ᠬᠦᠷᠢᠶ᠎ᠡ ᠮᠣᠩᠭᠤᠯᠴᠤᠳ ᠤᠨ ᠵᠠᠩ ᠦᠢᠯᠨ
ᠨᠡᠶᠢᠲᠡᠯᠡᠭᠰᠡᠨ ᠴᠠᠭ᠄
2020/11/3
    ᠬᠦᠷᠢᠶ᠎ᠡ ᠮᠣᠩᠭᠤᠯᠴᠤᠳ ᠤᠨ ᠵᠠᠩ ᠦᠢᠯᠨ ᠶᠢᠨ ᠰᠣᠶᠣᠯ ᠭᠦᠨ ᠵᠤᠵᠠᠭᠠᠨ ᠬᠦᠷᠦᠰᠦ ᠰᠢᠮ᠎ᠡ ᠲᠠᠢ ᠪᠠᠶᠢᠳᠠᠭ᠃ ᠳᠤᠬᠠᠶᠢᠯᠠᠪᠠᠯ᠂ ᠭᠡᠷ ᠪᠠᠷᠢᠯᠭ᠎ᠠ ᠶᠢᠨ ᠵᠠᠩ ᠦᠢᠯᠨ᠂ ᠬᠤᠪᠴᠠᠰᠤ ᠵᠠᠰᠠᠯ ᠤᠨ ᠵᠠᠩ ᠦᠢᠯᠨ᠂ ᠤᠷᠤᠭ ᠬᠤᠷᠢᠮ ᠤᠨ  ᠵᠠᠩ ᠦᠢᠯᠨ᠂ ᠬᠡᠦᠬᠡᠳ ᠦᠰᠭᠡᠯᠲᠡ ᠶᠢᠨ ᠵᠠᠩ ᠦᠢᠯᠨ᠂ ᠶᠡᠷᠦ ᠶᠢᠨ ᠠᠮᠢᠳᠤᠷᠠᠯ ᠤᠨ ᠵᠠᠩ ᠦᠢᠯᠨ᠂  ᠣᠷᠤᠰᠢᠭᠤᠯᠭ᠎ᠠ ᠶᠢᠨ ᠵᠠᠩ ᠦᠢᠯᠨ᠂ ᠲᠠᠬᠢᠯ ᠲᠠᠪᠢᠯᠭ᠎ᠠ ᠶᠢᠨ ᠵᠠᠩ ᠦᠢᠯᠨ ᠁ ᠭᠡᠬᠦᠴᠢᠯᠡᠨ ᠡᠯ᠎ᠡ ᠰᠠᠯᠪᠤᠷᠢ ᠶᠢᠨ  ᠵᠠᠩ ᠦᠢᠯᠨ ᠶᠢᠨ ᠰᠤᠶᠤᠯ ᠲᠠᠢ᠃ ᠡ᠊ᠨᠳᠡ᠂ ᠬᠡᠤᠬᠡᠳ ᠬᠤᠶᠢᠴᠢᠰ ᠲᠠᠭᠠᠨ ᠤᠯᠠᠮᠵᠢᠯᠠᠨ ᠮᠡᠳᠡᠭᠦᠯᠬᠦ ᠵᠤᠷᠢᠯᠭ᠎ᠠ ᠠᠴᠠ  ᠬᠤᠶᠠᠷ ᠢ ᠰᠤᠩᠭᠤᠵᠤ ᠰᠡᠶᠢᠷᠡᠭᠦᠯᠦᠶ᠎ᠡ᠃          ᠨᠢᠭᠡ᠂ ᠬᠡᠦᠬᠡᠳ ᠦᠰᠭᠡᠯᠲᠡ ᠶᠢᠨ ᠵᠠᠩ ᠦᠢᠯᠨ          ᠵᠢᠷᠮᠦᠰᠦᠨ ᠡᠮᠡᠭᠲᠡᠢ ᠬᠦᠴᠡᠷᠬᠡᠢ ︵ᠬᠦᠢᠰᠦ ᠶᠢᠨ ᠤᠭᠤᠰᠤᠷ︶ ᠨᠢ ᠬᠡᠦᠬᠡᠳ ᠤᠨ ᠬᠦᠵᠦᠬᠦᠦ ᠶᠢ ᠣᠷᠢᠶᠠᠨ᠎ᠠ  ᠬᠡᠵᠦ ᠲᠡᠭᠡᠰᠦ ᠰᠢᠷᠪᠤᠰᠦ ᠶᠢᠨ ᠲᠡᠭᠡᠬᠦᠷ ᠠᠯᠬᠤᠬᠤ ᠶᠢ ᠴᠡᠭᠡᠷᠯᠡᠲᠡᠭ᠂ ᠬᠡᠦᠬᠡᠳ ᠨᠢ ᠫᠠᠷᠭᠢᠯᠳᠠᠢ ᠪᠤᠯᠬᠤ ᠭᠡᠵᠦ ᠦᠭᠡ  ᠣᠯᠠᠨ ᠶᠠᠷᠢᠬᠤ ᠶᠢ ᠴᠡᠭᠡᠷᠯᠡᠲᠡᠭ᠂ ᠵᠠᠷᠢᠮ ᠢᠲᠡᠭᠡᠨ ᠢ ᠦᠵᠡᠭᠡᠳ ᠣᠯᠵᠤ ᠢᠲᠡᠬᠦ ᠦᠬᠡᠢ ᠪᠤᠯ ᠬᠡᠦᠬᠡᠳ ᠤᠨ ᠨᠢᠲᠦ  ᠤᠯᠠᠶᠢᠨ᠎ᠠ ᠭᠡᠳ ᠡᠯᠲᠡᠪ ᠢᠲᠡᠭᠡᠨ ᠤ ᠵᠦᠭ ᠬᠠᠷᠠᠬᠤ ᠶᠢ ᠴᠡᠭᠡᠷᠯᠡᠲᠡᠭ᠃ ᠬᠡᠦᠬᠡᠳ ᠦᠵᠡᠭᠲᠡᠪᠡᠯ ︵ᠭᠠᠷᠴᠤ ᠢᠷᠡᠪᠡᠯ  ︶ 3 ᠬᠤᠨᠤᠭ ᠲᠡᠭᠡᠷ᠎ᠡ ᠨᠢ ᠦᠯᠥᠭᠡᠢ ᠳᠤ ᠣᠷᠤᠭᠤᠯᠳᠠᠭ ᠪᠦᠭᠡᠳ ᠤᠶᠢᠷᠠᠬᠠᠨ ᠲᠦᠷᠦᠯ ᠰᠠᠳᠤᠨ ᠨᠢ ᠢᠷᠡᠵᠦ ᠪᠠᠶᠠᠷ  ᠬᠦᠷᠭᠡᠨ ᠬᠠᠮᠵᠢᠳᠠᠭ᠃ ᠬᠡᠦᠬᠡᠳ ᠤᠨ ᠥᠯᠥᠭᠡᠢ ᠶᠢ ᠨᠠᠭᠠᠴᠤ ᠨᠢ ᠪᠡᠯᠡᠳᠭᠡᠲᠡᠭ᠃ ᠶᠡᠷᠦᠩᠬᠡᠢ ᠳᠡᠭᠡᠨ ᠬᠠᠶᠢᠯᠠᠰᠤᠨ  ᠮᠣᠳᠤ ᠪᠠᠷ ᠱᠠᠭᠠᠳᠠᠭ ︵ᠵᠣᠬᠢᠶᠠᠳᠠᠭ︶᠃ ᠬᠡᠦᠬᠡᠳ ᠢ ᠮᠠᠩᠬ᠎ᠠ ᠶᠢᠨ ᠵᠦᠭᠡᠯᠡᠨ ᠰᠢᠷᠤᠢ ᠶᠢ ᠬᠠᠯᠠᠭᠤᠯᠵᠤ  ᠦᠯᠥᠭᠡᠶᠢᠲᠡᠲᠡᠭ᠃ ᠥᠯᠥᠭᠡᠢ ᠶᠢᠨ ᠳᠤᠯᠤᠭᠠᠢ ᠶᠢᠨ ᠦᠵᠦᠬᠦᠷ ᠲᠤ ᠠᠯᠳᠠᠭᠠᠨ᠎ᠠ ᠪᠤᠶᠤ ᠪᠤᠷᠭᠠᠰᠤ ᠪᠠᠷ ᠮᠠᠳᠠᠭᠰᠠᠨ  ᠨᠤᠮᠤ ᠲᠡᠭᠡᠷ᠎ᠡ ᠡᠷᠢᠶᠠᠨ ᠪᠤᠶᠤ ᠤᠯᠠᠭᠠᠨ ᠪᠦᠰ ᠤᠶᠤᠵᠤ ᠬᠠᠷᠠᠭ᠎ᠠ ᠬᠢᠲᠡᠭ᠃ ᠬᠠᠷᠠᠭ᠎ᠠ ᠠᠷᠤ ᠳᠤᠨᠢ ᠲᠤᠯᠢ᠂  ᠬᠢᠳᠤᠭ᠎ᠠ᠂ ᠭᠠᠤᠯᠢᠨ ᠵᠤᠭᠤᠰ᠂ ᠲᠡᠮᠥᠷ ᠵᠠᠩᠭᠤᠤ ᠁ ᠵᠡᠷᠭᠡ ᠶᠢᠨ ᠡᠳ᠋ ᠢ ᠡᠯᠬᠦᠵᠦ ᠬᠡᠦᠬᠡᠳ ᠤᠨ ᠭᠠᠢ ᠪᠠᠷᠴᠢᠳ  ᠪᠤᠶᠤ ᠳᠠᠬᠤᠯ ᠬᠢᠵᠢᠭ ᠢ ᠵᠠᠶᠢᠯᠠᠭᠤᠯᠬᠤ ᠪᠡᠯᠭᠡᠲᠡᠯ ᠪᠤᠯᠭᠠᠳᠠᠭ᠃ ᠬᠡᠦᠬᠡᠳ ᠢ ᠰᠠᠷ᠎ᠠ ᠲᠦᠬᠦᠷᠦᠭᠰᠡᠨ ᠡᠷᠲᠡ ᠨᠢ  ᠭᠠᠯ ᠤᠨ ᠪᠤᠷᠬᠠᠨ ᠳᠤ ᠮᠥᠷᠭᠦᠭᠦᠯᠵᠦ ᠳᠤᠰ ᠭᠡᠷ ᠤᠨ ᠨᠢᠭᠡᠨ ᠪᠦᠷᠢᠯᠳᠦᠬᠦᠨ ᠪᠤᠯᠤᠭᠰᠠᠨ ᠢ ᠢᠯᠡᠷᠬᠡᠶᠢᠯᠡᠵᠦ᠂  ᠭᠠᠳᠠᠭᠰᠢ 4 ᠵᠦᠭ ᠲᠤ ᠮᠦᠷᠭᠦᠭᠦᠯᠵᠦ ᠬᠠᠮᠢᠭᠠᠰᠢ ᠭᠠᠷᠤᠭᠰᠠᠨ ᠴᠤ ᠬᠠᠷᠰᠢ ᠦᠬᠡᠢ ᠪᠠᠶᠢᠬᠤ ᠶᠢ ᠵᠦᠩᠨᠡᠲᠡᠭ᠃  ᠳᠠᠷᠠᠭ᠎ᠠ ᠨᠢ ᠰᠠᠷ᠎ᠠ ᠶᠢᠨ ᠨᠠᠶᠢᠷ ᠬᠢᠲᠡᠭ᠃ ᠦᠬᠢᠨ ᠪᠤᠯ 30 ᠬᠤᠨᠤᠭ ᠲᠡᠭᠡᠷ᠎ᠡ ᠨᠢ ᠰᠠᠷ᠎ᠠ ᠶᠢᠨ ᠨᠠᠶᠢᠷ ᠬᠢᠵᠦ᠂ ᠬᠦᠦ  ᠪᠤᠯᠪᠠᠯ ᠣᠷᠢᠳᠴᠢᠯᠡᠵᠦ 1 ᠡᠲᠦᠷ ᠰᠠᠷ᠎ᠠ ᠶᠢᠨ ᠨᠠᠶᠢᠷ ᠬᠢᠲᠡᠭ᠃ ᠰᠠᠷ᠎ᠠ ᠶᠢᠨ ᠨᠠᠶᠢᠷ ᠲᠡᠭᠡᠷ᠎ᠡ ᠤᠷᠳᠤ ᠨᠠᠰᠤᠯᠠᠬᠤ ᠶᠢᠨ  ᠪᠡᠯᠭᠡᠲᠡᠯ ᠪᠤᠯᠭᠠᠵᠤ ᠤᠷᠳᠤ ᠪᠤᠳᠠᠭ᠎ᠠ ᠰᠢᠬᠠᠮᠠᠯ ︵ᠾᠧᠯᠧ︶ ᠬᠢᠲᠡᠭ᠃ ᠰᠠᠷ᠎ᠠ ᠶᠢᠨ ᠨᠠᠶᠢᠷ ᠤᠨ ᠡᠲᠦᠷ ᠬᠡᠦᠬᠡᠳ ᠢ  ᠡᠮᠡᠭᠡ ᠨᠢ ᠪᠤᠶᠤ ᠡᠵᠢ ᠨᠢ ᠲᠡᠪᠡᠷᠢᠵᠦ ᠪᠠᠶᠢᠭᠠᠳ ᠨᠠᠶᠢᠷ ᠤᠨ ᠲᠡᠷᠢᠬᠦᠨ ᠰᠢᠷᠡᠭᠡ ᠳᠤ ᠰᠠᠭᠤᠯᠴᠠᠭᠰᠠᠨ ᠠᠬᠠᠮᠠᠳ  ᠨᠠᠰᠤᠳᠠᠳ ᠲᠤ ᠮᠥᠷᠬᠦᠬᠦᠯᠵᠦ ᠨᠡᠷ᠎ᠡ ᠭᠤᠶᠤᠳᠠᠭ᠃ ᠡᠷᠡᠭᠦᠯ ᠡᠩᠬᠡ ᠶᠢ ᠬᠦᠰᠡᠵᠦ ᠬᠡᠦᠬᠡᠳ ᠲᠤ ᠠᠮᠢᠳᠠᠨ  ᠠᠷᠢᠶᠠᠳᠠᠨ ᠤ ᠨᠡᠷ᠎ᠡ ᠪᠠᠷ ᠨᠡᠷ᠎ᠡ ᠦᠭᠲᠡᠭ ᠨᠢ ᠴᠤ ᠪᠤᠢ᠃ 100 ᠬᠤᠨᠤᠭ ᠲᠡᠭᠡᠷ᠎ᠡ ᠨᠢ ᠵᠠᠷᠢᠮ ᠨᠢ ᠪᠠᠭ᠎ᠠ ᠨᠠᠶᠢᠷ  ᠬᠢᠵᠦ ᠬᠡᠦᠬᠡᠳ ᠤᠨ ᠦᠰᠦ ᠬᠡᠵᠢᠭᠡ ᠶᠢ ᠨᠢ ᠵᠠᠰᠠᠵᠤ ᠦᠭᠲᠡᠭ᠃ ᠵᠢᠯ ᠤᠨ ᠣᠢ ᠲᠡᠭᠡᠷ᠎ᠡ ︽ᠲᠦᠷᠦᠭᠰᠡᠨ ᠡᠲᠦᠷ ᠤᠨ  ᠪᠠᠶᠠᠷ︾ ᠬᠢᠵᠦ ᠤᠶᠢᠷᠠᠬᠠᠨ ᠲᠦᠷᠦᠯ ᠰᠠᠳᠤᠨᠴᠤᠳ ᠨᠢ ᠴᠤᠭᠯᠠᠷᠠᠵᠤ ᠪᠠᠶᠠᠷ ᠬᠦᠷᠭᠡᠵᠦ ᠰᠢᠬᠠᠮᠠᠯ ᠪᠤᠶᠤ ᠬᠡᠷᠴᠢᠮᠡᠯ  ᠳᠠᠩ ᠪᠡᠯᠡᠳᠭᠡᠵᠦ ᠬᠡᠦᠬᠡᠳ ᠤᠨ ᠢᠶᠠᠨ ᠣᠷᠳᠤ ᠨᠠᠰᠤᠯᠠᠬᠤ ᠶᠢ ᠪᠡᠯᠭᠡᠰᠢᠶᠡᠨ ᠵᠦᠩᠨᠡᠲᠡᠭ᠃ ᠵᠢᠯ ᠤᠨ ᠤᠢ ᠲᠡᠭᠡᠷ᠎ᠡ  ᠪᠠᠰᠠ ᠬᠡᠦᠬᠡᠳ ᠤᠨ ᠶᠠᠭᠤ ᠠᠪᠬᠤ ᠶᠢ ᠳᠤᠷᠰᠢᠵᠤ ᠬᠤᠵᠢᠮ ᠶᠠᠭᠤᠨ ᠳᠤ ᠦᠭᠡᠲᠡᠲᠡᠢ ᠬᠦᠮᠥᠨ ᠪᠤᠯᠬᠤ ᠶᠢ  ᠪᠡᠯᠭᠡᠰᠢᠶᠡᠲᠡᠭ᠃ ᠬᠡᠦᠬᠡᠳ ᠲᠤ ᠳᠠᠯᠪᠢᠵᠤ ᠦᠭᠬᠦᠭᠡᠳ ᠳᠤᠷᠰᠢᠳᠠᠭ ᠡᠳ᠋ ᠲᠤ ᠢᠲᠡᠭᠡᠨ ᠠᠴᠠ ᠡᠬᠢᠯᠡᠭᠡᠳ ᠪᠢᠷ  ᠴᠠᠭᠠᠰᠤ᠂ ᠵᠤᠭᠤᠰ ᠮᠥᠩᠬᠦ᠂ ᠤᠶᠤᠳᠠᠯ ᠤᠳᠠᠰᠤ᠂ ᠬᠠᠳᠤᠭᠤᠷ ᠰᠦᠬᠡ ᠁ ᠬᠡᠬᠦᠴᠢᠯᠡᠨ ᠣᠯᠠᠨ ᠵᠦᠢᠯ ᠤᠨ  ᠡᠳ᠋ ᠪᠤᠢ᠃ ᠰᠦ ᠶᠢ ᠨᠢ ᠣᠨᠢᠰᠤᠯᠠᠵᠤ ᠪᠤᠢ ᠬᠡᠮᠡᠨ ᠬᠦᠩᠭᠡᠵᠢᠭᠰᠡᠨ ᠪᠦᠰᠡᠬᠦᠢ ᠶᠢᠨ ᠰᠠᠷ᠎ᠠ ᠳᠤ ᠰᠠᠭᠤᠭ᠎ᠠ ᠭᠡᠷ ᠤᠨ  ᠡᠬᠦᠲᠡᠨ ᠴᠦᠴᠦᠷᠭᠡ ᠶᠢ ᠣᠨᠢᠰᠤᠯᠠᠳᠠᠭ᠃ ᠬᠦᠩᠭᠡᠵᠢᠭᠰᠡᠨ ᠪᠦᠰᠡᠬᠦᠢ ᠶᠢᠨ ᠭᠡᠷ ᠲᠤ ᠬᠠᠮᠢᠶ᠎ᠠ ᠨᠠᠮᠢᠶ᠎ᠠ ᠦᠬᠡᠢ  ᠤᠷᠤᠵᠤ ᠭᠠᠷᠳᠠᠭ ᠦᠬᠡᠢ᠂ ᠪᠤᠯᠭᠤᠭᠠᠵᠤ ᠳᠤᠬᠤᠨᠢᠭᠤᠯᠬᠤ ᠪᠠᠷ ᠤᠷᠤᠬᠤ ᠳᠠᠭᠠᠨ ᠲᠦᠯᠬᠢᠬᠦᠷ ᠠᠪᠴᠤ ᠤᠷᠤᠬᠤ ᠶᠢ  ᠴᠡᠭᠡᠷᠯᠡᠲᠡᠭ᠂ ᠬᠡᠷᠪᠡ ᠮᠠᠷᠳᠠᠵᠤ ᠰᠡᠯᠲᠡᠭᠡᠳ ᠲᠦᠯᠬᠢᠬᠦᠷ ᠠᠪᠴᠤ ᠤᠷᠤᠭᠰᠠᠨ ᠪᠠᠶᠢᠪᠠᠯ ᠲᠦᠯᠬᠢᠬᠦᠷ ᠤᠨ  ᠣᠭᠤᠰᠤᠷ ᠤᠨ ᠢᠶᠠᠨ ᠦᠵᠦᠬᠦᠷ ᠠᠴᠠ ᠤᠭᠳᠤᠯᠵᠤ ᠦᠭᠬᠦᠭᠡᠳ ᠭᠠᠯ ᠳᠤ ᠰᠢᠳᠠᠭᠠᠵᠤ ᠤᠳᠤᠭ᠎ᠠ ᠶᠢ ᠨᠢ  ᠦᠨᠦᠷᠲᠦᠭᠦᠯᠲᠡᠭ᠃ ᠰᠦ ᠨᠢ ᠮᠠᠭᠤᠳᠠᠬᠤ ᠭᠡᠵᠦ ᠰᠠᠷ᠎ᠠ ᠳᠤ ᠰᠠᠭᠤᠭ᠎ᠠ ᠪᠦᠰᠡᠬᠦᠢ ᠭᠠᠷ ᠢᠶᠠᠷ ᠢᠶᠠᠨ ᠪᠤᠰᠤᠳ ᠲᠤ  ᠶᠠᠭᠤᠮ᠎ᠠ ᠦᠭᠬᠦ ᠶᠢ ᠴᠡᠭᠡᠷᠯᠡᠲᠡᠭ᠃ ᠢᠷᠡᠭᠰᠡᠨ ᠵᠤᠴᠢᠨ ᠬᠡᠦᠬᠡᠳ ᠤᠨ ᠨᠦᠢᠷ ᠢ ᠠᠪᠠᠴᠢᠨ᠎ᠠ ᠭᠡᠵᠦ ᠬᠡᠦᠬᠡᠳ ᠢ ᠶᠠᠭ  ᠦᠯᠥᠭᠡᠶᠢᠲᠡᠵᠦ ᠪᠠᠶᠢᠭ᠎ᠠ ᠦᠶ᠎ᠡ ᠳᠤ ᠪᠣᠴᠠᠵᠤ ᠶᠠᠪᠤᠬᠤ ᠶᠢ ᠴᠡᠬᠡᠷᠯᠡᠲᠡᠭ᠃ ᠬᠦᠰᠡᠵᠦ ᠣᠯᠣᠭᠰᠠᠨ ᠬᠡᠦᠬᠡᠳ ᠢ  ᠲᠦᠷᠦᠩᠬᠦᠲᠡ ᠡᠭᠡᠮᠥᠭᠯᠡᠵᠦ ᠡᠩᠭᠦᠷᠡᠶᠢᠯᠡᠲᠡᠭ᠃          ᠳᠤᠯᠤᠭᠠᠢ ᠲᠦᠷᠦᠬᠦᠦ ᠪᠠ ᠨᠢᠭᠤᠷ ᠴᠢᠷᠠᠢ ᠶᠢ ᠨᠢ ᠬᠠᠵᠠᠭᠠᠢ ᠮᠠᠭᠤᠬᠠᠢ ᠪᠤᠯᠭᠠᠬᠤ ᠠᠴᠠ ᠬᠡᠷᠰᠡᠦᠯᠡᠵᠦ  ᠬᠡᠦᠬᠡᠳ ᠢ ᠬᠤᠶᠠᠷ ᠳᠠᠯ᠎ᠠ ᠠᠴᠠ ᠨᠢ ᠬᠦᠬᠦᠬᠦᠯᠵᠦ ᠬᠤᠶᠠᠷ ᠲᠡᠶᠢᠰᠢ ᠠᠳᠠᠯᠢᠬᠠᠨ ᠤᠨᠲᠠᠭᠤᠯᠳᠠᠭ᠃ ᠨᠢᠲᠤ ᠶᠢ ᠨᠢ  ᠬᠢᠯᠠᠭᠠᠷ ᠪᠤᠯᠭᠠᠬᠤ ᠠᠴᠠ ᠬᠡᠷᠰᠡᠦᠯᠡᠵᠦ ᠬᠡᠪᠲᠡᠵᠦ ᠪᠠᠶᠢᠭ᠎ᠠ ᠬᠡᠦᠬᠡᠳ ᠤᠨ ᠠᠰ ᠣᠷᠤᠢ ᠲᠡᠭᠡᠷ᠎ᠡ ᠠᠴᠠ ᠬᠠᠷᠠᠳᠠᠭ  ᠦᠬᠡᠢ᠃ ᠨᠢᠯᠬ᠎ᠠ ᠬᠡᠦᠬᠡᠳ ᠢ ᠰᠡᠷᠡᠭᠡᠨ ᠪᠠᠶᠢᠵᠤ ᠭᠠᠳᠠᠭᠰᠢ ᠠᠪᠴᠤ ᠭᠠᠷᠳᠠᠭ ᠪᠤᠶᠤ ᠭᠡᠷ ᠲᠤ ᠠᠪᠴᠤ ᠣᠷᠤᠳᠠᠭ᠃  ᠰᠢᠲᠦ ᠨᠢ ᠠᠷᠵᠠᠭᠠᠷ ᠤᠷᠭᠤᠬᠤ ᠭᠡᠵᠦ᠂ ᠤᠬᠠᠭᠠᠨ ᠨᠢ ᠪᠦᠲᠦᠬᠦᠯᠢᠭ ᠳᠤᠮᠤᠵᠢᠬᠤ ᠭᠡᠵᠦ ᠬᠡᠦᠬᠡᠳ ᠤᠨ ᠭᠡᠵᠢᠭᠡ ᠶᠢ  ᠰᠠᠮ ᠢᠶᠠᠷ ᠰᠠᠮᠨᠠᠬᠤ ᠶᠢ ᠴᠡᠭᠡᠷᠯᠡᠵᠦ᠂ ᠱᠦᠭᠦᠷ ᠢᠶᠠᠷ ᠱᠦᠭᠦᠷᠲᠡᠵᠦ ᠦᠭᠲᠡᠭ᠃ ᠬᠡᠦᠬᠡᠳ ᠤᠨ ᠦᠰᠦ ᠶᠢ ᠨᠤᠬᠠᠢ  ᠡᠲᠦᠷ ᠵᠠᠰᠠᠵᠤ ᠦᠭᠲᠡᠭ ᠪᠦᠭᠡᠳ ᠲᠠᠤᠯᠠᠢ ᠡᠲᠦᠷ ᠦᠰᠦ ᠵᠠᠰᠠᠬᠤ ᠶᠢ ᠴᠡᠭᠡᠷᠯᠡᠲᠡᠭ᠃ ᠠᠩᠬ᠎ᠠ ᠭᠡᠷ ᠲᠤ ᠣᠷᠤᠵᠤ  ᠢᠷᠡᠭᠰᠡᠨ ᠪᠤᠶᠤ ᠴᠠᠭᠠᠨ ᠰᠠᠷ᠎ᠠ ᠭᠡᠷ ᠲᠤ ᠣᠷᠤᠵᠤ ᠢᠷᠡᠭᠰᠡᠨ ᠬᠡᠦᠬᠡᠳ ᠢ ᠬᠤᠭᠤᠰᠤᠨ ᠭᠠᠷᠭᠠᠳᠠᠭ ᠦᠬᠡᠢ᠂ ᠵᠠᠪᠠᠯ  ᠮᠥᠩᠬᠦ ᠵᠤᠭ᠎ᠠ ᠪᠤᠶᠤ ᠶᠠᠭᠤ ᠨᠢᠭᠡ ᠪᠡᠯᠡᠭᠯᠡᠵᠦ ᠡᠬᠦᠷᠢᠲᠡ ᠣᠯᠵᠠ ᠣᠮᠤᠭ ᠲᠠᠢ ᠶᠠᠪᠤᠬᠤ ᠶᠢ ᠪᠡᠯᠭᠡᠰᠢᠶᠡᠲᠡᠭ᠃  ᠦᠷᠬᠦᠯᠵᠢ ᠬᠠᠯᠠᠭᠤᠨ ᠣᠷᠬᠢᠳᠠᠭ ᠬᠡᠦᠬᠡᠳ ᠢ ᠬᠡᠦᠬᠡᠳ ᠣᠯᠠᠨ ᠲᠠᠢ ᠪᠤᠶᠤ ᠬᠡᠦᠬᠡᠳ ᠪᠦᠬᠡ ᠲᠠᠢ ᠦᠶ᠎ᠡ ᠬᠤᠷᠠᠭ ᠤᠨ  ᠬᠦᠮᠥᠨ ᠳᠤ ᠰᠢᠷᠭᠤᠭᠤᠯᠵᠤ ᠬᠡᠦᠬᠡᠳ ᠤᠨ ᠢᠶᠠᠨ ᠠᠶᠤᠯ ᠭᠠᠮᠰᠢᠭ ᠢ ᠵᠠᠶᠢᠯᠠᠭᠤᠯᠬᠤ ᠶᠢ ᠬᠦᠰᠡᠲᠡᠭ᠃ ᠬᠡᠦᠬᠡᠳ  ᠬᠦᠯ ᠳᠤ ᠣᠷᠤᠬᠤ ᠨᠢ ᠪᠢᠳᠠᠭᠤ ᠪᠤᠯ ᠠᠷᠤ ᠠᠴᠠ ᠨᠢ ᠮᠠᠯᠠᠭᠠᠢ ᠪᠠᠷ ᠴᠤᠬᠢᠨ᠎ᠠ᠂ ᠪᠠᠰᠠ ᠳᠤᠱᠠ ᠶᠢ ᠨᠢ ᠣᠭᠳᠤᠯᠬᠤ  ᠬᠡᠮᠡᠨ ᠵᠤᠭᠰᠤᠭᠠᠵᠤ ᠪᠠᠶᠢᠭᠠᠳ ᠠᠷᠤ ᠠᠴᠠ ᠨᠢ ᠠᠯᠨ ︵ᠰᠠᠯᠳᠠᠭ᠎ᠠ︶ ᠳᠤᠤᠭᠤᠷ ᠨᠢ ᠬᠠᠶᠢᠴᠢᠯᠠᠳᠠᠭ᠃ ᠰᠦᠨᠢ  ᠶᠡᠷᠦᠲᠡ ᠪᠠᠨ ᠤᠬᠢᠯᠠᠳᠠᠭ ᠬᠡᠦᠬᠡᠳ ᠤᠨ ᠠᠷᠤ ᠨᠢᠷᠤᠭᠤ ᠶᠢ ᠣᠶᠢᠮᠤᠰᠤ ᠪᠠᠷ ᠴᠤᠬᠢᠳᠠᠭ ᠪᠠ ᠬᠤᠯᠠᠩ ︵ᠶᠠᠨᠳᠦᠩ︶  ᠤᠷᠤᠭᠤ ᠦᠷᠭᠡᠰᠦ ᠲᠠᠢ ᠮᠤᠳᠤ ᠬᠢᠵᠦ ᠳᠤᠮᠨᠠᠳᠠᠭ᠃ ᠬᠡᠦᠬᠡᠳ ᠰᠦ ᠨᠠᠰᠤ ᠪᠠᠷ 13 ᠨᠠᠰᠤᠯᠠᠪᠠᠯ ᠠᠩᠬᠠᠨ ᠤ ︽ ᠵᠢᠯ ᠤᠨ ᠪᠠᠶᠠᠷ︾ ᠬᠡᠵᠦ ᠠᠬᠠᠰ ᠵᠠᠬᠠᠰ᠂ ᠣᠶᠢᠷ᠎ᠠ ᠰᠠᠳᠤᠨ ᠨᠢ ᠬᠦᠷᠦᠯᠴᠡᠵᠦ ᠪᠡᠯᠡᠭ ᠬᠠᠶᠢᠷᠠᠯᠠᠵᠤ ᠵᠢᠯᠲᠡᠭᠦᠯᠲᠡᠭ᠃          ᠬᠡᠦᠬᠡᠳ ᠲᠤ ᠬᠠᠷᠠᠬᠠᠨ ᠪᠠᠭ᠎ᠠ ᠠᠴᠠ ᠨᠢ ᠮᠡᠲᠡᠯᠭᠡ ᠰᠤᠶᠤᠯ ᠤᠯᠭᠤᠬᠤ ᠶᠢ ᠪᠤᠳᠤᠯᠬᠢᠯᠠᠵᠤ ᠬᠡᠯᠡᠨ ᠳᠤ  ᠣᠷᠤᠮᠠᠭᠴᠠ 12 ᠵᠢᠯ ᠠᠴᠠ ᠡᠬᠢᠯᠡᠨ ᠵᠢᠭᠠᠵᠤ ᠴᠡᠭᠡᠵᠢᠯᠡᠬᠦᠯᠲᠡᠭ᠃ ᠬᠤᠯᠤᠭᠠᠨ᠎ᠠ ᠠᠴᠠ ᠭᠠᠭ᠋ᠠᠢ ᠬᠦᠷᠲᠡᠯ᠎ᠡ᠂  ᠪᠤᠴᠠᠭᠠᠳ ᠭᠠᠭ᠋ᠠᠢ ᠠᠴᠠ ᠬᠤᠯᠤᠭᠠᠨ᠎ᠠ ᠬᠦᠷᠲᠡᠯ᠎ᠡ ᠴᠡᠭᠡᠵᠢᠯᠡᠬᠦᠯᠵᠦ ᠰᠤᠷᠭᠠᠳᠠᠭ᠃ ᠮᠠᠯ ᠤᠨᠤᠭ᠎ᠠ ᠶᠢᠨ ᠵᠢᠰᠦᠮ ᠢ  ᠳᠠᠨᠢᠭᠤᠯᠵᠤ᠂ ᠳᠤᠭ᠎ᠠ ᠳᠤᠭᠠᠯᠠᠬᠤ ᠶᠢ ᠰᠤᠷᠭᠠᠳᠠᠭ᠃ ᠥᠯᠢᠭᠡᠷ ᠳᠤᠮᠤᠭ ᠴᠡᠭᠡᠵᠢᠯᠡᠬᠦᠯᠵᠦ᠂ ᠣᠨᠢᠰᠤᠭ᠎ᠠ ᠳᠠᠭᠠᠪᠤᠷᠢ  ᠮᠡᠲᠡᠭᠦᠯᠲᠡᠭ᠃ ᠬᠡᠦᠬᠡᠳ ᠤᠨ ᠮᠠᠯ ᠳᠠᠭᠠᠨ ᠬᠠᠶᠢᠷᠠᠳᠠᠢ ᠪᠠᠶᠢᠳᠠᠭ ᠰᠡᠳᠬᠢᠴᠡ ᠶᠢ ᠨᠢ ᠠᠰᠢᠭᠯᠠᠵᠤ ᠭᠠᠯ ᠢᠶᠠᠷ  ᠨᠠᠭᠠᠳᠪᠠᠯ ᠮᠠᠯ ᠴᠢᠨᠢ ᠬᠤᠯᠨ ᠶᠠᠪᠤᠨ᠎ᠠ ᠬᠡᠵᠦ ᠭᠠᠯ ᠤᠨ ᠠᠶᠤᠯ ᠢ ᠰᠡᠷᠭᠡᠶᠢᠯᠡᠲᠡᠭ᠃ ᠭᠠᠷ ᠢᠶᠠᠨ ᠤᠬᠢᠶᠠᠬᠤ  ᠦᠬᠡᠢ ᠪᠠᠷ ᠬᠤᠭᠤᠯᠨ ᠢᠲᠡᠭᠡᠨ ᠢᠲᠡᠪᠡᠯ ᠭᠡᠲᠡᠰᠦ ᠴᠢᠨᠢ ᠡᠪᠡᠲᠦᠨ᠎ᠡ ᠬᠡᠵᠦ ᠠᠷᠢᠭᠤᠨ ᠴᠡᠪᠡᠷ ᠢᠲᠡᠵᠦ  ᠤᠤᠭᠤᠬᠤ ᠶᠢ ᠵᠠᠩᠰᠢᠭᠤᠯᠳᠠᠭ᠃ ᠬᠤᠭᠤᠯᠨ ᠢᠲᠡᠵᠦ ᠪᠠᠶᠢᠭᠠᠳ ᠣᠯᠠᠨ ᠦᠬᠡ ᠶᠠᠷᠢᠪᠠᠯ ᠭᠡᠲᠡᠰᠦ ᠴᠢᠨᠢ ᠡᠪᠡᠲᠦᠨ᠎ᠡ  ᠬᠡᠵᠦ ᠬᠠᠯᠠᠭᠤᠨ ᠲᠡᠭᠡᠷ᠎ᠡ ᠨᠢ ᠢᠲᠡᠬᠦ ᠶᠢ ᠵᠠᠩᠰᠢᠭᠤᠯᠳᠠᠭ᠃ ᠵᠤᠭᠰᠤᠭ᠎ᠠ ᠪᠠᠷ ᠢᠲᠡᠪᠡᠯ ᠦᠨᠢᠶ᠎ᠡ ᠴᠢᠨᠢ  ᠵᠤᠭᠰᠤᠭ᠎ᠠ ᠪᠠᠷ ᠲᠦᠷᠦᠨ᠎ᠡ ᠬᠡᠵᠦ ᠰᠠᠭᠤᠵᠤ ᠪᠠᠶᠢᠭᠠᠳ ᠯᠠᠪᠳᠠᠭᠤᠨ ᠢᠲᠡᠬᠦ ᠶᠢ ᠵᠠᠩᠰᠢᠭᠤᠯᠳᠠᠭ᠃ ᠨᠢᠭᠡ ᠮᠥᠬᠦᠯᠢᠭ  ᠠᠮᠤ ᠲᠡᠭᠷᠢ ᠲᠡᠭᠡᠷ᠎ᠡ ᠬᠤᠨᠢᠨ ᠴᠢᠨᠡᠭᠡ ᠦᠵᠡᠭᠲᠡᠨ᠎ᠡ᠂ ᠲᠡᠭᠷᠢ ᠤᠯᠵᠤ ᠦᠵᠡᠪᠡᠯ ᠶᠠᠯᠠᠳᠠᠨ᠎ᠠ ᠬᠡᠵᠦ ᠠᠰᠬᠠᠵᠤ  ᠴᠢᠳᠬᠤᠬᠤ ᠶᠢ ᠬᠡᠷᠰᠡᠦᠯᠡᠬᠦ ᠶᠢ ᠰᠤᠷᠭᠠᠳᠠᠭ᠃ ᠭᠠᠳᠠᠭᠰᠠᠢ ᠬᠠᠷᠠᠵᠤ ᠢᠲᠡᠪᠡᠯ ᠠᠮᠠᠨ ᠬᠦᠨᠡᠰᠦ ᠴᠢᠨᠢ ᠵᠠᠶᠢᠯᠠᠨ᠎ᠠ᠂  ᠢᠲᠡᠵᠦ ᠣᠤᠭᠤᠵᠤ ᠪᠠᠶᠢᠭᠠᠳ ᠡᠪᠰᠢᠶᠡᠵᠦ ᠰᠤᠨᠢᠶᠠᠪᠠᠯ ᠰᠤᠭᠤ ᠪᠠᠷ ᠴᠢᠨᠢ ᠠᠮᠠᠨ ᠬᠦᠨᠡᠰᠦ ᠴᠢᠨᠢ ᠭᠠᠷᠤᠨ᠎ᠠ ᠬᠡᠵᠦ  ᠰᠢᠷᠡᠭᠡᠨ ᠳᠡᠭᠡᠨ ᠯᠠᠪᠳᠠᠭᠤᠨ ᠰᠠᠭᠤᠵᠤ ᠣᠪ ᠲᠠᠢ ᠢᠲᠡᠵᠦ ᠤᠤᠭᠤᠬᠤ ᠶᠢ ᠵᠠᠩᠰᠢᠭᠤᠯᠳᠠᠭ᠃ ᠵᠠᠯᠬᠠᠭᠤ ᠪᠤᠯᠤᠨ᠎ᠠ  ᠬᠡᠵᠦ ᠬᠡᠦᠬᠡᠳ ᠲᠤ ᠰᠢᠬᠢᠷ᠎ᠡ ᠢᠲᠡᠬᠦᠯᠲᠡᠭ ᠦᠬᠡᠢ᠃ ᠶᠠᠪᠤᠳᠠᠯ ᠪᠦᠬᠦᠨ ᠳᠤ ᠰᠡᠬᠦᠯ ᠳᠤ ᠣᠷᠤᠬᠤ ︵ᠬᠤᠵᠢᠭᠳᠠᠬᠤ︶ ᠭᠡᠵᠦ ᠬᠡᠦᠬᠡᠳ ᠲᠤ ᠰᠡᠬᠦᠯ ᠢᠲᠡᠭᠦᠯᠲᠡᠭ ᠦᠬᠡᠢ᠃ ᠨᠢᠰᠤᠩᠬᠠᠢ ᠪᠤᠯᠬᠤ ᠬᠡᠵᠦ ᠬᠡᠦᠬᠡᠳ ᠲᠤ ᠠᠳᠤᠭᠤᠰᠤᠨ ᠤ  ᠨᠤᠭᠤᠰᠤ ᠢᠲᠡᠬᠦᠯᠲᠡᠭ ᠦᠬᠡᠢ᠃ ᠪᠢᠳᠠᠭᠤ ᠪᠤᠯᠬᠤ ᠬᠡᠵᠦ ᠬᠡᠦᠬᠡᠳ ᠲᠤ ᠠᠳᠤᠭᠤᠰᠤᠨ ᠤ ᠳᠠᠷᠢᠬᠢ ᠢᠲᠡᠬᠦᠯᠲᠡᠭ  ᠦᠬᠡᠢ᠃ ᠬᠡᠯᠡᠮᠴᠡᠷ ᠪᠤᠯᠤᠨ᠎ᠠ ᠬᠡᠵᠦ ᠬᠡᠦᠬᠡᠳ ᠲᠤ ᠬᠡᠯᠡᠨ ᠤ ᠦᠵᠦᠬᠦᠷ ᠢᠲᠡᠬᠦᠯᠲᠡᠭ ᠦᠬᠡᠢ᠃ ᠬᠡᠯᠡᠭᠡᠢ ᠪᠤᠯᠤᠨ᠎ᠠ  ᠭᠡᠵᠦ ᠬᠡᠦᠬᠡᠳ ᠲᠤ ᠤᠭᠤᠷᠠᠭ ᠢᠲᠡᠭᠦᠯᠲᠡᠭ ᠦᠬᠡᠢ᠃ ᠬᠤᠷᠢᠮᠯᠠᠬᠤ ᠳᠤ ᠴᠢᠨᠢ ᠴᠠᠰᠤ ᠣᠷᠤᠨ᠎ᠠ ᠭᠡᠵᠦ ᠬᠡᠦᠬᠡᠳ ᠲᠤ  ᠬᠤᠰᠤᠮ ︵ᠭᠠᠵᠠ︶ ᠢᠲᠡᠬᠦᠯᠲᠡᠭ ᠦᠬᠡᠢ᠃ ᠰᠢᠲᠦ ᠴᠢᠨᠢ ᠳᠤᠷᠰᠤᠭᠤᠷ ᠪᠤᠯᠤᠨ᠎ᠠ ᠬᠡᠵᠦ ᠬᠡᠦᠬᠡᠳ ᠲᠤ ᠸᠧᠭᠤᠸ᠋ᠨ  ︵ᠯᠠᠩᠭᠤᠸ᠋ᠨ︶ ᠶᠢᠨ ᠦᠷ᠎ᠡ ᠪᠠ ᠯᠤᠤᠪᠠᠩ ᠤᠨ ᠰᠤᠶᠤᠭ᠎ᠠ ᠢᠲᠡᠬᠦᠯᠲᠡᠭ ᠦᠬᠡᠢ᠃ ᠤᠯᠠᠨ ᠦᠬᠡ ᠲᠠᠢ ᠪᠤᠯᠤᠨ᠎ᠠ  ᠬᠡᠵᠦ ᠬᠡᠦᠬᠡᠳ ᠲᠤ ᠳᠠᠯᠠᠨ ᠰᠠᠷᠬᠢᠨᠠᠭ ᠢᠲᠡᠬᠦᠯᠲᠡᠭ ᠦᠬᠡᠢ᠃ ᠬᠦᠬᠡ ᠴᠢᠷᠠᠢ ᠲᠠᠢ ᠪᠤᠯᠤᠨ᠎ᠠ ᠭᠡᠵᠦ ᠬᠡᠦᠬᠡᠳ ᠲᠤ  ᠲᠡᠯᠢᠬᠦᠦ ᠢᠲᠡᠭᠦᠯᠲᠡᠭ ᠦᠬᠡᠢ᠃ ᠠᠮᠨ ᠴᠢᠨᠢ ᠵᠠᠳᠠᠭᠠᠢ ᠪᠤᠯᠤᠨ᠎ᠠ ᠭᠡᠵᠦ ᠳᠤᠭᠤᠭ᠎ᠠ ᠠᠴᠠ ᠬᠤᠭᠤᠯᠨ ᠢᠲᠡᠬᠦᠯᠲᠡᠭ  ᠦᠬᠡᠢ᠃ ᠤᠬᠠᠭᠠᠨ ᠢ ᠴᠢᠨᠢ ᠠᠪᠠᠴᠢᠨ᠎ᠠ ᠭᠡᠵᠦ ᠨᠡᠬᠦᠵᠦ ᠪᠠᠶᠢᠭ᠎ᠠ ᠡᠬᠦᠯᠨ ᠶᠢ ᠦᠵᠡᠬᠦᠯᠲᠡᠭ ᠦᠬᠡᠢ᠃ ᠬᠤᠷᠤᠭᠤ  ᠴᠢᠨᠢ ᠭᠡᠮᠲᠦᠨ᠎ᠡ ᠭᠡᠵᠦ ᠰᠤᠯᠤᠩᠭ᠎ᠠ ᠶᠢ ᠬᠤᠷᠤᠭᠤ ᠪᠠᠷ ᠵᠢᠭᠠᠬᠤ ᠶᠢ ᠴᠡᠭᠡᠷᠯᠡᠬᠦᠯᠲᠡᠭ᠂ ᠬᠡᠷᠪᠡ ᠵᠢᠭᠠᠪᠠᠯ  ᠬᠤᠷᠤᠭᠤ ᠶᠢ ᠨᠢ ᠳᠠᠷᠤᠢ ᠳᠤᠨᠢ ᠨᠦᠢᠳᠠᠨ ᠰᠢᠷᠤᠢ ᠳᠤ ᠬᠢᠯᠭᠡᠲᠡᠭ᠃ ᠦᠨᠢᠶ᠎ᠡ ᠴᠢᠨᠢ ᠬᠤᠰᠠᠷᠠᠩ ᠪᠤᠯᠤᠨ᠎ᠠ ᠭᠡᠵᠦ  ᠠᠭᠠᠯᠵᠢ ᠶᠢ ᠠᠯᠠᠭᠤᠯᠳᠠᠭ ᠦᠬᠡᠢ᠃ ᠲᠡᠭᠡᠲᠡᠢ ᠬᠦᠮᠥᠰ ᠤᠨ ᠢᠶᠠᠨ ᠨᠡᠷ᠎ᠡ ᠶᠢ ᠬᠡᠯᠡᠬᠦ ᠶᠢ ᠴᠡᠭᠡᠷᠯᠡᠬᠦᠯᠲᠡᠭ᠃ ᠡᠪᠡᠳᠴᠦ  ᠬᠠᠪᠤᠳᠬᠤ ᠠᠴᠠ ᠠᠶᠤᠳᠠᠭ ᠰᠡᠳᠬᠢᠴᠡ ᠶᠢ ᠨᠢ ᠪᠠᠷᠢᠵᠤ ᠪᠤᠵᠠᠷ ᠮᠠᠭᠤᠬᠠᠢ ᠦᠬᠡ ᠬᠡᠯᠡᠪᠡᠯ ᠤᠷᠤᠭᠤᠯ ᠲᠡᠭᠡᠷ᠎ᠡ ᠴᠢᠨᠢ  ᠰᠢᠷᠬ᠎ᠠ ᠭᠠᠷᠤᠨ᠎ᠠ ᠬᠡᠵᠦ ᠱᠠᠯᠢᠭ ᠮᠠᠭᠤᠬᠠᠢ ᠦᠬᠡ ᠶᠠᠷᠢᠬᠤ ᠶᠢ ᠴᠡᠭᠡᠷᠯᠡᠬᠦᠯᠲᠡᠭ᠃ ᠠᠳᠠᠯᠢ ᠤᠬᠠᠭᠠᠨ ᠢᠶᠠᠷ᠂ ᠵᠠᠮ  ᠲᠡᠭᠡᠷ᠎ᠡ ᠰᠢᠭᠡᠪᠡᠯ ᠨᠢᠲᠦᠨ ᠲᠡᠭᠡᠷ᠎ᠡ ᠴᠢᠨᠢ ᠡᠪᠦᠲᠦᠭ ᠭᠠᠷᠤᠨ᠎ᠠ᠂ ᠵᠠᠮ ᠲᠡᠭᠡᠷ᠎ᠡ ᠪᠠᠭᠠᠪᠠᠯ ᠪᠦᠭᠰᠡᠨ ᠲᠡᠭᠡᠷ᠎ᠡ ᠴᠢᠨᠢ  ᠶᠠᠷ᠎ᠠ ᠭᠠᠷᠤᠨ᠎ᠠ ᠬᠡᠵᠦ ᠵᠠᠮ ᠭᠤᠤᠯ ᠲᠡᠭᠡᠷ᠎ᠡ ᠰᠢᠬᠡᠵᠦ ᠪᠠᠭᠠᠬᠤ ᠶᠢ ᠴᠡᠭᠡᠷᠯᠡᠬᠦᠯᠲᠡᠭ᠃ ᠬᠤᠵᠢᠬᠢᠷ ᠪᠤᠯᠤᠨ᠎ᠠ ᠬᠡᠵᠦ  ᠪᠤᠰᠤᠳ ᠤᠨ ᠠᠯᠨ ᠬᠤᠷᠮᠤᠢ ᠳᠤᠤᠭᠤᠷ ᠤᠷᠤᠵᠤ ᠭᠠᠷᠬᠤ ᠪᠠ ᠤᠶᠢᠮᠤᠰᠤ᠂ ᠱᠠᠬᠠᠢ᠂ ᠦᠮᠥᠲᠦ ᠵᠡᠷᠭᠡ ᠶᠢ  ᠳᠤᠯᠤᠭᠠᠢ ᠲᠡᠭᠡᠬᠦᠷ ᠢᠶᠠᠨ ᠭᠠᠷᠭᠠᠬᠤ ᠶᠢ ᠴᠡᠭᠡᠷᠯᠡᠬᠦᠯᠲᠡᠭ᠂ ᠬᠡᠷᠪᠡ ᠪᠤᠰᠤᠳ ᠤᠨ ᠠᠯᠨ ᠬᠤᠷᠮᠤᠢ ᠳᠤᠤᠭᠤᠷ ᠤᠷᠤᠵᠤ  ᠭᠠᠷᠤᠭᠰᠠᠨ ᠪᠤᠶᠤ ᠤᠶᠢᠮᠤᠰᠤ᠂ ᠱᠠᠬᠠᠢ᠂ ᠦᠮᠥᠲᠦ ᠶᠢ ᠳᠤᠯᠤᠭᠠᠢ ᠲᠡᠭᠡᠭᠦᠷ ᠢᠶᠠᠨ ᠭᠠᠷᠭᠠᠭᠰᠠᠨ ᠪᠠᠶᠢᠪᠠᠯ ᠭᠠᠯ ᠢᠶᠠᠷ  ᠳᠤᠯᠤᠭᠠᠢ ᠶᠢ ᠨᠢ ᠠᠷᠢᠭᠤᠯᠠᠳᠠᠭ᠃ ᠪᠡᠶ᠎ᠡ ᠴᠢᠨᠢ ᠪᠤᠭᠤᠨᠢ ᠪᠤᠯᠤᠨ᠎ᠠ ᠭᠡᠵᠦ ᠪᠤᠰᠤᠳ ᠤᠨ ᠰᠤᠭᠤ ᠳᠤᠤᠭᠤᠷ  ᠰᠢᠷᠭᠤᠬᠤ ᠶᠢ ᠴᠡᠭᠡᠷᠯᠡᠬᠦᠯᠲᠡᠭ᠃ ᠮᠢᠬ᠎ᠠ ᠪᠠᠨ ᠳᠠᠭᠠᠭᠠᠯᠭᠠᠬᠤ ᠶᠢ ᠬᠡᠷᠰᠡᠦᠯᠡᠵᠦ ᠬᠤᠯᠤᠭᠠᠶᠢᠴᠢ ᠪᠤᠯᠤᠨ᠎ᠠ ᠬᠡᠵᠦ  ᠰᠦᠨᠢ ᠬᠢᠮᠤᠰᠤ ᠠᠪᠬᠤ ᠶᠢ ᠴᠡᠭᠡᠷᠯᠡᠬᠦᠯᠲᠡᠭ᠃ ᠵᠡᠮᠲᠡᠭ ᠬᠦᠮᠥᠨ ᠢ ᠳᠠᠭᠤᠷᠢᠶᠠᠪᠠᠯ ᠵᠡᠮᠲᠡᠭ ᠪᠤᠯᠤᠨ᠎ᠠ ᠬᠡᠵᠦ ᠡᠮᠵᠡᠭ  ᠪᠠᠭᠤᠷᠠᠢ ᠶᠢ ᠡᠯᠡᠭᠯᠡᠬᠦ ᠶᠢ ᠴᠡᠭᠡᠷᠯᠡᠬᠦᠯᠲᠡᠭ᠃ ᠵᠤᠪᠠᠯᠠᠩ ᠢᠷᠡᠨ᠎ᠡ ᠬᠡᠵᠦ ᠡᠷᠲᠡ ᠤᠷᠤᠢ ᠳᠠᠭᠤᠤ ᠳᠠᠭᠤᠯᠠᠬᠤ ᠪᠤᠶᠤ  ᠬᠢᠩᠰᠢᠬᠦ ᠶᠢ ᠴᠡᠭᠡᠷᠯᠡᠭᠦᠯᠲᠡᠭ᠃ ᠪᠡᠶ᠎ᠡ ᠴᠢᠨᠢ ᠦᠰᠬᠦ ᠦᠬᠡᠢ ᠪᠤᠯᠤᠨ᠎ᠠ ᠭᠡᠵᠦ ᠢᠲᠡᠰᠢ ᠭᠤᠯᠤᠬᠤ ᠶᠢ ᠴᠡᠭᠡᠷᠯᠡᠬᠦᠯᠲᠡᠭ᠃ ᠤᠬᠠᠭᠠᠨ ᠢ ᠨᠢ ᠢᠲᠡᠨ᠎ᠡ ᠭᠡᠵᠦ ᠬᠦᠮᠥᠨ ᠤ ᠠᠷᠤ ᠳᠤ ᠰᠠᠭᠤᠵᠤ ᠢᠲᠡᠬᠦ ᠶᠢ ᠴᠡᠭᠡᠷᠯᠡᠬᠦᠯᠲᠡᠭ᠃ ᠬᠢᠵᠢᠭ ᠳᠠᠬᠤᠯ  ᠳᠤᠰᠤᠨ᠎ᠠ ᠭᠡᠵᠦ ᠬᠡᠪᠲᠡᠭᠡ ᠪᠠᠷ ᠢᠲᠡᠬᠦ ᠶᠢ ᠴᠡᠭᠡᠷᠯᠡᠬᠦᠯᠲᠡᠭ᠃ ᠬᠤᠤᠳᠤᠤ ᠪᠤᠯᠤᠨ᠎ᠠ ᠭᠡᠵᠦ ᠨᠢᠭᠤᠷ ᠭᠠᠷ ᠢᠶᠠᠨ  ᠤᠬᠢᠶᠠᠬᠤ ᠦᠬᠡᠢ ᠪᠠᠷ ᠢᠲᠡᠬᠦ ᠶᠢ ᠴᠡᠭᠡᠷᠯᠡᠬᠦᠯᠲᠡᠭ᠃ ᠠᠮᠠᠨ ᠬᠦᠨᠡᠰᠦ ᠴᠢᠨᠢ ᠵᠠᠶᠢᠯᠠᠨ᠎ᠠ ᠬᠡᠵᠦ ᠵᠠᠵᠢᠯᠵᠤ ᠪᠠᠶᠢᠭ᠎ᠠ  ᠢᠲᠡᠭᠡᠨ ᠢᠶᠠᠨ ᠭᠠᠷᠭᠠᠬᠤ ᠶᠢ ᠴᠡᠭᠡᠷᠯᠡᠬᠦᠯᠲᠡᠭ᠃ ᠦᠲᠡᠯᠥᠭᠰᠡᠨ ᠬᠦᠮᠥᠨ ᠲᠠᠢ ᠤᠷᠤᠭᠯᠠᠨ᠎ᠠ ᠬᠡᠵᠦ ᠣᠷᠤᠢ ︵ᠰᠦᠨᠢ︶ ᠵᠠᠰᠠᠵᠤ ᠭᠤᠶᠤᠯᠠᠬᠤ ᠶᠢ ᠴᠡᠭᠡᠷᠯᠡᠬᠦᠯᠲᠡᠭ᠃ ᠳᠤᠭᠤᠯᠠᠩ ᠬᠦᠮᠥᠨ ᠲᠠᠢ ᠬᠤᠷᠢᠮᠯᠠᠨ᠎ᠠ ᠭᠡᠵᠦ ᠳᠤᠭᠤᠯᠠᠩ ᠰᠠᠪᠬ᠎ᠠ ᠪᠠᠷ  ᠪᠤᠳᠠᠭ᠎ᠠ ᠢᠲᠡᠬᠦ ᠶᠢ ᠴᠡᠭᠡᠷᠯᠡᠬᠦᠯᠲᠡᠭ᠃ ᠵᠤᠪᠠᠯᠠᠩ ᠲᠠᠢ ᠬᠦᠮᠥᠨ ᠪᠤᠯᠤᠨ᠎ᠠ ᠭᠡᠵᠦ ᠲᠦᠬᠦᠰᠢ ᠪᠠᠨ ᠳᠤᠯᠬᠤ ᠶᠢ  ᠴᠡᠭᠡᠷᠯᠡᠬᠦᠯᠲᠡᠭ᠃ ᠵᠤᠪᠠᠯᠠᠩ ᠢᠶᠠᠨ ᠡᠬᠦᠷᠦᠨ᠎ᠡ ᠭᠡᠵᠦ ᠨᠢᠷᠤᠭᠤ ᠡᠬᠦᠷᠬᠦ ᠶᠢ ᠴᠡᠭᠡᠷᠯᠡᠬᠦᠯᠲᠡᠭ᠃ ᠵᠤᠪᠠᠯᠠᠩ ᠢ ᠨᠢ  ᠠᠪᠤᠨ᠎ᠠ ᠭᠡᠵᠦ ᠪᠤᠰᠤᠳ ᠤᠨ ᠮᠥᠷ ᠲᠡᠭᠡᠷ᠎ᠡ ᠭᠢᠰᠬᠢᠬᠦ ᠶᠢ ᠴᠡᠭᠡᠷᠯᠡᠬᠦᠯᠲᠡᠭ᠃ ᠵᠤᠪᠠᠯᠠᠩ ᠢ ᠨᠢ ᠠᠪᠤᠨ᠎ᠠ ᠭᠡᠵᠦ  ᠠᠬᠠᠮᠠᠳ ᠬᠦᠮᠥᠨ ᠤ ᠮᠥᠷ ᠲᠡᠭᠡᠷ᠎ᠡ ᠲᠦᠰᠢᠬᠦ ︵ᠭᠠᠷ ᠳᠠᠯᠪᠢᠬᠤ︶ ᠶᠢ ᠴᠡᠭᠡᠷᠯᠡᠬᠦᠯᠲᠡᠭ᠃ ᠠᠬᠠᠮᠠᠳ ᠬᠦᠮᠥᠨ ᠤ  ᠡᠮᠥᠨᠡᠭᠦᠷ ᠭᠠᠷᠬᠤ ᠶᠢ ᠴᠡᠭᠡᠷᠯᠡᠬᠦᠯᠲᠡᠭ᠃ ᠠᠬᠠᠮᠠᠳ ᠬᠦᠮᠥᠨ ᠤ ᠡᠮᠥᠨ᠎ᠡ ᠰᠦᠪᠡᠭᠡ ᠪᠤᠶᠤ ᠳᠠᠰᠢᠶ᠎ᠠ ᠳᠤᠯᠵᠤ  ᠵᠤᠭᠰᠤᠬᠤ ᠶᠢ ᠴᠡᠭᠡᠷᠯᠡᠬᠦᠯᠲᠡᠭ᠃ ᠵᠤᠪᠠᠯᠠᠩ ᠢ ᠨᠢ ᠠᠪᠤᠨ᠎ᠠ ᠭᠡᠵᠦ ᠪᠤᠰᠤᠳ ᠤᠨ ᠰᠢᠨ᠎ᠡ ᠬᠤᠪᠴᠠᠰᠤ ᠶᠢ ᠤᠷᠢᠳᠠᠪᠠᠷ  ᠡᠮᠥᠰᠬᠦ ᠶᠢ ᠴᠡᠭᠡᠷᠯᠡᠬᠦᠯᠲᠡᠭ᠃ ᠮᠠᠷᠳᠠᠮᠠᠳᠠᠭᠠᠢ ᠪᠤᠯᠤᠨ᠎ᠠ ᠭᠡᠵᠦ ᠮᠠᠯᠠᠭᠠᠢ ᠪᠠᠨ ᠲᠡᠷᠡᠯᠡᠬᠦ ᠶᠢ ᠴᠡᠭᠡᠷᠯᠡᠬᠦᠯᠲᠡᠭ᠃ ᠬᠤᠶᠠᠷ  ᠡᠮ᠎ᠡ ᠠᠪᠤᠨ᠎ᠠ ᠭᠡᠵᠦ ᠬᠤᠤᠰ ᠮᠠᠯᠠᠭᠠᠢ ᠡᠮᠥᠰᠬᠦ ᠶᠢ ᠴᠡᠭᠡᠷᠯᠡᠬᠦᠯᠲᠡᠭ᠃ ᠰᠢᠭᠡᠷᠡᠩ ᠪᠤᠯᠤᠨ᠎ᠠ ᠭᠡᠵᠦ  ᠰᠡᠬᠦᠲᠡᠷ ᠢᠶᠠᠷ ᠢᠶᠠᠨ ᠨᠠᠭᠠᠳᠬᠤ ᠶᠢ ᠴᠡᠭᠡᠷᠯᠡᠬᠦᠯᠲᠡᠭ᠃ ᠮᠤᠭᠠᠢ ᠣᠷᠤᠵᠤ ᠢᠷᠡᠨ᠎ᠡ ᠭᠡᠵᠦ ᠭᠡᠷ ᠲᠤ ᠳᠠᠰᠢᠭᠤᠷ ᠢᠶᠠᠷ  ᠨᠠᠭᠠᠳᠬᠤ ᠶᠢ ᠴᠡᠭᠡᠷᠯᠡᠬᠦᠯᠲᠡᠭ᠃ ᠨᠢᠳᠤᠨ ᠭᠠᠯ ᠴᠢᠨᠢ ᠮᠠᠭᠤᠳᠠᠨ᠎ᠠ ᠭᠡᠵᠦ ᠮᠤᠤᠷ ᠡᠪᠦᠷᠯᠡᠵᠦ ᠤᠨᠳᠠᠬᠤ ᠶᠢ  ᠴᠡᠭᠡᠷᠯᠡᠬᠦᠯᠲᠡᠭ᠃ ᠮᠤᠭᠠᠢ ᠠᠪᠴᠢᠷᠠᠨ᠎ᠠ ᠬᠡᠵᠦ ᠮᠤᠤᠷ ᠢ ᠰᠠᠪᠬ᠎ᠠ ᠪᠤᠶᠤ ᠳᠠᠰᠢᠭᠤᠷ ᠢᠶᠠᠷ ᠴᠤᠬᠢᠬᠤ ᠶᠢ  ᠴᠡᠭᠡᠷᠯᠡᠬᠦᠯᠲᠡᠭ᠃ ᠦᠰᠢᠶ᠎ᠡ ᠲᠠᠢ ᠪᠤᠯᠤᠨ᠎ᠠ ᠭᠡᠵᠦ ᠬᠠᠷᠢᠯᠴᠠᠨ ᠬᠦᠯ ᠤᠨ ᠤᠯᠨ ᠪᠠᠨ ᠨᠡᠶᠢᠯᠡᠬᠦᠯᠬᠦ ᠶᠢ ᠴᠡᠭᠡᠷᠯᠡᠬᠦᠯᠲᠡᠭ  ᠃ ᠦᠰᠢᠶ᠎ᠡ ᠲᠠᠢ ᠪᠤᠯᠤᠨ᠎ᠠ ᠭᠡᠵᠦ ᠠᠪᠤᠭᠰᠠᠨ ︵ᠬᠢᠷᠭᠠᠭᠰᠠᠨ︶ ᠭᠡᠵᠢᠭᠡ ᠪᠠᠨ ᠨᠡᠶᠢᠯᠡᠬᠦᠯᠬᠦ ᠶᠢ ᠴᠡᠭᠡᠷᠯᠡᠬᠦᠯᠲᠡᠭ᠃  ᠴᠢᠳᠬᠦᠷ ᠢᠲᠡᠨ᠎ᠡ ᠭᠡᠵᠦ ᠠᠶᠠᠭ᠎ᠠ ᠲᠠᠢ ᠬᠤᠭᠤᠯᠠᠨ ᠳᠠᠭᠠᠨ ᠰᠠᠪᠬ᠎ᠠ ᠪᠠᠨ ᠬᠠᠳᠬᠤᠵᠤ ᠳᠠᠯᠪᠢᠬᠤ ᠶᠢ ᠴᠡᠭᠡᠷᠯᠡᠬᠦᠯᠲᠡᠭ  ᠃ ᠲᠡᠭᠡᠲᠡᠢ ᠬᠦᠮᠥᠨ ᠳᠤ ᠴᠢᠨᠢ ᠮᠠᠭᠤ ᠬᠡᠵᠦ ᠲᠡᠪᠡᠯ ᠤᠨ ᠵᠠᠭᠠᠮ᠎ᠠ ᠪᠠᠨ ᠬᠠᠵᠠᠬᠤ ᠶᠢ ᠴᠡᠭᠡᠷᠯᠡᠬᠦᠯᠲᠡᠭ᠃ ᠡᠵᠢ  ᠠᠪᠤ ᠳᠤ ᠴᠢᠨᠢ ᠮᠠᠭᠤ ᠭᠡᠵᠦ ᠡᠩᠭᠡᠷ ᠪᠠ ᠰᠢᠯᠪᠢ ᠪᠠᠨ ᠬᠠᠵᠠᠬᠤ ᠶᠢ ᠴᠡᠭᠡᠷᠯᠡᠬᠦᠯᠲᠡᠭ᠃ ᠬᠤᠵᠢᠬᠢᠷ ᠪᠤᠯᠤᠨ᠎ᠠ ᠭᠡᠵᠦ  ᠲᠦᠬᠦᠬᠡᠢ ᠴᠢᠮᠬᠢᠮᠡᠯ ︵ᠪᠠᠩᠰᠢ︶ ᠢ ᠳᠤᠭᠠᠯᠠᠬᠤ ᠶᠢ ᠴᠡᠭᠡᠷᠯᠡᠬᠦᠯᠲᠡᠭ᠃ ᠭᠠᠷ ᠨᠢ ᠴᠡᠴᠡᠷᠡᠬᠡᠢ ᠪᠤᠯᠬᠤ ᠭᠡᠵᠦ  ᠨᠠᠭᠠᠴᠤ ᠪᠠᠨ ᠴᠤᠬᠢᠬᠤ ᠶᠢ ᠴᠡᠭᠡᠷᠯᠡᠬᠦᠯᠲᠡᠭ᠃ ᠶᠠᠮᠠᠷ ᠠᠮᠢᠳᠠᠨ ᠢ ᠰᠠᠶᠢᠬᠠᠨ ᠭᠡᠪᠡᠯ ᠳᠠᠷᠠᠭ᠎ᠠ ᠲᠦᠷᠦᠯ ᠳᠡᠭᠡᠨ ᠲᠡᠶᠢᠮᠥ  ᠠᠮᠢᠳᠠᠨ ᠪᠤᠯᠵᠤ ᠲᠦᠷᠦᠨ᠎ᠡ ᠭᠡᠵᠦ ᠠᠳᠤᠭᠤᠰᠤ ᠠᠮᠢᠳᠠᠨ᠂ ᠠᠷᠢᠶᠠᠳᠠᠨ ᠵᠢᠬᠦᠷᠲᠡᠨ ᠢ ᠰᠠᠶᠢᠬᠠᠨ ᠭᠡᠵᠦ ᠬᠡᠯᠡᠬᠦ ᠶᠢ  ᠴᠡᠭᠡᠷᠯᠡᠭᠦᠯᠲᠡᠭ᠃ ᠬᠠᠷᠢᠶᠠᠴᠠᠢ ᠶᠢᠨ ᠡᠬᠦᠷ ᠢ ᠬᠦᠨᠳᠡᠪᠡᠯ ᠴᠢᠷᠠᠢ ᠴᠢᠨᠢ ᠴᠤᠬᠤᠷᠳᠠᠵᠤ ᠭᠠᠷ ᠲᠡᠭᠡᠷ᠎ᠡ ᠴᠢᠨᠢ ᠦ᠋  ᠭᠠᠷᠤᠨ᠎ᠠ ᠬᠡᠵᠦ ᠠᠮᠢᠳᠠᠨ ᠵᠢᠭᠦᠷᠲᠡᠨ ᠢ ᠬᠠᠶᠢᠷᠠᠯᠠᠬᠤ ᠶᠢ ᠰᠤᠷᠭᠠᠳᠠᠭ᠃ ᠴᠡᠴᠡᠭ ᠬᠤᠸᠠᠷ ᠢ ᠳᠠᠰᠤᠳᠠᠵᠤ  ᠳᠠᠯᠬᠢᠭᠳᠠᠪᠠᠯ ᠵᠢᠰᠤ ᠴᠢᠨᠢ ᠮᠠᠭᠤᠬᠠᠢ ᠪᠤᠯᠤᠨ᠎ᠠ ᠬᠡᠵᠦ ᠡᠪᠡᠰᠦ ᠣᠷᠭᠤᠮᠠᠯ ᠪᠤᠶᠤ ᠣᠷᠴᠢᠨ ᠪᠠᠶᠢᠭᠠᠯᠢ ᠶᠢ  ᠬᠠᠶᠢᠷᠠᠯᠠᠬᠤ ᠶᠢ ᠰᠤᠷᠭᠠᠳᠠᠭ᠃ ᠬᠤᠳᠠᠯ ᠬᠡᠯᠡᠪᠡᠯ ᠬᠡᠯᠨ ᠶᠢ ᠴᠢᠨᠢ ᠬᠠᠭᠠᠷᠢᠨ᠎ᠠ ᠭᠡᠵᠦ ᠬᠤᠳᠠᠯ ᠬᠡᠯᠡᠬᠦᠯᠲᠡᠭ ᠦᠬᠡᠢ᠃  ᠬᠤᠯᠠᠭᠠᠢ ᠬᠢᠪᠡᠯ ᠬᠤᠷᠤᠭᠤ ᠶᠢ ᠴᠢᠨᠢ ᠣᠭᠳᠤᠯᠤᠨ᠎ᠠ ᠭᠡᠵᠦ ᠬᠤᠯᠠᠭᠠᠢ ᠬᠢᠯᠭᠡᠲᠡᠭ ᠦᠬᠡᠢ᠃ ᠨᠤᠬᠠᠢ ᠶᠢᠨ  ᠬᠠᠵᠠᠬᠤ ᠠᠴᠠ ᠪᠤᠯᠭᠤᠮᠵᠢᠯᠠᠵᠤ ᠦᠮᠥᠲᠦᠨ ᠠᠯᠨ ᠨᠢ ᠰᠡᠲᠡᠷᠡᠨ᠎ᠡ ᠬᠡᠵᠦ ᠬᠡᠦᠬᠡᠳ ᠲᠤ ᠨᠤᠬᠠᠢ ᠤᠨᠤᠭᠤᠯᠳᠠᠭ ᠦᠬᠡᠢ  ᠃ ᠬᠦᠮᠥᠨ ᠳᠠᠭᠤᠳᠠᠪᠠᠯ ︽ᠵᠠ︾ ᠪᠤᠶᠤ ︽ᠠ︾ ᠬᠡᠵᠦ ᠬᠦᠯᠢᠶᠡᠨ ᠰᠤᠨᠤᠰᠬᠤ ᠶᠤᠮ ᠰᠢᠦ᠂ ᠲᠡᠭᠡᠲᠡᠢ  ᠬᠦᠮᠥᠨ ᠲᠠᠢ ᠶᠠᠷᠢᠬᠤ ᠳᠠᠭᠠᠨ ᠠᠪᠠᠭ᠎ᠠ ᠪᠤᠯᠪᠠᠯ ︽ᠠᠪᠠᠭ᠎ᠠ ᠡ︾᠂ ᠡᠭᠡᠴᠢ ᠪᠤᠯᠪᠠᠯ ︽ᠡᠭᠡᠴᠢ ᠡ︾ ᠬᠡᠵᠦ  ᠳᠠᠭᠤᠳᠠᠨ ᠪᠠᠶᠢᠵᠤ ᠶᠠᠷᠢᠬᠤ ᠶᠤᠮ ᠰᠢᠦ᠂ ᠦᠬᠡᠶᠢᠬᠦᠦ ᠶᠠᠳᠠᠭᠤ ᠶᠢ ᠲᠡᠮᠵᠢᠵᠦ᠂ ᠡᠪᠡᠳᠴᠢᠳᠠᠨ ᠵᠤᠪᠠᠯᠠᠩᠳᠠᠨ ᠢ  ᠬᠠᠷᠠᠭᠠᠯᠵᠠᠵᠤ᠂ ᠠᠬᠠᠮᠠᠳ ᠨᠠᠰᠤᠳᠠᠳ ᠢ ᠬᠦᠨᠳᠦᠯᠡᠵᠦ᠂ ᠠᠬ᠎ᠠ ᠲᠡᠬᠦᠦ ᠨᠠᠷ ᠲᠠᠢ ᠪᠠᠨ ᠡᠶ᠎ᠡ ᠲᠠᠢ ᠶᠠᠪᠤᠬᠤ ᠶᠤᠮ  ᠰᠢᠦ᠂ ᠬᠤᠳᠠᠯ ᠦᠬᠡ ᠬᠡᠯᠡᠵᠦ ᠬᠤᠪ ᠬᠤᠩᠰᠢᠶᠠᠷ ᠵᠦᠭᠡᠭᠡᠵᠦ ᠪᠤᠯᠬᠤ ᠦᠬᠡᠢ ᠶᠤᠮ ᠰᠢᠦ᠂ ᠶᠠᠰᠤ ᠪᠠᠨ  ᠬᠤᠭᠤᠯᠬᠤ ᠠᠴᠠ ᠪᠢᠰᠢ ᠨᠡᠷ᠎ᠡ ᠪᠠᠨ ᠬᠤᠭᠤᠯᠵᠤ ᠪᠤᠯᠳᠠᠭ ᠦᠬᠡᠢ ᠶᠤᠮ ᠰᠢᠦ᠂ ᠶᠡᠭᠡ ᠬᠦᠮᠥᠨ ᠤ ᠵᠤᠭᠤᠭ ᠲᠤ ᠦᠬᠡ  ᠲᠦᠷᠢᠵᠦ ᠪᠤᠯᠬᠤ ᠦᠬᠡᠢ ᠶᠤᠮ ᠰᠢᠦ᠂ ᠣᠮᠤᠷᠬᠠᠭᠯᠠᠵᠤ ᠪᠠᠷᠳᠠᠮᠨᠠᠵᠤ ᠪᠤᠯᠬᠤ ᠦᠬᠡᠢ ᠶᠤᠮ ᠰᠢᠦ᠂ ᠰᠠᠶᠢᠨ ᠰᠠᠨᠠᠭ᠎ᠠ  ᠳᠠᠯ᠎ᠠ ᠶᠢ ᠳᠤᠭᠤᠷᠢᠨ᠎ᠠ᠂ ᠮᠠᠭᠤ ᠰᠠᠨᠠᠭ᠎ᠠ ᠪᠡᠶ᠎ᠡ ᠶᠢ ᠳᠤᠭᠤᠷᠢᠨ᠎ᠠ ᠭᠡᠲᠡᠭ ᠶᠤᠮ ᠰᠢᠦ᠂ ᠰᠠᠶᠢᠨ ᠰᠠᠨᠠᠭ᠎ᠠ ᠶᠢᠨ  ᠦᠵᠦᠬᠦᠷ ᠰᠦ᠂ ᠮᠠᠭᠤ ᠰᠠᠨᠠᠭ᠎ᠠ ᠶᠢᠨ ᠦᠵᠦᠬᠦᠷ ᠬᠦ᠋ ᠬᠡᠲᠡᠭ ᠶᠤᠮ ᠰᠢᠦ᠂ ᠣᠯᠵᠠᠯᠠᠭᠰᠠᠨ ᠶᠠᠭᠤᠮ᠎ᠠ ᠶᠢ  ᠡᠵᠡᠨ ᠳᠤᠨᠢ ᠪᠤᠴᠠᠭᠠᠬᠤ ᠶᠤᠮ ᠰᠢᠦ᠂ ᠨᠢᠭᠤᠷ ᠦᠬᠡᠢ ᠣᠯᠵᠠ ᠠᠴᠠ ᠨᠢᠭᠤᠷ ᠲᠠᠢ ᠭᠠᠷᠤᠵᠠ ᠲᠡᠭᠡᠷ᠎ᠡ ᠭᠡᠲᠡᠭ ᠶᠤᠮ  ᠰᠢᠦ᠂ ᠲᠡᠭᠡᠲᠦ ᠶᠢ ᠪᠢᠲᠡᠭᠡᠢ ᠪᠢᠯᠳᠠᠤᠴᠢᠯᠨ᠂ ᠳᠤᠤᠷᠠᠳᠤ ᠶᠢ ᠪᠤᠤ ᠳᠠᠷᠤᠯᠨ ᠁ ᠬᠡᠬᠦᠴᠢᠯᠡᠨ ᠶᠤᠰᠤ ᠮᠤᠷᠠᠯ ᠤᠨ  ᠬᠦᠮᠥᠵᠢᠯ ᠳᠤ ᠵᠠᠩᠰᠢᠭᠤᠯᠳᠠᠭ᠃ ᠠᠶᠢᠯ ᠠᠶᠢᠮᠠᠭ ᠤᠨ ᠠᠮᠢ ᠨᠢ ᠨᠢᠭᠡ ᠶᠤᠮ ᠰᠢᠦ᠂ ᠠᠯᠤᠰ ᠤᠨ ᠪᠤᠷᠬᠠᠨ ᠠᠴᠠ  ᠠᠶᠢᠯ ᠤᠨ ᠴᠢᠳᠬᠦᠷ ᠲᠡᠭᠡᠷ᠎ᠡ ᠬᠡᠲᠡᠭ ᠶᠤᠮ ᠰᠢᠦ᠂ ᠬᠤᠯᠨ ᠶᠢᠨ ᠲᠦᠷᠦᠯ ᠠᠴᠠ ᠬᠠᠪᠢ ᠶᠢᠨ ᠰᠠᠭᠠᠬᠠᠯᠳᠠ ᠬᠡᠲᠡᠭ  ᠶᠤᠮ ᠰᠢᠦ᠂ ᠠᠯᠤᠰ ᠠᠴᠠ ᠡᠷᠢᠬᠦ ᠪᠠᠷ ᠠᠶᠢᠯ ᠠᠴᠠ ᠪᠠᠨ ᠡᠷᠢᠬᠦ ᠶᠤᠮ ᠰᠢᠦ ᠁ ᠭᠡᠬᠦᠴᠢᠯᠡᠨ ᠠᠶᠢᠯ  ᠠᠶᠢᠮᠠᠭ ᠤᠨ ᠬᠢᠨ ᠲᠠᠢ ᠪᠠᠨ ᠡᠶ᠎ᠡ ᠨᠠᠶᠢᠷ ᠲᠠᠢ᠂ ᠬᠦᠷᠰᠢ ᠵᠡᠷᠭᠡᠯᠡᠲᠡᠭᠡ ᠶᠢᠨ ᠬᠢᠨ ᠳᠡᠭᠡᠨ ᠬᠠᠮᠵᠢ ᠲᠡᠮᠵᠢ ᠲᠠᠢ  ᠶᠠᠪᠤᠬᠤ ᠶᠢ ᠰᠤᠷᠭᠠᠳᠠᠭ᠃          ᠬᠡᠦᠬᠡᠳ ᠤᠨ ᠣᠢ ᠳᠤᠯᠬᠤ ᠠᠴᠠ ᠡᠮᠥᠨᠡᠬᠢ ᠨᠠᠰᠤ ᠶᠢ ᠰᠦ ᠨᠠᠰᠤ ︵ᠰᠦ ᠬᠦᠬᠦᠲᠡᠭ ᠨᠠᠰᠤ ᠭᠡᠰᠡᠨ  ᠤᠳᠬ᠎ᠠ ᠲᠠᠢ︶ ᠬᠡᠵᠦ ᠬᠡᠯᠡᠲᠡᠭ ᠠᠴᠠ ᠪᠢᠰᠢ ᠬᠠᠭᠤᠷᠮᠠᠭ ᠨᠠᠰᠤ ᠭᠡᠵᠦ ᠬᠡᠯᠡᠲᠡᠭ ᠦᠬᠡᠢ᠃ ᠬᠡᠦᠬᠡᠳ ᠢ ᠴᠢᠬᠢᠮᠡᠢ  ᠬᠡᠵᠦ ᠬᠡᠯᠡᠲᠡᠭ ᠠᠴᠠ ᠪᠢᠰᠢ ᠬᠦᠨᠳᠦ ᠬᠡᠵᠦ ᠬᠡᠯᠡᠲᠡᠭ ᠦᠬᠡᠢ᠃ ᠬᠡᠦᠬᠡᠳ ︵ᠬᠦᠮᠥᠨ︶ ᠢ ᠮᠠᠷᠢᠶ᠎ᠠ ᠲᠠᠢ ᠬᠡᠵᠦ  ᠬᠡᠯᠡᠲᠡᠭ ᠠᠴᠠ ᠪᠢᠰᠢ ᠳᠠᠷᠭᠤᠨ ᠬᠡᠵᠦ ᠬᠡᠯᠡᠲᠡᠭ ᠦᠬᠡᠢ᠃ ᠬᠡᠦᠬᠡᠳ ᠤᠨ ᠬᠤᠪᠴᠠᠰᠤ ᠬᠤᠨᠠᠷ ᠢ ᠭᠠᠳᠠᠨ᠎ᠠ  ᠬᠤᠨᠤᠭᠤᠯᠳᠠᠭ ᠦᠬᠡᠢ᠃ ᠰᠦᠨᠢ ᠬᠡᠦᠬᠡᠳ ᠢ ᠭᠠᠳᠠᠨ᠎ᠠ ᠠᠴᠠ ᠨᠡᠷᠡᠯᠡᠨ ᠳᠠᠭᠤᠳᠠᠳᠠᠭ ᠦᠬᠡᠢ᠃ ᠬᠡᠦᠬᠡᠳ ᠢ ᠠᠬᠠᠰ  ᠵᠠᠬᠠᠰ ᠢᠶᠠᠨ ᠳᠠᠭᠠᠵᠤ ᠠᠷᠭᠠᠯ ᠲᠦᠯᠡᠭᠡ ᠠᠪᠬᠤ ᠪᠠ ᠬᠤᠷᠠᠭ᠎ᠠ ᠳᠤᠭᠤᠯ ᠡᠷᠬᠢᠬᠦᠯᠬᠦ᠂ ᠡᠪᠡᠰᠦ ᠲᠦᠯᠡᠭᠡ  ᠤᠶᠢᠷᠠᠳᠤᠭᠤᠯᠬᠤ ᠪᠤᠶᠤ ᠭᠠᠯ ᠳᠤᠭᠤᠭᠠᠨ ᠳᠤ ᠬᠠᠮᠵᠢᠭᠤᠯᠬᠤ᠂ ᠠᠯᠵᠠᠭᠤᠷᠠᠵᠤ ᠰᠠᠭᠤᠪᠠᠯ ᠠᠯᠨ ᠳᠤᠳᠤᠷ᠎ᠠ ᠴᠢᠨᠢ  ᠶᠡᠷ᠎ᠠ ᠭᠠᠷᠤᠨ᠎ᠠ ᠰᠢᠦ ᠁ ᠬᠡᠬᠦᠴᠢᠯᠡᠨ ᠬᠦᠲᠡᠯᠮᠥᠷᠢ ᠳᠤ ᠰᠤᠷᠭᠠᠵᠤ ᠪᠤᠯᠪᠠᠰᠤᠷᠠᠭᠤᠯᠳᠠᠭ᠃ ᠶᠠᠮᠠᠷ ᠨᠢᠬᠡᠨ ᠠᠵᠢᠯ  ᠬᠦᠲᠡᠯᠮᠥᠷᠢ ᠳᠤ ᠪᠤᠯᠪᠠᠰᠤᠷᠠᠭᠤᠯᠬᠤ ᠳᠠᠭᠠᠨ ᠡᠮᠬᠢ ᠳᠠᠷᠠᠭ᠎ᠠ ᠲᠠᠢ ᠪᠦᠬᠡᠳ ᠶᠤᠰᠤ ᠭᠤᠷᠢᠮ ᠲᠠᠢ ᠬᠢᠬᠦ ᠶᠢ ᠵᠢᠭᠠᠵᠤ  ᠰᠤᠷᠭᠠᠳᠠᠭ᠃ ᠭᠠᠵᠠᠷ ᠪᠤᠶᠤ ᠬᠦᠷᠢᠶ᠎ᠡ ᠬᠠᠰᠢᠶ᠎ᠠ ᠱᠦᠬᠦᠷᠳᠡᠬᠦ ᠪᠠᠷ ᠦᠯᠢᠭᠡᠷᠯᠡᠪᠡᠯ᠂ ᠲᠡᠭᠡᠲᠡᠢ ᠳᠠᠯ᠎ᠠ ᠠᠴᠠ ᠨᠢ  ᠳᠤᠷᠤᠭᠰᠢ ᠡᠬᠦᠲᠡ ᠵᠦᠭ ᠳᠠᠷᠤᠵᠤ ᠱᠦᠬᠦᠷᠲᠡᠲᠡᠭ᠂ ᠡᠰᠡᠷᠬᠦ ᠪᠠᠷ᠂ ᠡᠲᠦᠵᠦ ᠱᠦᠬᠦᠷᠲᠡᠭᠡᠳ ᠪᠤᠳᠠᠷᠠᠭᠤᠯᠵᠤ  ᠮᠠᠨᠠᠷᠠᠭᠤᠯᠬᠤ ᠶᠢ ᠲᠡᠪᠴᠢᠲᠡᠭ᠃ ᠠᠷᠭᠠᠯ ᠲᠥᠯᠡᠭᠡ ᠠᠪᠬᠤ ᠳᠠᠭᠠᠨ ᠠᠰᠬᠠᠵᠤ ᠭᠤᠭᠤᠵᠢᠭᠤᠯᠬᠤ ᠶᠢ ᠲᠡᠪᠴᠢᠲᠡᠭ᠃  ᠡᠨᠡ ᠠᠵᠢᠯ ᠢ ᠬᠡᠨ ᠬᠢᠪᠡ︖ ᠭᠡᠵᠦ ᠠᠰᠠᠭᠤᠳᠠᠭ ᠶᠣᠮ ᠰᠢᠦ ᠬᠡᠵᠦ ᠶᠠᠮᠠᠷ ᠨᠢᠭᠡ ᠠᠵᠢᠯ ᠢ ᠵᠠᠪᠠᠯ ᠰᠠᠶᠢᠨ ᠰᠠᠶᠢᠬᠠᠨ  ᠬᠢᠬᠦ ᠳᠤ ᠵᠠᠩᠰᠢᠭᠤᠯᠳᠠᠭ᠃ ᠡᠷᠲᠡ ᠪᠤᠰᠪᠠᠯ ᠨᠢᠬᠡ ᠶᠢ ᠦᠵᠡᠨ᠎ᠡ᠂ ᠣᠷᠤᠢ ᠤᠨᠳᠠᠪᠠᠯ ᠨᠢᠭᠡ ᠶᠢ ᠰᠤᠨᠤᠰᠤᠨ᠎ᠠ ᠭᠡᠵᠦ  ᠪᠤᠰᠴᠤ ᠤᠨᠳᠠᠬᠤ ᠵᠦᠪ ᠳᠠᠳᠬᠠᠯ ᠳᠤ ᠵᠠᠩᠰᠢᠭᠤᠯᠳᠠᠭ᠃          ᠬᠡᠦᠬᠡᠳ ᠨᠠᠶᠢᠳᠠᠭᠠᠪᠠᠯ ᠬᠢᠮᠤᠷᠠᠬᠤ ᠭᠡᠵᠦ ᠪᠤᠢ ᠭᠡᠮᠡᠨ ︽ᠪᠤᠷᠬᠠᠨ ᠦᠷᠦᠰᠢᠶᠡ᠂ ᠪᠤᠭᠳᠠ ᠦᠷᠦᠰᠢᠶᠡ︾  ᠬᠡᠵᠦ ᠬᠢᠮᠤᠷᠠᠭ᠎ᠠ ᠠᠴᠠ ᠵᠠᠶᠢᠯᠠᠭᠤᠯᠬᠤ ᠪᠠᠷ ᠳᠠᠭᠠᠳᠬᠠᠳᠠᠭ᠃ ᠬᠡᠦᠬᠡᠳ ᠤᠨ ᠤᠷᠤᠭᠤᠯ ᠠᠮᠨ ᠭᠡᠮᠲᠦᠪᠡᠯ ᠰᠠᠮ ᠤᠨ  ᠳᠤᠬᠤ ᠶᠢ ᠭᠠᠯ ᠤᠨ ᠨᠤᠷᠮ᠎ᠠ ᠳᠤ ᠭᠤᠯᠤᠮᠳᠠᠵᠤ ᠪᠠᠶᠢᠭᠠᠳ ︽ᠣᠮ ᠪᠤᠯ᠂ ᠳᠤᠮ ᠪᠤᠯ᠂ ᠣᠳᠤ ᠪᠠᠷ ᠢᠶᠠᠨ ᠰᠠᠶᠢᠨ  ᠪᠤᠯ︕︾ ᠬᠡᠵᠦ ᠳᠤᠮᠨᠠᠵᠤ ᠦᠭᠲᠡᠭ ᠪᠦᠬᠡᠳ ᠪᠠᠯ ᠲᠠᠢ ᠤᠰᠤ ᠤᠤᠭᠤᠯᠭᠠᠳᠠᠭ᠃ ᠬᠦᠵᠦᠬᠦᠦ ᠨᠢ ᠭᠠᠵᠢᠪᠠᠯ  ᠬᠦᠪᠦᠷ ᠢᠶᠠᠷ ᠬᠦᠪᠦᠷᠲᠡᠨ ︽ᠳᠤᠮ ᠪᠤᠯ᠂ ᠣᠮ ᠪᠤᠯ᠂ ᠳᠤᠤᠷ᠎ᠠ ᠪᠠᠨ ᠰᠠᠶᠢᠨ ᠪᠤᠯ︾ ᠬᠡᠵᠦ ᠳᠤᠮᠨᠠᠵᠤ ᠦᠭᠲᠡᠭ᠃  ᠬᠠᠭᠠᠷᠢᠭᠤᠯ ᠬᠤᠷᠤᠬᠠᠢ ᠬᠠᠭᠠᠷᠢᠪᠠᠯ ᠬᠠᠭᠠᠷᠢᠭᠰᠠᠨ ᠭᠠᠵᠠᠷ ᠲᠤᠨᠢ ᠵᠢᠶᠠᠩ ᠲᠦᠷᠬᠢᠵᠦ ᠦᠭᠲᠡᠭ᠃ ᠬᠡᠦᠬᠡᠳ ᠠᠶᠤᠵᠤ  ᠰᠤᠴᠢᠪᠠᠯ ︽ᠮᠢᠨᠤ ᠁ ᠢᠷ᠎ᠡ︾ ᠬᠡᠵᠦ ᠳᠠᠭᠤᠳᠠᠬᠤ ᠶᠢᠨ ᠳᠠᠭᠠᠤ ᠠᠶᠤᠵᠤ ᠰᠤᠴᠢᠭᠰᠠᠨ ᠲᠡᠷᠨ ᠤᠷᠤᠨ ᠳᠤᠨᠢ  ᠰᠢᠭᠡᠯᠭᠡᠵᠦ᠂ ᠰᠦᠨᠢ ᠤᠨᠳᠠᠭᠰᠠᠨ ᠳᠠᠷᠤᠢ ᠡᠵᠢ ᠨᠢ ᠭᠡᠵᠢᠬᠡ ᠶᠢᠨ ᠦᠵᠦᠬᠦᠷ ᠢᠶᠠᠷ ᠢᠶᠠᠨ ᠰᠠᠬᠢᠭᠤᠰᠤ ᠶᠢ ᠨᠢ  ᠳᠠᠭᠤᠳᠠᠵᠤ ᠦᠭᠲᠡᠭ᠃ ᠬᠡᠦᠬᠡᠳ ᠤᠨᠠᠵᠤ ᠳᠤᠰᠪᠠᠯ ᠲᠡᠷᠨ ᠤᠷᠤᠨ ᠳᠤᠨᠢ ᠰᠢᠭᠡᠯᠭᠡᠲᠡᠭ᠃ ᠬᠡᠦᠬᠡᠳ ᠢᠷ  ᠮᠥᠷᠦ ᠲᠠᠢ ᠡᠳ᠋ ᠢᠶᠠᠷ ᠨᠠᠭᠠᠳᠴᠤ ᠮᠢᠬ᠎ᠠ ᠪᠠᠨ ᠡᠰᠭᠡᠬᠦ ᠪᠤᠶᠤ ᠵᠤᠯᠭᠠᠯᠠᠪᠠᠯ ᠡᠰᠬᠡᠵᠦ ᠵᠤᠯᠭᠠᠯᠠᠭᠰᠠᠨ ᠰᠢᠷᠬ᠎ᠠ  ᠲᠡᠭᠡᠷ᠎ᠡ ᠨᠢ ᠰᠢᠭᠡᠯᠭᠡᠲᠡᠭ᠃ ᠬᠡᠦᠬᠡᠳ ᠤᠨ ᠭᠡᠲᠡᠰᠦ ᠨᠢ ᠡᠪᠡᠳᠪᠡᠯ ᠰᠢᠷ᠎ᠠ ᠳᠤᠰᠤ ᠬᠠᠯᠠᠭᠠᠵᠤ ᠤᠤᠭᠤᠯᠭᠠᠳᠠᠭ᠃  ᠨᠢᠯᠬ᠎ᠠ ᠬᠡᠦᠬᠡᠳ ᠤᠨ ᠨᠢᠲᠦ ᠨᠢ ᠨᠤᠤᠬᠠᠳᠤᠬᠤ ᠪᠤᠶᠤ ᠡᠪᠡᠳᠪᠡᠯ ᠡᠬᠡ ᠨᠢ ᠨᠢᠲᠦᠨ ᠳᠤᠨᠢ ᠰᠦ ᠪᠠᠨ ᠰᠠᠭᠠᠵᠤ  ᠦᠭᠲᠡᠭ᠃ ᠬᠡᠦᠬᠡᠳ ᠤᠨ ᠪᠦᠬᠡ ᠪᠤᠯᠬᠤ ᠶᠢ ᠪᠡᠯᠭᠡᠲᠡᠵᠦ ᠬᠠᠭᠤᠴᠢᠨ ᠬᠤᠪᠴᠠᠰᠤ ᠡᠮᠥᠰᠭᠡᠬᠦ ᠶᠢ ᠡᠷᠬᠢᠮᠯᠡᠲᠡᠭ᠃  ᠬᠡᠦᠬᠡᠳ ᠵᠡᠬᠦᠲᠦ ᠪᠠᠷ ᠢᠶᠠᠨ ᠤᠬᠢᠯᠠᠪᠠᠯ ᠦᠨᠦᠰᠴᠦ ᠦᠬᠦᠭᠡᠷᠲᠡᠵᠦ ᠰᠡᠷᠡᠭᠡᠲᠡᠭ᠃ ᠬᠡᠦᠬᠡᠳ ᠤᠨ ᠤᠷᠤᠭᠤᠯ  ᠬᠤᠩᠰᠢᠶᠠᠷ ᠲᠡᠭᠡᠷ᠎ᠡ ᠨᠠᠮᠤᠰᠤ ᠭᠠᠷᠪᠠᠯ ᠠᠮᠢ ᠬᠤᠷᠤᠭᠠᠭᠰᠠᠨ ᠬᠦᠮᠥᠨ ᠢᠶᠠᠷ ᠳᠤᠮᠨᠠᠭᠤᠯᠳᠠᠭ᠃          ᠬᠡᠦᠬᠡᠳ ᠰᠠᠷ᠎ᠠ ᠲᠦᠬᠦᠷᠦᠭᠰᠡᠨ ᠦᠬᠡᠢ ᠪᠠᠷ ᠭᠡᠭᠡᠭᠲᠡᠪᠡᠯ ᠵᠠᠪᠠᠯ ᠨᠡᠷ᠎ᠡ ᠦᠭᠲᠡᠭ᠂ ᠦᠭᠡᠢ ᠪᠤᠯ ᠨᠢᠯᠬᠠᠰ ︵ ᠴᠢᠳᠬᠦᠷ ᠰᠢᠮᠨᠤ︶ ᠪᠤᠯᠤᠨ᠎ᠠ ᠭᠡᠲᠡᠭ᠃          ᠬᠤᠶᠠᠷ᠂ ᠶᠡᠷᠦ ᠶᠢᠨ ᠠᠮᠢᠳᠤᠷᠠᠯ ᠤᠨ ᠶᠤᠰᠤ ᠵᠠᠩᠰᠢᠯ          ᠴᠠᠭᠠᠨ ᠰᠠᠷ᠎ᠠ ᠪᠤᠯᠪᠠᠯ ᠠᠬᠠᠮᠠᠳ ᠨᠠᠰᠤᠳᠠᠳ ᠲᠤ ᠳᠠᠷᠠᠭᠠᠯᠠᠨ ᠬᠠᠳᠠᠭ ᠪᠠᠷᠢᠨ ᠵᠤᠯᠭᠠᠳᠠᠭ᠃ ᠵᠤᠴᠢᠨ ᠢᠷᠡᠪᠡᠯ  ᠬᠠᠰᠢᠶ᠎ᠠ ᠡᠬᠦᠲᠡᠨ ᠭᠠᠳᠠᠨ᠎ᠠ ᠪᠠᠨ ᠬᠦᠷᠴᠦ ᠤᠭᠳᠤᠨ ᠠᠪᠳᠠᠭ᠂ ᠶᠠᠪᠤᠬᠤ ᠦᠶ᠎ᠡ ᠳᠤᠨᠢ ᠬᠠᠰᠢᠶ᠎ᠠ ᠡᠬᠦᠲᠡᠨ  ᠭᠠᠳᠠᠨ᠎ᠠ ᠪᠠᠨ ᠭᠠᠷᠴᠤ ᠮᠤᠷᠳᠠᠭᠤᠯᠳᠠᠭ᠃ ᠢᠷᠡᠭᠰᠡᠨ ᠵᠤᠴᠢᠨ ᠤᠨᠤᠭ᠎ᠠ ᠲᠠᠢ ᠪᠤᠯ ᠤᠨᠤᠭ᠎ᠠ ᠶᠢ ᠨᠢ ᠳᠤᠰᠤᠨ ᠠᠪᠴᠤ  ᠤᠶᠠᠭ᠎ᠠ ᠲᠡᠭᠡᠷ᠎ᠡ ᠤᠶᠠᠵᠤ ᠠᠴᠢᠶ᠎ᠠ ᠬᠦᠰᠭᠡ ᠶᠢ ᠨᠢ ᠪᠠᠭᠤᠯᠭᠠᠨ ᠭᠡᠷ ᠲᠤ ᠠᠪᠴᠤ ᠣᠷᠤᠳᠠᠭ᠂ ᠶᠠᠪᠤᠬᠤ ᠦᠶ᠎ᠡ ᠳᠤ  ᠤᠨᠤᠭ᠎ᠠ ᠶᠢ ᠨᠢ ᠡᠮᠡᠭᠡᠯᠯᠡᠵᠦ ᠠᠴᠢᠶ᠎ᠠ ᠬᠦᠰᠭᠡ ᠶᠢ ᠨᠢ ᠠᠴᠢᠵᠤ ᠤᠶᠠᠭ᠎ᠠ ᠠᠴᠠ ᠠᠯᠳᠠᠷᠠᠭᠠᠵᠤ ᠵᠤᠴᠢᠨ ᠳᠤ  ᠴᠤᠯᠪᠤᠭᠤᠷ ᠢ ᠨᠢ ᠠᠳᠬᠤᠭᠤᠯᠵᠤ ᠮᠤᠷᠳᠠᠭᠤᠯᠳᠠᠭ᠃ ᠬᠠᠷᠢᠯᠴᠠᠨ ᠠᠭᠤᠯᠵᠠᠪᠠᠯ ᠨᠠᠰᠤ ᠲᠡᠭᠦᠦ ᠪᠤᠶᠤ ᠦᠶ᠎ᠡ  ᠳᠤᠤᠷ᠎ᠠ ᠨᠢ ᠡᠪᠦᠲᠦᠭ ᠳᠠᠷᠤᠨ ᠠᠮᠤᠷ ᠠᠰᠠᠭᠤᠳᠠᠭ᠃ ᠬᠤᠭᠤᠯᠨ ᠪᠤᠳᠠᠭ᠎ᠠ ᠢᠲᠡᠬᠦ ᠦᠶ᠎ᠡ ᠳᠤ ᠤᠷᠢᠳᠠᠪᠠᠷ ᠠᠬᠠᠮᠠᠳ  ᠨᠠᠰᠤᠳᠠᠳ ᠲᠠᠭᠠᠨ ᠲᠡᠭᠡᠵᠢ ᠶᠢ ᠠᠶᠠᠭᠠᠯᠠᠨ ᠪᠠᠷᠢᠵᠤ ᠳᠠᠷᠠᠭ᠎ᠠ ᠨᠢ ᠰᠠᠶ᠋ᠢ ᠬᠡᠦᠬᠡᠳ ᠦᠷ᠎ᠡ ᠠᠴᠢᠷ ᠨᠢ ᠠᠶᠠᠭᠠᠯᠠᠨ  ᠠᠪᠳᠠᠭ᠃ ᠠᠷᠢᠬᠢ ᠳᠠᠷᠠᠰᠤ ᠣᠤᠭᠤᠬᠤ ᠳᠤ ᠤᠷᠢᠳᠠᠪᠠᠷ ᠠᠬᠠᠮᠠᠳ ᠨᠠᠰᠤᠳᠠᠳ ᠲᠠᠭᠠᠨ ᠬᠡᠮᠨᠡᠵᠦ ᠳᠠᠷᠠᠭ᠎ᠠ ᠨᠢ ᠰᠠᠶ᠋ᠢ  ᠬᠤᠪᠢ ᠪᠠᠷ ᠢᠶᠠᠨ ᠲᠦᠭᠦᠷᠭᠡᠨ ᠠᠪᠳᠠᠭ᠃ ᠠᠷᠢᠬᠢ ᠪᠠᠷᠢᠬᠤ ᠳᠠᠭᠠᠨ ᠬᠤᠨᠳᠠᠭ᠎ᠠ ᠪᠠᠨ ᠪᠠᠷᠠᠭᠤᠨ ᠠᠯᠠᠭᠠᠨ ᠤ ᠳᠤᠮᠳᠠ  ᠬᠤᠷᠤᠭᠤᠨ ᠲᠡᠭᠡᠷ᠎ᠡ ᠪᠠᠨ ᠳᠠᠯᠪᠢᠵᠦ ᠡᠷᠡᠭᠡᠢ ᠬᠤᠷᠤᠭᠤ ᠪᠠᠨ ᠬᠤᠨᠳᠠᠭᠠᠨ ᠢᠷᠮᠡᠭ ᠠᠴᠠ ᠵᠢᠭᠠᠬᠠᠨ ᠳᠣᠤᠭᠤᠷ  ᠪᠠᠶᠢᠯᠭᠠᠵᠣ ᠵᠡᠬᠦᠨ ᠠᠯᠠᠭ᠎ᠠ ᠪᠠᠨ ᠪᠠᠷᠠᠭᠤᠨ ᠠᠯᠠᠭ᠎ᠠ ᠶᠢᠨ ᠳᠣᠤᠭᠤᠷ ᠳᠤᠰᠴᠤ 2 ᠭᠠᠷ ᠢᠶᠠᠨ ᠰᠣᠩᠭᠠᠨ ᠪᠠᠶ᠎ᠠ ᠪᠠᠨ  ᠮᠡᠬᠦ᠋ᠢᠨ ᠳᠡᠪᠰᠢᠬᠦᠯᠲᠡᠭ᠃ ᠪᠠᠷᠠᠭᠤᠨ ᠭᠠᠷ ᠢᠶᠠᠷ ᠬᠦᠢᠴᠡᠳᠭᠡᠲᠡᠭ ᠨᠢ ᠪᠠᠷᠠᠭᠤᠨ ᠭᠠᠷ ᠲᠠᠯ᠎ᠠ ᠶᠢ ᠲᠡᠭᠡᠲᠦ ᠲᠠᠯ᠎ᠠ ᠪᠠᠷ  ᠦᠵᠡᠲᠡᠭ ᠠᠴᠠ ᠪᠣᠯᠣᠭᠰᠠᠨ ᠪᠠᠶᠢᠭ᠎ᠠ᠃ ᠬᠤᠶᠠᠷ ᠭᠠᠷ ᠢᠶᠠᠷ ᠪᠡᠶ᠎ᠡ ᠮᠡᠬᠦ᠋ᠢᠨ ᠳᠡᠪᠰᠢᠬᠦᠯᠲᠡᠭ ᠨᠢ ᠪᠦᠬᠦ  ᠰᠡᠳᠬᠢᠯ ᠢᠶᠠᠷ ᠢᠶᠠᠨ ᠬᠦᠨᠳᠦᠳᠭᠡᠵᠦ ᠪᠠᠶᠢᠭ᠎ᠠ ᠪᠠᠨ ᠢᠯᠡᠳᠬᠡᠵᠦ ᠪᠠᠶᠢᠳᠠᠭ᠃ ᠠᠬᠠᠮᠠᠳᠴᠣᠤᠯ ᠬᠡᠦᠬᠡᠳ ᠲᠡᠬᠦᠦ  ᠨᠠᠷ ᠲᠠᠭᠠᠨ ᠠᠷᠢᠬᠢ ᠦᠭᠬᠦ ᠶᠢ ᠠᠷᠢᠬᠢ ᠱᠠᠩᠨᠠᠬᠤ ᠬᠡᠬᠦ ᠪᠣᠶᠣ ᠠᠷᠢᠬᠢ ᠬᠠᠶᠢᠷᠠᠯᠠᠬᠤ ᠬᠡᠵᠦ ᠬᠡᠯᠡᠲᠡᠭ᠃ ᠬᠤᠨᠳᠠᠭ᠎ᠠ  ᠮᠥᠷᠬᠦᠬᠦᠯᠬᠦ ᠳᠤ ᠠᠬᠠᠮᠠᠳᠴᠤᠤᠯ ᠲᠠᠢ ᠵᠢᠭᠠᠬᠠᠨ ᠳᠣᠤᠭᠤᠷ ᠮᠥᠷᠬᠦᠬᠦᠯᠵᠦ ᠬᠤᠷᠠᠭᠴᠣᠤᠨ ᠲᠠᠢ ᠪᠠᠨ ᠪᠣᠯ  ᠰᠠᠴᠠᠭᠤᠯᠠᠨ ᠮᠥᠷᠬᠦᠬᠦᠯᠲᠡᠭ᠃ ᠠᠷᠢᠬᠢ ᠶᠢ ᠨᠡᠷᠡᠭᠦ ᠪᠤᠶᠤ ᠮᠥᠷᠬᠦᠬᠦᠯᠬᠦ ᠳᠤ ᠪᠦᠷ ᠳᠦᠬᠦᠷᠡᠩ ᠪᠡᠯᠬᠡ ᠶᠢ ᠡᠷᠬᠢᠮᠯᠡᠵᠦ  ᠬᠤᠨᠳᠠᠭ᠎ᠠ ᠪᠠᠨ ᠮᠡᠯᠮᠡᠯᠵᠡᠲᠡᠯ᠎ᠡ ᠲᠦᠬᠦᠷᠭᠡᠲᠡᠭ᠃ ᠭᠡᠪᠡᠴᠤ ᠠᠰᠬᠠᠵᠦ ᠴᠠᠯᠬᠢᠭᠤᠯᠬᠤ ᠶᠢ ᠴᠡᠭᠡᠷᠯᠡᠲᠡᠭ᠃  ᠠᠬᠠᠮᠠᠳᠴᠣᠤᠯ ᠳᠤ ᠨᠡᠷᠡᠭᠰᠡᠨ ᠠᠷᠢᠬᠢ ᠪᠠᠨ ︽ᠣᠤᠭᠤᠴᠢᠬ᠎ᠠ︾ ᠬᠡᠵᠦ ᠱᠠᠯᠠᠳᠠᠭ ᠦᠬᠡᠢ ᠬᠠᠷᠢᠨ ︽ᠪᠠᠯᠭᠤᠨ᠎ᠠ ᠤᠤ᠂ ᠳᠤᠭᠳᠠᠭᠠᠨ᠎ᠠ ᠤᠤ᠂ ᠠᠮᠰᠠᠨ᠎ᠠ ᠤᠤ︕︾ ᠬᠡᠵᠦ ᠬᠦᠰᠡᠳᠡᠭ ᠶᠣᠮ ᠡ᠃ ᠠᠬᠠᠮᠠᠳᠴᠣᠤᠯ ᠤᠨ ᠱᠠᠩᠨᠠᠭᠰᠠᠨ  ᠠᠷᠢᠬᠢ ᠶᠢ ᠴᠤ ᠭᠡᠰᠡᠨ᠂ ᠮᠥᠷᠬᠦᠬᠦᠯᠥᠭᠰᠡᠨ ᠠᠷᠢᠬᠢ ᠶᠢ ᠴᠦ ᠭᠡᠰᠡᠨ᠂ ᠬᠡᠮᠨᠡᠭᠰᠡᠨ ᠠᠷᠢᠬᠢ ᠶᠢ ᠴᠤ ᠭᠡᠰᠡᠨ  ᠶᠣᠰᠤᠨ ᠳᠠᠭᠠᠨ ᠪᠦᠬᠦᠨ ᠢ ᠪᠠᠯᠭᠤᠳᠠᠭ᠃ ᠠᠷᠢᠬᠢ ᠶᠢ ᠳᠤᠭᠳᠠᠭᠠᠬᠤ ᠳᠠᠭᠠᠨ ᠢᠳᠠᠮ ᠬᠤᠷᠤᠭᠤ ᠪᠠᠷ ᠢᠶᠠᠨ ᠤᠷᠢᠳᠠᠪᠠᠷ  ᠲᠡᠭᠡᠭᠰᠢ ︵ᠡᠴᠢᠭᠡ ᠲᠡᠭᠷᠢ ᠳᠤ︶ ᠭᠤᠷᠪᠠᠨᠳᠠ ᠰᠡᠷᠵᠢᠮᠯᠡᠵᠦ᠂ ᠳᠤᠷᠤᠭᠰᠢ ︵ᠡᠬᠡ ᠭᠠᠵᠠᠷ ᠲᠤ︶ ᠭᠤᠷᠪᠠᠨᠳᠠ  ᠰᠡᠷᠵᠢᠮᠯᠡᠵᠦ᠂ ᠵᠤᠯᠠᠢ ᠲᠡᠭᠡᠷ᠎ᠡ ︵ᠡᠪᠦᠭᠡ ᠲᠡᠭᠡᠲᠦᠰ ᠲᠤ ᠡᠷᠬᠦᠵᠦ ᠪᠤᠢ ᠭᠡᠲᠡᠭ ᠰᠠᠨᠠᠭ᠎ᠠ︶ ᠪᠠᠨ ᠭᠤᠷᠪᠠᠨᠳᠠ  ᠮᠢᠯᠢᠶᠠᠵᠤ ᠳᠠᠷᠠᠭ᠎ᠠ ᠨᠢ ᠰᠠᠶ᠋ᠢ ᠦᠪᠡᠷ ᠢᠶᠠᠨ ᠪᠠᠯᠭᠤᠳᠠᠭ᠃ ᠶᠠᠭ ᠠᠷᠢᠬᠢ ᠣᠤᠭᠤᠳᠠᠭ ᠦᠬᠡᠢ ᠪᠣᠯ ᠡᠷᠭᠡᠪᠰᠢ  ᠠᠮᠰᠠᠵᠦ ᠰᠡᠳᠬᠢᠯ ᠢ ᠨᠢ ᠳᠤᠭᠳᠠᠭᠠᠭᠰᠠᠨ ᠢᠶᠠᠨ ᠢᠯᠡᠳᠭᠡᠲᠡᠭ᠃ ᠳᠠᠶᠢᠯᠠᠯᠭ᠎ᠠ ᠳᠤ ᠰᠠᠭᠤᠬᠤ ᠳᠠᠭᠠᠨ ᠰᠢᠷᠡᠭᠡᠨ ᠤ  ᠭᠤᠤᠯ ᠰᠠᠭᠤᠳᠠᠯ ᠢ ᠡᠷᠭᠡᠪᠰᠢ ᠬᠠᠮᠤᠭ ᠤᠨ ᠠᠬᠠᠮᠠᠳ ᠲᠤ ᠳᠠᠯᠪᠢᠵᠤ ᠦᠭᠲᠡᠭ᠃ ᠵᠠᠯᠠᠭᠤ ᠪᠠᠭ᠎ᠠ ᠬᠦᠮᠥᠰ ᠪᠣᠯ  ᠵᠡᠬᠦᠨ ᠭᠠᠷ ᠳᠠᠯ᠎ᠠ ᠶᠢ ᠪᠠᠷᠢᠵᠣ ᠰᠠᠭᠤᠳᠠᠭ᠃ ᠪᠠᠷᠠᠭᠤᠨ ᠭᠠᠷ ᠳᠠᠯ᠎ᠠ ᠪᠣᠯ ᠲᠡᠭᠡᠲᠦ ᠲᠠᠯ᠎ᠠ ᠪᠠᠶᠢᠳᠠᠭ ᠢᠶᠠᠷ ᠨᠢ  ᠠᠬᠠᠮᠠᠳᠴᠣᠤᠯ ᠢ ᠰᠠᠭᠤᠯᠭᠠᠳᠠᠭ᠃ ᠠᠬᠠᠮᠠᠳᠴᠣᠤᠯ ᠪᠠᠶᠢᠳᠠᠭ ᠦᠬᠡᠢ ᠦᠶ᠎ᠡ ᠳᠤ ᠰᠠᠶ᠋ᠢ ᠵᠠᠯᠠᠭᠤᠴᠤᠳ ᠦᠶ᠎ᠡ ᠪᠣᠶᠣ  ᠨᠠᠰᠤᠨ ᠤ ᠪᠠᠨ ᠳᠠᠷᠠᠭᠠᠯᠠᠯ ᠢᠶᠠᠷ ᠰᠠᠭᠤᠳᠠᠭ᠃ ᠭᠤᠤᠯ ᠰᠠᠭᠤᠳᠠᠯ ᠬᠡᠭᠴᠢ ᠶᠡᠷᠦ ᠨᠢ ᠡᠭᠦᠲᠡ ᠲᠠᠢ ᠡᠰᠡᠷᠭᠦᠯᠡᠭᠰᠡᠨ  ᠲᠦᠪ ᠣᠷᠣ ᠶᠢ ᠬᠡᠯᠡᠲᠡᠭ᠃ ᠬᠡᠦᠬᠡᠳ ᠲᠡᠭᠦᠦ ᠨᠠᠷ ᠪᠣᠯᠣᠭᠰᠠᠳ ᠰᠢᠷᠡᠭᠡᠨ ᠲᠡᠭᠡᠷ᠎ᠡ ᠶᠡᠷᠦ ᠨᠢ ᠠᠬᠠᠮᠠᠳᠴᠣᠤᠯ ᠠᠴᠠ  ᠡᠮᠥᠨ᠎ᠡ ᠠᠶᠠᠭ᠎ᠠ ᠰᠠᠪᠬ᠎ᠠ ᠬᠦᠲᠡᠯᠬᠡᠲᠡᠭ ᠦᠬᠡᠢ᠃ ᠬᠡᠷᠪᠡ ᠬᠦᠲᠡᠯᠭᠡᠪᠠᠯ ᠠᠬᠠᠮᠠᠳᠴᠣᠤᠯ ᠳᠡᠭᠡᠨ ᠲᠡᠭᠡᠵᠢ ᠶᠢ ᠨᠢ  ᠰᠠᠪᠬᠠᠯᠠᠵᠦ ᠠᠮᠰᠠᠭᠤᠯᠣᠭᠠᠳ ᠲᠠᠷᠠᠭ᠎ᠠ ᠨᠢ ᠰᠠᠶ᠋ᠢ ᠦᠪᠡᠷ ᠢᠶᠠᠨ ᠰᠠᠪᠬᠠᠯᠠᠳᠠᠭ᠃ ᠠᠬᠠᠮᠠᠳ ᠪᠠ ᠵᠤᠴᠢᠳ ᠲᠤ  ᠪᠤᠳᠠᠭ᠎ᠠ ᠠᠶᠠᠭᠠᠯᠠᠬᠤ ᠳᠠᠭᠠᠨ ᠬᠤᠶᠠᠷ ᠭᠠᠷ ᠢᠶᠠᠷ ᠢᠶᠠᠨ ᠦᠭᠲᠡᠭ᠃ ᠠᠬᠠᠮᠠᠳ ᠬᠦᠮᠥᠨ ᠤ ᠠᠶᠠᠭᠠᠯᠠᠵᠤ ᠦᠭᠬᠦᠭᠰᠡᠨ  ᠪᠤᠳᠠᠭ᠎ᠠ ᠶᠢ ᠪᠤᠰᠴᠤ ᠪᠠᠶᠢᠨ ᠬᠤᠶᠠᠷ ᠭᠠᠷ ᠢᠶᠠᠷ ᠢᠶᠠᠨ ᠳᠤᠰᠴᠤ ᠠᠪᠳᠠᠭ᠃ ᠣᠰᠤ ᠴᠠᠢ ᠶᠢ ᠴᠤ ᠬᠤᠭᠤᠯᠨ  ᠪᠤᠳᠠᠭ᠎ᠠ ᠲᠠᠢ ᠠᠳᠠᠯᠢᠬᠠᠨ ᠪᠠᠶᠢᠯᠭᠠᠳᠠᠭ᠃ ᠳᠠᠮᠠᠬᠢ ᠨᠤᠴᠤᠭᠠᠵᠤ ᠦᠭᠬᠦ ᠳᠡᠭᠡᠨ ᠵᠠᠪᠠᠯ ᠰᠤᠷᠤᠭᠤᠯ ᠢᠶᠠᠷ ᠨᠢ ᠦᠭᠲᠡᠭ  ᠪᠦᠬᠡᠳ ᠰᠤᠷᠤᠭᠤᠯ ᠢ ᠨᠢ ᠵᠦᠯᠬᠦᠬᠡᠳ ᠦᠭᠲᠡᠭ᠃ ᠶᠡᠷᠦ ᠶᠢᠨ ᠪᠠᠶᠢᠳᠠᠯ ᠳᠤ ᠵᠠᠯᠠᠭᠤᠴᠣᠳ ᠪᠠᠭᠠᠴᠣᠤᠯ ᠬᠦᠩᠬᠡᠨ  ᠱᠠᠯᠠᠮᠠᠭ ᠢᠲᠡᠵᠦ ᠣᠤᠭᠤᠨ᠂ ᠯᠠᠷᠵᠢᠶ᠎ᠠ ᠶᠠᠩᠪᠠ ᠲᠠᠳᠠᠳᠠᠭ ᠦᠬᠡᠢ᠃ ᠢᠲᠡᠵᠦ ᠣᠤᠭᠤᠭᠠᠳ ᠴᠠᠳᠪᠠᠯ  ᠠᠬᠠᠮᠠᠳᠴᠣᠤᠯ ᠳᠠᠭᠠᠨ ᠪᠠᠷ᠎ᠠ ᠪᠣᠯᠵᠣ ᠰᠠᠭᠤᠳᠠᠭ᠃ ᠬᠡᠵᠢᠶ᠎ᠡ ᠠᠬᠠᠮᠠᠳᠴᠣᠤᠯ ᠢᠲᠡᠵᠦ ᠣᠤᠭᠤᠵᠤ ᠳᠠᠭᠤᠰᠤᠭᠰᠠᠨ  ᠬᠤᠶᠢᠨ᠎ᠠ ᠬᠠᠮᠲᠤ ᠳᠠᠭᠠᠨ ᠰᠢᠷᠡᠭᠡᠨ ᠠᠴᠠ ᠪᠠᠭᠤᠳᠠᠭ᠃ ᠨᠠᠰᠤ ᠪᠠᠷ ᠨᠡᠯᠢᠶᠡᠳ ᠦᠨᠲᠦᠷ ᠠᠬᠠᠮᠠᠳ ᠪᠠᠶᠢᠪᠠᠯ  ᠲᠦᠰᠢᠵᠦ ᠪᠣᠰᠬᠠᠨ ᠲᠡᠪᠡᠯ ᠬᠤᠪᠴᠠᠰᠤ ᠶᠢ ᠨᠢ ᠵᠠᠰᠠᠵᠤ ᠵᠠᠯᠠᠵᠣ ᠦᠭᠲᠡᠭ ᠡ᠃ ᠶᠡᠷᠦ ᠳᠡᠭᠡᠨ ᠠᠬᠠᠮᠠᠳ  ᠨᠠᠰᠤᠳᠠᠳ ᠤᠨ ᠲᠡᠭᠡᠷ᠎ᠡ ᠳᠠᠯ᠎ᠠ ᠳᠤ ᠰᠠᠭᠤᠳᠠᠭ ᠦᠬᠡᠢ᠃ ᠵᠠᠯᠠᠭᠤᠴᠣᠳ ᠪᠠᠭᠠᠴᠤᠤᠯ ᠠᠬᠠᠮᠠᠳ ᠳᠤᠮᠤᠴᠣᠤᠯ ᠲᠠᠢ  ᠬᠠᠮᠳᠤ ᠵᠠᠮᠨᠠᠬᠤ ᠳᠠᠭᠠᠨ ᠶᠠᠭ ᠵᠡᠷᠬᠡᠴᠡᠵᠦ ᠶᠠᠪᠣᠳᠠᠭ ᠪᠢᠰᠢ᠂ ᠬᠠᠷᠢᠨ ᠮᠡᠲᠡᠭᠲᠡᠮ᠎ᠡ ᠠᠷᠣ ᠳᠤᠨᠢ ᠳᠠᠭᠠᠬᠤ ᠰᠢᠥ  ᠶᠠᠪᠣᠳᠠᠭ᠃ ᠵᠠᠯᠠᠭᠤᠴᠣᠳ ᠪᠠᠭᠠᠴᠣᠤᠯ ᠠᠬᠠᠮᠠᠳᠴᠣᠤᠯ ᠤᠨ ᠬᠠᠮᠳᠤ ᠭᠡᠷ ᠲᠤ ᠤᠷᠤᠬᠤ ᠳᠠᠭᠠᠨ ᠡᠬᠦᠲᠡ  ᠪᠣᠯᠢᠶᠠᠯᠳᠤᠳᠠᠭ ᠦᠬᠡᠢ᠂ ᠡᠷᠭᠡᠪᠰᠢ ᠠᠬᠠᠮᠠᠳᠴᠣᠤᠯ ᠢ ᠣᠷᠢᠲᠠᠪᠡᠷ ᠣᠷᠢᠵᠦ ᠣᠷᠣᠭᠤᠯᠳᠠᠭ᠃ ᠵᠠᠯᠠᠭᠤ ᠪᠠᠭ᠎ᠠ ᠣᠯᠣᠰ  ᠠᠬᠠᠮᠠᠳ ᠳᠤᠮᠣᠴᠣᠤᠯ ᠤᠨ ᠡᠮᠥᠨ᠎ᠡ ᠨᠢᠷᠣᠭᠤ ᠡᠭᠦᠷᠴᠤ ᠶᠠᠪᠣᠳᠠᠭ ᠦᠬᠡᠢ᠂ ᠬᠦᠯ ᠰᠤᠯᠪᠢᠵᠣ ᠰᠠᠭᠤᠳᠠᠭ ᠦᠬᠡᠢ᠃  ᠬᠡᠦᠬᠡᠳ ᠲᠡᠬᠦᠦ ᠨᠠᠷ ᠬᠦᠮᠥᠨ ᠠᠬᠠᠮᠠᠳᠴᠣᠤᠯ ᠲᠠᠢ ᠶᠠᠷᠢᠯᠴᠠᠬᠤ ᠳᠠᠭᠠᠨ ᠡᠶᠢᠰᠢ ᠲᠡᠶᠢᠰᠢ ᠬᠤᠯᠬᠠᠯᠵᠠᠳᠠᠭ ᠦᠬᠡᠢ᠂  ᠬᠠᠷᠢᠨ ᠴᠢᠷᠠᠢ ᠦᠬᠡᠲᠡ ᠨᠢ ᠠᠰ ᠰᠢᠷᠲᠡᠨ ᠡᠶᠡᠪᠡᠷᠬᠦᠦ ᠶᠠᠷᠢᠲᠠᠭ᠃ ᠬᠡᠦᠬᠡᠳ ᠲᠡᠭᠦᠦ ᠨᠠᠷ ᠬᠦᠮᠥᠨ  ᠠᠬᠠᠮᠠᠳᠴᠣᠤᠯ ᠢ ︽ᠬᠦᠶ᠋ᠢ︾ ᠬᠡᠵᠦ ᠳᠠᠭᠤᠳᠠᠳᠠᠭ ᠦᠬᠡᠢ᠂ ᠬᠠᠷᠢᠨ ᠶᠠᠭᠤ ᠬᠡᠵᠦ ᠳᠠᠭᠤᠳᠠᠳᠠᠭ ᠪᠣᠯ ᠲᠡᠷᠨ  ᠳᠠᠭᠤᠳᠠᠯᠭ᠎ᠠ ᠪᠠᠷ ᠢᠶᠠᠨ ᠳᠠᠭᠤᠳᠠᠳᠠᠭ᠂ ᠡᠰᠡᠪᠡᠯ ᠨᠠᠰᠤᠨ ᠤ ᠪᠠᠷᠤᠭ ᠢ ᠦᠵᠡᠵᠦ ᠳᠠᠭᠤᠳᠠᠳᠠᠭ᠃ ᠬᠡᠷᠪᠡ  ᠲᠦᠯᠥᠬᠡᠯᠡᠬᠦᠯᠵᠦ ᠳᠠᠭᠤᠳᠠᠬᠤ ᠳᠤ ᠬᠦᠷᠪᠡᠯ ︽ᠲᠠ︾ ᠬᠡᠵᠦ ᠯᠠ ᠲᠦᠯᠥᠬᠡᠯᠡᠬᠦᠯᠲᠡᠭ᠃ ᠠᠬᠠᠮᠠᠳᠴᠣᠤᠯ  ᠳᠠᠭᠤᠳᠠᠬᠤ ᠳᠤ ᠬᠡᠦᠬᠡᠳ ᠲᠡᠬᠦᠦ ᠨᠠᠷ ᠬᠦᠮᠥᠨ ︽ᠵᠠ︕︾ ᠬᠡᠵᠦ ᠬᠦᠯᠢᠶᠡᠲᠡᠭ ᠪᠣᠶᠣ ︽ᠠ︖︾ ᠬᠡᠵᠦ ᠯᠠ  ᠯᠠᠪᠯᠠᠳᠠᠭ᠃          ᠪᠡᠷᠢ ᠪᠤᠯᠤᠭᠰᠠᠳ ᠬᠠᠳᠠᠮ ᠤᠨ ᠢᠶᠠᠨ ᠠᠬᠠᠮᠠᠳ ᠬᠦᠮᠥᠨ ᠤ ᠨᠡᠷ᠎ᠡ ᠶᠢ ᠴᠡᠭᠡᠷᠯᠡᠲᠡᠭ᠃ ᠡᠷ᠎ᠡ ᠡᠮ᠎ᠡ  ᠬᠤᠶᠠᠭᠤᠯᠨ ᠬᠤᠭᠤᠷᠤᠨᠳᠤ ᠪᠠᠨ ᠬᠦᠨᠳᠦᠳᠭᠡᠵᠦ ᠬᠠᠷᠢᠯᠴᠠᠨ ᠰᠢᠭᠤᠳ ᠨᠡᠷ᠎ᠡ ᠪᠠᠷ ᠢᠶᠠᠨ ᠳᠠᠭᠤᠳᠠᠳᠠᠭ ᠦᠭᠡᠢ᠃  ᠵᠠᠯᠠᠭᠤ ᠳᠠᠭᠠᠨ ᠬᠠᠷᠢᠯᠴᠠᠨ ︽ᠮᠠᠨ ᠤ ᠬᠦᠮᠥᠨ ᠡ︾ ᠬᠡᠵᠦ᠂ ᠠᠬᠠᠰᠢᠷᠠᠪᠠᠯ ︽ᠡᠪᠦᠬᠡᠨ ᠡ᠂ ᠬᠦᠭᠰᠢᠨ ᠡ︾ ᠬᠡᠵᠦ  ᠬᠠᠷᠢᠯᠴᠠᠨ ᠳᠠᠭᠤᠳᠠᠳᠠᠭ᠃ ᠡᠷ᠎ᠡ ᠡᠮ᠎ᠡ ᠬᠤᠶᠠᠭᠤᠯᠨ ᠪᠡᠶ᠎ᠡ ᠪᠡᠶᠡᠨ ᠤ ᠪᠠᠨ ᠳᠤᠬᠠᠢ ᠠᠬᠠᠰ ᠵᠠᠬᠠᠰ ᠲᠤ  ᠶᠠᠷᠢᠬᠤ ᠳᠠᠭᠠᠨ ︽ᠤᠴᠢ ᠪᠡᠷᠢ ᠴᠢᠨᠢ᠂ ᠬᠦᠦ ᠪᠠᠷᠢ ᠴᠢᠨᠢ᠂ ᠲᠡᠭᠦᠦ ᠪᠡᠷᠢ ᠴᠢᠨᠢ᠂ ᠤᠴᠢ ᠬᠦᠦ ᠴᠢᠨᠢ᠂ ᠬᠦᠦ  ᠴᠢᠨᠢ᠂ ᠲᠡᠬᠦᠦ ᠴᠢᠨᠢ᠂ ᠠᠩᠭ᠎ᠠ ᠴᠢᠨᠢ︾ ᠬᠡᠵᠦ᠂ ᠬᠡᠦᠬᠡᠳ ᠲᠡᠬᠦᠦ ᠨᠠᠷ ᠲᠤ ᠶᠠᠷᠢᠬᠤ ᠳᠠᠭᠠᠨ ᠶᠠᠭᠤ ᠪᠤᠯᠪᠠᠯ  ᠶᠠᠭᠤ ᠪᠠᠷ ᠨᠢ ︽ᠠᠪᠠᠭ᠎ᠠ ᠴᠢᠨᠢ᠂ ᠠᠪᠠᠭ᠎ᠠ ᠡᠭᠡᠴᠢ ᠴᠢᠨᠢ︾ ᠁ ᠭᠡᠲᠡᠭ ᠡ᠃          ᠭᠠᠯ ᠤᠨ ᠪᠤᠷᠬᠠᠨ ᠪᠤᠷᠤᠭᠤ ᠦᠵᠡᠨ᠎ᠡ ᠭᠡᠵᠦ ᠭᠠᠯ ᠤᠨ ᠲᠡᠭᠡᠭᠦᠷ ᠠᠯᠬᠤᠵᠤ ᠭᠠᠷᠬᠤ᠂ ᠭᠠᠯ ᠲᠡᠭᠡᠷ᠎ᠡ  ᠬᠦᠯ ᠢᠶᠠᠨ ᠪᠦᠯᠢᠶᠡᠰᠭᠡᠬᠦ᠂ ᠭᠠᠯ ᠳᠤ ᠣᠰᠤ ᠠᠰᠬᠠᠬᠤ ᠶᠢ ᠴᠡᠭᠡᠷᠯᠡᠲᠡᠭ᠃ ᠬᠦᠮᠥᠨ ᠤ ᠦᠬᠡᠲᠡ ᠠᠴᠠ ︽ᠨᠢᠭᠡ  ᠬᠤᠷᠤᠭᠤ ᠪᠠᠷ ᠵᠢᠭᠠᠪᠠᠯ ᠰᠢᠭᠤᠳ ᠬᠠᠷᠢᠶᠠᠵᠤ ᠪᠠᠶᠢᠨ᠎ᠠ᠂ ᠬᠤᠶᠠᠷ ᠬᠤᠷᠤᠭᠤ ᠪᠠᠷ ᠵᠢᠭᠠᠪᠠᠯ ᠳᠠᠦᠯᠠᠢ ᠭᠡᠵᠦ ᠬᠠᠷᠢᠶᠠᠵᠤ  ᠪᠠᠶᠢᠨ᠎ᠠ︾ ᠬᠡᠵᠦ ᠬᠤᠷᠤᠭᠤ ᠪᠠᠷ ᠵᠢᠭᠠᠬᠤ ᠶᠢ ᠴᠡᠭᠡᠷᠯᠡᠲᠡᠭ᠃ ᠢᠷᠡᠬᠦ ᠬᠦᠮᠥᠨ ᠤ ᠦᠭᠡᠲᠡ ᠠᠴᠠ ᠬᠤᠭᠤᠰᠤᠨ ᠰᠠᠪᠠ  ᠪᠠ ᠬᠤᠭ ᠠᠪᠴᠤ ᠭᠠᠷᠬᠤ ᠵᠢᠴᠢ ᠶᠠᠪᠤᠬᠤ ︵ᠭᠠᠷᠬᠤ︶ ᠬᠦᠮᠥᠨ ᠤ ᠠᠷᠤ ᠠᠴᠠ ᠬᠤᠭ ᠬᠠᠶᠠᠬᠤ ᠶᠢ ᠴᠡᠭᠡᠷᠯᠡᠲᠡᠭ᠃  ᠬᠦᠮᠥᠨ ᠤ ᠦᠬᠡᠲᠡ ᠠᠴᠠ ᠨᠤᠯᠮᠤᠬᠤ ᠶᠢ ᠴᠡᠭᠡᠷᠯᠡᠲᠡᠭ᠃ ᠵᠤᠴᠢᠨ ᠪᠠᠶᠢᠬᠤ ᠦᠶ᠎ᠡ ᠳᠤ ᠬᠡᠦᠬᠡᠳ ᠢᠶᠠᠨ ᠵᠠᠩᠨᠠᠵᠤ  ᠰᠤᠷᠭᠠᠬᠤ ᠪᠠ ᠭᠡᠷ ᠦᠷᠦᠭᠡ ᠪᠠᠨ ᠱᠦᠬᠦᠷᠲᠡᠵᠦ ᠠᠷᠢᠯᠭᠠᠬᠤ ᠶᠢ ᠴᠡᠭᠡᠷᠯᠡᠲᠡᠭ᠃ ᠰᠦᠨᠢ ᠣᠷᠤᠢ ᠪᠠᠷ ᠬᠤᠭ ᠬᠠᠶᠠᠬᠤ  ᠪᠠ ᠦᠨᠡᠰᠦ ᠶᠢ ᠭᠠᠯ ᠲᠠᠢ ᠬᠠᠶᠠᠬᠤ ᠶᠢ ᠴᠡᠭᠡᠷᠯᠡᠲᠡᠭ᠃ ᠬᠦᠨᠳᠦ ᠡᠪᠡᠳᠴᠢᠲᠡᠨ ᠢ ᠦᠲᠡ ᠠᠴᠠ ᠬᠤᠶᠢᠰᠢ ᠦᠵᠡᠵᠦ  ᠪᠤᠯᠭᠤᠭᠠᠬᠤ ᠶᠢ ᠴᠡᠭᠡᠷᠯᠡᠲᠡᠭ᠃ ᠠᠶᠢᠯ ᠡᠷᠦᠭᠡ ᠳᠤ ᠣᠷᠤᠬᠤ ᠳᠤ ᠮᠢᠯᠠᠭ᠎ᠠ᠂ ᠳᠠᠰᠢᠭᠤᠷ᠂ ᠰᠦᠬᠡ᠂ ᠬᠠᠳᠤᠭᠤᠷ  ᠵᠡᠷᠭᠡ ᠶᠢ ᠠᠪᠴᠤ ᠤᠷᠤᠬᠤ ᠶᠢ ᠴᠡᠭᠡᠷᠯᠡᠲᠡᠭ᠃ ᠠᠶᠢᠯ ᠡᠷᠦᠭᠡ ᠳᠤ ᠪᠤᠭᠴᠤ᠂ ᠠᠴᠢᠮᠠᠭ ᠵᠢᠴᠢ ᠪᠤᠰᠤᠳ ᠶᠠᠭᠤ  ᠨᠢᠬᠡ ᠶᠢ ᠡᠬᠦᠷᠴᠦ ︵ᠮᠥᠷᠦᠯᠡᠵᠦ︶ ᠤᠷᠤᠳᠠᠭ ᠦᠬᠡᠢ᠂ ᠬᠠᠷᠢᠨ ᠵᠠᠪᠠᠯ ᠮᠥᠷᠦᠨ ᠠᠴᠠ ᠪᠠᠨ ᠪᠠᠭᠤᠯᠭᠠᠵᠤ ᠲᠡᠪᠡᠷᠢᠵᠦ  ᠪᠤᠶᠤ ᠲᠡᠭᠦᠵᠢᠯᠡᠵᠦ ᠠᠪᠴᠤ ᠣᠷᠤᠳᠠᠭ᠃ ᠬᠠᠶᠢᠴᠢ᠂ ᠬᠢᠲᠤᠭ᠎ᠠ᠂ ᠰᠢᠪᠦᠭᠡ ᠮᠡᠲᠦ ᠶᠢᠨ ᠢᠷ ᠱᠤᠷᠤ ᠲᠠᠢ ᠵᠡᠷ  ᠵᠡᠪᠰᠡᠭ ᠢ ᠪᠤᠰᠤᠳ ᠲᠤ ᠦᠭᠬᠦ ᠳᠡᠭᠡᠨ ᠢᠷ ᠱᠤᠷᠤ ᠪᠠᠷ ᠨᠢ ᠠᠳᠬᠤᠭᠤᠯᠬᠤ ᠶᠢ ᠴᠡᠭᠡᠷᠯᠡᠲᠡᠭ᠃ ᠢᠷ ᠱᠣᠷᠣ ᠲᠠᠢ  ᠡᠳ᠋ ᠤᠨ ᠢᠷ ᠱᠤᠷᠤ ᠶᠢ ᠲᠡᠭᠡᠭᠰᠢ ᠬᠠᠨᠳᠤᠭᠤᠯᠵᠤ ᠳᠠᠯᠪᠢᠬᠤ ᠶᠢ ᠴᠡᠭᠡᠷᠯᠡᠲᠡᠭ᠃ ᠬᠠᠶᠢᠴᠢ ᠶᠢ ᠠᠩᠭᠠᠶᠢᠯᠭᠠᠵᠤ  ᠳᠠᠯᠪᠢᠬᠤ ᠶᠢ ᠴᠡᠭᠡᠷᠯᠡᠲᠡᠭ᠃ ᠬᠦᠮᠥᠨ ᠲᠠᠢ ᠬᠡᠷᠡᠯᠲᠦᠨ᠎ᠡ ᠭᠡᠵᠦ ᠵᠠᠭᠠᠮ᠎ᠠ ᠪᠠᠨ ᠪᠤᠰᠬᠠᠬᠤ ᠶᠢ ᠴᠡᠭᠡᠷᠯᠡᠲᠡᠭ᠃ ᠬᠤᠷᠮᠤᠢ  ᠰᠢᠳᠠᠨ᠎ᠠ ᠬᠡᠵᠦ ᠪᠤᠰᠤᠳ ᠲᠤ ᠬᠦᠷᠭᠡᠭᠰᠡᠨ ᠢᠲᠡᠭᠡᠨ ᠢᠶᠠᠨ ᠦᠪᠡᠷᠲᠡᠭᠡᠨ ᠢᠲᠡᠬᠦ ᠶᠢ ᠴᠡᠭᠡᠷᠯᠡᠲᠡᠭ᠃ ᠡᠷᠬᠢᠬᠦ  ᠲᠦᠷᠦᠯ ᠳᠡᠭᠡᠨ ᠡᠯᠵᠢᠭᠡ ᠪᠤᠯᠵᠤ ᠲᠦᠷᠦᠨ᠎ᠡ ᠭᠡᠵᠦ ᠱᠦᠬᠦᠷ ︵ᠳᠤᠤᠵᠤᠤ︶ ᠢᠶᠠᠷ ᠬᠦᠮᠥᠨ ᠴᠤᠬᠢᠬᠤ ᠶᠢ  ᠴᠡᠭᠡᠷᠯᠡᠲᠡᠭ᠃ ᠤᠬᠠᠭᠠᠨ ᠢᠶᠠᠨ ᠭᠡᠭᠡᠨ᠎ᠡ ᠭᠡᠵᠦ ᠤᠭᠤᠳᠠᠨ ᠤᠶᠠᠳᠠᠯ ᠢᠶᠠᠨ ᠭᠡᠭᠡᠬᠦ ᠶᠢ ᠴᠡᠭᠡᠷᠯᠡᠲᠡᠭ᠃ ᠳᠠᠷᠢᠶ᠎ᠠ  ᠠᠯᠳᠠᠨ᠎ᠠ ᠭᠡᠵᠦ ᠪᠢᠲᠡᠬᠦᠨ ᠤ ᠰᠦᠨᠢ ᠲᠡᠭᠷᠢ ᠶᠢᠨ ᠵᠠᠭᠠᠳᠠᠰᠤ ᠶᠢᠨ ᠭᠡᠭᠡᠭᠡᠨ ᠵᠦᠭ ᠲᠤ ᠬᠠᠨᠳᠤᠵᠤ ᠰᠢᠭᠡᠬᠦ ᠶᠢ  ᠴᠡᠭᠡᠷᠯᠡᠲᠡᠭ᠃ ᠭᠡᠷ ᠡᠰᠡᠷᠭᠦ ᠪᠠ ᠨᠠᠷᠨ ᠰᠠᠷᠠᠨ ᠤ ᠦᠬᠡᠲᠡ ᠬᠠᠨᠳᠤᠵᠤ ᠰᠢᠭᠡᠵᠦ ᠪᠠᠭᠠᠬᠤ ᠶᠢ ᠴᠡᠭᠡᠷᠯᠡᠲᠡᠭ᠃ ᠮᠤᠭᠠᠢ  ᠤᠷᠤᠵᠤ ᠢᠷᠡᠨ᠎ᠡ ᠭᠡᠵᠦ ᠭᠡᠷ ᠲᠤ ᠢᠰᠭᠡᠷᠬᠦ ᠶᠢ ᠴᠡᠭᠡᠷᠯᠡᠲᠡᠭ᠃ ᠰᠠᠯᠬᠢᠨ ᠲᠡᠭᠲᠡᠨ᠎ᠡ ᠭᠡᠵᠦ ᠢᠰᠭᠡᠷᠬᠦ ᠶᠢ ᠶᠡᠷᠦᠲᠡ  ᠴᠡᠭᠡᠷᠯᠡᠲᠡᠭ᠃ ᠰᠢᠷᠬ᠎ᠠ ᠭᠠᠷᠬᠤ ᠭᠡᠵᠦ ᠰᠤᠩᠬᠢᠨ᠎ᠠ᠂ ᠰᠠᠷᠢᠮᠰᠠᠭ ᠤᠨ ᠬᠠᠯᠢᠰᠤ ᠶᠢ ᠭᠠᠯ ᠳᠤ ᠬᠢᠬᠦ ᠶᠢ ᠴᠡᠭᠡᠷᠯᠡᠲᠡᠭ᠃  ᠠᠶᠠᠭ᠎ᠠ ᠪᠠᠨ ᠳᠤᠭᠰᠢᠬᠤ ᠶᠢ ᠴᠡᠭᠡᠷᠯᠡᠲᠡᠭ᠃ ᠰᠠᠪᠬ᠎ᠠ ᠪᠠᠨ ᠰᠤᠯᠪᠢᠵᠤ ᠳᠠᠯᠪᠢᠬᠤ ᠶᠢ ᠴᠡᠭᠡᠷᠯᠡᠲᠡᠭ᠃ ᠪᠡᠶ᠎ᠡ ᠪᠠᠷᠠᠭᠰᠠᠨ  ᠬᠦᠮᠥᠨ ᠤ ᠨᠡᠷ᠎ᠡ ᠶᠢ ᠬᠡᠯᠡᠬᠦ ᠶᠢ ᠴᠡᠭᠡᠷᠯᠡᠵᠦ ︽ᠵᠢᠯᠢᠢᠭᠴᠢ︾ ᠭᠡᠵᠦ ᠬᠡᠯᠡᠲᠡᠭ᠃ ᠬᠤᠭᠤᠯᠨ ᠠᠶᠠᠭᠠᠯᠠᠬᠤ ᠵᠡᠷᠭᠡ  ᠰᠠᠪᠠ ᠳᠤ ᠶᠠᠭᠤᠮ᠎ᠠ ᠶᠡᠬᠦᠯᠡᠬᠦ ᠳᠤ ᠪᠤᠷᠤᠭᠤ ︵ᠭᠠᠳᠠᠭᠰᠢ︶ ᠲᠡᠶᠢᠰᠢ ᠶᠡᠬᠦᠯᠡᠲᠡᠭ ᠦᠬᠡᠢ᠃ ᠢᠲᠡᠵᠦ ᠪᠠᠶᠢᠭᠠᠳ  ᠠᠶᠠᠭ᠎ᠠ ᠪᠠᠨ ᠬᠡᠯᠪᠡᠯᠵᠡᠬᠦᠯᠲᠡᠭ ᠦᠬᠡᠢ᠃ ᠢᠲᠡᠵᠦ ᠪᠠᠶᠢᠭᠠᠳ ᠬᠦᠯ ᠢᠶᠠᠨ ᠬᠦᠲᠡᠯᠬᠡᠵᠦ ᠴᠡᠴᠡᠷᠡᠬᠦᠯᠲᠡᠭ ᠦᠬᠡᠢ᠃  ᠬᠦᠯ ᠢᠶᠠᠨ ᠬᠠᠶ᠋ᠢᠩ ᠪᠤᠶᠤ ᠰᠠᠨᠳᠠᠯᠢ ᠲᠡᠭᠡᠷ᠎ᠡ ᠲᠦᠷᠦᠭᠡᠯᠡᠵᠦ ᠪᠠᠶᠢᠵᠤ ᠢᠲᠡᠲᠡᠭ ᠦᠬᠡᠢ᠃ ᠣᠴᠦ᠋ᠢᠨ ᠰᠠᠭᠤᠵᠤ  ᠢᠲᠡᠲᠡᠭ ᠦᠬᠡᠢ᠃ ᠴᠠᠢ ᠪᠦᠷᠢᠬᠦ ᠳᠡᠭᠡᠨ ᠳᠤᠭᠤᠷᠢᠭᠤᠯᠵᠤ ᠪᠠᠶᠢᠵᠤ ᠤᠰᠤ ᠪᠠᠨ ᠶᠡᠭᠦᠯᠡᠲᠡᠭ᠂ ᠠᠩᠬ᠎ᠠ ᠵᠢᠭᠠᠬᠠᠨ  ᠳᠤᠨᠳᠠ ᠶᠡᠬᠦᠯᠡᠵᠦ᠂ ᠳᠠᠷᠠᠭ᠎ᠠ ᠴᠤᠮᠤ ᠠᠴᠠ ᠰᠠᠶ᠋ᠢ ᠤᠰᠤ ᠪᠠᠨ ᠲᠦᠬᠦᠷᠲᠡᠯ᠎ᠡ ᠶᠡᠬᠦᠯᠡᠲᠡᠭ᠃ ᠢᠲᠡᠵᠦ ᠪᠠᠶᠢᠭᠠᠳ  ᠰᠢᠬᠡᠵᠦ ᠪᠠᠭᠠᠬᠤ ᠪᠠᠷ ᠭᠠᠷᠳᠠᠭ ᠦᠬᠡᠢ᠃ ᠭᠠᠳᠠᠭᠰᠢ ᠬᠠᠷᠠᠵᠤ ᠢᠲᠡᠲᠡᠭ ᠦᠬᠡᠢ᠃ ᠶᠠᠪᠤᠳᠠᠯ ᠤᠴᠢᠷ ᠤᠷᠤᠭᠰᠢᠲᠠᠢ  ᠪᠤᠯᠬᠤ ᠭᠡᠵᠦ ᠢᠲᠡᠵᠦ ᠪᠠᠷᠠᠪᠠᠯ ᠰᠢᠷᠡᠭᠡ ᠪᠠᠨ ᠬᠦᠲᠡᠯᠭᠡᠲᠡᠭ᠃ ᠢᠲᠡᠵᠦ ᠪᠠᠷᠠᠮᠠᠭᠴᠠ ᠰᠠᠭᠤᠳᠠᠭ ᠪᠤᠶᠤ ᠬᠡᠪᠲᠡᠲᠡᠭ  ᠦᠬᠡᠢ᠃ ᠤᠨᠲᠠᠬᠤ ᠳᠠᠭᠠᠨ ᠢᠲᠡᠲᠡᠭ ᠦᠬᠡᠢ᠃ ᠪᠤᠷᠬᠠᠨ ᠪᠤᠯᠬᠤ ᠳᠠᠭᠠᠨ ᠠᠭᠤᠯᠵᠠᠵᠤ ᠲᠡᠶᠢᠯᠬᠦ ᠦᠬᠡᠢ ᠬᠡᠵᠦ  ᠳᠤᠳᠤᠨᠤ ᠬᠦᠮᠥᠰ ᠬᠤᠭᠤᠷᠤᠨᠳᠤ ᠪᠠᠨ ᠳᠠᠪᠤᠰᠤ ᠶᠢ ᠰᠢᠭᠤᠳ ᠠᠳᠬᠤᠭᠤᠯᠬᠤ ᠶᠢ ᠴᠡᠭᠡᠷᠯᠡᠲᠡᠭ᠃ ᠨᠠᠷᠨ ᠭᠠᠷᠬᠤ ᠶᠢ  ᠨᠠᠷᠨ ᠮᠠᠨᠳᠤᠬᠤ ᠭᠡᠵᠦ᠂ ᠨᠠᠷᠨ ᠤᠨᠠᠬᠤ ᠶᠢ ᠨᠠᠷᠨ ᠵᠢᠷᠭᠠᠬᠤ ᠭᠡᠲᠡᠭ᠃ ᠬᠠᠶ᠋ᠢᠩ ᠲᠡᠭᠡᠷ᠎ᠡ ᠰᠠᠨᠳᠠᠶᠢᠯᠡᠵᠤ  ᠰᠠᠭᠤᠬᠤ ᠳᠠᠭᠠᠨ ᠬᠦᠨᠡᠰᠦ ᠪᠤᠶᠠᠨ ᠨᠢ ᠴᠠᠯᠬᠢᠬᠤ ᠭᠡᠵᠦ ᠬᠦᠯ ᠢᠶᠠᠨ ᠴᠡᠴᠡᠷᠡᠭᠦᠯᠲᠡᠭ ᠦᠬᠡᠢ᠃ ᠡᠬᠦᠲᠡᠨ ᠪᠤᠱᠤᠭ᠎ᠠ ︵ ᠬᠠᠵᠠᠭᠤᠰᠤ︶ ᠶᠢᠨ ᠲᠡᠭᠡᠷ᠎ᠡ ᠬᠢᠰᠬᠢᠲᠡᠭ ᠦᠬᠡᠢ᠃ ᠡᠬᠦᠲᠡᠨ ᠪᠤᠱᠤᠭ᠎ᠠ ᠲᠡᠭᠡᠷ᠎ᠡ ᠰᠠᠭᠤᠳᠠᠭ ᠦᠬᠡᠢ᠃ ᠡᠬᠦᠲᠡ ᠶᠢ  ᠠᠯᠳᠠᠯᠠᠨ ᠵᠤᠭᠰᠤᠳᠠᠭ ᠦᠬᠡᠢ᠃ ᠲᠡᠷ᠎ᠡ ᠲᠡᠭᠡᠷ᠎ᠡ ᠪᠠᠨ ᠰᠠᠭᠤᠳᠠᠭ ᠦᠬᠡᠢ᠃ ᠰᠠᠭᠤᠵᠤ ᠪᠠᠶᠢᠭ᠎ᠠ ᠪᠠ ᠵᠤᠭᠰᠤᠵᠤ  ᠪᠠᠶᠢᠭ᠎ᠠ ᠬᠦᠮᠥᠨ ᠤ ᠭᠠᠳᠠᠭᠤᠷ ᠤᠷᠢᠶᠠᠵᠤ ᠳᠤᠭᠤᠷᠢᠳᠠᠭ ᠦᠬᠡᠢ᠃ ᠵᠠᠮ ᠵᠦᠷᠢᠬᠦ ᠳᠤ ᠵᠡᠷᠭᠡᠴᠡᠵᠦ ᠶᠠᠪᠤᠭ᠎ᠠ  ᠬᠦᠮᠥᠰ ᠤᠨ ᠳᠤᠮᠳᠠᠭᠤᠷ ᠨᠢ ᠭᠠᠷᠳᠠᠭ ᠦᠬᠡᠢ᠃ ᠵᠡᠷᠭᠡᠴᠡᠵᠦ ᠶᠠᠪᠤᠭ᠎ᠠ ᠬᠦᠮᠥᠰ ᠬᠦᠮᠥᠨ ᠢ ᠬᠠᠪᠴᠢᠵᠤ ᠵᠦᠷᠢᠲᠡᠭ  ᠦᠬᠡᠢ᠃ ᠡᠬᠦᠲᠡ ᠴᠤᠩᠬᠤᠨ ᠡᠮᠥᠨ᠎ᠡ ᠪᠠᠨ ᠮᠤᠳᠤ ᠵᠠᠶᠢᠯᠠᠵᠤ ᠨᠠᠷᠨ ᠪᠠᠨ ᠬᠠᠯᠬᠠᠯᠠᠳᠠᠭ ᠦᠬᠡᠢ᠃ ᠵᠠᠮ ᠭᠤᠤᠯ ᠳᠠᠬᠢ  ᠬᠦᠨᠲᠡᠯᠡᠨ ᠮᠤᠳᠤ ᠲᠦᠯᠡᠭᠡ ᠲᠡᠭᠡᠬᠦᠷ ᠠᠯᠬᠤᠵᠤ ᠭᠠᠷᠳᠠᠭ ᠦᠬᠡᠢ᠃ ᠬᠤᠭ ᠨᠤᠪᠰᠢ᠂ ᠮᠠᠭᠤ ᠣᠶᠢᠮᠤᠰᠤ ᠱᠠᠬᠠᠢ  ᠵᠢᠴᠢ ᠮᠠᠭᠤ ᠬᠤᠪᠴᠠᠰᠤ ᠶᠢ ᠨᠦᠬᠡᠯᠡᠵᠦ ᠪᠤᠯᠠᠳᠠᠭ᠃ ᠳᠤᠳᠤᠷ᠎ᠠ ᠬᠤᠪᠴᠠᠰᠤ ᠪᠠᠨ ᠳᠤᠰᠬᠠᠢ ᠰᠠᠪᠠᠨ ᠳᠤ  ᠬᠦᠮᠥᠨ ᠠᠴᠠ ᠳᠠᠯᠳᠠ ᠤᠬᠢᠶᠠᠳᠠᠭ᠃ ᠨᠠᠭᠤᠷ ᠤᠨ ᠣᠰᠤᠨ ᠳᠤ ᠬᠤᠪᠴᠠᠰᠤ ᠤᠬᠢᠶᠠᠳᠠᠭ ᠦᠬᠡᠢ ᠪᠦᠬᠡᠳ ᠪᠤᠵᠠᠷ  ᠪᠤᠯᠢᠬᠠᠢ ᠡᠳ᠋ ᠬᠢᠲᠡᠭ ᠦᠬᠡᠢ᠃ ᠮᠤᠭᠠᠢ ᠶᠢ ᠦᠵᠡᠪᠡᠯ ᠠᠯᠨ ᠪᠤᠯᠨ ᠬᠡᠵᠦ ᠬᠠᠰᠭᠢᠷᠴᠤ ᠪᠠᠶᠢᠭᠠᠳ ᠬᠦᠬᠡᠬᠡᠵᠦ  ᠶᠠᠪᠤᠭᠤᠯᠳᠠᠭ᠃ ᠮᠤᠭᠠᠢ ᠶᠢ ᠬᠡᠭᠡᠷ᠎ᠡ ᠠᠪᠠᠴᠢᠵᠤ ᠬᠠᠶᠠᠪᠠᠯ ᠤᠷᠳᠤ ᠮᠤᠳᠤᠨ ᠲᠡᠭᠡᠷ᠎ᠡ ᠡᠯᠬᠦᠵᠦ ᠠᠪᠠᠴᠢᠭᠠᠳ ᠪᠤᠷᠤᠭᠤ  ᠬᠠᠷᠠᠵᠤ ᠪᠠᠶᠢᠭᠠᠳ ᠠᠷᠤᠨᠰᠢ ᠰᠢᠲᠡᠲᠡᠭ᠃ ᠰᠦᠨᠢ ᠣᠷᠤᠢ ᠡᠬᠦᠲᠡᠨ ᠳᠤ ᠬᠦᠮᠥᠨ ᠳᠤᠤᠭᠠᠷᠪᠠᠯ 3 ᠤᠳᠠᠭ᠎ᠠ  ᠳᠤᠤᠭᠠᠷᠬᠤ ᠶᠢ ᠬᠦᠯᠢᠶᠡᠵᠦ ᠰᠠᠶ᠋ᠢ ᠬᠠᠷᠢᠭᠤ ᠦᠭᠲᠡᠭ᠃ ᠠᠳᠤᠭᠤᠰᠤ ᠠᠮᠢᠳᠠᠨ ᠳᠤ ᠪᠢᠲᠡᠬᠦᠦ ᠬᠠᠪᠤᠳᠠᠷ ︵ᠬᠤᠸᠠᠩ︶ ᠭᠠᠷᠪᠠᠯ ᠵᠦᠢᠷᠠᠢ ᠬᠡᠦᠬᠡᠳ ᠬᠦᠩᠭᠡᠵᠢᠭᠰᠡᠨ ᠡᠮᠡᠭᠲᠡᠢ ᠬᠦᠮᠥᠨ ᠱᠠᠬᠠᠢ ᠪᠠᠷ ᠳᠤᠮᠨᠠᠳᠠᠭ᠂ ᠡᠰᠡᠪᠡᠯ ᠤᠯᠠᠮᠵᠢᠯᠠᠯᠳᠤ  ᠵᠤᠷ ᠲᠠᠢ ᠬᠦᠮᠥᠨ ᠳᠤᠮᠨᠠᠳᠠᠭ᠃ ᠬᠦᠮᠥᠨ ᠠᠮᠢᠳᠠᠨ ᠤ ᠬᠦᠬᠦ ᠬᠠᠪᠤᠳᠪᠠᠯ ᠪᠠᠷᠰ ᠵᠢᠯ ᠲᠠᠢ ᠬᠦᠮᠥᠨ ᠢᠶᠠᠷ  ᠳᠤᠮᠨᠠᠭᠤᠯᠳᠠᠭ᠃ ᠨᠢᠳᠤᠨ ᠳᠤ ᠴᠠᠭ᠎ᠠ ᠤᠨᠠᠪᠠᠯ ᠳᠤᠯᠤᠭᠠᠨ ᠬᠠᠷ᠎ᠠ ᠪᠤᠷᠴᠠᠭ ᠢ ᠬᠤᠳᠳᠤᠭ ᠪᠤᠶᠤ ᠠᠶᠠᠭ᠎ᠠ ᠲᠠᠢ  ᠤᠰᠤᠨ ᠳᠤ ᠰᠢᠲᠡᠨ ᠤᠷᠤᠭᠤᠯᠵᠤ ︽ᠴᠠᠭ᠎ᠠ ᠠᠷᠢᠯ︾ ᠭᠡᠵᠦ ᠰᠢᠪᠰᠢᠲᠡᠭ᠃ ᠨᠢᠲᠦᠨ ᠳᠤ ᠬᠤᠭ ᠤᠷᠤᠪᠠᠯ ︽ ᠲᠦᠢ ᠲᠦᠢ᠂ ᠡᠮᠡᠭᠡ ᠡᠶ᠋ᠢ ᠶᠢᠨ ᠪᠤᠬᠤᠷ ᠲᠤ ᠣᠷᠤ︾ ᠬᠡᠵᠦ ᠰᠢᠪᠰᠢᠲᠡᠭ᠃ ᠶᠠᠮᠠᠷ ᠨᠢᠭᠡ ᠮᠠᠭᠤ ᠮᠠᠭᠤᠬᠠᠢ  ᠶᠠᠭᠤᠮ᠎ᠠ ᠶᠢ ᠰᠤᠨᠤᠰᠬᠤ ᠪᠤᠶᠤ ᠦᠵᠡᠪᠡᠯ ︽ᠲᠦᠢ ᠲᠦᠢ᠂ ᠵᠠᠭᠠᠮ᠎ᠠ ᠵᠠᠬ᠎ᠠ ᠪᠠᠷ ᠵᠠᠶᠢᠯᠠ᠂ ᠵᠠᠳᠤᠤ ᠪᠤᠤᠳᠤᠤ ᠳᠤ  ᠳᠠᠭᠠᠷᠢᠭᠳᠠ︾ ᠬᠡᠮᠡᠨ ᠰᠢᠪᠰᠢᠲᠡᠭ᠃ ᠨᠢᠲᠦᠨ ᠲᠡᠭᠡᠷ᠎ᠡ ᠡᠪᠦᠲᠦᠭ ᠭᠠᠷᠪᠠᠯ ᠮᠠᠯ ᠤᠨ ᠵᠠᠮ ᠲᠡᠭᠡᠷ᠎ᠡ ᠳᠤᠯᠤᠭᠠᠨ  ᠣᠪᠤᠭ᠎ᠠ ᠰᠢᠷᠤᠢ ᠪᠤᠰᠬᠠᠵᠤ ︽ᠮᠢᠨᠦ ᠨᠢᠲᠦᠨ ᠤ ᠡᠪᠦᠲᠦᠭ ᠮᠠᠯ ᠤᠨ ᠬᠦᠯ ᠳᠤ ᠭᠠᠷᠤᠭ︾ ᠬᠡᠵᠦ ᠮᠥᠷᠬᠦᠨ  ᠰᠢᠪᠰᠢᠲᠡᠭ᠃ ᠬᠠᠨᠢᠶᠠᠪᠠᠯ ᠴᠠᠭᠠᠨ ᠰᠢᠬᠢᠷ ᠲᠠᠢ ᠬᠠᠯᠠᠭᠤᠨ ᠤᠰᠤ ᠣᠤᠭᠤᠪᠠᠯ ᠰᠠᠶᠢᠨ ᠭᠡᠲᠡᠭ᠃ ᠪᠢᠯᠵᠤᠤᠬᠠᠢ  ᠭᠠᠯᠵᠠᠭᠤᠷᠠᠨ᠎ᠠ ᠬᠡᠵᠦ ᠠᠪᠤᠭᠰᠠᠨ ᠬᠢᠮᠤᠰᠤ ᠶᠢᠨ ᠲᠡᠭᠡᠷ᠎ᠡ ᠪᠠᠨ ᠨᠢᠯᠪᠤᠵᠤ ᠬᠠᠶᠠᠳᠠᠭ᠃ ᠠᠶᠤᠮᠰᠢᠭᠲᠤ ᠵᠡᠬᠦᠲᠦ  ᠵᠡᠬᠦᠲᠦᠯᠡᠪᠡᠯ ︽ᠰᠠᠶᠢᠨ ᠵᠡᠬᠦᠲᠦ︾ ᠭᠡᠵᠦ ᠰᠠᠶᠢᠨ ᠤ ᠵᠦᠭ ᠲᠤ ᠪᠡᠯᠭᠡᠰᠢᠶᠡᠲᠡᠭ᠃ ᠭᠡᠷ ᠪᠡᠷᠢᠬᠤ ᠪᠤᠶᠤ ᠰᠢᠨ᠎ᠡ  ᠭᠡᠷ ᠲᠤ ᠣᠷᠤᠬᠤ ︵ᠨᠡᠬᠦᠬᠦ︶ ᠳᠤ ᠰᠠᠶᠢᠨ ᠡᠲᠦᠷ ᠢ ᠰᠤᠩᠭᠤᠳᠠᠭ᠃ ᠶᠠᠮᠠᠷ ᠨᠢᠭᠡᠨ ᠤᠴᠢᠷ ᠶᠠᠪᠤᠳᠠᠯ ᠢ  ᠦᠢᠯᠡᠳᠬᠦ ᠳᠤ ᠪᠡᠯᠭᠡ ᠲᠠᠢ ᠦᠬᠡ ᠶᠠᠷᠢᠵᠤ ᠦᠭᠡᠲᠡ ᠡᠰᠡᠷᠡᠭ ᠢ ᠪᠡᠯᠭᠡᠰᠢᠶᠡᠲᠡᠭ᠃ ᠲᠡᠭᠡᠲᠦᠰ ᠤᠨ ᠦᠬᠦᠭᠡᠷ  ᠣᠩᠭᠤᠨ ᠤ ᠵᠠᠬ᠎ᠠ ᠪᠠᠷ ᠦᠩᠭᠡᠷᠡᠬᠦ ᠳᠡᠭᠡᠨ ᠮᠥᠷᠬᠦᠭᠡᠳ ᠴᠢᠨᠠᠭᠰᠢ ᠠᠶᠠᠯᠠᠳᠠᠭ᠃ ᠬᠡᠷᠪᠡ ᠤᠨᠤᠭ᠎ᠠ ᠬᠦᠰᠭᠡ ᠲᠠᠢ  ᠪᠠᠶᠢᠪᠠᠯ ᠵᠠᠪᠠᠯ ᠪᠠᠭᠤᠵᠤ ᠮᠥᠷᠬᠦᠭᠡᠳ ᠰᠠᠶ᠋ᠢ ᠴᠢᠨᠠᠭᠰᠢ ᠶᠠᠪᠤᠳᠠᠭ᠃          ᠪᠢᠲᠡᠭᠦᠨ ᠤ ᠡᠷᠲᠡ ᠭᠠᠭ᠋ᠠᠢ ᠶᠢᠨ ᠳᠤᠯᠤᠭᠠᠢ ᠪᠤᠶᠤ ᠮᠢᠬ᠎ᠠ ᠴᠢᠨᠠᠵᠤ ᠢᠲᠡᠲᠡᠭ᠃ ᠣᠷᠤᠢ ᠨᠢ ᠪᠢᠲᠡᠭᠦᠦ  ᠬᠤᠭᠤᠯᠨ ᠬᠡᠵᠦ ᠪᠠᠩᠰᠢ ᠢᠲᠡᠲᠡᠭ᠂ ᠣᠷᠣᠢ ᠶᠢᠨ ᠬᠤᠭᠤᠯᠨ ᠪᠠᠨ ᠶᠡᠷᠦ ᠶᠢᠨ ᠬᠢ ᠠᠴᠠ ᠪᠠᠭᠠᠬᠠᠨ ᠡᠷᠲᠡ ᠰᠢᠭ ︵ ᠭᠡᠭᠡ ᠲᠠᠢ︶ ᠢᠲᠡᠲᠡᠭ ᠪᠦᠬᠡᠳ ᠴᠤᠩᠬᠤ ᠪᠠᠨ ᠨᠡᠬᠡᠭᠡᠵᠦ ᠪᠠᠶᠢᠨ ᠢᠲᠡᠲᠡᠭ᠂ ᠪᠠᠩᠰᠢ ᠳᠠᠭᠠᠨ ᠤᠳᠠᠰᠤ᠂ ᠬᠠᠭᠤᠷᠠᠢ  ᠪᠤᠳᠠᠭ᠎ᠠ᠂ ᠮᠥᠩᠬᠦᠨ ᠵᠤᠭᠤᠰ᠂ ᠨᠡᠭᠦᠷᠡᠰᠦ ᠁ ᠵᠡᠷᠭᠡ ᠡᠯᠲᠡᠪ ᠶᠠᠭᠤᠮ᠎ᠠ ᠬᠢᠲᠡᠭ᠃ ᠪᠠᠩᠰᠢ ᠪᠠᠨ ᠢᠲᠡᠬᠦ ᠳᠤ  ᠤᠳᠠᠰᠤ ᠳᠠᠭᠠᠷᠠᠭᠰᠠᠨ ᠬᠦᠮᠥᠨ ᠨᠢ ᠤᠷᠳᠤ ᠨᠠᠰᠤᠯᠠᠵᠤ᠂ ᠮᠥᠩᠬᠦᠨ ᠵᠤᠭᠤᠰ ᠳᠠᠭᠠᠷᠠᠭᠰᠠᠨ ᠬᠦᠮᠥᠨ ᠨᠢ ᠪᠠᠶᠠᠨ  ᠠᠮᠢᠳᠤᠷᠠᠵᠤ᠂ ᠨᠡᠬᠦᠷᠡᠰᠦ ᠳᠠᠭᠠᠷᠠᠭᠰᠠᠨ ᠨᠢ ᠬᠠᠷ᠎ᠠ ᠰᠡᠳᠬᠢᠯ ᠲᠠᠢ ᠬᠦᠮᠥᠨ ᠪᠠᠶᠢᠵᠤ᠂ ᠬᠦᠪᠦᠩ ᠳᠠᠭᠠᠷᠠᠭᠰᠠᠨ ᠨᠢ  ᠵᠦᠬᠡᠯᠡᠨ ᠴᠠᠶᠢᠯᠭᠠᠨ ᠰᠡᠳᠬᠢᠯ ᠲᠠᠢ ᠬᠦᠮᠥᠨ ᠪᠠᠶᠢᠵᠤ᠂ ᠬᠠᠭᠤᠷᠠᠢ ᠪᠤᠳᠠᠭ᠎ᠠ ᠳᠠᠭᠠᠷᠠᠭᠰᠠᠨ ᠬᠦᠮᠥᠨ ᠨᠢ ᠠᠮᠠᠨ  ᠬᠦᠨᠡᠰᠦ ᠲᠠᠢ ᠬᠦᠮᠥᠨ ᠁ ᠭᠡᠬᠦᠴᠢᠯᠡᠨ ᠪᠡᠯᠭᠡᠰᠢᠶᠡᠲᠡᠭ᠃ ᠪᠢᠲᠡᠬᠦᠨ ᠤ ᠡᠲᠦᠷ ᠦᠵᠡᠭᠡᠴᠢ ᠪᠠᠷ ᠴᠠᠭᠠᠨ  ᠰᠠᠷ᠎ᠠ ᠶᠢᠨ ᠰᠢᠨ᠎ᠡ ᠶᠢᠨ ᠨᠢᠭᠡᠨ ᠤ ᠡᠲᠦᠷ ᠤᠷᠢᠳᠠᠪᠠᠷ ᠬᠠᠮᠢᠭᠠᠰᠢ ᠭᠠᠷᠬᠤ ᠳᠤᠬᠠᠢ ᠦᠵᠡᠬᠦᠯᠲᠡᠭ᠃ ᠦᠵᠡᠭᠡᠴᠢ ᠶᠢᠨ  ᠠᠶᠢᠯᠠᠳᠤᠭᠰᠠᠨ ᠵᠦᠭ ᠲᠤ ᠤᠷᠢᠳᠠᠪᠠᠷ ᠵᠠᠭᠤᠨ ᠠᠯᠬᠤᠮ ᠶᠠᠪᠤᠵᠤ ᠨᠠᠷᠠᠨ ᠡᠷᠭᠢᠯᠲᠡ ᠪᠠᠷ ᠪᠤᠴᠠᠵᠤ ᠢᠷᠡᠭᠡᠳ  ᠳᠠᠷᠠᠭ᠎ᠠ ᠨᠢ ᠪᠤᠰᠤᠳ ᠵᠦᠭ ᠲᠤ ᠳᠤᠷ᠎ᠠ ᠪᠠᠷ ᠶᠠᠪᠤᠳᠠᠭ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠡᠲᠦᠷ  ᠠᠬᠠᠮᠠᠳ ᠨᠠᠰᠤᠳᠠᠳ ᠲᠠᠭᠠᠨ ᠮᠥᠷᠭᠦᠵᠦ ᠠᠯᠳᠠᠨ ᠢᠷᠦᠭᠡᠲᠦ ᠶᠢ ᠨᠢ ᠰᠤᠨᠤᠰᠳᠠᠭ᠃ ᠲᠠᠷᠢᠶ᠎ᠠ ᠡᠲᠦᠷ ᠮᠥᠬᠦᠯᠢᠭᠲᠦ  ᠪᠤᠳᠠᠭ᠎ᠠ ᠢᠲᠡᠵᠦ ᠡᠯᠪᠡᠭ ᠬᠤᠷᠢᠶᠠᠯᠳᠠ ᠶᠢ ᠪᠡᠯᠭᠡᠰᠢᠶᠡᠵᠦ᠂ ᠬᠦᠮᠥᠨ ᠤ ᠡᠲᠦᠷ ᠤᠷᠳᠤ ᠪᠤᠳᠠᠭ᠎ᠠ ᠢᠲᠡᠵᠦ ᠤᠷᠳᠤ  ᠨᠠᠰᠤᠯᠠᠬᠤ ᠶᠢ ᠪᠡᠯᠭᠡᠰᠢᠶᠡᠲᠡᠭ᠃ ᠴᠠᠭᠠᠨ ᠰᠠᠷ᠎ᠠ ᠶᠢᠨ ᠬᠤᠷᠢᠨ ᠲᠠᠪᠤᠨ ᠤ ᠡᠲᠦᠷ ᠲᠢᠶᠠᠨ ᠰᠠᠩ ︵ᠲᠡᠭᠷᠢ ᠶᠢᠨ ᠬᠡᠰᠢᠭ  ︶ ᠪᠠᠭᠤᠳᠠᠭ ᠭᠡᠵᠦ ᠡᠷᠲᠡ ᠪᠤᠰᠴᠤ ᠦᠨᠡᠰᠦ ᠪᠠᠷ ᠬᠦᠮᠥᠷᠭᠡ ᠵᠢᠷᠤᠳᠠᠭ᠃ ᠭᠤᠶᠠᠳᠠᠵᠤ ᠪᠠᠶᠢᠨ᠎ᠠ ᠭᠡᠵᠦ ᠮᠤᠷᠳᠠᠬᠤ  ᠵᠤᠴᠢᠨ ᠳᠤ ᠬᠡᠷᠴᠢᠮᠡᠯ ᠳᠠᠩ ᠪᠤᠶᠤ ᠰᠢᠬᠠᠮᠠᠯ ︵ᠾᠧᠯᠧ︶ ᠢᠲᠡᠬᠦᠯᠬᠦ ᠶᠢ ᠴᠡᠭᠡᠷᠯᠡᠵᠦ᠂ ᠲᠦᠬᠦᠷᠡᠩ ᠠᠮᠵᠢᠯᠳᠠ ᠶᠢ  ᠪᠡᠯᠭᠡᠲᠡᠵᠦ ᠪᠠᠩᠰᠢ ᠢᠲᠡᠭᠦᠯᠲᠡᠭ᠃ ᠪᠢᠯᠢᠭ ᠤᠨ ᠲᠠᠪᠤᠨ ᠰᠠᠷ᠎ᠠ ᠶᠢᠨ ᠲᠠᠪᠤᠨ ᠤ ᠡᠲᠦᠷ ᠥᠨᠢᠶ᠎ᠡ ᠶᠢᠨ ᠲᠡᠯᠡᠩ ᠤᠨ  ᠰᠦ ᠬᠦᠢᠴᠡᠵᠦ᠂ ᠡᠷᠲᠡ ᠶᠢᠨ ᠳᠠᠷᠢᠶ᠎ᠠ ︵ᠨᠤᠶᠠᠨᠰᠢᠰᠢ︶ ᠶᠢᠨ ᠴᠢᠬᠢ ᠪᠦᠷᠢᠳᠪᠡ ᠬᠡᠮᠡᠨ ᠪᠠᠶᠠᠷᠯᠠᠨ ᠪᠡᠯᠭᠡᠯᠡᠵᠦ  ᠵᠦᠭᠡᠬᠡᠢ ᠲᠠᠢ ᠬᠠᠭᠤᠷᠠᠢ ᠪᠤᠳᠠᠭ᠎ᠠ ᠢᠲᠡᠲᠡᠭ᠃ ᠨᠠᠢᠮᠠᠨ ᠰᠠᠷ᠎ᠠ ᠶᠢᠨ ᠠᠷᠪᠠᠨ ᠲᠠᠪᠤᠨ ᠤ ᠡᠲᠦᠷ ᠲᠠᠪᠤᠨ ᠬᠤᠰᠢᠭᠤ  ᠮᠠᠯ ᠤᠨ ᠳᠠᠷᠭᠤ ᠲᠦᠬᠦᠷᠴᠦ᠂ ᠲᠠᠪᠤᠨ ᠳᠠᠷᠢᠶ᠎ᠠ ᠶᠢᠨ ᠰᠢᠮ᠎ᠡ ᠪᠦᠷᠢᠳᠪᠡ ᠬᠡᠮᠡᠨ ᠪᠠᠶᠠᠷᠯᠠᠨ ᠪᠡᠯᠭᠡᠯᠡᠵᠦ ᠱᠠᠯᠪᠢᠩ  ᠢᠲᠡᠲᠡᠭ᠃ ᠦᠬᠢᠨ ᠬᠦᠷᠭᠡᠨ ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠤᠨ ᠡᠲᠦᠷ ᠪᠠ ᠲᠤᠯᠤᠭᠠᠨ ᠰᠠᠷ᠎ᠠ ᠶᠢᠨ  ᠬᠤᠶᠠᠷ ᠤᠨ ᠡᠲᠦᠷ ᠲᠦᠷᠬᠦᠮ ︵ᠬᠠᠳᠠᠮ︶ ᠳᠡᠭᠡᠨ ᠡᠷᠬᠢᠯᠲᠡ ᠣᠴᠢᠳᠠᠭ᠃ ᠲᠠᠪᠤᠨ ᠰᠠᠷ᠎ᠠ ᠶᠢᠨ ᠲᠠᠪᠤᠨ ᠤ ᠡᠲᠦᠷ  ᠪᠠ ᠨᠠᠢᠮᠠᠨ ᠰᠠᠷ᠎ᠠ ᠶᠢᠨ ᠠᠷᠪᠠᠨ ᠲᠠᠪᠤᠨ ᠤ ᠡᠲᠦᠷ ᠪᠤᠯᠤᠨ ᠪᠢᠲᠡᠬᠦᠨ ᠤ ᠡᠲᠦᠷ ᠬᠠᠷᠢ ᠳᠤ ᠮᠤᠷᠳᠠᠭᠰᠠᠨ ᠦᠬᠢᠨ ᠢᠶᠠᠨ  ᠡᠷᠭᠢᠲᠡᠭ᠃ ᠴᠠᠭᠠᠨ ᠰᠠᠷ᠎ᠠ ᠶᠢᠨ ᠰᠢᠨ᠎ᠡ ᠶᠢᠨ ᠬᠤᠶᠠᠷ ᠤᠨ ᠡᠲᠦᠷ ᠤᠨ ᠰᠠᠷᠨ ᠶᠢ ᠣᠯᠵᠤ ᠦᠵᠡᠪᠡᠯ ᠣᠨ ᠳᠠᠭᠠᠨ  ᠡᠪᠡᠳᠴᠢᠨ ᠳᠠᠬᠤᠯ ᠦᠬᠡᠢ ᠶᠠᠪᠤᠨ᠎ᠠ ᠭᠡᠲᠡᠭ᠃ ᠰᠠᠷ᠎ᠠ ᠰᠠᠷ᠎ᠠ ᠶᠢᠨ ᠬᠤᠶᠠᠷ ᠤᠨ ᠡᠲᠦᠷ ᠤᠨ ᠰᠠᠷᠨ ᠶᠢ ᠣᠯᠵᠤ  ᠬᠠᠷᠠᠪᠠᠯ ᠰᠠᠷ᠎ᠠ ᠰᠠᠷ᠎ᠠ ᠳᠠᠭᠠᠨ ᠡᠪᠡᠳᠴᠢᠨ ᠳᠠᠬᠤᠯ ᠦᠬᠡᠢ ᠪᠤᠯᠤᠨ᠎ᠠ ᠭᠡᠲᠡᠭ᠃ ᠰᠠᠷᠨ ᠬᠦᠷᠢᠶᠡᠯᠡᠪᠡᠯ ᠰᠠᠯᠬᠢᠯᠠᠨ᠎ᠠ᠂  ᠨᠠᠷᠨ ᠬᠦᠷᠢᠶᠡᠯᠡᠪᠡᠯ ᠪᠤᠷᠤᠭᠠᠯᠠᠨ᠎ᠠ ᠭᠡᠲᠡᠭ᠃ ᠭᠤᠷᠪᠠᠨ ᠨᠠᠷᠨ ᠭᠠᠷᠪᠠᠯ ᠡᠲᠦᠷ ᠵᠤᠬᠢᠷᠠᠨ᠎ᠠ᠂ ᠰᠢᠩᠭᠡᠬᠦ ᠨᠠᠷᠠᠨ  ᠡᠬᠦᠯᠡᠨ ᠳᠤ ᠰᠢᠷᠭᠤᠪᠠᠯ ᠰᠦᠨᠢ ᠳᠤᠮᠳᠠ ᠪᠤᠷᠤᠭᠠᠯᠠᠨ᠎ᠠ ᠭᠡᠲᠡᠭ᠃ ᠤᠳᠤᠨ ᠮᠠᠴᠢᠳ ᠬᠢᠯᠠᠯᠵᠠᠪᠠᠯ ᠤᠳᠠᠯ ᠦᠬᠡᠢ  ᠪᠤᠷᠤᠭᠠᠯᠠᠨ᠎ᠠ ᠭᠡᠲᠡᠭ᠃ ᠭᠤᠷᠪᠠᠨ ᠨᠠᠷᠨ ᠤᠨᠠᠪᠠᠯ ᠴᠠᠭ ᠠᠭᠤᠷ ᠬᠤᠪᠢᠯᠤᠨ᠎ᠠ ᠭᠡᠲᠡᠭ᠃ ᠦᠷᠯᠥᠭᠡ ᠡᠬᠦᠯᠨ  ᠤᠯᠠᠶᠢᠪᠠᠯ ᠪᠤᠷᠤᠭᠠᠯᠠᠨ᠎ᠠ᠂ ᠦᠲᠡᠰᠢ ᠡᠬᠦᠯᠨ ᠤᠯᠠᠶᠢᠪᠠᠯ ᠭᠠᠩᠳᠠᠨ᠎ᠠ ᠭᠡᠲᠡᠭ᠃ ᠰᠤᠯᠤᠩᠭ᠎ᠠ ᠳᠠᠳᠠᠭᠠᠳ ᠡᠬᠦᠯᠨ  ᠠᠷᠢᠯᠪᠠᠯ ᠪᠤᠷᠤᠭᠠᠨ ᠵᠤᠭᠰᠤᠨ᠎ᠠ᠂ ᠳᠠᠳᠠᠭᠰᠠᠨ ᠰᠤᠯᠤᠩᠭ᠎ᠠ ᠡᠬᠦᠯᠡᠨ ᠳᠤ ᠢᠲᠡᠭᠲᠡᠪᠡᠯ ᠪᠤᠷᠤᠭᠠᠨ ᠪᠠᠰᠠ ᠤᠷᠤᠨ᠎ᠠ  ᠭᠡᠲᠡᠭ᠃ ᠰᠢᠷᠭᠤᠯᠵᠢ ᠳᠠᠯᠠᠪᠴᠢ ᠤᠷᠭᠤᠪᠠᠯ ᠲᠦᠷᠭᠡᠨ ᠪᠤᠷᠤᠭᠠᠨ ᠣᠷᠤᠨ᠎ᠠ᠂ ᠰᠢᠷᠭᠤᠯᠵᠢ ᠴᠤᠪᠤᠭ᠎ᠠ ᠳᠠᠳᠠᠪᠠᠯ ᠶᠡᠭᠡ  ᠪᠤᠷᠤᠭᠠᠨ ᠣᠷᠤᠨ᠎ᠠ ᠭᠡᠲᠡᠭ᠃ ᠮᠤᠭᠠᠢ ᠵᠠᠮ ᠤᠭᠳᠤᠯᠪᠠᠯ ᠪᠤᠷᠤᠭᠠᠨ ᠣᠷᠤᠨ᠎ᠠ ᠭᠡᠲᠡᠭ᠃ ᠬᠠᠷᠢᠶᠠᠴᠠᠢ ᠳᠤᠤᠭᠤᠷ  ᠨᠢᠰᠪᠡᠯ ᠪᠤᠷᠤᠭᠠᠨ ᠣᠷᠤᠨ᠎ᠠ ᠭᠡᠲᠡᠭ᠃ ᠣᠰᠤᠨ ᠭᠠᠩ ᠨᠤᠷᠪᠠᠯ ᠪᠤᠷᠤᠭᠠᠨ ᠣᠷᠤᠨ᠎ᠠ ᠭᠡᠲᠡᠭ᠃ ᠳᠠᠮᠠᠬᠢ ᠴᠢᠬᠢᠭᠲᠦᠪᠡᠯ  ᠴᠢᠬᠢᠭᠯᠡᠨ᠎ᠡ ᠬᠡᠲᠡᠭ᠃ ᠬᠠᠭᠤᠴᠢᠨ ᠲᠠᠢ ᠬᠦᠮᠥᠨ ᠤ ᠬᠦᠯ ᠨᠢᠷᠤᠭᠤ ᠡᠪᠡᠳᠪᠡᠯ ᠴᠢᠬᠢᠭᠯᠡᠨ᠎ᠡ ᠭᠡᠲᠡᠭ᠃ ᠱᠠᠭᠠᠵᠠᠭᠠᠢ  ᠡᠬᠦᠲᠡᠨ ᠳᠤ ᠱᠠᠭᠰᠢᠪᠠᠯ ᠵᠤᠴᠢᠨ ᠢᠷᠡᠬᠦ ᠪᠤᠶᠤ ᠪᠠᠶᠠᠷ ᠳᠠᠭᠠᠷᠠᠨ᠎ᠠ᠂ ᠤᠭᠤᠯᠢ ᠡᠬᠦᠲᠡᠨ ᠳᠤ ᠳᠤᠤᠭᠠᠷᠪᠠᠯ ᠮᠠᠭᠤ  ᠢᠷᠸ᠎ᠠ ᠭᠡᠲᠡᠭ᠃          ᠪᠠᠷᠠᠭᠤᠨᠰᠢ ᠬᠠᠵᠠᠭᠠᠢ ᠪᠠ ᠤᠮᠠᠷᠠᠰᠢ ᠤᠷᠤᠭᠤ ᠲᠡᠭᠡᠷ᠎ᠡ ᠨᠤᠳᠤᠭ ᠰᠠᠭᠤᠳᠠᠭ ᠦᠬᠡᠢ᠂ ᠪᠠᠷᠠᠭᠤᠨ ᠡᠮᠥᠨᠡᠰᠢ  ᠬᠠᠰᠢᠶ᠎ᠠ ᠬᠤᠷᠤᠭ᠎ᠠ ᠶᠢᠨ ᠡᠬᠦᠲᠡ ᠭᠠᠷᠭᠠᠳᠠᠭ ᠦᠬᠡᠢ᠃ ᠪᠤᠳᠠᠭ᠎ᠠ ᠴᠠᠶᠢᠯᠭᠠᠳᠠᠭ ᠲᠡᠭᠡᠷᠮ᠎ᠡ ︵ᠢᠩ︶ ᠪᠠᠨ ᠭᠡᠷ ᠤᠨ  ᠪᠠᠷᠠᠭᠤᠨ ᠡᠮᠥᠨ᠎ᠡ ᠪᠠᠶᠢᠷᠢᠯᠠᠭᠤᠯᠵᠤ᠂ ᠬᠤᠳᠳᠤᠭ ᠢᠶᠠᠨ ᠭᠡᠷ ᠤᠨ ᠵᠡᠬᠦᠨ ᠡᠮᠥᠨ᠎ᠡ ᠰᠢᠭ ᠪᠠᠶᠢᠷᠢ ᠳᠤ ᠭᠠᠷᠭᠠᠳᠠᠭ᠃  ᠲᠠᠷᠢᠶ᠎ᠠ ᠬᠠᠳᠤᠬᠤ ᠳᠠᠭᠠᠨ ᠨᠢᠬᠡ ᠵᠦᠢᠯ ᠤᠨ ᠳᠠᠷᠢᠶ᠎ᠠ ᠶᠢ ᠬᠠᠳᠤᠵᠤ ᠳᠠᠭᠤᠰᠬᠤ ᠦᠶ᠎ᠡ ᠳᠤ ︽ᠪᠠᠶᠠᠨ ᠰᠠᠬᠠᠯ︾᠂ ︽ ᠦᠷ᠎ᠡ ᠶᠢᠨ ᠰᠠᠬᠠᠯ︾ ᠬᠡᠵᠦ ᠬᠡᠲᠦᠨ ᠰᠠᠭᠤᠷᠢ ᠦᠯᠡᠲᠡᠭᠡᠵᠦ᠂ ᠣᠷᠤᠢ ᠲᠡᠭᠡᠬᠦᠷ ᠨᠢ ᠵᠦᠪᠰᠢ ᠪᠠᠨ ᠪᠤᠷᠤᠭᠤᠰᠢ ᠪᠠᠨ  ᠬᠠᠳᠤᠭᠤᠷ ᠢᠶᠠᠨ ᠳᠤᠰ ᠪᠦᠷᠢ ᠭᠤᠷᠪᠠ ᠡᠷᠭᠢᠬᠦᠯᠵᠦ ︽ᠪᠠᠶᠠᠵᠢᠭᠤᠯᠳᠠᠭ ᠪᠠᠶᠠᠨ ᠰᠠᠬᠠᠯ︾᠂ ︽ᠦᠷᠡᠵᠢᠬᠦᠯᠲᠡᠭ  ᠦᠷ᠎ᠡ ᠶᠢᠨ ᠰᠠᠬᠠᠯ︾ ᠬᠡᠵᠦ ᠪᠡᠯᠭᠡᠰᠢᠶᠡᠨ ᠢᠷᠦᠭᠡᠲᠡᠭ᠃  
 
ᠢᠷᠡᠯᠲᠡ᠄ ᠲᠦᠩᠯᠢᠶᠤᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号