠠᠯᠪᠢᠬᠤ ᠶᠣᠰᠣᠯᠠᠯ ᠤᠨ ᠳᠠᠷᠠᠭ᠎ᠠ ᠮᠠᠯᠴᠢᠳ ᠪᠠᠰᠠ ᠵᠤᠭ᠎ᠠ ᠴᠡᠩᠭᠡᠯ ᠬᠢᠵᠦ᠂ ᠴᠠᠰᠤᠨ ᠳᠡᠭᠡᠷ᠎ᠡ ᠪᠥᠬᠡ | ᠪᠠᠷᠢᠯᠳᠤᠬᠤ᠂ ᠰᠤᠷ ᠬᠠᠷᠪᠤᠬᠤ᠂ ᠮᠣᠷᠢ ᠣᠷᠣᠯᠳᠤᠬᠤ ᠵᠡᠷᠭᠡ ᠪᠠᠷ ᠮᠦᠷᠦ᠋ᠢᠴᠡᠭᠡᠳ ᠰᠢᠯᠭᠠᠷᠠᠬᠰᠠᠨ ᠬᠥᠮᠦᠨ ᠳᠤ ᠨᠢ | ᠱᠠᠩᠨᠠᠯ ᠣᠯᠭᠤᠳᠠᠭ᠃ ᠳᠠᠭᠤᠤ ᠳᠠᠭᠤᠯᠠᠨ ᠠᠷᠢᠬᠢ ᠤᠤᠭᠤᠵᠤ᠂ ᠦᠳᠡᠰᠢ ᠶᠢᠨ ᠨᠡᠷᠡᠨ ᠪᠠᠷᠠᠭᠤᠨᠰᠢ ᠠᠶᠠᠯᠠᠭᠠᠳ | ᠰᠠᠶ᠋ᠢ ᠭᠡᠷ ᠭᠡᠷ ᠤᠨ ᠢᠶᠠᠨ ᠬᠤᠨᠢ ᠪᠠ ᠤᠨᠤᠭ᠎ᠠ ᠪᠠᠨ ᠭᠡᠷ ᠲᠤ ᠪᠠᠨ ᠬᠥᠭᠡᠭᠡᠨ ᠠᠪᠠᠴᠢᠳᠠᠭ᠃ ᠪᠠᠶᠠᠷ ᠤᠨ | ᠶᠣᠰᠣᠯᠠᠯ ᠳᠤ ᠣᠷᠣᠯᠴᠠᠭᠰᠠᠨ ᠮᠠᠯᠴᠢᠳ ᠭᠡᠷ ᠲᠤ ᠪᠠᠨ ᠬᠦᠷᠬᠦ ᠳᠤ᠂ ᠭᠡᠷ ᠲᠤ ᠪᠠᠨ ᠬᠤᠴᠣᠷᠤᠭᠰᠠᠨ ᠬᠥᠮᠦᠨ | ᠭᠠᠷᠴᠤ ᠢᠷᠡᠭᠡᠳ ᠤᠭᠲᠤᠵᠤ᠄ ︽ᠲᠠᠪᠤᠨ ᠬᠤᠰᠢᠭᠤ ᠮᠠᠯ ᠰᠠᠶᠢᠨ ᠰᠢᠨᠡᠯᠡᠪᠡ ᠦᠦ︖︾ ᠭᠡᠬᠦ ᠳᠤ᠄ ︽ᠰᠠᠶᠢᠨ | ᠰᠢᠨᠡᠯᠡᠪᠡ︕︾ ᠭᠡᠵᠦ᠂ ︽ᠡᠨᠡ ᠵᠢᠯ ᠲᠥᠷᠥᠭᠰᠡᠨ ᠮᠠᠯ ᠰᠦᠷᠦᠭ ᠯᠠᠪᠲᠠᠶ ᠢᠳᠡᠷᠡᠭᠦᠨ ᠴᠢᠭᠢᠷᠠᠭ ᠪᠣᠯᠤᠨ᠎ᠠ︕ | ᠲᠡᠶᠢᠮᠦ ᠪᠢᠵᠡ︖︾ ᠬᠡᠬᠦ ᠳᠤ᠄ ︽ᠲᠥᠯ ᠮᠠᠯ ᠯᠠᠪᠲᠠᠶ ᠨᠠᠩ ᠢᠳᠡᠷᠡᠭᠦᠨ ᠴᠢᠭᠢᠷᠠᠭ ᠪᠣᠯᠤᠨ᠎ᠠ︕︾ ᠭᠡᠵᠦ | ᠨᠢᠭᠡ ᠨᠢ ᠠᠰᠠᠭᠤᠵᠦ ᠨᠢᠭᠡ ᠨᠢ ᠬᠠᠷᠢᠭᠤᠯᠤᠭᠠᠳ᠂ ᠮᠠᠯᠴᠢᠳ ᠤᠨ ᠠᠳᠤᠭᠤ ᠮᠠᠯ ᠰᠠᠶᠢᠲᠠᠢ ᠠᠮᠢᠳᠤᠷᠠᠯ ᠤᠨᠳᠤᠷᠤᠯ | ᠦᠭᠡᠳᠡ ᠡᠰᠡᠷᠡᠭ ᠪᠠᠶᠢᠬᠤ ᠬᠦᠰᠡᠯ ᠡᠷᠡᠮᠡᠯᠵᠡᠯ ᠢᠶᠠᠨ ᠢᠯᠡᠳᠭᠡᠳᠡᠭ᠃ | | |