ᠬᠤᠷᠴᠢᠨ ᠠᠶᠢᠮᠠᠬ ᠨᠢ ᠪᠦᠷᠢᠯᠳᠦᠨ ᠲᠣᠬᠳᠠᠨᠢᠬᠰᠠᠨ ᠠᠴᠠ ᠪᠠᠨ ᠠᠪᠣᠭᠠᠳ᠂ ᠪᠣᠰᠣᠳ ᠮᠣᠩᠭᠤᠯ | ᠲᠣᠭᠤᠷᠭᠠᠳᠠᠳ ᠲᠠᠢ ᠪᠠᠨ ᠠᠳᠠᠯᠢ ᠪᠠᠷ ᠣᠰᠣᠨ ᠤ ᠲᠣᠩᠭᠠᠯᠠᠬ ᠢ ᠲᠠᠭᠠᠵᠦ᠂ ᠡᠪᠡᠰᠦᠨ ᠤ ᠰᠣᠷᠭᠤᠬ ᠢ ᠰᠢᠯᠢᠭᠰᠡᠨ | ᠨᠡᠭᠦᠳᠡᠯ ᠮᠠᠯ ᠠᠵᠣ ᠠᠬᠤᠢ ᠪᠠᠷ ᠭᠤᠣᠯ ᠪᠣᠯᠭᠠᠨ ᠠᠮᠢᠳᠣᠷᠠᠵᠦ ᠪᠠᠶᠢᠪᠠ᠃ ᠭᠡᠪᠡᠴᠦ ᠲᠡᠦᠬᠡ ᠶᠢᠨ ᠡᠷᠭᠢᠯᠳᠡ ᠵᠢᠴᠢ | ᠨᠡᠶᠢᠭᠡᠮ ᠤᠨ ᠬᠦᠭᠵᠢᠯᠳᠡ ᠶᠢ ᠲᠠᠭᠠᠯᠳᠣᠨ ᠲᠠᠷᠢᠶᠠᠯᠠᠬᠤ ᠰᠣᠶᠣᠯ ᠨᠢ ᠬᠤᠷᠴᠢᠨ ᠨᠣᠳᠤᠬ ᠲᠤ ᠨᠡᠪᠴᠢᠨ ᠣᠷᠣᠵᠦ | ᠢᠷᠡᠭᠡᠳ ᠡᠨᠡ ᠬᠦ ᠨᠣᠳᠤᠬ ᠢ ᠬᠠᠭᠠᠰ ᠲᠠᠷᠢᠶᠠᠯᠠᠬᠤ ᠬᠠᠭᠠᠰ ᠮᠠᠯᠵᠢᠬᠤ ᠠᠵᠣ ᠠᠬᠤᠢ ᠶᠢᠨ ᠬᠡᠯᠪᠡᠷᠢ ᠲᠠᠢ ᠪᠣᠯᠭᠠᠨ | ᠬᠤᠪᠢᠷᠠᠭᠤᠯᠣᠬᠰᠠᠨ ᠶᠣᠮ᠃ ᠡᠭᠦᠨ ᠠᠴᠠ ᠪᠣᠯᠵᠦ ᠬᠤᠷᠴᠢᠨᠴᠣᠳ ᠤᠨ ᠡᠳᠦᠷ ᠲᠣᠳᠣᠮ ᠤᠨ ᠠᠮᠢᠳᠣᠷᠠᠯ ᠤᠨ ᠠᠷᠭ᠎ᠠ | ᠠᠪᠴᠠᠯ ᠠᠴᠠ ᠠᠪᠣᠭᠠᠳ ᠬᠤᠭᠤᠯᠠ ᠣᠮᠳᠠ ᠳᠤ ᠬᠦᠷᠳᠡᠯ᠎ᠡ ᠦᠪᠡᠷ ᠤᠨ ᠢᠶᠠᠨ ᠭᠡᠰᠡᠨ ᠣᠨᠴᠠᠯᠢᠬ ᠲᠠᠢ ᠪᠣᠯᠵᠠᠢ᠃ | | ᠬᠤᠷᠴᠢᠨ ᠲᠠᠷᠢᠶᠠᠴᠢᠳ ᠤᠨ ᠬᠡᠭᠡᠷ᠎ᠡ ᠶᠢᠨ ᠨᠣᠭᠤᠭ᠎ᠠ | ᠮᠠᠯᠵᠢᠬᠤ ᠠᠮᠢᠳᠣᠷᠠᠯ ᠢᠶᠠᠷ ᠠᠵᠣ ᠠᠬᠤᠢ ᠶᠢᠨ ᠰᠠᠭᠤᠷᠢ ᠪᠣᠯᠭᠠᠵᠦ ᠪᠠᠶᠢᠬᠰᠠᠨ ᠬᠤᠷᠴᠢᠨ ᠨᠣᠳᠤᠬ ᠲᠤ | ᠣᠣᠯ ᠨᠢ ᠣᠳᠣ ᠶᠢᠨ ᠰᠢᠬ ᠨᠣᠭᠤᠭ᠎ᠠ ᠶᠢᠨ ᠬᠠᠰᠢᠶ᠎ᠠ ᠭᠡᠵᠦ ᠪᠠᠶᠢᠬᠰᠠᠨ ᠦᠭᠡᠢ ᠶᠣᠮ᠃ ᠪᠠᠶᠠᠨ ᠪᠠᠶᠢᠭᠠᠯᠢ ᠶᠢᠨ ᠢᠶᠠᠨ | ᠦᠡᠭᠰᠢᠭ ᠰᠢᠮ᠎ᠡ ᠳᠤ ᠨᠡᠭᠦᠳᠡᠯᠯᠡᠵᠦ ᠪᠠᠭᠤᠵᠦ ᠠᠮᠢᠳᠣᠷᠠᠵᠦ ᠪᠠᠶᠢᠬᠰᠠᠨ ᠬᠤᠷᠴᠢᠨᠴᠣᠳ ᠨᠢ ᠲᠠᠭᠠᠨ᠎ᠠ᠂ ᠬᠦᠮᠡᠯᠢ᠂ | ᠮᠠᠩᠬᠢᠷ ᠁ ᠵᠡᠷᠭᠡ ᠬᠡᠭᠡᠷ᠎ᠠ ᠶᠢᠨ ᠵᠡᠷᠯᠢᠭ ᠨᠣᠭᠤᠭ᠎ᠠ ᠶᠢ ᠲᠡᠭᠦᠵᠦ ᠠᠪᠣᠭᠠᠳ ᠲᠠᠪᠣᠰᠣᠯᠠᠬᠤ ᠪᠣᠶᠣ | ᠮᠢᠬ᠎ᠠ ᠲᠠᠢ ᠪᠠᠨ ᠬᠤᠯᠢᠬᠤ᠂ ᠰᠢᠶᠠᠨᠰᠠ ᠪᠣᠯᠭᠠᠵᠦ ᠪᠣᠣᠵᠠ ᠪᠣᠯᠭᠠᠬᠤ ᠵᠡᠷᠭᠡ ᠪᠠᠷ ᠢᠳᠡᠰᠢᠨ ᠨᠣᠭᠤᠭ᠎ᠠ ᠪᠣᠯᠭᠠᠳᠠᠬ | ᠪᠠᠶᠢᠵᠠᠢ᠃ ᠡᠭᠦᠨ ᠠᠴᠠ ᠭᠠᠳᠠᠨ᠎ᠠ ᠬᠠᠯᠠᠭᠠᠢ᠂ ᠵᠤᠭ᠎ᠠ᠂ ᠭᠠᠰᠢᠭᠤᠨ ᠨᠣᠭᠤᠭ᠎ᠠ᠂ ᠮᠠᠨᠵᠢᠤᠬᠠᠢ ᠵᠡᠷᠭᠡ ᠶᠢ ᠴᠦ | ᠬᠤᠷᠴᠢᠨᠴᠣᠳ ᠢᠳᠡᠰᠢᠨ ᠳᠤ ᠪᠠᠨ ᠬᠡᠷᠡᠭᠯᠡᠵᠦ ᠪᠠᠶᠢᠪᠠ᠃ | ᠬᠠᠯᠠᠭᠠᠢ᠃ ᠬᠤᠷᠴᠢᠨᠴᠣᠳ ᠤᠨ ᠵᠢᠯ ᠪᠦᠷᠢ ᠬᠠᠮᠤᠬ ᠠᠩᠬ᠎ᠠ ᠣᠯᠵᠦ ᠢᠳᠡᠳᠡᠭ ᠬᠡᠭᠡᠷ᠎ᠡ ᠶᠢᠨ ᠨᠣᠭᠤᠭ᠎ᠠ ᠪᠣᠯ | ᠬᠠᠯᠠᠭᠠᠢ ᠪᠣᠯᠣᠨ᠎ᠠ᠃ ᠬᠠᠯᠠᠭᠠᠢ ᠭᠡᠳᠡᠭ ᠣᠷᠭᠤᠮᠠᠯ ᠨᠢ ᠶᠠᠭᠠᠬᠢᠭᠠᠳ ᠡᠶᠢᠮᠦ ᠨᠡᠷ᠎ᠡ ᠲᠠᠢ ᠪᠣᠯᠣᠬᠰᠠᠨ ᠲᠣᠬᠠᠢ ᠬᠦᠷᠢᠶ᠎ᠡ | ᠬᠤᠰᠢᠭᠤᠨ ᠤ ᠮᠠᠩᠬᠠᠨ ᠰᠣᠮᠣᠨ ᠤ ᠲᠠᠷᠢᠶᠠᠴᠢᠨ ᠬᠠᠰᠲᠣᠯᠭᠠᠭᠤᠷᠢ ᠠᠴᠠ᠄ ︽ᠬᠠᠯᠠᠭᠠᠢ ᠨᠢ ᠨᠠᠪᠴᠢ ᠪᠣᠶᠣ | ᠡᠰᠢᠨ ᠳᠤ ᠪᠠᠨ ᠪᠦᠷ ᠵᠢᠵᠢᠭ ᠦᠷᠭᠡᠰᠦ ᠲᠠᠢ ᠪᠣᠯᠬᠤᠷ ᠬᠦᠮᠦᠨ ᠤ ᠭᠠᠷ ᠢ ᠬᠠᠳᠬᠤᠵᠦ ᠶᠠᠬ ᠯᠡ ᠭᠠᠯ ᠢᠶᠠᠷ | ᠬᠠᠯᠠᠭᠠᠬᠰᠠᠨ ᠬᠡᠮᠡᠷ ᠡᠪᠡᠳᠭᠡᠳᠡᠭ᠃ ᠡᠨᠡ ᠬᠦ ᠬᠠᠳᠬᠤᠵᠦ ᠬᠠᠯᠠᠭᠠᠳᠠᠬ ᠣᠨᠴᠠᠯᠢᠬ ᠢᠶᠠᠷ ᠨᠢ ᠬᠠᠯᠠᠭᠠᠢ ᠭᠡᠵᠦ | ᠨᠡᠷᠡᠯᠡᠭᠰᠡᠨ ᠪᠠᠶᠢᠳᠠᠬ᠃ ᠬᠠᠯᠠᠭᠠᠢ ᠨᠢ ᠬᠠᠪᠣᠷ ᠢᠷᠡᠵᠦ ᠬᠠᠨᠭ᠍ᠰᠢ ᠪᠣᠯᠬᠤ ᠶᠢᠨ ᠦᠶ᠎ᠡ ᠪᠠᠷ ᠮᠠᠩᠬᠠᠨ ᠡᠩᠭᠡᠷ ᠪᠣᠶᠣ | ᠪᠣᠳᠠᠨ ᠤ ᠨᠦᠮᠦᠷᠢ ᠳᠤ ᠪᠣᠰᠣᠳ ᠣᠷᠭᠤᠮᠠᠯ ᠠᠴᠠ ᠡᠷᠳᠡ ᠨᠢᠳᠦᠯᠡᠴᠢᠬᠡᠳᠡᠭ ᠶᠣᠮ᠃ ᠨᠠᠰᠣᠳᠠᠢ ᠬᠠᠰᠢᠷ ᠬᠦᠮᠦᠰ | ᠪᠣᠶᠣ ᠮᠠᠯ ᠳᠤ ᠶᠠᠪᠣᠬᠰᠠᠳ ᠬᠠᠯᠠᠭᠠᠢ ᠶᠢ ᠲᠡᠭᠦᠵᠦ ᠠᠪᠣᠭᠠᠳ ᠬᠦᠬᠡ ᠨᠣᠭᠤᠭᠠᠨ ᠤ ᠵᠠᠭᠤᠰᠢ ᠪᠣᠯᠭᠠᠵᠦ ᠢᠳᠡᠳᠡᠭ᠃ | ᠬᠠᠯᠠᠭᠠᠢ ᠶᠢ ᠪᠠᠰᠠ ᠮᠣᠷᠢᠨ ᠬᠠᠯᠠᠭᠠᠢ᠂ ᠬᠤᠨᠢᠨ ᠬᠠᠯᠠᠭᠠᠢ᠂ ᠲᠡᠮᠡᠭᠡᠨ ᠬᠠᠯᠠᠭᠠᠢ ᠭᠡᠵᠦ ᠬᠤᠪᠢᠶᠠᠳᠠᠬ᠃ ᠬᠠᠯᠠᠭᠠᠢ ᠨᠢ | ᠡᠯᠡᠰᠦ ᠮᠠᠩᠬᠠᠨ ᠭᠠᠵᠠᠷ ᠢᠶᠠᠷ ᠰᠠᠶᠢᠨ ᠣᠷᠭᠤᠳᠠᠬ ᠮᠦᠷᠳᠡᠭᠡᠨ ᠦᠷᠡᠵᠢᠯ ᠰᠠᠶᠢᠳᠠᠢ᠂ ᠬᠦᠮᠦᠨ ᠤ ᠬᠦᠴᠦ ᠪᠠᠷ | ᠵᠠᠶᠢᠯᠠᠵᠦ ᠡᠳᠡᠭᠡᠷᠡᠭᠦᠯᠬᠦ ᠳᠤ ᠲᠦᠭᠦᠮ ᠶᠣᠮ᠃ ᠬᠠᠯᠠᠭᠠᠢ ᠬᠠᠮᠤᠬ ᠦᠨᠳᠦᠷ ᠲᠤ ᠪᠠᠨ ᠪᠣᠰᠤᠭ᠎ᠠ ᠬᠦᠮᠦᠨ ᠤ ᠬᠢᠷᠢ | ᠪᠣᠳᠠᠯᠠᠨ ᠣᠷᠭᠤᠵᠦ ᠪᠢᠯᠢᠭ ᠤᠨ ᠣᠯᠠᠷᠢᠯ ᠤᠨ ᠲᠣᠯᠤᠭ᠎ᠠ ᠨᠠᠢᠮᠠᠨ ᠰᠠᠷ᠎ᠠ ᠶᠢᠨ ᠦᠶ᠎ᠡ ᠪᠠᠷ ᠦᠷᠡᠯᠡᠵᠦ ᠪᠣᠯᠪᠠᠰᠣᠷᠠᠳᠠᠬ︾ | ᠭᠡᠵᠡᠢ᠃ ᠮᠣᠩᠭᠤᠯ ᠡᠮᠴᠢ ᠨᠠᠷ ᠤᠨ ᠬᠡᠯᠡᠬᠦ ᠪᠠᠷ ︽ᠬᠠᠯᠠᠭᠠᠢ ᠨᠢ ᠬᠡᠢ ᠶᠢ ᠲᠠᠷᠣᠵᠦ᠂ ᠴᠢᠰᠣᠨ ᠡᠷᠭᠢᠯᠳᠡ ᠶᠢ | ᠰᠠᠶᠢᠵᠢᠷᠠᠭᠤᠯᠣᠨ᠂ ᠪᠠᠮ ᠡᠪᠡᠳᠴᠢᠨ ᠢ ᠵᠠᠰᠠᠨ᠎ᠠ︾ ᠭᠡᠳᠡᠭ᠃ ᠬᠠᠯᠠᠭᠠᠢ ᠶᠢ ᠭᠤᠣᠯᠳᠠᠭᠤ ᠬᠠᠪᠣᠷ ᠤᠨ ᠡᠬᠢᠨ ᠠᠴᠠ | ᠵᠣᠨ ᠤ ᠲᠣᠮᠳᠠᠴᠢ ᠪᠣᠯᠳᠠᠯ᠎ᠠ ᠢᠳᠡᠵᠦ ᠪᠣᠯᠳᠠᠬ᠃ ᠬᠤᠷᠴᠢᠨ ᠨᠣᠳᠤᠬ ᠤᠨ ᠵᠠᠷᠢᠮ ᠬᠦᠮᠦᠰ ᠬᠠᠯᠠᠭᠠᠢ ᠶᠢ ᠬᠠᠰᠢᠶ᠎ᠠ | ᠲᠦᠭᠦᠷᠡᠩ ᠵᠠᠶᠢᠯᠠᠵᠦ ᠣᠷᠭᠤᠭᠤᠯᠳᠠᠬ ᠴᠦ ᠪᠣᠢ᠃ ᠬᠠᠯᠠᠭᠠᠢ ᠶᠢ ᠬᠠᠶᠢᠴᠢᠯᠠᠵᠦ ᠠᠪᠣᠭᠠᠳ ᠪᠠᠭ᠎ᠠ ᠰᠠᠭ᠎ᠠ ᠮᠢᠬ᠎ᠠ | ᠲᠣᠰᠣ ᠲᠠᠢ ᠬᠤᠯᠢᠵᠦ ᠱᠦᠯᠦ ᠭᠠᠷᠭᠠᠭᠠᠳ ᠰᠠᠭᠠᠬ ᠤᠨ ᠭᠤᠯᠢᠷ ᠢᠶᠠᠨ ᠰᠢᠩᠭᠡᠨ ᠵᠢᠭᠤᠷᠠᠵᠦ ᠱᠦᠯᠦ ᠳᠤ ᠪᠠᠨ ᠲᠠᠩ | ᠪᠣᠯᠭᠠᠵᠦ ᠢᠳᠡᠪᠡᠯ ᠡᠳᠡᠭᠡᠳ ᠰᠠᠶᠢᠬᠠᠨ ᠠᠮᠳᠠ ᠲᠠᠢ ᠪᠠᠶᠢᠳᠠᠬ᠃ | ᠵᠤᠭ᠎ᠠ᠃ ᠵᠤᠭ᠎ᠠ ᠭᠡᠳᠡᠭ ᠨᠢ ᠬᠠᠶᠢᠯᠠᠰᠣᠨ ᠮᠣᠳᠣᠨ ᠤ ᠦᠷ᠎ᠡ ᠶᠢ ᠬᠡᠯᠡᠵᠦ ᠪᠠᠶᠢᠨ᠎ᠠ᠃ ᠬᠠᠨᠭ᠍ᠰᠢ ᠦᠡᠭᠭᠡᠷᠡᠵᠦ | ᠠᠷᠭ᠎ᠠ ᠶᠢᠨ ᠣᠯᠠᠷᠢᠯ ᠤᠨ ᠲᠠᠪᠣᠨ ᠰᠠᠷ᠎ᠠ ᠶᠢᠨ ᠡᠬᠢ ᠪᠣᠯᠬᠤ ᠬᠢᠷᠢᠨ᠎ᠡ ᠬᠠᠶᠢᠯᠠᠰᠣᠨ ᠮᠣᠳᠣ ᠦᠷᠡᠯᠡᠵᠦ ᠵᠣᠭᠠᠯᠠᠵᠦ | ᠡᠬᠢᠯᠡᠨ᠎ᠡ᠃ ᠵᠤᠭ᠎ᠠ ᠨᠢ ᠬᠢᠮᠣᠰᠣᠨ ᠲᠣᠯᠢ ᠶᠢᠨ ᠬᠢᠷᠢ ᠪᠣᠯᠬᠤ ᠬᠢᠷᠢᠨ᠎ᠡ ᠰᠢᠪᠳᠣᠷᠴᠦ ᠠᠪᠣᠭᠠᠳ ᠲᠦᠭᠦᠬᠡᠢ ᠪᠠᠷ | ᠢᠳᠡᠵᠦ ᠪᠣᠯᠬᠤ ᠮᠦᠷᠳᠡᠭᠡᠨ ᠪᠠᠭ᠎ᠠ ᠰᠠᠭ᠎ᠠ ᠮᠢᠬ᠎ᠠ ᠲᠣᠰᠣ ᠲᠠᠢ ᠬᠤᠯᠢᠵᠦ ᠱᠦᠯᠦ ᠭᠠᠷᠭᠠᠭᠠᠳ ᠭᠤᠯᠢᠷ ᠴᠢᠳᠬᠤᠨ | ᠲᠠᠩ ᠪᠣᠯᠭᠠᠵᠦ ᠢᠳᠡᠵᠦ ᠪᠣᠯᠳᠠᠬ᠃ ᠬᠤᠷᠴᠢᠨ ᠨᠣᠳᠤᠬ ᠲᠤ ᠲᠡᠭᠡᠷ᠎ᠡ ᠵᠠᠭᠤᠨ ᠤ ᠨᠠᠶᠠ ᠶᠡᠷᠡᠭᠡᠳ ᠣᠨ ᠪᠣᠯᠳᠠᠯ᠎ᠠ | ᠬᠠᠪᠣᠷ ᠬᠠᠶᠢᠯᠠᠰᠣᠨ ᠮᠣᠳᠣᠨ ᠳᠤ ᠠᠪᠠᠷᠢᠵᠦ ᠭᠠᠷᠣᠭᠠᠳ ᠵᠤᠭ᠎ᠠ ᠲᠡᠭᠦᠳᠡᠭ ᠬᠡᠦᠬᠡᠳ ᠵᠦᠡᠭᠳᠡᠭᠡᠨ ᠬᠠᠷᠠᠬᠳᠠᠵᠦ | ᠪᠠᠶᠢᠬᠰᠠᠨ ᠶᠣᠮ᠃ ᠵᠤᠭ᠎ᠠ ᠲᠠᠢ ᠱᠦᠯᠦ ᠳᠤ ᠴᠢᠨᠠᠬᠰᠠᠨ ᠰᠠᠭᠠᠬ ᠤᠨ ᠭᠤᠯᠢᠷ ᠤᠨ ᠲᠠᠩ ᠨᠢ ᠠᠮᠳᠠᠯᠢᠬ ᠮᠦᠷᠳᠡᠭᠡᠨ | ᠬᠡᠢ ᠬᠤᠢ ᠶᠢ ᠨᠡᠪᠳᠡᠷᠡᠭᠦᠯᠵᠦ ᠴᠢᠰᠣᠨ ᠡᠷᠭᠢᠯᠳᠡ ᠶᠢ ᠰᠠᠶᠢᠵᠢᠷᠠᠭᠤᠯᠬᠤ᠂ ᠠᠷᠢᠬᠢᠨ ᠰᠢᠷ᠎ᠠ ᠶᠢ ᠪᠠᠭᠠᠰᠬᠠᠬᠤ ᠵᠡᠷᠭᠡ | ᠡᠮᠴᠢᠯᠡᠭᠡᠨ ᠤ ᠰᠠᠶᠢᠨ ᠲᠠᠯ᠎ᠠ ᠣᠯᠠᠨ ᠪᠠᠶᠢᠳᠠᠬ ᠠᠴᠠ ᠬᠤᠷᠴᠢᠨ ᠤ ᠣᠯᠠᠩᠬᠢ ᠲᠠᠷᠢᠶᠠᠴᠢᠳ ᠠᠴᠠ ᠬᠠᠪᠣᠷ ᠤᠨ | ᠣᠯᠠᠷᠢᠯ ᠳᠤ ᠵᠤᠭ᠎ᠠ ᠲᠠᠢ ᠲᠠᠩ ᠢᠳᠡᠬᠦ ᠶᠢ ᠡᠷᠬᠢᠮ ᠪᠣᠯᠭᠠᠨ ᠦᠵᠡᠵᠦ᠂ ᠬᠡᠦᠬᠡᠳ ᠪᠠᠭᠠᠴᠣᠳ ᠢᠶᠠᠨ ᠬᠠᠶᠢᠯᠠᠰᠣᠨ | ᠮᠣᠳᠣᠨ ᠳᠤ ᠠᠪᠠᠷᠢᠭᠤᠯᠵᠦ ᠵᠤᠭ᠎ᠠ ᠲᠡᠭᠦᠯᠭᠡᠳᠡᠭ ᠪᠠᠶᠢᠵᠠᠢ᠃ ᠭᠡᠪᠡᠴᠦ ᠵᠤᠭ᠎ᠠ ᠶᠢᠨ ᠦᠰᠦᠯᠳᠡ ᠬᠤᠷᠳᠣᠨ ᠪᠣᠯᠬᠤᠷ | ᠦᠵᠡᠵᠦ ᠪᠠᠶᠢᠳᠠᠯ᠎ᠠ ᠦᠷᠡᠯᠡᠵᠦ ᠦᠳᠡᠯᠡᠭᠡᠳ ᠬᠠᠳᠠᠭᠤ ᠮᠦᠷᠳᠡᠭᠡᠨ ᠭᠠᠰᠢᠭᠤᠨ ᠪᠣᠯᠳᠠᠬ ᠠᠴᠠ ᠬᠠᠭᠠᠰ ᠰᠠᠷ᠎ᠠ ᠬᠤᠷᠢ | ᠬᠤᠨᠤᠬ ᠯᠡ ᠢᠳᠡᠵᠦ ᠪᠣᠯᠳᠠᠬ ᠶᠣᠮ᠃ | ᠭᠠᠰᠢᠭᠤᠨ ᠨᠣᠭᠤᠭ᠎ᠠ᠃ ᠭᠠᠰᠢᠭᠤᠨ ᠨᠣᠭᠤᠭ᠎ᠠ ᠶᠢ ᠪᠠᠰᠠ ᠵᠠᠷᠢᠮ ᠭᠠᠵᠠᠷ ᠢᠳᠡᠷ᠎ᠡ ᠨᠣᠭᠤᠭ᠎ᠠ᠂ ᠴᠠᠮᠴᠠᠨ | ᠨᠣᠭᠤᠭ᠎ᠠ ᠭᠡᠬᠦ ᠮᠡᠳᠦ ᠪᠠᠷ ᠶᠠᠷᠢᠳᠠᠬ᠃ ᠭᠠᠰᠢᠭᠤᠨ ᠨᠣᠭᠤᠭ᠎ᠠ ᠨᠢ ᠭᠤᠣᠯᠳᠠᠭᠤ ᠣᠮᠳᠠᠯᠢᠬ ᠲᠣᠣᠷ᠎ᠠ ᠭᠠᠵᠠᠷ ᠡᠷᠳᠡ | ᠣᠷᠭᠤᠳᠠᠬ ᠨᠣᠭᠤᠭ᠎ᠠ ᠶᠢᠨ ᠲᠦᠷᠦᠯ ᠪᠣᠯᠣᠨ᠎ᠠ᠃ ᠭᠠᠰᠢᠭᠤᠨ ᠨᠣᠭᠤᠭ᠎ᠠ ᠶᠢ ᠲᠡᠭᠦᠵᠦ ᠠᠪᠣᠬᠰᠠᠨ ᠤ ᠲᠠᠷᠠᠭ᠎ᠠ ᠰᠢᠷᠣᠢ | ᠲᠣᠭᠤᠰᠣ ᠶᠢ ᠨᠢ ᠭᠦᠪᠢᠵᠦ᠂ ᠣᠬᠢᠶᠠᠵᠦ ᠴᠡᠪᠡᠷᠯᠡᠭᠡᠳ ᠲᠠᠪᠣᠰᠣᠯᠠᠨ ᠢᠳᠡᠬᠦ ᠪᠣᠶᠣ ᠰᠢᠭᠤᠳ ᠵᠢᠶᠠᠩ ᠳᠤ ᠲᠦᠷᠦᠵᠦ | ᠪᠣᠳᠠᠭ᠎ᠠ ᠲᠠᠢ ᠬᠤᠯᠢᠵᠦ ᠢᠳᠡᠵᠦ ᠪᠣᠯᠳᠠᠬ᠃ ᠪᠠᠰᠠ ᠲᠠᠷᠢᠶ᠎ᠠ ᠶᠢᠨ ᠶᠠᠭᠠᠷᠠᠦ ᠴᠠᠬ ᠢᠶᠠᠷ ᠲᠠᠷᠢᠶᠠᠴᠢᠳ ᠠᠴᠠ | ᠭᠠᠰᠢᠭᠤᠨ ᠨᠣᠭᠤᠭ᠎ᠠ ᠶᠢ ᠲᠡᠭᠦᠵᠦ ᠠᠪᠣᠭᠠᠳ ᠠᠷᠢᠬᠢᠨ ᠵᠠᠭᠤᠰᠢ ᠪᠣᠯᠭᠠᠨ ᠬᠡᠷᠡᠭᠯᠡᠳᠡᠭ ᠴᠦ ᠪᠣᠢ᠃ ᠭᠡᠪᠡᠴᠦ | ᠭᠠᠰᠢᠭᠤᠨ ᠨᠣᠭᠤᠭ᠎ᠠ ᠶᠢ ᠲᠡᠭᠦᠵᠦ ᠠᠪᠬᠤ ᠳᠤ ᠪᠠᠨ ᠵᠠᠪᠠᠯ ᠲᠣᠳᠣᠷᠬᠠᠢ ᠲᠠᠨᠢᠵᠦ ᠴᠢᠳᠠᠬᠰᠠᠨ ᠪᠠᠶᠢᠬᠤ ᠬᠡᠷᠡᠭᠳᠡᠢ᠃ | ᠬᠠᠪᠣᠷ ᠡᠪᠡᠰᠦ ᠨᠣᠭᠤᠭ᠎ᠠ ᠣᠷᠭᠤᠵᠦ ᠡᠬᠢᠯᠡᠬᠦ ᠦᠶᠡᠰ ᠡᠯᠵᠢᠭᠡᠨ ᠴᠢᠬᠢ ᠭᠡᠳᠡᠭ ᠣᠷᠭᠤᠮᠠᠯ ᠨᠢ | ᠲᠣᠮᠣᠷᠠᠬᠤ ᠠᠴᠠ ᠪᠠᠨ ᠡᠮᠦᠨ᠎ᠡ ᠭᠠᠰᠢᠭᠤᠨ ᠨᠣᠭᠤᠭ᠎ᠠ ᠲᠠᠢ ᠨᠡᠯᠢᠶᠡᠳ ᠠᠳᠠᠯᠢᠪᠳᠣᠷ ᠰᠢᠬ ᠪᠠᠶᠢᠳᠠᠬ ᠶᠣᠮ ᠭᠡᠨ᠎ᠡ᠃ | ᠬᠡᠷᠪᠡ ᠬᠡᠦᠬᠡᠳ ᠪᠠᠭᠠᠴᠣᠳ ᠡᠯᠵᠢᠭᠡᠨ ᠴᠢᠬᠢ ᠶᠢ ᠠᠳᠡᠭᠦᠷᠡᠵᠦ ᠲᠡᠭᠦᠭᠡᠳ ᠢᠳᠡᠪᠡᠯ ᠬᠤᠣᠷ ᠪᠣᠯᠣᠨ᠎ᠠ ᠭᠡᠳᠡᠭ᠃ | ᠭᠠᠰᠢᠭᠤᠨ ᠨᠣᠭᠤᠭ᠎ᠠ ᠨᠢ ᠬᠡᠳᠦᠢ ᠪᠠᠷ ᠢᠳᠡᠬᠦ ᠳᠤ ᠭᠠᠰᠢᠭᠤᠨ ᠰᠢᠬ ᠪᠣᠯᠪᠠᠴᠦ ᠴᠢᠰᠣᠨ ᠡᠷᠭᠢᠯᠳᠡ ᠶᠢ | ᠰᠠᠶᠢᠵᠢᠷᠠᠭᠤᠯᠨ᠂ ᠴᠢᠰᠣᠨ ᠤ ᠬᠠᠯᠠᠭᠤᠨ ᠢ ᠠᠷᠢᠯᠭᠠᠳᠠᠬ ᠠᠴᠠ ᠵᠠᠯᠠᠭᠤ ᠪᠠᠭᠠᠴᠣᠳ ᠤᠨ ᠬᠠᠴᠠᠷ ᠲᠤ ᠰᠡᠪᠬᠡ ᠭᠠᠷᠬᠤ | ᠂ ᠬᠠᠴᠠᠷ ᠲᠤ ᠴᠣᠬᠤᠷ ᠢᠯᠡᠷᠡᠬᠦ ᠵᠡᠷᠭᠡ ᠶᠢᠨ ᠡᠪᠡᠳᠴᠢᠨ ᠢ ᠵᠠᠰᠠᠵᠦ ᠡᠳᠡᠭᠡᠷᠡᠭᠦᠯᠬᠦ ᠴᠢᠳᠠᠯᠳᠠᠢ᠃ ︽ᠭᠠᠰᠢᠭᠤᠨ | ᠨᠣᠭᠤᠭ᠎ᠠ ᠶᠢ ᠲᠡᠭᠦᠵᠦ ᠠᠪᠣᠭᠠᠳ ᠣᠬᠢᠶᠠᠵᠦ ᠴᠡᠪᠡᠷᠯᠡᠭᠡᠳ ᠬᠠᠳᠠᠭᠠᠬᠰᠠᠨ ᠤ ᠲᠠᠷᠠᠭ᠎ᠠ ᠴᠠᠢ ᠪᠣᠯᠭᠠᠵᠦ ᠣᠣᠭᠤᠪᠠᠯ | ᠪᠦᠭᠡᠷ᠎ᠡ ᠶᠢᠨ ᠴᠢᠳᠠᠯ ᠢ ᠰᠠᠶᠢᠵᠢᠷᠠᠭᠤᠯᠵᠦ ᠴᠢᠰᠣᠨ ᠦᠭᠡᠬᠦ ᠶᠢ ᠪᠠᠭᠠᠰᠬᠠᠵᠦ ᠲᠡᠶᠢᠯᠦᠨ᠎ᠡ︾ ᠭᠡᠵᠦ ᠵᠠᠷᠢᠮ ᠡᠮᠴᠢ ᠨᠠᠷ | ᠶᠠᠷᠢᠳᠠᠬ᠃ | ᠮᠠᠨᠵᠢᠤᠬᠠᠢ᠃ ᠮᠠᠨᠵᠢᠤᠬᠠᠢ ᠪᠣᠯ ᠬᠤᠷᠴᠢᠨ ᠨᠣᠳᠤᠬ ᠤᠨ ᠬᠡᠦᠬᠡᠳ ᠪᠠᠭᠠᠴᠣᠳ ᠤᠨ ᠵᠦᠡᠭᠳᠡᠭᠡᠨ ᠲᠡᠭᠦᠵᠦ | ᠢᠳᠡᠳᠡᠭ ᠣᠷᠭᠤᠮᠠᠯ ᠤᠨ ᠨᠢᠭᠡ ᠪᠠᠶᠢᠵᠠᠢ᠃ ᠭᠡᠬᠦ ᠳᠡᠭᠡᠨ ᠮᠠᠨᠵᠢᠤᠬᠠᠢ ᠶᠢ ᠵᠠᠪᠠᠯ ᠨᠠᠪᠴᠢᠯᠠᠬᠤ ᠠᠴᠠ ᠡᠮᠦᠨ᠎ᠡ | ᠦᠨᠳᠦᠰᠦ ᠶᠢ ᠨᠢ ᠲᠡᠭᠦᠵᠦ ᠢᠳᠡᠬᠦ ᠶᠣᠰᠣᠳᠠᠢ᠃ ᠬᠤᠷᠴᠢᠨ ᠨᠣᠳᠤᠬ ᠤᠨ ᠬᠦᠮᠦᠰ ᠠᠴᠠ ︽ᠲᠡᠭᠷᠢ | ᠲᠣᠣᠭᠠᠷᠣᠬᠰᠠᠨ ᠤ ᠲᠠᠷᠠᠭ᠎ᠠ ᠮᠠᠨᠵᠢᠤᠬᠠᠢ ᠢᠳᠡᠵᠦ ᠪᠣᠯᠬᠤ ᠦᠭᠡᠢ ᠬᠤᠣᠷ ᠪᠣᠯᠣᠨ᠎ᠠ︾ ᠭᠡᠵᠦ ᠬᠡᠦᠬᠡᠳ | ᠪᠠᠭᠠᠴᠣᠳ ᠲᠤ ᠪᠠᠨ ᠰᠠᠨᠠᠭᠠᠣᠯᠳᠠᠬ᠃ ᠮᠠᠨᠵᠢᠤᠬᠠᠢ ᠨᠢ ᠲᠣᠪᠣᠷᠬᠠᠬ ᠪᠣᠷᠣ ᠭᠠᠵᠠᠷ ᠦᠨᠳᠦᠰᠦᠯᠡᠳᠡᠭ ᠠᠴᠠ ᠬᠠᠪᠣᠷ | ᠪᠣᠯᠵᠦ ᠭᠠᠵᠠᠷ ᠬᠡᠰᠴᠦ ᠡᠬᠢᠯᠡᠬᠦ ᠬᠢᠷᠢᠨ᠎ᠡ ᠬᠤᠷᠴᠢᠨ ᠨᠣᠳᠤᠬ ᠤᠨ ᠬᠡᠦᠬᠡᠳ ᠮᠠᠨᠵᠢᠤᠬᠠᠢ ᠶᠢᠨ ᠦᠨᠳᠦᠰᠦ ᠮᠠᠯᠳᠠᠵᠦ | ᠢᠳᠡᠳᠡᠭ᠃ ᠮᠠᠨᠵᠢᠤᠬᠠᠢ ᠶᠢᠨ ᠲᠣᠮᠣ ᠨᠢ ᠬᠤᠷᠣᠭᠤ ᠬᠢᠷᠢ ᠶᠢᠨ ᠪᠦᠳᠦᠭᠦᠨ ᠪᠠᠶᠢᠵᠦ ᠢᠳᠡᠬᠦ ᠠᠴᠠ ᠡᠮᠦᠨ᠎ᠡ ᠭᠠᠳᠠᠨᠠᠬᠢ | ᠬᠠᠯᠢᠰᠣ ᠶᠢ ᠨᠢ ᠱᠠᠭᠠᠯᠠᠵᠦ ᠠᠪᠣᠪᠠᠯ ᠬᠠᠯᠢᠰᠣᠨ ᠲᠣᠳᠣᠷᠠᠬᠢ ᠨᠢ ᠣᠯᠠᠪᠳᠣᠷ ᠪᠣᠷᠣ ᠦᠡᠭᠭᠡᠳᠡᠢ ᠬᠠᠷᠠᠬᠳᠠᠳᠠᠬ᠃ | ᠬᠡᠷᠪᠡ ᠴᠠᠭᠠᠨ ᠪᠣᠶᠣ ᠰᠢᠷ᠎ᠠ ᠦᠡᠭᠭᠡ ᠪᠠᠶᠢᠪᠠᠯ ᠮᠠᠨᠵᠢᠤᠬᠠᠢ ᠪᠢᠰᠢ ᠬᠠᠷᠢᠨ ᠪᠣᠰᠣᠳ ᠬᠤᠣᠷᠳᠦ ᠡᠪᠡᠰᠦᠨ ᠤ | ᠦᠨᠳᠦᠰᠦ ᠪᠠᠶᠢᠵᠦ ᠮᠡᠳᠡᠨ᠎ᠡ᠃ ᠮᠠᠨᠵᠢᠤᠬᠠᠢ ᠶᠢᠨ ᠦᠨᠳᠦᠰᠦᠨ ᠤ ᠣᠷᠣᠢ ᠨᠢ ᠬᠢᠮᠦᠰᠦᠨ ᠲᠣᠯᠢ ᠠᠴᠠ ᠲᠤᠮᠤ | ᠨᠡᠪᠴᠢᠯᠡᠮᠡᠬᠴᠠ ᠢᠳᠡᠵᠦ ᠪᠣᠯᠬᠤ ᠦᠭᠡᠢ ᠪᠣᠯᠳᠠᠬ᠃ | ᠬᠠᠯᠠᠭᠠᠢ᠂ ᠵᠤᠭ᠎ᠠ᠂ ᠭᠠᠰᠢᠭᠤᠨ ᠨᠣᠭᠤᠭ᠎ᠠ᠂ ᠮᠠᠨᠵᠢᠤᠬᠠᠢ ᠵᠡᠷᠭᠡ ᠶᠢᠨ ᠣᠷᠭᠤᠮᠠᠯ ᠢ ᠬᠤᠷᠴᠢᠨᠴᠣᠳ ᠢᠳᠡᠰᠢᠨ | ᠨᠣᠭᠤᠭ᠎ᠠ ᠪᠣᠯᠭᠠᠵᠦ ᠠᠰᠢᠬᠯᠠᠭᠠᠳ ᠬᠡᠴᠢᠨᠡᠬᠡᠨ ᠣᠨ ᠪᠣᠯᠵᠦ ᠪᠠᠶᠢᠭ᠎ᠠ ᠶᠢ ᠬᠡᠨ ᠴᠦ ᠡᠰᠡ ᠮᠡᠳᠡᠨ᠎ᠡ᠃ ᠭᠡᠪᠡᠴᠦ | ᠡᠳᠡᠭᠡᠷ ᠬᠡᠭᠡᠷ᠎ᠡ ᠶᠢᠨ ᠨᠣᠭᠤᠭ᠎ᠠ ᠨᠢ ᠬᠠᠳᠠᠭᠤ ᠪᠡᠷᠬᠡ ᠴᠠᠬ ᠮᠦᠴᠡ ᠳᠤ ᠬᠤᠷᠴᠢᠨᠴᠣᠳ ᠤᠨ ᠦᠯ ᠢ ᠵᠠᠯᠭᠠᠵᠦ | ᠠᠮᠢ ᠶᠢ ᠨᠢ ᠠᠪᠣᠷᠠᠵᠦ ᠪᠠᠶᠢᠬᠰᠠᠨ ᠦᠡᠭᠭᠡᠷᠡᠯᠳᠡ ᠲᠠᠢ ᠭᠡᠳᠡᠭ᠃ ᠨᠠᠰᠣᠳᠠᠶᠢᠴᠣᠳ ᠤᠨ ᠬᠠᠭᠤᠴᠢᠯᠠᠬᠤ ᠪᠠᠷ ᠬᠤᠭᠤᠯᠠ | ᠣᠮᠳᠠ ᠬᠦᠷᠦᠯᠴᠡᠭᠦ ᠦᠭᠡᠢ ᠪᠠᠶᠢᠬᠰᠠᠨ ᠬᠠᠭᠤᠴᠢᠨ ᠨᠡᠶᠢᠭᠡᠮ ᠳᠤ ᠶᠠᠳᠠᠭᠤ ᠵᠦᠳᠡᠭᠦᠦ ᠠᠷᠠᠳ ᠠᠴᠠ ᠭᠠᠰᠢᠭᠤᠨ | ᠨᠣᠭᠤᠭ᠎ᠠ᠂ ᠬᠠᠯᠠᠭᠠᠢ ᠨᠣᠭᠤᠭ᠎ᠠ᠂ ᠵᠤᠭ᠎ᠠ ᠵᠡᠷᠭᠡ ᠶᠢ ᠪᠣᠳᠠᠭᠠᠨ ᠤ ᠰᠦᠮᠦᠰᠦᠨ ᠳᠤ ᠴᠢᠨᠠᠭᠠᠳ ᠬᠤᠭᠤᠯᠠ ᠪᠣᠯᠭᠠᠨ | ᠬᠡᠷᠡᠭᠯᠡᠵᠦ ᠠᠮᠢ ᠭᠤᠣᠯ ᠲᠠᠢ ᠶᠠᠪᠣᠵᠦ ᠪᠠᠶᠢᠬᠰᠠᠨ ᠭᠡᠨ᠎ᠡ᠃ ᠪᠠᠰᠠ ᠲᠡᠭᠡᠷ᠎ᠡ ᠵᠠᠭᠤᠨ ᠤ ᠵᠢᠷᠠᠭᠠᠳ ᠣᠨ ᠤ ᠦᠶᠡᠰ | ᠬᠤᠷᠴᠢᠨ ᠨᠣᠳᠤᠬ ᠲᠤ ᠶᠡᠭᠡ ᠭᠠᠨᠭ᠌ ᠬᠠᠭᠰᠠᠷᠠᠭᠠᠨ ᠪᠣᠯᠣᠭᠠᠳ ᠬᠦᠮᠦᠰ ᠢᠳᠡᠬᠦ ᠪᠣᠳᠠᠭ᠎ᠠ ᠦᠭᠡᠢ ᠪᠣᠯᠬᠤ ᠳᠤ ᠪᠠᠨ | ᠡᠳᠡᠭᠡᠷ ᠨᠣᠭᠤᠭ᠎ᠠ ᠶᠢ ᠠᠭᠠᠬ ᠲᠠᠢ ᠬᠤᠯᠢᠵᠦ ᠪᠣᠣᠪᠤ ᠪᠣᠯᠭᠠᠨ ᠴᠢᠨᠠᠭᠠᠳ ᠬᠦᠨᠡᠰᠦ ᠪᠣᠯᠭᠠᠵᠦ ᠬᠡᠴᠡᠭᠦᠦ ᠣᠨ ᠵᠢᠯ ᠢ | ᠦᠡᠭᠭᠡᠷᠡᠵᠦ ᠭᠠᠷᠣᠬᠰᠠᠨ ᠭᠡᠳᠡᠭ᠃ ᠡᠶᠢᠮᠦ ᠠᠴᠠ ᠡᠳᠡᠭᠡᠷ ᠬᠡᠭᠡᠷ᠎ᠡ ᠶᠢᠨ ᠨᠣᠭᠤᠭ᠎ᠠ ᠨᠢ ᠣᠳᠣ ᠶᠢᠨ ᠴᠢᠨᠡᠭᠡᠯᠢᠭ | ᠨᠡᠶᠢᠭᠡᠮ ᠢ ᠠᠪᠴᠢᠷᠠᠬᠤ ᠳᠤ ᠴᠦ ᠭᠢᠯᠪᠠᠭ᠎ᠠ ᠰᠠᠴᠣᠷᠠᠮᠠ ᠦᠢᠯᠡᠳᠦᠯ ᠬᠡᠷᠡᠭᠴᠡᠭᠡ ᠪᠠᠨ ᠪᠠᠳᠠᠷᠠᠭᠤᠯᠵᠦ ᠪᠠᠶᠢᠵᠠᠢ | ᠭᠡᠳᠡᠭ ᠢ ᠪᠢᠳᠡ ᠴᠡᠭᠡᠵᠢᠯᠡᠬᠦ ᠶᠣᠰᠣᠳᠠᠢ᠃ | ᠬᠤᠷᠴᠢᠨ ᠲᠠᠷᠢᠶᠠᠴᠢᠳ ᠤᠨ ᠢᠳᠡᠰᠢᠨ ᠨᠣᠭᠤᠭ᠎ᠠ ᠶᠢᠨ ᠲᠠᠷᠢᠮᠠᠯ | ᠲᠠᠷᠢᠶᠠᠯᠠᠬᠤ ᠰᠣᠶᠣᠯ ᠤᠨ ᠬᠤᠷᠴᠢᠨ ᠨᠣᠳᠤᠬ ᠲᠤ ᠶᠡᠭᠡ ᠪᠠᠷ ᠨᠡᠪᠴᠢᠨ ᠣᠷᠣᠵᠦ ᠢᠷᠡᠬᠦ ᠶᠢ ᠲᠠᠭᠠᠯᠳᠣᠨ | ᠲᠠᠷᠢᠶᠠᠴᠢᠳ ᠤᠨ ᠡᠳᠦᠷ ᠲᠣᠳᠣᠮ ᠤᠨ ᠬᠡᠷᠡᠭᠯᠡᠭᠡᠨ ᠳᠤ ᠣᠷᠣᠳᠠᠬ ᠨᠣᠭᠤᠭ᠎ᠠ ᠴᠠᠭ᠎ᠠ ᠶᠢᠨ ᠲᠠᠷᠢᠮᠠᠯ ᠤᠨ ᠵᠦᠢᠯ ᠨᠢ | ᠴᠦ ᠬᠤᠷᠴᠢᠨ ᠨᠣᠳᠤᠬ ᠲᠤ ᠲᠠᠷᠢᠬᠳᠠᠵᠦ ᠡᠬᠢᠯᠡᠵᠡᠢ᠃ ᠬᠤᠷᠴᠢᠨᠴᠣᠳ ᠤᠨ ᠲᠠᠷᠢᠳᠠᠬ ᠢᠳᠡᠰᠢᠨ ᠨᠣᠭᠤᠭ᠎ᠠ ᠶᠢᠨ | ᠲᠦᠷᠦᠯ ᠵᠦᠢᠯ ᠨᠢ ᠨᠡᠯᠢᠶᠡᠳ ᠣᠯᠠᠨ ᠪᠠᠶᠢᠳᠠᠬ᠃ ᠡᠭᠦᠨ ᠳᠤ ᠯᠣᠣᠪᠠᠨᠭ᠌᠂ ᠴᠠᠭᠠᠨ ᠨᠣᠭᠤᠭ᠎ᠠ᠂ ᠮᠠᠨᠵᠢᠨ᠂ | ᠲᠦᠮᠦᠰᠦ᠂ ᠪᠣᠷᠴᠠᠬ ᠁ ᠵᠡᠷᠭᠡ ᠶᠢᠨ ᠨᠣᠭᠤᠭ᠎ᠠ ᠶᠢᠨ ᠲᠠᠷᠢᠮᠠᠯ ᠢ ᠭᠡᠷ ᠠᠴᠠ ᠪᠠᠨ ᠵᠠᠶᠢᠳᠠᠭᠤ ᠲᠠᠷᠢᠶᠠᠨ | ᠭᠠᠵᠠᠷ ᠲᠤ ᠪᠣᠰᠣᠳ ᠲᠠᠷᠢᠮᠠᠯ ᠲᠠᠢ ᠬᠤᠯᠢᠵᠦ ᠲᠠᠷᠢᠳᠠᠬ ᠶᠣᠮ᠃ | ᠯᠣᠣᠪᠠᠨᠭ᠌᠃ ᠯᠣᠣᠪᠠᠨᠭ᠌ ᠳᠤ ᠣᠯᠠᠭᠠᠨ ᠯᠣᠣᠪᠠᠨᠭ᠌᠂ ᠴᠠᠭᠠᠨ ᠯᠣᠣᠪᠠᠨᠭ᠌᠂ ᠬᠤᠯᠣᠣᠪᠠᠨᠭ᠌᠂ ᠣᠰᠣᠨ ᠯᠣᠣᠪᠠᠨᠭ᠌ | ᠭᠡᠬᠦ ᠮᠡᠳᠦ ᠶᠢᠨ ᠬᠡᠳᠦᠨ ᠲᠦᠷᠦᠯ ᠪᠠᠶᠢᠳᠠᠬ᠃ ᠡᠭᠦᠨ ᠳᠤ ᠭᠡᠷ ᠠᠴᠠ ᠵᠠᠶᠢᠳᠠᠭᠤ ᠲᠠᠷᠢᠶᠠᠨ ᠭᠠᠵᠠᠷ ᠤᠳ ᠢᠶᠠᠷ | ᠲᠠᠷᠢᠳᠠᠬ ᠨᠢ ᠣᠯᠠᠭᠠᠨ ᠯᠣᠣᠪᠠᠨᠭ᠌ ᠪᠣᠯᠣᠨ ᠴᠠᠭᠠᠨ ᠯᠣᠣᠪᠠᠨᠭ᠌ ᠪᠣᠯᠣᠨ᠎ᠠ᠃ ᠬᠤᠷᠴᠢᠨᠴᠣᠳ ᠯᠣᠣᠪᠠᠨᠭ᠌ ᠢ ᠵᠣᠨ ᠤ | ᠰᠡᠭᠦᠯᠴᠢ ᠪᠠᠷ ᠲᠠᠷᠢᠳᠠᠬ᠃ ᠯᠣᠣᠪᠠᠨᠭ᠌ ᠨᠢ ᠦᠨᠳᠦᠰᠦ ᠨᠢ ᠭᠠᠵᠠᠷ ᠲᠣᠣᠷ᠎ᠠ ᠪᠦᠳᠦᠭᠦᠷᠡᠵᠦ ᠪᠣᠯᠪᠠᠰᠣᠷᠠᠳᠠᠬ ᠣᠷᠭᠤᠮᠠᠯ | ᠪᠣᠯᠬᠤᠷ ᠵᠣ ᠰᠢᠬ ᠬᠦᠪᠰᠦᠭᠡᠷ ᠵᠦᠭᠡᠯᠠᠨ ᠭᠠᠵᠠᠷ ᠲᠠᠷᠢᠪᠠᠯ ᠲᠣᠬᠢᠷᠠᠮᠵᠢᠳᠠᠢ᠃ ᠬᠤᠷᠴᠢᠨᠴᠣᠳ ᠯᠣᠣᠪᠠᠨᠭ᠌ ᠢ | ᠭᠤᠰᠢᠭᠤᠨ ᠮᠦᠷᠳᠡᠭᠡᠨ ᠣᠰᠣᠯᠢᠬ ᠨᠢ ᠠᠮᠳᠠᠳᠠᠢ ᠭᠡᠵᠦ ᠦᠵᠡᠳᠡᠭ ᠠᠴᠠ ᠭᠤᠰᠢᠭᠤᠨ ᠯᠣᠣᠪᠠᠨᠭ᠌ ᠲᠠᠷᠢᠵᠦ | ᠭᠠᠷᠭᠠᠬᠤ ᠪᠠᠨ ᠶᠡᠭᠡ ᠣᠯᠵᠣᠭᠤᠷᠬᠠᠨ ᠦᠵᠡᠳᠡᠭ᠃ ᠨᠠᠮᠣᠷ ᠪᠣᠯᠣᠭᠠᠳ ᠯᠣᠣᠪᠠᠨᠭ᠌ ᠬᠤᠷᠢᠶᠠᠬᠤ ᠦᠶᠡᠰ᠄ ︽ᠬᠡᠨ | ᠬᠡᠨ ᠤ ᠲᠠᠷᠢᠬᠰᠠᠨ ᠯᠣᠣᠪᠠᠨᠭ᠌ ᠨᠢ ᠬᠢᠷᠢ ᠵᠡᠷᠭᠡ ᠶᠢᠨ ᠭᠤᠰᠢᠭᠤᠨ ᠪᠠᠶᠢᠨ᠎ᠠ᠃ ᠪᠠᠷᠤᠬ ᠱᠠᠯᠳᠠᠩ ᠢᠶᠠᠷ ᠲᠠᠷᠢᠬᠰᠠᠨ | ᠪᠠᠶᠢᠬᠤ ᠡ︕︾ ᠭᠡᠵᠦ ᠵᠣᠭᠤᠬ ᠪᠣᠯᠭᠠᠨ ᠶᠠᠷᠢᠯᠴᠠᠳᠠᠬ ᠪᠠᠶᠢᠵᠠᠢ᠃ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ | ᠵᠠᠷᠢᠮ ᠭᠠᠵᠠᠷ ᠣᠷᠣᠨ ᠢᠶᠠᠷ ᠯᠣᠣᠪᠠᠨᠭ᠌ ᠢ ᠭᠤᠰᠢᠭᠤᠨ ᠪᠣᠯᠭᠠᠬᠤ ᠭᠡᠵᠦ ᠲᠠᠷᠢᠬᠤ ᠦᠶᠡᠰ ᠲᠤ ᠪᠠᠨ ᠠᠷᠪᠠ | ᠬᠦᠷᠦᠭᠡᠳᠦᠢ ᠬᠡᠦᠬᠡᠳ ᠢ ᠱᠠᠯᠳᠠᠩ ᠢᠶᠠᠷ ᠯᠣᠣᠪᠠᠨᠭ᠌ ᠤᠨ ᠦᠷ᠎ᠡ ᠰᠠᠴᠣᠭᠤᠯᠳᠠᠬ ᠦᠵᠡᠭᠳᠡᠯ ᠴᠦ ᠪᠠᠶᠢᠳᠠᠬ ᠶᠣᠮ ᠭᠡᠨ᠎ᠡ | ᠃ ᠯᠣᠣᠪᠠᠨᠭ᠌ ᠨᠢ ᠬᠡᠢ ᠶᠢ ᠨᠡᠪᠳᠡᠷᠡᠭᠦᠯᠵᠦ᠂ ᠰᠢᠷ᠎ᠠ ᠶᠢ ᠲᠠᠷᠣᠬᠤ᠂ ᠬᠠᠭᠤᠴᠢᠷᠠᠬᠰᠠᠨ ᠬᠠᠯᠠᠭᠤᠨ ᠢ ᠠᠷᠢᠯᠭᠠᠬᠤ | ᠮᠡᠳᠦ ᠶᠢᠨ ᠡᠮᠴᠢᠯᠡᠭᠡᠨ ᠤ ᠦᠢᠯᠡᠳᠦᠯ ᠪᠠᠶᠢᠳᠠᠬ ᠠᠴᠠ ᠬᠤᠷᠴᠢᠨ ᠨᠣᠳᠤᠬ ᠲᠤ᠄ ︽ᠯᠠᠷᠵᠢᠶ᠎ᠠ ᠲᠠᠢ ᠡᠮᠴᠢ ᠠᠴᠠ ᠡᠮ | ᠣᠣᠭᠤᠬᠤ ᠪᠠᠷ ᠢᠶᠠᠨ ᠯᠣᠣᠪᠠᠨᠭ᠌ ᠤᠨ ᠱᠦᠯᠦ ᠶᠢ ᠬᠦᠯᠦᠷᠡᠳᠡᠯᠡ ᠣᠣᠭᠤ︕︾ ᠭᠡᠳᠡᠭ ᠬᠠᠪᠣᠳᠦ ᠦᠭᠡ ᠴᠦ ᠪᠣᠢ | ᠪᠣᠯᠣᠬᠰᠠᠨ ᠶᠣᠮ᠃ ᠯᠣᠣᠪᠠᠨᠭ᠌ ᠢ ᠬᠤᠷᠴᠢᠨᠴᠣᠳ ᠣᠯᠠᠨ ᠶᠠᠩᠵᠦ ᠪᠠᠷ ᠢᠳᠡᠳᠡᠭ᠃ ᠲᠦᠭᠦᠬᠡᠢ ᠪᠠᠷ ᠬᠡᠷᠴᠢᠭᠡᠳ | ᠵᠢᠶᠠᠩ ᠳᠤ ᠲᠦᠷᠦᠵᠦ ᠢᠳᠡᠵᠦ ᠪᠣᠯᠣᠨ᠎ᠠ᠃ ᠪᠠᠰᠠ ᠲᠠᠪᠣᠰᠣᠯᠠᠬᠰᠠᠨ ᠨᠣᠭᠤᠭ᠎ᠠ ᠬᠢᠵᠦ ᠢᠳᠡᠳᠡᠭ᠃ ᠯᠣᠣᠪᠠᠨᠭ᠌ | ᠪᠦᠳᠦᠭᠦᠷᠡᠬᠦ ᠠᠴᠠ ᠡᠮᠦᠨ᠎ᠡ ᠨᠠᠪᠴᠢ ᠶᠢ ᠨᠢ ᠮᠦᠯᠢᠵᠦ ᠠᠪᠣᠭᠠᠳ ᠢᠳᠡᠵᠦ ᠪᠣᠯᠣᠨ᠎ᠠ᠃ ᠪᠠᠰᠠ ᠯᠣᠣᠪᠠᠨᠭ᠌ ᠢ | ᠦᠬᠡᠷ ᠤᠨ ᠮᠢᠬ᠎ᠠ ᠵᠡᠷᠭᠡ ᠶᠢᠨ ᠮᠢᠬ᠎ᠠ ᠲᠠᠢ ᠱᠦᠯᠦ ᠳᠤ ᠪᠣᠴᠠᠯᠭᠠᠵᠦ ᠱᠦᠯᠦ ᠭᠠᠷᠭᠠᠨ ᠣᠣᠭᠤᠪᠠᠯ ᠡᠪᠡᠳᠴᠢᠨ | ᠵᠠᠰᠠᠨ᠎ᠠ ᠭᠡᠳᠡᠭ᠃ ᠯᠣᠣᠪᠠᠨᠭ᠌ ᠢᠶᠠᠷ ᠰᠢᠶᠠᠨᠰᠠ ᠬᠢᠵᠦ ᠪᠣᠣᠵᠠ᠂ ᠱᠠᠯᠪᠢᠡᠭ᠂ ᠪᠠᠩᠰᠢ ᠮᠡᠳᠦ ᠶᠢᠨ ᠬᠤᠭᠤᠯᠠ ᠪᠣᠯᠭᠠᠵᠦ | ᠢᠳᠡᠳᠡᠭ᠃ ᠯᠣᠣᠪᠠᠨᠭ᠌ ᠢ ᠣᠳᠠᠭᠠᠨ ᠬᠠᠳᠠᠭᠠᠯᠠᠪᠠᠯ ᠣᠰᠣᠯᠢᠬ ᠪᠢᠰᠢ ᠪᠣᠯᠵᠦ ᠬᠦᠨᠳᠡᠶᠢᠷᠡᠬᠦ ᠠᠶᠣᠯᠳᠠᠢ ᠪᠣᠯᠬᠤᠷ | ᠭᠠᠵᠠᠷ ᠬᠦᠯᠳᠡᠬᠦ ᠠᠴᠠ ᠡᠮᠦᠨ᠎ᠡ ᠨᠦᠬᠡ ᠮᠠᠯᠳᠠᠭᠠᠳ ᠵᠣᠭᠤᠷᠢᠯᠠᠵᠦ ᠬᠠᠳᠠᠭᠠᠯᠠᠳᠠᠬ ᠶᠣᠮ᠃ ᠵᠠᠷᠢᠮ ᠦᠶᠡᠰ | ᠵᠣᠭᠤᠷᠢ ᠨᠢ ᠬᠡᠳᠦᠷᠬᠡᠢ ᠲᠣᠯᠠᠭᠠᠨ ᠪᠠᠶᠢᠪᠠᠯ ᠵᠣᠭᠤᠷᠢᠯᠠᠬᠰᠠᠨ ᠯᠣᠣᠪᠠᠨᠭ᠌ ᠨᠠᠪᠴᠢᠯᠠᠬᠤ ᠦᠵᠡᠭᠳᠡᠯ ᠴᠦ ᠭᠠᠷᠳᠠᠬ᠃ | ᠡᠭᠦᠨ ᠢᠶᠠᠨ ᠬᠤᠷᠴᠢᠨᠴᠣᠳ ᠯᠣᠣᠪᠠᠨᠭ᠌ ᠤᠨ ᠰᠣᠶᠤᠭ᠎ᠠ ᠭᠡᠵᠦ ᠬᠡᠦᠬᠡᠳ ᠪᠠᠭᠠᠴᠣᠳ ᠢᠳᠡᠪᠡᠯ ᠰᠢᠳᠦ ᠨᠢ ᠲᠣᠷᠰᠣᠭᠠᠷ | ᠪᠣᠯᠣᠨ᠎ᠠ ᠭᠡᠳ ᠬᠡᠷᠴᠢᠵᠦ ᠭᠡᠭᠡᠳᠡᠭ ᠶᠣᠮ᠃ ᠵᠠᠷᠢᠮ ᠭᠠᠵᠠᠷ ᠪᠠᠰᠠ ᠯᠣᠣᠪᠠᠨᠭ᠌ ᠢ ᠬᠡᠷᠴᠢᠵᠦ ᠬᠠᠳᠠᠭᠠᠭᠠᠳ ᠬᠠᠪᠣᠷ ᠤᠨ | ᠡᠷᠢᠨ ᠳᠤ ᠱᠦᠯᠦ ᠪᠣᠯᠭᠠᠵᠦ ᠢᠳᠡᠳᠡᠭ ᠴᠦ ᠪᠣᠢ᠃ | ᠴᠠᠭᠠᠨ ᠨᠣᠭᠤᠭ᠎ᠠ᠃ ᠴᠠᠭᠠᠨ ᠨᠣᠭᠤᠭ᠎ᠠ ᠪᠣᠯ ᠬᠤᠷᠴᠢᠨ ᠳᠤ ᠲᠦᠭᠡᠮᠡᠯ ᠲᠠᠷᠢᠳᠠᠬ ᠨᠣᠭᠤᠭ᠎ᠠ ᠶᠢᠨ ᠨᠢᠭᠡ | ᠲᠦᠷᠦᠯ ᠪᠣᠯᠣᠨ᠎ᠠ᠃ ᠴᠠᠭᠠᠨ ᠨᠣᠭᠤᠭ᠎ᠠ ᠶᠢ ᠶᠡᠷᠦ ᠨᠢ ᠬᠠᠪᠣᠷ ᠤᠨ ᠡᠬᠢᠨ ᠪᠣᠶᠣ ᠵᠣᠨ ᠤ ᠡᠬᠢᠨ ᠭᠡᠵᠦ ᠬᠤᠶᠠᠷ | ᠣᠳᠠᠭ᠎ᠠ ᠲᠠᠷᠢᠳᠠᠬ᠃ ᠬᠠᠪᠣᠷ ᠤᠨ ᠡᠬᠢᠨ ᠳᠤ ᠲᠠᠷᠢᠬᠰᠠᠨ ᠴᠠᠭᠠᠨ ᠨᠣᠭᠤᠭ᠎ᠠ ᠪᠠᠨ ᠨᠢᠯᠬ᠎ᠠ ᠴᠠᠭᠠᠨ ᠨᠣᠭᠤᠭ᠎ᠠ ᠭᠡᠵᠦ | ᠲᠦᠭᠡ ᠦᠨᠳᠦᠷ ᠪᠣᠯᠣᠮᠠᠬᠴᠠ ᠦᠭᠳᠡᠭᠡᠵᠦ ᠠᠪᠣᠭᠠᠳ ᠣᠬᠢᠶᠠᠵᠦ ᠴᠡᠪᠡᠷᠯᠡᠭᠡᠳ ᠵᠢᠶᠠᠩ ᠳᠤ ᠲᠦᠷᠦᠵᠦ ᠢᠳᠡᠳᠡᠭ᠃ | ᠵᠣᠨ ᠤ ᠰᠡᠭᠦᠯᠴᠢ ᠪᠠᠷ ᠲᠠᠷᠢᠬᠰᠠᠨ ᠴᠠᠭᠠᠨ ᠨᠣᠭᠤᠭ᠎ᠠ ᠪᠠᠨ ᠰᠠᠶᠢᠳᠣᠷ ᠠᠷᠠᠴᠢᠯᠠᠵᠦ ᠲᠣᠮᠣ ᠪᠣᠯᠭᠠᠭᠠᠳ ᠡᠪᠦᠯ ᠤᠨ | ᠢᠳᠡᠰᠢᠨ ᠨᠣᠭᠤᠭ᠎ᠠ ᠪᠣᠯᠭᠠᠳᠠᠬ ᠶᠣᠮ᠃ ᠴᠠᠭᠠᠨ ᠨᠣᠭᠤᠭ᠎ᠠ ᠨᠢ ᠦᠡᠭ ᠰᠢᠮᠡᠯᠢᠭ ᠣᠮᠳᠠᠯᠢᠭ ᠭᠠᠵᠠᠷ ᠣᠷᠭᠤᠴᠠ ᠪᠠᠷ | ᠰᠠᠶᠢᠨ ᠪᠠᠶᠢᠳᠠᠬ᠃ ᠬᠤᠷᠴᠢᠨ ᠳᠤ ᠰᠠᠶᠢᠨ ᠴᠠᠭᠠᠨ ᠨᠣᠭᠤᠭ᠎ᠠ ᠶᠢ ᠰᠢᠯᠭᠠᠬᠤ ᠳᠤ ᠪᠠᠨ ᠨᠠᠪᠴᠢ ᠨᠢ ᠯᠠᠬᠰᠠᠭᠠᠷ | ᠴᠡᠯᠡᠭᠡᠷ᠂ ᠬᠤᠷᠣᠬᠠᠢ ᠢᠳᠡᠭᠰᠡᠨ ᠢᠶᠠᠷ ᠪᠠᠭ᠎ᠠ᠂ ᠭᠤᠣᠯ ᠲᠠᠢ ᠡᠰᠡᠬᠦ ᠪᠠᠷ ᠰᠢᠯᠭᠠᠳᠠᠬ᠃ ᠴᠠᠭᠠᠨ ᠨᠣᠭᠤᠭ᠎ᠠ ᠨᠢ | ᠬᠠᠭᠤᠷᠴᠦ ᠢᠳᠡᠬᠦ᠂ ᠱᠦᠯᠦ ᠭᠠᠷᠭᠠᠵᠦ ᠢᠳᠡᠬᠦ᠂ ᠲᠠᠪᠣᠰᠣᠯᠠᠵᠦ ᠢᠳᠡᠬᠦ᠂ ᠰᠢᠶᠠᠨᠰᠠ ᠬᠢᠵᠦ ᠢᠳᠡᠬᠦ ᠳᠤ ᠪᠦᠷ | ᠲᠣᠬᠢᠷᠠᠳᠠᠬ ᠶᠣᠮ᠃ ᠬᠤᠷᠴᠢᠨᠴᠣᠳ ᠴᠠᠭᠠᠨ ᠨᠣᠭᠤᠭ᠎ᠠ ᠶᠢ ᠵᠣᠭᠤᠷᠢᠯᠠᠨ ᠬᠠᠳᠠᠭᠠᠯᠠᠬᠤ ᠠᠴᠠ ᠭᠠᠳᠠᠨ᠎ᠠ ᠭᠠᠨᠭ᠌ ᠳᠤ | ᠲᠠᠷᠣᠵᠦ ᠢᠰᠭᠡᠭᠡᠳ ᠡᠪᠦᠯ ᠤᠨ ᠢᠳᠡᠰᠢᠨ ᠨᠣᠭᠤᠭ᠎ᠠ ᠪᠣᠯᠭᠠᠳᠠᠬ᠃ ᠴᠠᠭᠠᠨ ᠨᠣᠭᠤᠭ᠎ᠠ ᠢᠰᠭᠡᠬᠦ ᠲᠣᠬᠠᠢ | ᠲᠣᠯᠭᠠᠭᠤᠷᠢ ᠠᠴᠠ᠄ ︽ᠭᠤᠣᠯ ᠲᠠᠢ᠂ ᠨᠠᠪᠴᠢ ᠶᠢ ᠨᠢ ᠬᠤᠷᠣᠬᠠᠢ ᠢᠳᠡᠭᠰᠡᠨ ᠢᠶᠠᠷ ᠪᠠᠭ᠎ᠠ ᠴᠠᠭᠠᠨ ᠨᠣᠭᠤᠭ᠎ᠠ ᠶᠢ | ᠢᠰᠭᠡᠭᠡᠬᠦ ᠳᠤ ᠬᠠᠮᠤᠬ ᠲᠣᠬᠢᠷᠠᠮᠵᠢᠳᠠᠢ ᠪᠠᠶᠢᠳᠠᠬ᠃ ᠢᠰᠭᠡᠬᠦ ᠠᠴᠠ ᠡᠮᠦᠨ᠎ᠡ ᠴᠠᠭᠠᠨ ᠨᠣᠭᠤᠭ᠎ᠠ ᠪᠠ ᠨᠣᠭᠤᠭ᠎ᠠ | ᠢᠰᠭᠡᠬᠦ ᠭᠠᠨᠭ᠌ ᠢᠶᠠᠨ ᠰᠠᠶᠢᠳᠣᠷ ᠣᠬᠢᠶᠠᠨ ᠴᠡᠪᠡᠷᠯᠡᠭᠡᠳ ᠰᠢᠭᠤᠳ ᠭᠠᠨᠭ᠌ ᠲᠣᠳᠣᠷ᠎ᠠ ᠪᠠᠨ ᠵᠡᠷᠭᠡᠯᠡᠨ ᠲᠠᠪᠣᠰᠣ | ᠦᠷᠦᠭᠡᠳ ᠴᠢᠯᠠᠭᠤ ᠪᠠᠷ ᠲᠠᠷᠣᠵᠦ ᠲᠠᠯᠪᠢᠳᠠᠬ᠃ ᠵᠠᠷᠢᠮ ᠭᠠᠵᠠᠷ ᠪᠠᠰᠠ ᠨᠣᠭᠤᠭ᠎ᠠ ᠪᠠᠨ ᠣᠬᠢᠶᠠᠨ ᠴᠡᠪᠡᠷᠯᠡᠭᠡᠳ | ᠲᠠᠬᠢᠨ ᠬᠠᠯᠠᠭᠤᠨ ᠣᠰᠣᠨ ᠳᠤ ᠲᠦᠷᠦᠵᠦ ᠠᠪᠣᠭᠠᠳ ᠭᠠᠨᠭ᠌ ᠲᠣᠳᠣᠷ᠎ᠠ ᠵᠡᠷᠭᠡᠯᠡᠨ ᠲᠠᠪᠣᠰᠣ ᠦᠷᠦᠭᠡᠳ ᠴᠢᠯᠠᠭᠤ ᠪᠠᠷ | ᠲᠠᠷᠣᠵᠦ ᠲᠠᠯᠪᠢᠳᠠᠬ ᠴᠦ ᠪᠣᠢ᠃ ᠡᠶᠢᠮᠦᠷᠬᠦᠦ ᠠᠷᠭ᠎ᠠ ᠨᠢ ᠨᠣᠭᠤᠭ᠎ᠠ ᠢᠰᠴᠦ ᠠᠮᠳᠠ ᠣᠷᠣᠬᠤ ᠳᠤ ᠬᠤᠷᠳᠣᠨ | ᠭᠡᠳᠡᠭ᠃ ᠭᠡᠪᠡᠴᠦ ᠬᠡᠳᠦᠷᠬᠡᠢ ᠬᠠᠯᠠᠭᠤᠨ ᠣᠰᠣᠨ ᠳᠤ ᠲᠦᠷᠦᠪᠡᠯ ᠨᠣᠭᠤᠭ᠎ᠠ ᠢᠰᠬᠦ ᠶᠠᠪᠣᠴᠠ ᠳᠤ ᠪᠠᠨ ᠵᠦᠭᠡᠯᠡᠷᠡᠵᠦ | ᠨᠣᠯᠳᠠᠷᠠᠬᠤ ᠠᠶᠣᠯᠳᠠᠢ ᠪᠠᠶᠢᠳᠠᠬ︾ ᠭᠡᠵᠡᠢ᠃ ᠢᠰᠭᠡᠭᠰᠡᠨ ᠨᠣᠭᠤᠭ᠎ᠠ ᠶᠢ ᠭᠠᠭ᠋ᠠᠢ ᠶᠢᠨ ᠮᠢᠬ᠎ᠠ ᠲᠠᠢ ᠱᠦᠯᠦ ᠭᠠᠷᠭᠠᠬᠤ | ᠂ ᠭᠠᠭ᠋ᠠᠢ ᠶᠢᠨ ᠮᠢᠬ᠎ᠠ ᠲᠠᠢ ᠬᠠᠭᠤᠷᠴᠦ ᠢᠳᠡᠬᠦ ᠳᠤ ᠪᠦᠷ ᠣᠨᠴᠠ ᠠᠮᠳᠠᠳᠠᠢ ᠪᠠᠶᠢᠳᠠᠬ᠃ ᠪᠠᠰᠠ ᠰᠢᠶᠠᠨᠰᠠ ᠪᠣᠯᠭᠠᠵᠦ | ᠪᠣᠣᠵᠠ᠂ ᠱᠠᠯᠪᠢᠡᠭ᠂ ᠪᠠᠩᠰᠢ ᠵᠡᠷᠭᠡ ᠶᠢᠨ ᠬᠤᠭᠤᠯᠠ ᠪᠣᠯᠭᠠᠳᠠᠬ ᠶᠣᠮ᠃ | ᠮᠠᠨᠵᠢᠨ᠃ ᠬᠤᠷᠴᠢᠨ ᠳᠤ ᠮᠠᠨᠵᠢᠨ ᠢ ᠪᠣᠷᠣ ᠪᠣᠶᠣ ᠵᠣ ᠭᠠᠵᠠᠷ ᠲᠠᠷᠢᠳᠠᠬ᠃ ᠮᠠᠨᠵᠢᠨ ᠢ ᠣᠯᠠᠩᠬᠢ ᠳᠤ ᠪᠠᠨ | ᠲᠠᠪᠣᠰᠣᠯᠠᠬᠰᠠᠨ ᠨᠣᠭᠤᠭ᠎ᠠ ᠪᠣᠯᠭᠠᠵᠦ ᠢᠳᠡᠳᠡᠭ᠃ ᠮᠠᠨᠵᠢᠨ ᠲᠠᠪᠣᠰᠣᠯᠠᠬᠤ ᠳᠤ ᠣᠷᠢᠳ ᠢᠶᠠᠷ ᠮᠠᠨᠵᠢᠨ ᠢᠶᠠᠨ | ᠣᠬᠢᠶᠠᠵᠦ ᠴᠡᠪᠡᠷᠯᠡᠭᠡᠳ ᠭᠠᠨᠭ᠌ ᠲᠠᠢ ᠣᠰᠣᠨ ᠳᠤ ᠲᠠᠪᠣᠰᠣᠯᠠᠵᠦ ᠲᠠᠯᠪᠢᠳᠠᠬ᠃ ᠲᠠᠪᠣᠰᠣᠯᠠᠬᠰᠠᠨ ᠮᠠᠨᠵᠢᠨ ᠠᠮᠳᠠ | ᠣᠷᠣᠬᠰᠠᠨ ᠤ ᠲᠠᠷᠠᠭ᠎ᠠ ᠡᠪᠦᠯ ᠳᠤ ᠪᠠᠨ ᠭᠠᠷᠭᠠᠵᠦ ᠠᠪᠣᠭᠠᠳ ᠵᠠᠭᠤᠰᠢ ᠪᠤᠯᠭᠠᠳᠠᠬ᠃ ᠪᠠᠰᠠ ᠬᠠᠪᠣᠷ ᠪᠣᠯᠪᠠᠯ | ᠲᠠᠪᠣᠰᠣᠯᠠᠬᠰᠠᠨ ᠮᠠᠨᠵᠢᠨ ᠢᠶᠠᠨ ᠱᠦᠭᠦᠵᠦ ᠠᠪᠣᠭᠠᠳ ᠬᠠᠳᠠᠭᠠᠵᠦ ᠢᠳᠡᠳᠡᠭ ᠴᠦ ᠪᠣᠢ᠃ ᠲᠠᠪᠣᠰᠣᠯᠠᠬᠰᠠᠨ ᠮᠠᠨᠵᠢᠨ ᠢ | ᠲᠡᠪᠳᠦᠭᠡᠭᠰᠡᠨ ᠰᠢᠷ᠎ᠠ ᠪᠣᠷᠴᠠᠬ ᠲᠠᠢ ᠬᠠᠭᠤᠷᠴᠤ ᠢᠳᠡᠪᠡᠯ ᠶᠡᠭᠡ ᠠᠮᠳᠠᠳᠠᠢ ᠪᠠᠶᠢᠳᠠᠬ᠃ ᠵᠠᠷᠢᠮ ᠭᠠᠵᠠᠷ ᠪᠠᠰᠠ | ᠮᠠᠨᠵᠢᠨ ᠢ ᠵᠣᠭᠤᠷᠢᠯᠠᠵᠦ ᠬᠠᠳᠠᠭᠠᠯᠠᠬᠤ ᠦᠵᠡᠭᠳᠡᠯ ᠴᠦ ᠪᠣᠢ᠃ | ᠲᠦᠮᠦᠰᠦ᠃ ᠲᠦᠮᠦᠰᠦ ᠪᠣᠯ ᠬᠤᠷᠴᠢᠨᠴᠣᠳ ᠤᠨ ᠦᠷᠭᠡᠨ ᠬᠡᠪᠴᠢᠶ᠎ᠡ ᠪᠠᠷ ᠲᠠᠷᠢᠳᠠᠬ ᠢᠳᠡᠰᠢᠨ ᠨᠣᠭᠤᠭ᠎ᠠ ᠶᠢᠨ | ᠨᠢᠭᠡ ᠲᠦᠷᠦᠯ ᠪᠣᠯᠣᠨ᠎ᠠ᠃ ᠲᠦᠮᠦᠰᠦ ᠶᠢ ᠭᠤᠣᠯᠳᠠᠭᠤ ᠭᠡᠷ ᠲᠠᠢ ᠪᠠᠨ ᠣᠢᠢᠷᠠᠯᠴᠠᠭ᠎ᠠ ᠰᠢᠬ ᠬᠠᠰᠢᠶ᠎ᠠ ᠳᠤ ᠪᠠᠨ | ᠡᠷᠳᠡ ᠶᠢᠨ ᠲᠠᠷᠢᠶ᠎ᠠ ᠲᠠᠢ ᠬᠠᠮᠳᠦ ᠲᠠᠷᠢᠳᠠᠬ᠃ ᠲᠦᠮᠦᠰᠦ ᠲᠠᠷᠢᠬᠤ ᠳᠤ ᠲᠠᠷᠢᠶᠠᠨ ᠭᠠᠵᠠᠷ ᠢᠶᠠᠨ ᠭᠦᠨ ᠰᠢᠭ | ᠣᠷᠪᠠᠭᠤᠯᠣᠬᠰᠠᠨ ᠤ ᠲᠠᠷᠠᠭ᠎ᠠ ᠰᠣᠶᠣᠭᠠᠯᠠᠬᠰᠠᠨ ᠲᠦᠮᠦᠰᠦ ᠶᠢᠨ ᠰᠣᠶᠤᠭ᠎ᠠ ᠲᠠᠢ ᠬᠡᠰᠢᠭ ᠢ ᠣᠬᠳᠣᠯᠵᠦ ᠠᠪᠣᠭᠠᠳ | ᠪᠣᠯᠠᠵᠦ ᠲᠠᠯᠪᠢᠳᠠᠬ᠃ ᠲᠠᠷᠢᠬᠰᠠᠨ ᠲᠦᠮᠦᠰᠦ ᠨᠢ ᠬᠡᠰᠡᠭ ᠬᠤᠭᠤᠴᠠᠭ᠎ᠠ ᠦᠡᠭᠭᠡᠷᠡᠭᠡᠳ ᠲᠣᠬᠤᠢ ᠰᠢᠬᠠᠮ ᠣᠷᠭᠤᠬᠤ | ᠦᠶᠡᠰ ᠴᠢᠬᠢᠨ ᠳᠤ ᠨᠢ ᠰᠢᠷᠣᠢ ᠣᠪᠣᠭᠠᠯᠠᠵᠦ ᠦᠭᠳᠡᠭ᠃ ᠡᠨᠡ ᠨᠢ ᠲᠦᠮᠦᠰᠦᠨ ᠤ ᠠᠷᠪᠢᠨ ᠰᠠᠭᠤᠬᠤ ᠳᠤ | ᠠᠰᠢᠬᠳᠠᠢ ᠭᠡᠳᠡᠭ᠃ ᠬᠤᠷᠴᠢᠨ ᠳᠤ ᠲᠦᠮᠦᠰᠦ ᠶᠢ ᠲᠠᠬᠢᠶᠠᠨ ᠮᠢᠬ᠎ᠠ ᠲᠠᠢ ᠬᠠᠮᠳᠦ ᠴᠢᠨᠡᠵᠦ ᠱᠦᠯᠦ ᠭᠠᠷᠭᠠᠵᠦ ᠢᠳᠡᠬᠦ | ᠪᠣᠶᠣ ᠭᠠᠭ᠋ᠠᠢ ᠶᠢᠨ ᠮᠢᠬ᠎ᠠ ᠪᠣᠷᠴᠠᠬ ᠵᠡᠷᠭᠡ ᠲᠠᠢ ᠬᠤᠯᠢᠵᠦ ᠱᠦᠯᠦ ᠪᠣᠯᠭᠠᠵᠦ ᠢᠳᠡᠳᠡᠭ᠃ ᠪᠠᠰᠠ ᠬᠡᠷᠴᠢᠭᠡᠳ | ᠬᠠᠭᠤᠷᠴᠦ ᠢᠳᠡᠵᠦ ᠴᠦ ᠪᠣᠯᠳᠠᠬ᠃ ᠡᠭᠦᠨ ᠠᠴᠠ ᠭᠠᠳᠠᠨ᠎ᠠ ᠲᠦᠮᠦᠰᠦ ᠶᠢ ᠵᠢᠩᠨᠡᠬᠦ ᠪᠣᠶᠣ ᠭᠠᠯ ᠳᠤ ᠪᠣᠯᠠᠵᠦ | ᠢᠳᠡᠵᠦ ᠴᠦ ᠪᠣᠯᠳᠠᠬ᠃ ᠲᠦᠮᠦᠰᠦ ᠶᠢ ᠬᠠᠳᠠᠭᠠᠯᠠᠬᠤ ᠳᠤ ᠵᠣᠭᠤᠷᠢ ᠪᠣᠶᠣ ᠰᠡᠷᠢᠭᠦᠨ ᠭᠠᠵᠠᠷ ᠲᠤ ᠬᠠᠳᠠᠭᠠᠯᠠᠬᠤ | ᠦᠭᠡᠢ ᠪᠣᠯ ᠠᠮᠠᠷᠬᠠᠨ ᠰᠣᠶᠣᠭᠠᠯᠠᠬᠤ ᠠᠶᠣᠯᠳᠠᠢ᠃ ᠰᠣᠶᠣᠭᠠᠯᠠᠬᠰᠠᠨ ᠲᠦᠮᠦᠰᠦ ᠨᠢ ᠬᠦᠮᠦᠨ ᠤ ᠪᠡᠶ᠎ᠡ ᠳᠤ | ᠬᠤᠣᠷᠳᠠᠢ ᠭᠡᠳᠡᠭ᠃ | ᠪᠣᠷᠴᠠᠬ᠃ ᠬᠤᠷᠴᠢᠨᠴᠣᠳ ᠤᠨ ᠲᠠᠷᠢᠳᠠᠬ ᠪᠣᠷᠴᠠᠬ ᠤᠨ ᠲᠦᠷᠦᠯ ᠳᠤ ᠨᠣᠭᠤᠭᠠᠨ ᠪᠣᠷᠴᠠᠬ᠂ ᠰᠢᠷ᠎ᠠ ᠪᠣᠷᠴᠠᠬ᠂ | ᠬᠠᠷ᠎ᠠ ᠪᠣᠷᠴᠠᠬ᠂ ᠠᠯᠠᠬ ᠪᠣᠷᠴᠠᠬ ᠭᠡᠬᠦ ᠣᠯᠠᠨ ᠲᠦᠷᠦᠯ ᠤᠨ ᠪᠣᠷᠴᠠᠬ ᠪᠠᠶᠢᠳᠠᠬ᠃ ᠭᠡᠬᠦ ᠳᠤ ᠡᠳᠡᠭᠡᠷ | ᠪᠣᠷᠴᠠᠬ ᠤᠳ ᠢᠶᠠᠨ ᠢᠳᠡᠰᠢᠨ ᠨᠣᠭᠤᠭ᠎ᠠ ᠶᠢᠨ ᠲᠦᠷᠦᠯ ᠳᠤ ᠠᠷᠪᠢᠨ ᠣᠷᠣᠭᠤᠯᠳᠠᠬ ᠪᠢᠰᠢ ᠬᠠᠷᠢᠨ | ᠬᠤᠳᠠᠯᠳᠣᠬᠤ ᠪᠠᠷ ᠵᠣᠷᠢᠯᠭ᠎ᠠ ᠪᠣᠯᠭᠠᠵᠦ ᠲᠠᠷᠢᠳᠠᠬ ᠠᠴᠠ ᠬᠤᠷᠴᠢᠨᠴᠣᠳ ᠪᠣᠷᠴᠠᠬ ᠤᠨ ᠲᠠᠷᠢᠶ᠎ᠠ ᠪᠠᠨ ᠠᠵᠣ | ᠠᠬᠤᠢ ᠶᠢᠨ ᠲᠠᠷᠢᠶ᠎ᠠ ᠭᠡᠵᠦ ᠶᠠᠷᠢᠳᠠᠬ ᠶᠣᠮ᠃ | ᠠᠯᠠᠬ ᠪᠣᠷᠴᠠᠬ᠃ ᠠᠯᠠᠬ ᠪᠣᠷᠴᠠᠬ ᠨᠢ ᠭᠠᠨᠭ᠌ ᠬᠠᠭᠤᠷᠠᠢ ᠳᠤ ᠲᠡᠰᠪᠦᠷᠢ ᠲᠠᠢ ᠡᠯᠡᠰᠦᠷᠬᠡᠭ ᠵᠣ ᠭᠠᠵᠠᠷ ᠰᠠᠶᠢᠨ | ᠣᠷᠭᠤᠳᠠᠬ ᠡᠷᠳᠡ ᠪᠣᠯᠪᠠᠰᠣᠷᠠᠳᠠᠬ ᠲᠠᠷᠢᠶ᠎ᠠ ᠶᠣᠮ᠃ ᠠᠯᠠᠬ ᠪᠣᠷᠴᠠᠬ ᠨᠢ ᠠᠷᠠᠴᠢᠯᠠᠵᠦ ᠬᠤᠷᠢᠶᠠᠬᠤ ᠳᠤ ᠲᠦᠭᠦᠮ | ᠵᠡᠷᠭᠡ ᠶᠢᠨ ᠲᠠᠪᠠᠭᠤᠯᠢᠬ ᠲᠠᠯ᠎ᠠ ᠲᠠᠢ ᠪᠣᠯᠬᠤᠷ ᠣᠷᠴᠢᠮ ᠤᠨ ᠵᠢᠯ ᠤᠳ ᠠᠴᠠ ᠬᠤᠷᠴᠢᠨ ᠤ ᠡᠯᠡᠰᠦᠷᠬᠡᠭ ᠭᠠᠵᠠᠷ ᠲᠤ | ᠵᠦᠡᠭᠳᠡᠭᠡᠨ ᠲᠠᠷᠢᠳᠠᠬ ᠪᠣᠷᠴᠠᠬ ᠤᠨ ᠲᠠᠷᠢᠮᠠᠯ ᠤᠨ ᠨᠢᠭᠡ ᠲᠦᠷᠦᠯ ᠪᠣᠯᠵᠠᠢ᠃ ᠬᠤᠷᠴᠢᠨ ᠳᠤ ᠠᠯᠠᠬ ᠪᠣᠷᠴᠠᠬ ᠢ | ᠡᠷᠳᠡᠨᠢ ᠰᠢᠰᠢ ᠶᠢᠨ ᠪᠣᠳᠠᠭ᠎ᠠ ᠲᠠᠢ ᠬᠤᠯᠢᠵᠦ ᠠᠬᠰᠢᠭᠠᠵᠦ ᠢᠳᠡᠬᠦ ᠪᠣᠶᠣ ᠡᠷᠳᠡᠨᠢ ᠰᠢᠰᠢ ᠶᠢᠨ ᠪᠣᠣᠪᠤ᠂ ᠨᠠᠩᠬᠢ | ᠪᠣᠣᠪᠤ ᠶᠢᠨ ᠲᠣᠮᠳᠠ ᠬᠠᠪᠴᠢᠭᠤᠯᠣᠭᠠᠳ ᠵᠢᠩᠨᠡᠵᠦ ᠢᠳᠡᠳᠡᠭ ᠶᠣᠮ᠃ ᠬᠤᠷᠴᠢᠨ ᠤ ᠬᠡᠦᠬᠡᠨ ᠤ ᠡᠷᠭᠢᠯᠳᠡ ᠶᠢᠨ | ᠲᠠᠭᠤᠨ ᠳᠤ ᠭᠠᠷᠳᠠᠬ ᠪᠣᠷᠴᠠᠬ ᠲᠠᠢ ᠪᠣᠣᠪᠤ ᠭᠡᠳᠡᠭ ᠨᠢ ᠲᠠᠷᠣᠢ ᠡᠨᠡ ᠠᠯᠠᠬ ᠪᠣᠷᠴᠠᠬ ᠢ ᠬᠠᠪᠴᠢᠭᠤᠯᠣᠬᠰᠠᠨ | ᠪᠣᠣᠪᠤ ᠶᠢ ᠵᠢᠭᠠᠵᠦ ᠪᠠᠶᠢᠨ᠎ᠠ᠃ | ᠨᠣᠭᠤᠭᠠᠨ ᠪᠣᠷᠴᠠᠬ᠃ ᠨᠣᠭᠤᠭᠠᠨ ᠪᠣᠷᠴᠠᠬ ᠨᠢ ᠭᠤᠣᠯᠳᠠᠭᠤ ᠵᠣ ᠰᠢᠬ ᠭᠠᠵᠠᠷ ᠢᠳᠡᠷᠡᠭᠦᠨ ᠣᠷᠭᠤᠳᠠᠬ | ᠪᠣᠷᠴᠠᠬ ᠤᠨ ᠲᠦᠷᠦᠯ ᠪᠣᠯᠣᠨ᠎ᠠ᠃ ᠡᠮᠨᠡᠯᠭᠡ ᠶᠢᠨ ᠣᠬᠠᠭᠠᠨ ᠳᠤ ᠨᠣᠭᠤᠭᠠᠨ ᠪᠣᠷᠴᠠᠬ ᠨᠢ ᠨᠢᠭᠤᠬᠳᠠᠮᠠᠯ ᠬᠠᠯᠠᠭᠤᠨ ᠢ | ᠠᠷᠢᠯᠭᠠᠵᠦ᠂ ᠪᠡᠶ᠎ᠡ ᠶᠢᠨ ᠲᠠᠮᠢᠷ ᠢ ᠰᠠᠶᠢᠵᠢᠷᠠᠭᠤᠯᠬᠤ ᠴᠢᠳᠠᠯ ᠲᠠᠢ ᠭᠡᠵᠦ ᠶᠠᠷᠢᠳᠠᠬ᠃ ᠨᠣᠭᠤᠭᠠᠨ ᠪᠣᠷᠴᠠᠬ ᠢ | ᠬᠤᠷᠴᠢᠨ ᠳᠤ ᠲᠣᠳᠣᠷᠭ᠎ᠠ ᠪᠣᠳᠠᠭ᠎ᠠ ᠲᠠᠢ ᠬᠤᠯᠢᠵᠦ ᠢᠳᠡᠬᠦ ᠪᠣᠶᠣ ᠱᠦᠯᠦ ᠭᠠᠷᠭᠠᠵᠦ ᠢᠳᠡᠳᠡᠭ ᠶᠣᠮ᠃ | ᠬᠠᠷ᠎ᠠ ᠪᠣᠷᠴᠠᠬ᠃ ᠬᠠᠷ᠎ᠠ ᠪᠣᠷᠴᠠᠬ ᠨᠢ ᠣᠮᠳᠠᠯᠢᠬ ᠲᠣᠣᠷ᠎ᠠ ᠭᠠᠵᠠᠷ ᠰᠠᠶᠢᠨ ᠣᠷᠭᠤᠳᠠᠬ ᠪᠣᠷᠴᠠᠬ ᠤᠨ ᠲᠦᠷᠦᠯ | ᠵᠦᠢᠯ ᠪᠣᠯᠬᠤᠷ ᠣᠰᠣᠨ ᠳᠤ ᠲᠡᠰᠪᠦᠷᠢ ᠲᠠᠢ ᠭᠡᠳᠡᠭ᠃ ᠬᠠᠷ᠎ᠠ ᠪᠣᠷᠴᠠᠬ ᠤᠨ ᠮᠦᠬᠦᠯᠢᠭ ᠨᠢ ᠨᠣᠭᠤᠭᠠᠨ | ᠪᠣᠷᠴᠠᠬ ᠠᠴᠠ ᠲᠣᠮᠣ᠂ ᠰᠢᠷ᠎ᠠ ᠪᠣᠷᠴᠠᠬ ᠠᠴᠠ ᠵᠢᠵᠢᠭᠬᠡᠨ᠂ ᠭᠦᠯᠢᠭᠡᠷ ᠬᠠᠷ᠎ᠠ ᠦᠡᠭᠭᠡᠳᠡᠢ ᠪᠠᠶᠢᠵᠦ ᠢᠳᠡᠰᠢᠨ ᠲᠣᠰᠣ | ᠰᠢᠬᠠᠬᠤ ᠳᠤ ᠲᠣᠬᠢᠷᠠᠬᠤ ᠲᠠᠷᠢᠮᠠᠯ ᠪᠣᠯᠣᠨ᠎ᠠ᠃ ᠬᠠᠷ᠎ᠠ ᠪᠣᠷᠴᠠᠬ ᠢ ᠬᠤᠷᠴᠢᠨ ᠳᠤ ᠬᠤᠳᠠᠯᠳᠣᠬᠤ ᠪᠠᠷ ᠭᠤᠣᠯ | ᠪᠣᠯᠭᠠᠵᠦ ᠲᠠᠷᠢᠬᠤ ᠠᠴᠠ ᠭᠠᠳᠠᠨ᠎ᠠ᠂ ᠬᠠᠭᠤᠷᠴᠦ ᠲᠡᠭᠡᠷᠮᠡᠳᠡᠭᠡᠳ ᠪᠦᠭᠡᠮᠨᠡᠯᠵᠦ ᠵᠢᠶᠠᠩ ᠪᠣᠯᠭᠠᠵᠦ ᠢᠳᠡᠳᠡᠭ᠃ | | ᠰᠢᠷ᠎ᠠ ᠪᠣᠷᠴᠠᠬ᠃ ᠰᠢᠷ᠎ᠠ ᠪᠣᠷᠴᠠᠬ ᠨᠢ ᠬᠠᠷ᠎ᠠ ᠪᠣᠷᠴᠠᠬ ᠲᠠᠢ ᠠᠳᠠᠯᠢ ᠪᠠᠷ ᠣᠮᠳᠠᠯᠢᠬ ᠲᠣᠣᠷ᠎ᠠ ᠭᠠᠵᠠᠷ ᠰᠠᠶᠢᠨ | ᠣᠷᠭᠤᠳᠠᠬ ᠪᠣᠷᠴᠠᠬ ᠤᠨ ᠲᠦᠷᠦᠯ ᠵᠦᠢᠯ ᠪᠣᠯᠣᠨ᠎ᠠ᠃ ᠭᠡᠬᠦ ᠳᠤ ᠪᠠᠨ ᠪᠣᠰᠣᠳ ᠪᠣᠷᠴᠠᠬ ᠤᠨ ᠲᠠᠷᠢᠮᠠᠯ ᠲᠠᠢ | ᠬᠠᠷᠢᠴᠠᠭᠤᠯᠪᠠᠯ ᠮᠦᠬᠦᠯᠢᠭ ᠨᠢ ᠲᠣᠮᠣ᠂ ᠬᠠᠯᠢᠰᠣ ᠨᠢ ᠴᠠᠶᠢᠪᠣᠷ ᠰᠢᠷ᠎ᠠ ᠦᠡᠭᠭᠡᠳᠡᠢ ᠪᠠᠶᠢᠵᠦ ᠢᠳᠡᠰᠢᠨ ᠲᠣᠰᠣ | ᠰᠢᠬᠠᠬᠤ ᠳᠤ ᠲᠣᠬᠢᠷᠠᠳᠠᠬ᠃ ᠬᠤᠷᠴᠢᠨ ᠳᠤ ᠰᠢᠷ᠎ᠠ ᠪᠣᠷᠴᠠᠬ ᠢᠶᠠᠷ ᠵᠢᠶᠠᠩ ᠬᠢᠵᠦ ᠢᠳᠡᠬᠦ ᠪᠣᠶᠣ ᠭᠠᠭ᠋ᠠᠢ ᠶᠢᠨ | ᠮᠢᠬ᠎ᠠ ᠲᠠᠢ ᠱᠦᠯᠦ ᠭᠠᠷᠭᠠᠵᠦ ᠢᠳᠡᠳᠡᠭ᠃ ᠪᠠᠰᠠ ᠵᠠᠷᠢᠮ ᠭᠠᠵᠠᠷ ᠰᠢᠷ᠎ᠠ ᠪᠣᠷᠴᠠᠬ ᠢᠶᠠᠷ ᠳ᠋ᠸᠦᠹᠦ᠋ ᠬᠢᠵᠦ ᠢᠳᠡᠳᠡᠭ | ᠶᠣᠮ᠃ ᠡᠮᠨᠡᠯᠭᠡ ᠶᠢᠨ ᠣᠬᠠᠭᠠᠨ ᠳᠤ ᠰᠢᠷ᠎ᠠ ᠪᠣᠷᠴᠠᠬ ᠨᠢ ᠬᠡᠢ ᠶᠢ ᠨᠡᠪᠳᠡᠷᠡᠭᠦᠯᠵᠦ ᠪᠡᠶ᠎ᠡ ᠲᠠᠮᠢᠷᠵᠢᠭᠤᠯᠬᠤ ᠴᠢᠳᠠᠯ ᠲᠠᠢ | ᠭᠡᠳᠡᠭ᠃ | ᠲᠡᠭᠡᠷᠡᠬᠢ ᠪᠣᠷᠴᠠᠬ ᠤᠨ ᠲᠠᠷᠢᠮᠠᠯ ᠠᠴᠠ ᠭᠠᠳᠠᠨ᠎ᠠ ᠪᠠᠰᠠ ᠬᠤᠷᠴᠢᠨ ᠳᠤ ᠢᠳᠡᠰᠢᠨ ᠨᠣᠭᠤᠭ᠎ᠠ ᠶᠢᠨ ᠪᠣᠷᠴᠠᠬ | ᠭᠡᠵᠦ ᠪᠠᠶᠢᠳᠠᠬ᠃ ᠬᠤᠷᠴᠢᠨ ᠤ ᠢᠳᠡᠰᠢᠨ ᠨᠣᠭᠤᠭ᠎ᠠ ᠶᠢᠨ ᠪᠣᠷᠴᠠᠬ ᠲᠤ ᠣᠯᠠᠭᠠᠨ ᠪᠣᠷᠴᠠᠬ ᠪᠠ ᠣᠷᠳᠦ ᠪᠣᠷᠴᠠᠬ | ᠭᠡᠬᠦ ᠬᠤᠶᠠᠷ ᠲᠦᠷᠦᠯ ᠪᠠᠶᠢᠳᠠᠬ᠃ ᠪᠣᠷᠴᠠᠬ ᠢ ᠶᠡᠷᠦ ᠶᠢᠨ ᠪᠠᠶᠢᠳᠠᠯ ᠳᠤ ᠡᠷᠳᠡᠨᠢ ᠰᠢᠰᠢ᠂ ᠳ᠋ᠠᠮᠠᠽᠢ ᠵᠡᠷᠭᠡ ᠦᠨᠳᠦᠷ | ᠣᠷᠭᠤᠳᠠᠬ ᠡᠷᠳᠡ ᠶᠢᠨ ᠲᠠᠷᠢᠶ᠎ᠠ ᠲᠠᠢ ᠬᠠᠮᠳᠦ ᠲᠠᠷᠢᠨ᠎ᠠ᠃ ᠡᠨᠡ ᠨᠢ ᠪᠣᠷᠴᠠᠬ ᠡᠷᠳᠡ ᠪᠠᠭᠤᠵᠦ ᠢᠳᠡᠰᠢᠨ | ᠨᠣᠭᠤᠭ᠎ᠠ ᠶᠢᠨ ᠬᠡᠷᠡᠭᠴᠡᠭᠡᠨ ᠳᠤ ᠡᠷᠳᠡ ᠣᠷᠣᠬᠤ ᠰᠠᠶᠢᠨ ᠲᠠᠯ᠎ᠠ ᠲᠠᠢ ᠪᠠᠶᠢᠳᠠᠬ᠃ ᠪᠣᠷᠴᠠᠬ ᠢ ᠨᠣᠭᠤᠭᠠᠨ ᠢᠶᠠᠷ ᠨᠢ | ᠬᠠᠭᠤᠷᠴᠦ ᠢᠳᠡᠬᠦ ᠪᠣᠶᠣ ᠮᠢᠬ᠎ᠠ ᠲᠣᠰᠣ ᠲᠠᠢ ᠴᠢᠨᠠᠵᠦ ᠱᠦᠯᠦ ᠭᠠᠷᠭᠠᠵᠦ ᠢᠳᠡᠳᠡᠭ᠃ ᠪᠠᠰᠠ ᠲᠣᠮᠳᠠᠭᠤᠷ ᠨᠢ | ᠬᠠᠶᠢᠴᠢᠯᠠᠵᠦ ᠬᠠᠳᠠᠭᠠᠭᠠᠳ ᠡᠪᠦᠯ ᠪᠣᠶᠣ ᠲᠠᠷᠠᠭ᠎ᠠ ᠬᠠᠪᠣᠷ ᠲᠤ ᠪᠠᠨ ᠱᠦᠯᠦ ᠭᠠᠷᠭᠠᠵᠦ ᠢᠳᠡᠳᠡᠭ᠃ ᠬᠠᠳᠠᠭᠠᠬᠰᠠᠨ | ᠪᠣᠷᠴᠠᠬ ᠢ ᠭᠠᠭ᠋ᠠᠢ ᠶᠢᠨ ᠬᠠᠪᠢᠷᠭ᠎ᠠ ᠲᠠᠢ ᠱᠦᠯᠦ ᠭᠠᠷᠭᠠᠵᠦ ᠢᠳᠡᠬᠦ ᠨᠢ ᠬᠤᠷᠴᠢᠨ ᠳᠤ ᠨᠡᠯᠢᠶᠡᠳ ᠰᠠᠶᠢᠨ | ᠨᠣᠭᠤᠭ᠎ᠠ ᠳᠤ ᠪᠠᠨ ᠪᠠᠭᠳᠠᠬᠳᠠᠳᠠᠬ ᠶᠣᠮ᠃ ᠪᠠᠰᠠ ᠨᠠᠮᠣᠷ ᠤᠨ ᠰᠡᠭᠦᠯᠴᠢ ᠪᠠᠷ ᠪᠣᠷᠴᠠᠬ ᠢᠶᠠᠨ ᠲᠡᠭᠦᠵᠦ | ᠠᠪᠴᠢᠷᠠᠭᠠᠳ ᠭᠠᠨᠭ᠌ ᠳᠤ ᠲᠠᠷᠣᠵᠦ ᠲᠠᠪᠣᠰᠣᠯᠠᠭᠠᠳ ᠠᠮᠳᠠ ᠣᠷᠣᠭᠤᠯᠵᠦ ᠢᠳᠡᠳᠡᠭ ᠴᠦ ᠪᠣᠢ᠃ | ᠬᠤᠷᠴᠢᠨ ᠲᠠᠷᠢᠶᠠᠴᠢᠳ ᠤᠨ ᠨᠣᠭᠤᠭ᠎ᠠ ᠶᠢᠨ ᠬᠠᠰᠢᠶ᠎ᠠ | ᠲᠠᠷᠢᠶᠠᠯᠠᠬᠤ ᠰᠣᠶᠣᠯ ᠬᠤᠷᠴᠢᠨ ᠨᠣᠳᠤᠬ ᠲᠤ ᠶᠡᠭᠡ ᠪᠠᠷ ᠨᠡᠪᠴᠢᠨ ᠣᠷᠣᠵᠦ ᠢᠷᠡᠭᠰᠡᠨ ᠤ ᠲᠠᠷᠠᠭ᠎ᠠ ᠲᠠᠷᠢᠶᠠᠯᠠᠬᠤ | ᠰᠣᠶᠣᠯ ᠤᠨ ᠢᠳᠡᠰᠢᠨ ᠨᠣᠭᠤᠭ᠎ᠠ ᠲᠠᠷᠢᠬᠤ ᠠᠷᠭ᠎ᠠ ᠬᠡᠯᠪᠡᠷᠢ ᠴᠦ ᠬᠤᠷᠴᠢᠨ ᠳᠤ ᠲᠠᠭᠠᠯᠳᠣᠨ ᠣᠷᠣᠵᠦ ᠢᠷᠡᠪᠡ᠃ | ᠢᠳᠡᠰᠢᠨ ᠨᠣᠭᠤᠭ᠎ᠠ ᠲᠠᠷᠢᠬᠤ ᠪᠠᠷ ᠪᠡᠯᠡᠳᠭᠡᠭᠰᠡᠨ ᠨᠣᠭᠤᠭ᠎ᠠ ᠶᠢᠨ ᠬᠠᠰᠢᠶ᠎ᠠ ᠪᠠᠨ ᠬᠤᠷᠴᠢᠨᠴᠣᠳ ᠪᠠᠰᠠ ︽ | ᠶᠦᠸᠠᠨᠽᠢ ᠶᠢᠨ ᠬᠠᠰᠢᠶ᠎ᠠ︾ ᠭᠡᠵᠦ ᠭᠡᠷ ᠬᠤᠷᠤᠭ᠎ᠠ ᠲᠠᠢ ᠪᠠᠨ ᠣᠢᠢᠷᠠᠯᠴᠠᠭ᠎ᠠ ᠭᠠᠵᠠᠷ ᠢᠶᠠᠷ ᠪᠠᠷᠢᠵᠦ ᠲᠠᠯᠪᠢᠳᠠᠬ᠃ | ᠡᠨᠡ ᠨᠢ ᠮᠠᠯ ᠬᠤᠨᠢ ᠵᠡᠷᠭᠡ ᠶᠢᠨ ᠲᠡᠵᠢᠭᠡᠪᠦᠷᠢ ᠠᠮᠢᠳᠠᠳ ᠤᠨ ᠪᠠᠭᠠᠰᠣ ᠰᠢᠬᠡᠭ ᠵᠡᠷᠭᠡ ᠶᠢᠨ ᠣᠷᠭᠠᠨᠢᠬ ᠪᠣᠷᠳᠣᠭᠤᠷ ᠢ | ᠲᠠᠷᠢᠶᠠᠨ ᠳᠤ ᠪᠠᠨ ᠣᠷᠣᠭᠤᠯᠬᠤ ᠳᠤ ᠣᠢᠢᠷ᠎ᠠ᠂ ᠠᠷᠠᠴᠢᠯᠠᠵᠦ ᠡᠳ᠋ᠯᠡᠬᠦ ᠳᠤ ᠲᠦᠭᠦᠮ ᠵᠡᠷᠭᠡ ᠶᠢᠨ ᠲᠠᠪᠠᠭᠤᠯᠢᠬ | ᠲᠠᠯ᠎ᠠ ᠲᠠᠢ ᠪᠠᠶᠢᠳᠠᠬ᠃ ᠬᠤᠷᠴᠢᠨ ᠤ ᠬᠤᠷᠴᠢᠨ ᠵᠡᠭᠦᠨ ᠭᠠᠷᠣᠨ ᠲᠣᠮᠳᠠᠳᠦ ᠬᠤᠰᠢᠭᠤ ᠵᠡᠷᠭᠡ ᠶᠢᠨ ᠭᠠᠵᠠᠷ | ᠣᠷᠣᠨ ᠢᠶᠠᠷ ᠨᠣᠭᠤᠭ᠎ᠠ ᠶᠢᠨ ᠬᠠᠰᠢᠶ᠎ᠠ ᠪᠡᠯᠡᠳᠭᠡᠬᠦ ᠨᠢ ᠪᠣᠰᠣᠳ ᠭᠠᠵᠠᠷ ᠣᠷᠣᠨ ᠲᠠᠢ ᠪᠠᠨ ᠬᠠᠷᠢᠴᠠᠭᠤᠯᠪᠠᠯ ᠨᠡᠯᠢᠶᠡᠳ | ᠡᠷᠳᠡ ᠰᠢᠬ ᠪᠣᠯᠪᠠᠴᠦ ᠬᠤᠶᠢᠳᠦ ᠬᠤᠰᠢᠭᠤ᠂ ᠬᠦᠷᠢᠶ᠎ᠡ ᠬᠤᠰᠢᠭᠤ ᠵᠡᠷᠭᠡ ᠶᠢᠨ ᠪᠤᠶᠢᠳᠠ ᠪᠦᠭᠯᠡᠭᠦᠦ ᠭᠠᠵᠠᠷ | ᠣᠷᠣᠨ ᠢᠶᠠᠷ ᠨᠣᠭᠤᠭ᠎ᠠ ᠶᠢᠨ ᠬᠠᠰᠢᠶ᠎ᠠ ᠪᠣᠢ ᠪᠣᠯᠣᠭᠠᠳ ᠠᠷᠠᠢ ᠲᠠᠯ᠎ᠠ ᠨᠠᠶᠠᠨ ᠵᠢᠯ ᠴᠦ ᠪᠣᠯᠤᠭ᠎ᠠ ᠦᠭᠡᠢ ᠪᠠᠶᠢᠬᠰᠠᠭᠠᠷ | ᠭᠡᠳᠡᠭ᠃ ᠡᠭᠦᠨ ᠤ ᠲᠣᠬᠠᠢ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠲᠠᠷᠢᠶᠠᠴᠢᠨ ᠲᠣᠯᠭᠠᠭᠤᠷᠢ ᠠᠴᠠ᠄ ︽ | ᠮᠠᠨ ᠤ ᠨᠣᠳᠤᠬ ᠲᠤ ᠨᠣᠭᠤᠭ᠎ᠠ ᠶᠢᠨ ᠬᠠᠰᠢᠶ᠎ᠠ ᠪᠣᠢ ᠪᠣᠯᠣᠭᠠᠳ ᠪᠠᠷᠤᠬ ᠲᠠᠪᠢᠭᠠᠳ ᠵᠢᠯ ᠤᠨ ᠬᠤᠭᠤᠴᠠᠭ᠎ᠠ ᠪᠣᠯᠵᠦ | ᠪᠠᠶᠢᠨ᠎ᠠ᠃ ᠶᠡᠭᠡ ᠨᠢᠭᠡᠳᠦᠯ ᠤᠨ ᠦᠶ᠎ᠡ ᠳᠤ ᠮᠠᠨ ᠤ ᠠᠶᠢᠯ ᠤᠨ ᠬᠦᠮᠦᠰ ᠠᠶᠢᠯ ᠤᠨ ᠪᠠᠷᠠᠭᠤᠨ ᠲᠠᠯ᠎ᠠ ᠳᠤ | ᠨᠣᠭᠤᠭ᠎ᠠ ᠶᠢᠨ ᠬᠠᠰᠢᠶ᠎ᠠ ᠭᠠᠷᠭᠠᠬᠤ ᠭᠡᠵᠦ ᠬᠠᠮᠳᠦ ᠪᠠᠷ ᠬᠦᠳᠡᠯᠦᠯᠴᠡᠵᠦ ᠪᠠᠶᠢᠬᠰᠠᠨ ᠭᠡᠳᠡᠭ᠃ ᠣᠳᠣ ᠴᠦ ᠭᠡᠰᠡᠨ | ᠲᠡᠷᠡ ᠲᠠᠯ᠎ᠠ ᠶᠢ ᠮᠠᠨ ᠤ ᠲᠣᠰᠬᠤᠨ ᠤ ᠬᠢᠨ ︿ᠶᠦᠸᠠᠨᠽᠢ ᠶᠢᠨ ᠠᠯᠠᠭᠠᠬ﹀ ᠭᠡᠵᠦ ᠨᠡᠷᠡᠯᠡᠵᠦ ᠪᠠᠶᠢᠨ᠎ᠠ᠃ | ᠲᠡᠭᠦᠨ ᠠᠴᠠ ᠡᠮᠦᠨ᠎ᠡ ᠮᠣᠩᠭᠤᠯᠵᠢᠨ ᠬᠠᠷᠠᠴᠢᠨ ᠠᠴᠠ ᠨᠡᠭᠦᠳᠡᠯᠯᠡᠵᠦ ᠢᠷᠡᠭᠰᠡᠨ ᠨᠢᠭᠡᠨ ᠪᠦᠯᠦᠭ ᠬᠦᠮᠦᠰ ᠠᠷᠴᠢᠭᠤᠷ | ᠬᠦᠷᠵᠡ ᠪᠠᠷ ᠭᠡᠷ ᠠᠴᠠ ᠪᠠᠨ ᠣᠢᠢᠷᠠᠯᠴᠠᠭ᠎ᠠ ᠪᠠᠭ᠎ᠠ ᠰᠠᠭ᠎ᠠ ᠭᠠᠵᠠᠷ ᠭᠠᠷᠭᠠᠵᠦ ᠨᠣᠭᠤᠭ᠎ᠠ ᠶᠢᠨ ᠬᠠᠰᠢᠶ᠎ᠠ ᠪᠣᠯᠭᠠᠵᠦ | ᠪᠠᠶᠢᠬᠰᠠᠨ ᠭᠡᠳᠡᠭ᠃ ᠭᠠᠵᠠᠷ ᠲᠠᠷᠢᠶ᠎ᠠ ᠶᠢ ᠡᠷᠦᠬᠡ ᠳᠤ ᠲᠠᠭᠠᠭᠠᠴᠢᠯᠠᠭᠤᠯᠣᠬᠰᠠᠨ ᠠᠴᠠ ᠨᠠᠭᠠᠰᠢ ᠪᠠᠷᠤᠬ ᠡᠷᠦᠬᠡ ᠪᠦᠷᠢ | ᠨᠣᠭᠤᠭ᠎ᠠ ᠶᠢᠨ ᠬᠠᠰᠢᠶ᠎ᠠ ᠲᠠᠢ ᠪᠣᠯᠵᠠᠢ︾ ᠭᠡᠪᠡ᠃ | ᠬᠤᠷᠴᠢᠨ ᠤ ᠨᠣᠭᠤᠭ᠎ᠠ ᠶᠢᠨ ᠬᠠᠰᠢᠶ᠎ᠠ ᠶᠢᠨ ᠲᠣᠬᠠᠢ ᠶᠠᠷᠢᠬᠤ ᠠᠴᠠ ᠡᠮᠦᠨ᠎ᠡ ᠶᠠᠭᠤᠨ ᠤ ᠣᠷᠢᠳ ᠬᠤᠷᠴᠢᠨ | ᠲᠠᠷᠢᠶᠠᠴᠢᠳ ᠤᠨ ᠬᠤᠭᠤᠯᠠ ᠪᠣᠳᠠᠭᠠᠨ ᠳᠤ ᠵᠦᠡᠭᠳᠡᠭᠡᠨ ᠲᠣᠷᠠᠳᠣᠬᠳᠠᠳᠠᠬ ᠵᠢᠶᠠᠩ ᠰᠢᠶᠠᠨᠼᠢ ᠶᠢᠨ ᠲᠣᠬᠠᠢ ᠶᠠᠷᠢᠬᠤ | ᠴᠢᠬᠤᠯᠠ ᠲᠠᠢ᠃ ᠡᠨᠡ ᠬᠤᠶᠠᠷ ᠵᠦᠢᠯ ᠤᠨ ᠢᠳᠡᠭᠡᠨ ᠢ ︽ᠲᠠᠷᠢᠶᠠᠯᠠᠬᠤ ᠰᠣᠶᠣᠯ ᠠᠴᠠ ᠡᠬᠢ ᠰᠣᠷᠪᠣᠯᠵᠢ ᠲᠠᠢ ᠠᠮᠳᠠ | ᠣᠷᠣᠭᠤᠯᠬᠤ ᠨᠣᠭᠤᠭ᠎ᠠ︾ ᠭᠡᠵᠦ ᠡᠷᠳᠡᠮᠳᠡᠳ ᠰᠠᠨᠠᠯ ᠨᠢᠭᠡᠳᠡᠢ ᠦᠵᠡᠵᠦ ᠪᠠᠶᠢᠨ᠎ᠠ᠃ | ᠵᠢᠶᠠᠩ ᠃ ᠵᠢᠶᠠᠩ ᠬᠢᠬᠦ ᠳᠤ ᠰᠢᠷ᠎ᠠ ᠪᠣᠷᠴᠠᠬ ᠪᠣᠶᠣ ᠬᠠᠷ᠎ᠠ ᠪᠣᠷᠴᠠᠬ ᠢᠶᠠᠷ ᠬᠢᠳᠡᠭ᠃ ᠬᠤᠷᠴᠢᠨ ᠳᠤ ᠪᠢᠯᠢᠭ ᠤᠨ | ᠣᠯᠠᠷᠢᠯ ᠤᠨ ᠲᠦᠷᠪᠡᠨ ᠰᠠᠷ᠎ᠠ ᠶᠢᠨ ᠦᠶ᠎ᠡ ᠠᠴᠠ ᠡᠬᠢᠯᠡᠵᠦ ᠵᠢᠶᠠᠩ ᠬᠢᠳᠡᠭ᠃ ᠵᠢᠶᠠᠩ ᠬᠢᠬᠦ ᠳᠤ ᠪᠣᠷᠴᠠᠬ ᠢᠶᠠᠨ | ᠬᠠᠭᠤᠷᠴᠦ᠂ ᠲᠠᠷᠠᠭ᠎ᠠ ᠳᠤ ᠨᠢ ᠴᠢᠨᠠᠵᠦ ᠪᠣᠯᠭᠤᠭᠠᠭᠠᠳ ᠪᠦᠭᠡᠮᠨᠡᠷᠡᠭᠦᠯᠵᠦ ᠸᠠᠯᠠᠭᠤᠯᠣᠭᠠᠳ ᠬᠠᠭᠠᠰ ᠰᠠᠷ᠎ᠠ ᠬᠤᠷᠢ | ᠬᠤᠨᠤᠬ ᠦᠡᠭᠭᠡᠷᠡᠭᠰᠡᠨ ᠤ ᠲᠠᠷᠠᠭ᠎ᠠ ᠸᠠᠯᠠᠭᠤᠯᠣᠬᠰᠠᠨ ᠪᠣᠷᠴᠠᠬ ᠢᠶᠠᠨ ᠲᠡᠭᠡᠷᠮᠡᠳᠡᠵᠦ ᠨᠢᠴᠠᠯᠣᠨᠠ᠃ ᠲᠠᠷᠠᠭ᠎ᠠ ᠨᠢ | ᠨᠢᠴᠠᠯᠣᠬᠰᠠᠨ ᠪᠦᠮᠪᠦᠭᠡᠯᠢᠭ ᠢᠶᠠᠨ ᠰᠠᠪᠠᠨ ᠳᠤ ᠬᠢᠵᠦ ᠲᠠᠪᠣᠰᠣ ᠣᠰᠣ ᠶᠢ ᠨᠢ ᠲᠠᠭᠠᠷᠠᠭᠤᠯᠣᠭᠠᠳ ᠠᠮᠳᠠ ᠣᠷᠭᠤᠯᠳᠠᠬ | ᠶᠣᠮ᠃ ᠡᠭᠦᠨ ᠢᠶᠠᠨ ᠵᠢᠶᠠᠩ ᠲᠠᠷᠣᠬᠤ ᠭᠡᠵᠦ ᠬᠡᠯᠡᠳᠡᠭ᠃ ᠪᠠᠷᠤᠬ ᠭᠤᠷᠪᠠᠨ ᠭᠠᠷᠠᠬ ᠦᠡᠭᠭᠡᠷᠡᠭᠰᠡᠨ ᠤ ᠰᠡᠭᠦᠯᠡᠷ | ᠵᠢᠵᠢᠭ ᠫᠢᠯᠠ ᠪᠣᠶᠣ ᠠᠶᠠᠭᠠᠨ ᠳᠤ ᠬᠤᠳᠬᠤᠨ ᠠᠪᠴᠦ ᠬᠤᠭᠤᠯᠠ ᠳᠤ ᠪᠠᠨ ᠵᠠᠭᠤᠵᠦ ᠢᠳᠡᠬᠦ ᠪᠣᠶᠣ ᠨᠣᠭᠤᠭ᠎ᠠ | ᠴᠠᠭ᠎ᠠ ᠲᠦᠷᠦᠵᠦ ᠢᠳᠡᠬᠦ ᠳᠤ ᠡᠳᠡᠭᠡᠳ ᠠᠮᠳᠠᠳᠠᠢ ᠪᠠᠶᠢᠳᠠᠬ᠃ ᠬᠤᠷᠴᠢᠨ ᠳᠤ ᠵᠢᠶᠠᠩ ᠢ ᠵᠢᠯ ᠤᠨ ᠲᠦᠷᠪᠡᠨ | ᠣᠯᠠᠷᠢᠯ ᠳᠤ ᠪᠦᠷ ᠢᠳᠡᠳᠡᠭ᠃ | ᠲᠠᠪᠣᠰᠣᠯᠠᠬᠰᠠᠨ ᠨᠣᠭᠤᠭ᠎ᠠ ᠃ ᠬᠤᠷᠴᠢᠨ ᠳᠤ ᠲᠠᠪᠣᠰᠣᠯᠠᠬᠰᠠᠨ ᠨᠣᠭᠤᠭ᠎ᠠ ᠶᠢ ᠬᠢᠳᠠᠳ ᠢᠶᠠᠷ ᠰᠢᠶᠠᠨᠼᠠᠢ ᠭᠡᠵᠦ | ᠶᠠᠷᠢᠳᠠᠬ᠃ ᠰᠢᠶᠠᠨᠼᠠᠢ ᠬᠢᠬᠦ ᠳᠤ ᠮᠠᠨᠵᠢᠨ᠂ ᠯᠣᠣᠪᠠᠨᠭ᠌᠂ ᠪᠣᠷᠴᠠᠬ᠂ ᠬᠤᠯᠣᠣᠪᠠᠨᠭ᠌᠂ ᠦᠷᠭᠡᠰᠦᠳᠦ ᠬᠡᠮᠬᠡ ᠵᠡᠷᠭᠡ ᠶᠢᠨ | ᠨᠣᠭᠤᠭ᠎ᠠ ᠶᠢ ᠬᠡᠷᠡᠭᠯᠡᠵᠦ ᠪᠣᠯᠬᠤ ᠠᠴᠠ ᠭᠠᠳᠠᠨ᠎ᠠ ᠮᠠᠨᠵᠢᠨ ᠠᠴᠠ ᠪᠣᠰᠣᠳ ᠲᠠᠪᠣᠰᠣᠳᠠᠢ ᠨᠣᠭᠤᠭ᠎ᠠ ᠳᠤ ᠰᠣᠩᠭᠢᠨ᠎ᠠ᠂ | ᠰᠠᠷᠢᠮᠰᠠᠬ᠂ ᠬᠦᠬᠡ ᠨᠣᠭᠤᠭ᠎ᠠ᠂ ᠦᠨᠦᠷᠳᠦ ᠨᠣᠭᠤᠭ᠎ᠠ ᠵᠡᠷᠭᠡ ᠶᠢ ᠬᠠᠴᠢᠷᠯᠠᠨ ᠬᠢᠵᠦ ᠠᠮᠳᠠ ᠣᠷᠣᠭᠤᠯᠣᠨ᠎ᠠ᠃ | ᠨᠣᠭᠤᠭ᠎ᠠ ᠶᠢ ᠨᠠᠮᠣᠷ ᠤᠨ ᠰᠡᠷᠢᠭᠦᠦ ᠣᠷᠣᠬᠰᠠᠨ ᠤ ᠲᠠᠷᠠᠭ᠎ᠠ ᠰᠠᠶ᠋ᠢ ᠲᠠᠪᠣᠰᠣᠯᠠᠳᠠᠬ ᠶᠣᠮ᠃ ᠬᠦᠨ ᠰᠢᠭ ᠭᠠᠨᠭ᠌ ᠪᠣᠶᠣ | ᠰᠠᠪᠠ ᠳᠤ ᠨᠣᠭᠤᠭ᠎ᠠ ᠪᠠᠨ ᠣᠬᠢᠶᠠᠵᠦ ᠴᠡᠪᠡᠷᠯᠡᠭᠡᠳ ᠣᠰᠣ ᠲᠠᠪᠣᠰᠣ ᠲᠠᠢ ᠨᠢ ᠲᠡᠩᠨᠡᠭᠦᠯᠵᠦ ᠬᠢᠭᠰᠡᠨ ᠤ ᠲᠠᠷᠠᠭ᠎ᠠ | ᠲᠡᠭᠡᠷ᠎ᠡ ᠠᠴᠠ ᠨᠢ ᠬᠦᠨᠳᠦᠴᠡ ᠲᠠᠢ ᠴᠢᠯᠠᠭᠤ ᠪᠠᠷ ᠲᠠᠷᠦᠵᠦ ᠲᠠᠯᠪᠢᠳᠠᠬ᠃ ᠦᠭᠡᠢ ᠪᠣᠯ ᠨᠣᠭᠤᠭ᠎ᠠ ᠣᠰᠣᠨ ᠳᠤ ᠪᠠᠨ | ᠲᠡᠭᠳᠡᠵᠦ ᠠᠮᠠᠷᠬᠠᠨ ᠦᠦᠵᠦ ᠢᠯᠵᠠᠷᠠᠳᠠᠬ ᠶᠣᠮ᠃ | ᠬᠤᠷᠴᠢᠨ ᠤ ᠨᠣᠭᠤᠭ᠎ᠠ ᠶᠢᠨ ᠬᠠᠰᠢᠶ᠎ᠠ ᠶᠢᠨ ᠲᠠᠷᠢᠮᠠᠯ | ᠬᠤᠷᠴᠢᠨ ᠤ ᠨᠣᠭᠤᠭ᠎ᠠ ᠶᠢᠨ ᠬᠠᠰᠢᠶ᠎ᠠ ᠳᠤ ᠦᠷᠭᠡᠰᠦᠳᠦ ᠬᠡᠮᠬᠡ᠂ ᠵᠢᠵᠢᠭ ᠴᠠᠭᠠᠨ ᠨᠣᠭᠤᠭ᠎ᠠ᠂ ᠲᠠᠷᠢᠮᠠᠯ ᠢᠳᠠᠷ᠎ᠠ | ᠂ ᠬᠠᠰᠢ᠂ ᠲᠦᠪᠡᠳ ᠬᠠᠰᠢ᠂ ᠣᠰᠣᠨ ᠯᠣᠣᠪᠠᠨᠭ᠌᠂ ᠯᠠᠩᠭᠤᠸᠠ᠂ ᠰᠢ ᠬᠤᠯᠣ᠂ ᠭᠤᠭᠤᠳ᠂ ᠰᠣᠩᠭᠢᠨ᠎ᠠ᠂ | ᠰᠠᠷᠢᠮᠰᠠᠬ᠂ ᠬᠠᠯᠠᠭᠤᠨ ᠨᠣᠭᠤᠭ᠎ᠠ ᠁ ᠵᠡᠷᠭᠡ ᠶᠢᠨ ᠣᠯᠠᠨ ᠲᠦᠷᠦᠯ ᠤᠨ ᠢᠳᠡᠰᠢᠨ ᠨᠣᠭᠤᠭ᠎ᠠ ᠶᠢ ᠲᠠᠷᠢᠳᠠᠬ᠃ | ᠡᠭᠦᠨ ᠳᠤ ᠬᠠᠰᠢ᠂ ᠲᠦᠪᠡᠳ ᠬᠠᠰᠢ᠂ ᠬᠠᠯᠠᠭᠤᠨ ᠨᠣᠭᠤᠭ᠎ᠠ᠂ ᠦᠷᠭᠡᠦᠰᠳᠦ ᠬᠡᠮᠬᠡ ᠶᠢ ᠲᠠᠷᠢᠬᠤ ᠳᠤ ᠵᠠᠶᠢᠳᠠᠰᠣ | ᠭᠠᠷᠭᠠᠬᠤ ᠭᠡᠳᠡᠭ ᠠᠯᠬᠤᠮ ᠪᠠᠶᠢᠳᠠᠬ ᠨᠢ ᠪᠣᠰᠣᠳ ᠵᠦᠢᠯ ᠤᠨ ᠨᠣᠭᠤᠭ᠎ᠠ ᠶᠢ ᠲᠠᠷᠢᠬᠤ ᠠᠴᠠ ᠦᠭᠡᠷ᠎ᠡ ᠰᠢᠭ ᠪᠠᠶᠢᠳᠠᠬ | ᠃ | ᠨᠣᠭᠤᠭ᠎ᠠ ᠶᠢᠨ ᠵᠠᠶᠢᠳᠠᠰᠣ ᠭᠠᠷᠭᠠᠬᠤ᠃ ᠦᠡᠭ ᠰᠢᠮᠡᠯᠢᠭ ᠡᠭᠡᠪᠦᠷ ᠭᠠᠵᠠᠷ ᠪᠣᠶᠣ ᠬᠠᠰᠢᠶ᠎ᠠ ᠰᠠᠷᠠᠪᠴᠢ ᠶᠢᠨ | ᠨᠦᠮᠦᠷᠢ ᠳᠤ ᠵᠣᠬᠢᠬᠤ ᠵᠢᠵᠢᠭᠬᠡᠨ ᠭᠠᠵᠠᠷ ᠰᠣᠩᠭᠤᠵᠦ ᠠᠪᠣᠭᠠᠳ ᠢᠳᠡᠰᠢᠨ ᠨᠣᠭᠤᠭ᠎ᠠ ᠶᠢᠨ ᠦᠷ᠎ᠡ ᠶᠢ ᠲᠠᠷᠢᠵᠦ | ᠪᠤᠶᠢᠵᠢᠭᠤᠯᠣᠨ᠎ᠠ᠃ ᠣᠰᠣ ᠪᠣᠯᠣᠨ ᠪᠣᠷᠳᠣᠭᠤᠷ ᠢ ᠨᠢ ᠭᠦᠢᠴᠡᠳ ᠬᠠᠨᠭ᠍ᠭᠠᠬᠰᠠᠨ ᠤ ᠲᠠᠷᠠᠭ᠎ᠠ ᠨᠣᠭᠤᠭ᠎ᠠ ᠢᠳᠡᠷᠡᠭᠦᠨ | ᠣᠷᠭᠤᠵᠦ ᠲᠦᠷᠪᠡᠨ ᠬᠤᠷᠤᠭᠤ ᠰᠢᠬᠠᠮ ᠪᠣᠯᠬᠤ ᠦᠶ᠎ᠡ ᠪᠠᠷ ᠪᠣᠷᠣᠭᠠᠨ ᠲᠠᠢ ᠡᠳᠦᠷ ᠢ ᠰᠣᠩᠭᠤᠵᠦ | ᠦᠨᠳᠦᠰᠦ ᠲᠠᠢ ᠨᠢ ᠮᠠᠯᠳᠠᠨ ᠠᠪᠴᠦ ᠬᠠᠰᠢᠶ᠎ᠠ ᠳᠤ ᠪᠠᠨ ᠰᠢᠷᠬᠡᠭ ᠰᠢᠷᠬᠡᠭ ᠢᠶᠠᠷ ᠰᠢᠯᠵᠢᠭᠦᠯᠦᠨ ᠵᠠᠶᠢᠯᠠᠬᠤ ᠶᠢ | ᠵᠠᠶᠢᠳᠠᠰᠣ ᠭᠠᠷᠭᠠᠬᠤ ᠭᠡᠳᠡᠭ᠃ ᠨᠣᠭᠤᠭ᠎ᠠ ᠶᠢᠨ ᠵᠠᠶᠢᠳᠠᠰᠣ ᠶᠢ ᠵᠠᠶᠢᠯᠠᠬᠤ ᠠᠴᠠ ᠡᠮᠦᠨ᠎ᠡ ᠬᠦᠷᠵᠡ ᠪᠠᠷ ᠵᠠᠶᠢᠯᠠᠬᠤ | ᠭᠡᠵᠦ ᠪᠠᠶᠢᠭ᠎ᠠ ᠭᠠᠵᠠᠷ ᠢᠶᠠᠨ ᠣᠷᠪᠠᠭᠤᠯᠣᠨ ᠵᠦᠭᠡᠯᠡᠷᠡᠭᠦᠯᠦᠭᠡᠳ ᠲᠠᠷᠠᠭ᠎ᠠ ᠨᠢ ᠰᠢᠪᠠᠭᠤᠬᠠᠢ ᠶᠢᠨ ᠡᠭᠦᠷ ᠰᠢᠭ | ᠬᠤᠳᠣᠭᠤᠷ ᠭᠠᠷᠭᠠᠭᠠᠳ ᠵᠠᠶᠢᠳᠠᠰᠣ ᠪᠠᠨ ᠰᠠᠭᠤᠯᠭᠠᠵᠦ ᠲᠠᠯᠪᠢᠳᠠᠬ᠃ | ᠦᠷᠭᠡᠰᠦᠳᠦ ᠬᠡᠮᠬᠡ ᠃ ᠦᠷᠭᠡᠰᠦᠳᠦ ᠬᠡᠮᠭᠡ ᠶᠢ ᠵᠠᠶᠢᠳᠠᠰᠣ ᠰᠢᠯᠵᠢᠭᠦᠯᠦᠭᠰᠡᠨ ᠤ ᠲᠠᠷᠠᠭ᠎ᠠ ᠡᠳᠦᠷ ᠪᠦᠷᠢ | ᠣᠰᠣ ᠶᠢ ᠨᠢ ᠭᠦᠢᠴᠡᠳ ᠬᠠᠨᠭ᠍ᠭᠠᠯᠳᠠ ᠲᠠᠢ ᠣᠷᠣᠭᠤᠯᠣᠨ᠎ᠠ᠃ ᠦᠷᠭᠡᠰᠦᠳᠦ ᠬᠡᠮᠬᠡ ᠲᠣᠬᠤᠢ ᠵᠠᠪᠳᠠᠭᠤ ᠪᠣᠯᠬᠤ | ᠦᠶᠡᠰ ᠴᠡᠴᠡᠭᠯᠡᠵᠦ ᠵᠡᠯᠡᠯᠡᠵᠦ ᠡᠬᠢᠯᠡᠨ᠎ᠡ᠃ ᠡᠨᠡ ᠦᠶᠡᠰ ᠬᠡᠮᠬᠡ ᠶᠢᠨ ᠵᠡᠯ᠎ᠡ ᠶᠢ ᠲᠠᠭᠠᠵᠦ ᠪᠣᠷᠭᠠᠰᠣ ᠬᠠᠳᠬᠤᠨ | ᠲᠡᠭᠳᠡᠷᠯᠡᠨ ᠦᠭᠴᠦ ᠵᠡᠯ᠎ᠡ ᠭᠦᠶᠦᠬᠦ ᠳᠤ ᠲᠦᠭᠦᠮ ᠪᠣᠯᠭᠠᠵᠦ ᠲᠠᠯᠪᠢᠨ᠎ᠠ᠃ ᠵᠡᠯ᠎ᠡ ᠬᠠᠳᠬᠤᠬᠰᠠᠨ ᠬᠡᠮᠬᠡ ᠨᠢ | ᠣᠷᠭᠤᠬᠤ ᠨᠢ ᠬᠤᠷᠳᠣᠨ᠂ ᠰᠠᠭᠤᠬᠤ ᠨᠢ ᠲᠦᠷᠭᠡᠨ ᠪᠠᠶᠢᠳᠠᠬ᠃ ᠦᠷᠭᠡᠰᠦᠳᠦ ᠬᠡᠮᠬᠡ ᠶᠢ ᠬᠤᠷᠴᠢᠨ ᠳᠤ ᠵᠢᠶᠠᠩ ᠳᠤ | ᠲᠦᠷᠦᠵᠦ ᠢᠳᠡᠬᠦ ᠪᠣᠶᠣ ᠲᠠᠪᠣᠰᠣᠯᠠᠵᠦ ᠢᠳᠡᠳᠡᠭ᠃ ᠦᠷᠭᠡᠰᠦᠳᠦ ᠬᠡᠮᠬᠡ ᠨᠢ ᠬᠤᠷᠴᠢᠨ ᠤ ᠵᠣᠨ ᠤ ᠣᠯᠠᠷᠢᠯ ᠤᠨ | ᠴᠢᠬᠤᠯᠠ ᠨᠣᠭᠤᠭ᠎ᠠ ᠪᠣᠯᠣᠨ᠎ᠠ᠃ | ᠬᠠᠰᠢ ᠃ ᠡᠷᠳᠡ ᠰᠢᠭ ᠵᠠᠶᠢᠳᠠᠰᠣ ᠰᠢᠯᠵᠢᠭᠦᠯᠦᠭᠰᠡᠨ ᠬᠠᠰᠢ ᠨᠢ ᠡᠷᠳᠡ ᠰᠠᠭᠤᠵᠦ᠂ ᠡᠷᠳᠡ ᠢᠳᠡᠰᠢᠨ ᠨᠣᠭᠤᠭ᠎ᠠ | ᠪᠣᠯᠳᠠᠬ᠃ ᠬᠠᠰᠢ ᠶᠢ ᠵᠠᠶᠢᠯᠠᠬᠤ ᠠᠷᠭ᠎ᠠ ᠨᠢ ᠦᠷᠭᠡᠰᠦᠳᠦ ᠬᠡᠮᠬᠡ ᠵᠠᠶᠢᠯᠠᠬᠤ ᠠᠷᠭ᠎ᠠ ᠲᠠᠢ ᠠᠳᠠᠯᠢ ᠪᠣᠯᠪᠠᠴᠦ ᠬᠠᠰᠢ ᠨᠢ | ᠵᠡᠯ᠎ᠡ ᠭᠦᠶᠦᠳᠡᠭ ᠦᠭᠡᠢ ᠣᠷᠭᠤᠮᠠᠯ ᠪᠣᠯᠬᠤᠷ ᠪᠣᠷᠭᠠᠰᠣ ᠬᠠᠳᠬᠤᠬᠤ ᠴᠢᠬᠤᠯᠠ ᠦᠭᠡᠢ ᠶᠣᠮ᠃ ᠬᠠᠰᠢ ᠪᠦᠷᠢ ᠶᠢᠨ | ᠬᠤᠭᠤᠷᠣᠨᠳᠣᠬᠢ ᠵᠠᠢ ᠶᠢ ᠨᠢ ᠲᠣᠬᠢᠷᠠᠭᠤᠯᠵᠦ ᠵᠠᠶᠢᠯᠠᠬᠰᠠᠨ ᠤ ᠲᠠᠷᠠᠭ᠎ᠠ ᠰᠠᠶᠢᠳᠣᠷ ᠠᠷᠴᠢᠵᠦ ᠡᠳ᠋ᠯᠡᠭᠡᠳ ᠣᠰᠣ ᠶᠢ ᠨᠢ | ᠭᠦᠢᠴᠡᠳ ᠬᠠᠨᠭ᠍ᠭᠠᠪᠠᠯ ᠪᠣᠯᠴᠢᠬᠠᠨ᠎ᠠ᠃ ᠬᠤᠷᠴᠢᠨᠴᠣᠳ ᠬᠠᠰᠢ ᠪᠠᠷ ᠱᠦᠯᠦ ᠭᠠᠷᠭᠠᠵᠦ ᠢᠳᠡᠬᠦ ᠪᠣᠶᠣ ᠬᠠᠭᠤᠷᠴᠦ | ᠢᠳᠡᠳᠡᠭ᠃ ᠪᠠᠰᠠ ᠵᠠᠷᠢᠮ ᠭᠠᠵᠠᠷ ᠬᠠᠰᠢ ᠶᠢ ᠰᠣᠩᠭᠢᠨ᠎ᠠ ᠰᠠᠷᠢᠮᠰᠠᠬ ᠲᠠᠢ ᠬᠤᠯᠢᠵᠦ ᠲᠠᠪᠣᠰᠣᠯᠠᠭᠠᠳ ᠨᠣᠯᠳᠠᠷᠠᠭᠤᠯᠵᠦ | ᠢᠰᠭᠡᠵᠦ ᠢᠳᠡᠳᠡᠭ᠃ | ᠬᠠᠯᠠᠭᠤᠨ ᠨᠣᠭᠤᠭ᠎ᠠ᠃ ᠬᠠᠯᠠᠭᠤᠨ ᠨᠣᠭᠤᠭ᠎ᠠ ᠵᠠᠶᠢᠯᠠᠬᠤ ᠠᠷᠭ᠎ᠠ ᠨᠢ ᠬᠠᠰᠢ ᠵᠠᠶᠢᠯᠠᠬᠤ ᠲᠠᠢ | ᠦᠨᠳᠦᠰᠦᠨ ᠳᠤ ᠪᠠᠨ ᠠᠳᠠᠯᠢᠪᠳᠣᠷ ᠪᠠᠶᠢᠳᠠᠬ᠃ ᠬᠠᠯᠠᠭᠤᠨ ᠨᠣᠭᠤᠭ᠎ᠠ ᠶᠢ ᠬᠤᠷᠴᠢᠨ ᠳᠤ ᠵᠢᠶᠠᠩ ᠳᠤ ᠲᠦᠷᠦᠵᠦ | ᠢᠳᠡᠬᠦ ᠪᠣᠶᠣ ᠬᠠᠭᠤᠷᠣᠯᠭᠠ ᠬᠠᠭᠠᠷᠢᠯᠭ᠎ᠠ ᠳᠤ ᠠᠮᠳᠠ ᠣᠷᠣᠭᠤᠯᠬᠤ ᠳᠤ ᠬᠡᠷᠡᠭᠯᠡᠳᠡᠭ᠃ ᠵᠠᠷᠢᠮ ᠭᠠᠵᠠᠷ ᠪᠠᠰᠠ | ᠬᠠᠯᠠᠭᠤᠨ ᠨᠣᠭᠤᠭ᠎ᠠ ᠶᠢ ᠬᠡᠷᠴᠢᠵᠦ ᠲᠠᠪᠣᠰᠣᠯᠣᠭᠠᠳ ᠭᠠᠨᠭ᠌ ᠳᠤ ᠲᠠᠷᠣᠵᠦ ᠰᠣᠷᠢᠰᠣ ᠪᠣᠯᠭᠠᠵᠦ ᠢᠳᠡᠳᠡᠭ᠃ | ᠲᠦᠪᠡᠳ ᠬᠠᠰᠢ᠃ ᠲᠦᠪᠡᠳ ᠬᠠᠰᠢ ᠶᠢ ᠲᠠᠷᠢᠵᠦ ᠣᠷᠭᠤᠭᠤᠯᠬᠤ ᠠᠷᠭ᠎ᠠ ᠨᠢ ᠲᠡᠭᠡᠷᠡᠬᠢ ᠨᠣᠭᠤᠭ᠎ᠠ ᠴᠠᠭ᠎ᠠ ᠲᠠᠢ | ᠦᠨᠳᠦᠰᠦᠨ ᠳᠤ ᠪᠠᠨ ᠠᠳᠠᠯᠢ ᠪᠠᠶᠢᠳᠠᠬ᠃ ᠲᠦᠪᠡᠳ ᠬᠠᠰᠢ ᠨᠢ ᠵᠢᠮᠢᠰ ᠰᠠᠭᠤᠬᠰᠠᠨ ᠤ ᠲᠠᠷᠠᠭ᠎ᠠ ᠦᠡᠭᠭᠡ ᠨᠢ | ᠣᠯᠠᠶᠢᠬᠤ ᠪᠣᠶᠣ ᠰᠢᠷᠠᠯᠠᠪᠠᠯ ᠰᠠᠶ᠋ᠢ ᠢᠳᠡᠵᠦ ᠪᠣᠯᠳᠠᠬ᠃ ᠲᠦᠪᠡᠳ ᠬᠠᠰᠢ ᠶᠢ ᠦᠨᠳᠡᠭᠡ ᠲᠠᠢ ᠬᠠᠭᠤᠷᠴᠦ ᠢᠳᠡᠬᠦ᠂ | ᠦᠨᠳᠡᠭᠡ ᠲᠠᠢ ᠱᠦᠯᠦ ᠭᠠᠷᠭᠠᠵᠦ ᠢᠳᠡᠵᠦ ᠪᠣᠯᠬᠤ ᠪᠣᠶᠣ ᠵᠢᠮᠢᠰ ᠰᠢᠭ ᠰᠢᠭᠤᠳ ᠢᠳᠡᠵᠦ ᠪᠣᠯᠳᠠᠬ᠃ | ᠣᠳᠣᠬᠠᠨ ᠳᠤ ᠲᠦᠪᠡᠳ ᠬᠠᠰᠢ ᠶᠢ ᠱᠦᠯᠦ ᠭᠠᠷᠭᠠᠬᠤ ᠪᠣᠶᠣ ᠬᠠᠭᠤᠷᠣᠯᠭᠠ ᠬᠠᠭᠠᠷᠢᠯᠭ᠎ᠠ ᠳᠤ ᠠᠮᠳᠠ ᠣᠷᠣᠭᠤᠯᠬᠤ | ᠢᠳᠡᠭᠡᠨ ᠪᠣᠯᠭᠠᠨ ᠬᠡᠷᠡᠭᠯᠡᠵᠦ ᠪᠣᠢ᠃ | ᠯᠠᠩᠭᠤᠸᠠ᠃ ᠯᠠᠩᠭᠤᠸᠠ ᠶᠢ ᠬᠡᠭᠡᠷ᠎ᠡ ᠪᠣᠶᠣ ᠬᠠᠰᠢᠶᠠᠨ ᠳᠤ ᠪᠠᠨ ᠲᠠᠷᠢᠳᠠᠬ᠃ ᠯᠠᠩᠭᠤᠸᠠ ᠪᠠᠷ ᠵᠣᠨ ᠵᠠᠭᠤᠰᠢ | ᠭᠠᠷᠭᠠᠵᠦ ᠢᠳᠡᠬᠦ ᠪᠣᠶᠣ ᠰᠢᠶᠠᠨᠰᠠ ᠬᠢᠵᠦ ᠢᠳᠡᠳᠡᠭ ᠶᠣᠮ᠃ ᠪᠠᠰᠠ ᠭᠦᠢᠴᠡᠳ ᠪᠣᠯᠪᠠᠰᠣᠷᠠᠬᠰᠠᠨ ᠦᠭᠡᠢ ᠪᠠᠷ ᠨᠢ | ᠭᠠᠭ᠋ᠠᠢ ᠲᠠᠬᠢᠶ᠎ᠠ ᠲᠡᠵᠢᠭᠡᠵᠦ ᠪᠣᠯᠣᠨ᠎ᠠ᠃ ᠯᠠᠩᠭᠤᠸᠠ ᠶᠢ ᠵᠦᠰᠦᠵᠦ ᠬᠠᠳᠠᠭᠠᠭᠠᠳ ᠬᠠᠪᠣᠷ ᠲᠤ ᠪᠠᠨ ᠮᠢᠬ᠎ᠠ ᠲᠠᠢ | ᠱᠦᠯᠦ ᠭᠠᠷᠭᠠᠨ ᠢᠳᠡᠵᠦ ᠪᠣᠯᠳᠠᠬ᠃ | ᠰᠢ ᠬᠤᠯᠣ᠃ ᠬᠠᠯᠠᠭᠠᠢ ᠵᠢᠭᠠᠬᠠᠨ ᠦᠳᠡᠯᠵᠦ ᠢᠷᠡᠬᠦ ᠲᠠᠢ ᠵᠡᠷᠭᠡ ᠬᠤᠷᠴᠢᠨᠴᠣᠳ ᠰᠢ ᠬᠤᠯᠣ ᠪᠠᠷ ᠵᠠᠭᠤᠰᠢ | ᠬᠢᠵᠦ ᠡᠬᠢᠯᠡᠳᠡᠭ᠃ ᠰᠢ ᠬᠤᠯᠣ ᠶᠢ ᠣᠯᠠᠩᠬᠢ ᠳᠤ ᠪᠠᠨ ᠬᠠᠰᠢᠶ᠎ᠡ ᠬᠦᠷᠢᠶ᠎ᠡ ᠶᠢᠨ ᠢᠶᠠᠨ ᠵᠠᠬ᠎ᠠ ᠬᠦᠪᠡᠭᠡ ᠪᠠᠷ ᠲᠠᠷᠢᠳᠠᠬ | ᠮᠦᠷᠳᠡᠭᠡᠨ ᠰᠢ ᠬᠤᠯᠣ ᠨᠢ ᠶᠡᠭᠡ ᠳᠤ ᠪᠠᠨ ᠬᠡᠦᠬᠡᠳ ᠤᠨ ᠲᠡᠷᠡ ᠠᠴᠠ ᠶᠡᠭᠡ ᠪᠣᠯᠳᠠᠬ᠃ ᠰᠢ ᠬᠤᠯᠣ ᠪᠠᠷ ᠰᠢᠶᠠᠨᠰᠠ | ᠬᠢᠵᠦ ᠢᠳᠡᠵᠦ ᠪᠣᠯᠬᠤ ᠪᠦᠭᠡᠳ ᠵᠦᠭᠡᠬᠡᠢ ᠲᠠᠢ ᠬᠤᠯᠢᠵᠦ ᠨᠣᠭᠤᠭ᠎ᠠ ᠬᠠᠭᠤᠷᠴᠦ ᠢᠳᠡᠪᠡᠯ ᠶᠡᠭᠡ ᠠᠮᠳᠠᠯᠢᠬ ᠶᠣᠮ᠃ | | ᠡᠳᠡᠭᠡᠷ ᠠᠴᠠ ᠪᠣᠰᠣᠳ ᠣᠰᠣᠨ ᠯᠣᠣᠪᠠᠨᠭ᠌᠂ ᠨᠢᠯᠬ᠎ᠠ ᠴᠠᠭᠠᠨ ᠨᠣᠭᠤᠭ᠎ᠠ᠂ ᠲᠠᠷᠢᠮᠠᠯ ᠢᠳᠠᠷ᠎ᠠ᠂ ᠭᠤᠭᠤᠳ᠂ | ᠰᠣᠩᠭᠢᠨ᠎ᠠ᠂ ᠰᠠᠷᠢᠮᠰᠠᠬ ᠵᠡᠷᠭᠡ ᠶᠢᠨ ᠢᠳᠡᠰᠢᠨ ᠨᠣᠭᠤᠭ᠎ᠠ ᠶᠢ ᠲᠠᠷᠢᠬᠤ ᠳᠤ ᠪᠠᠨ ᠨᠣᠭᠤᠭ᠎ᠠ ᠶᠢᠨ ᠭᠠᠵᠠᠷ ᠢᠶᠠᠨ | ᠰᠠᠶᠢᠳᠣᠷ ᠣᠷᠪᠠᠭᠤᠯᠵᠦ ᠵᠦᠭᠡᠯᠡᠷᠡᠭᠦᠯᠦᠭᠰᠡᠨ ᠤ ᠲᠠᠷᠠᠭ᠎ᠠ ᠠᠷᠴᠢᠭᠤᠷ ᠬᠦᠷᠵᠡ ᠪᠠᠷ ᠵᠢᠷᠤᠬ᠎ᠠ ᠲᠠᠳᠠᠵᠦ ᠦᠷ᠎ᠡ ᠶᠢ ᠨᠢ | ᠰᠢᠭᠤᠳ ᠲᠠᠷᠢᠵᠦ ᠪᠣᠯᠳᠠᠬ᠃ ᠡᠭᠦᠨ ᠳᠤ ᠨᠢᠯᠬ᠎ᠠ ᠴᠠᠭᠠᠨ ᠨᠣᠭᠤᠭ᠎ᠠ᠂ ᠢᠳᠠᠷ᠎ᠠ᠂ ᠣᠰᠣᠨ ᠯᠣᠣᠪᠠᠨᠭ᠌ ᠢ ᠰᠢᠭᠤᠳ | ᠵᠢᠶᠠᠩ ᠳᠤ ᠲᠦᠷᠦᠵᠦ ᠢᠳᠡᠵᠦ ᠪᠣᠯᠬᠤ ᠠᠴᠠ ᠭᠠᠳᠠᠨ᠎ᠠ ᠬᠤᠨᠢ ᠦᠬᠡᠷ ᠤᠨ ᠮᠢᠬ ᠠ ᠲᠠᠢ ᠬᠠᠯᠠᠭᠤᠨ ᠲᠣᠭᠤᠭ᠎ᠠ | ᠭᠠᠷᠭᠠᠵᠦ ᠢᠳᠡᠵᠦ ᠪᠣᠯᠳᠠᠬ᠃ ᠰᠣᠩᠭᠢᠨ᠎ᠠ ᠰᠠᠷᠢᠮᠰᠠᠬ ᠢ ᠵᠢᠶᠠᠩ ᠳᠤ ᠲᠦᠷᠦᠵᠦ ᠢᠳᠡᠵᠦ ᠪᠣᠯᠬᠤ ᠠᠴᠠ ᠭᠠᠳᠠᠨ᠎ᠠ | ᠬᠠᠭᠤᠷᠣᠯᠭᠠ᠂ ᠬᠠᠭᠠᠷᠢᠯᠭ᠎ᠠ᠂ ᠱᠦᠯᠦ᠂ ᠲᠠᠪᠣᠰᠣᠯᠠᠬᠰᠠᠨ ᠨᠣᠭᠤᠭ᠎ᠠ ᠵᠡᠷᠭᠡ ᠳᠤ ᠠᠮᠳᠠ ᠣᠷᠣᠭᠤᠯᠬᠤ ᠵᠦᠢᠯ | ᠪᠣᠯᠭᠠᠨ ᠬᠡᠷᠡᠭᠯᠡᠳᠡᠭ᠃ ᠭᠤᠭᠤᠳ ᠢ ᠰᠣᠷᠢᠰᠣ ᠲᠠᠷᠣᠬᠤ ᠪᠣᠶᠣ᠂ ᠰᠢᠶᠠᠨᠰᠠ ᠪᠣᠯᠭᠠᠵᠦ ᠢᠳᠡᠳᠡᠭ᠃ | ᠲᠡᠭᠡᠷᠡᠬᠢ ᠨᠣᠭᠤᠭ᠎ᠠ ᠴᠠᠭ᠎ᠠ ᠠᠴᠠ ᠭᠠᠳᠠᠨ᠎ᠠ ᠬᠤᠷᠴᠢᠨ ᠨᠣᠳᠤᠬ ᠲᠤ ᠪᠠᠰᠠ ᠠᠮᠳᠠᠳᠦ ᠬᠡᠮᠬᠡ᠂ ᠰᠢᠬᠢᠷ | ᠲᠦᠮᠦᠰᠦ᠂ ᠲᠠᠷᠪᠣᠰ ᠁ ᠭᠡᠬᠦ ᠮᠡᠳᠦ ᠶᠢᠨ ᠣᠯᠠᠨ ᠣᠯᠠᠨ ᠬᠠᠰᠢᠶ᠎ᠠ ᠬᠦᠷᠢᠶᠡᠨ ᠳᠤ ᠲᠠᠷᠢᠳᠠᠬ ᠭᠤᠸ᠎ᠠ | ᠨᠣᠭᠤᠭ᠎ᠠ ᠶᠢᠨ ᠲᠦᠷᠦᠯ ᠵᠦᠢᠯ ᠪᠠᠶᠢᠳᠠᠬ᠃ ᠭᠡᠪᠡᠴᠦ ᠵᠠᠷᠢᠮ ᠠᠶᠢᠯ ᠡᠷᠦᠬᠡ ᠨᠢ ᠦᠪᠡᠷᠳᠡᠭᠡᠨ ᠢᠳᠡᠰᠢᠨ ᠨᠣᠭᠤᠭ᠎ᠠ | ᠲᠠᠷᠢᠳᠠᠬ ᠦᠭᠡᠢ᠂ ᠪᠣᠰᠣᠳ ᠠᠴᠠ ᠵᠣᠭᠤᠰ ᠢᠶᠠᠷ ᠬᠤᠳᠠᠯᠳᠣᠨ ᠠᠪᠴᠢᠷᠠᠬᠤ ᠪᠣᠶᠣ ᠪᠣᠳᠠᠰ ᠢᠶᠠᠷ ᠰᠣᠯᠢᠨ | ᠠᠪᠴᠢᠷᠠᠳᠠᠬ᠃ ᠵᠠᠷᠢᠮ ᠠᠶᠢᠯ ᠡᠷᠦᠬᠡ ᠨᠢ᠄ ︽ᠢᠳᠡᠰᠢᠨ ᠨᠣᠭᠤᠭ᠎ᠠ ᠶᠢ ᠪᠠᠰᠠ ᠦᠨ᠎ᠡ ᠬᠠᠶᠠᠭᠠᠳ ᠶᠠᠭᠤᠨ ᠬᠡᠷᠡᠭ᠂ | ᠬᠠᠮᠳᠦ ᠪᠠᠷ ᠢᠳᠡᠪᠡᠯ ᠲᠠᠭᠠᠷᠠᠴᠢᠬᠠᠨᠠ︾ ᠭᠡᠳᠡ ᠠᠶᠢᠯ ᠠᠶᠢᠮᠠᠬ ᠤᠨ ᠪᠣᠰᠣᠳ ᠬᠦᠮᠦᠰ ᠢᠶᠠᠨ ᠴᠦ ᠬᠠᠨᠭ᠍ᠭᠠᠵᠦ | ᠪᠠᠶᠢᠳᠠᠬ᠃ | ᠬᠠᠭᠠᠰ ᠮᠠᠯᠵᠢᠬᠤ ᠬᠠᠭᠠᠰ ᠲᠠᠷᠢᠶᠠᠯᠠᠬᠤ ᠠᠷᠭ᠎ᠠ ᠬᠡᠯᠪᠡᠷᠢ ᠪᠠᠷ ᠠᠮᠢᠳᠣᠷᠠᠯ ᠤᠨ ᠶᠢᠨ ᠭᠤᠣᠯ ᠠᠷᠭ᠎ᠠ ᠮᠠᠶ᠋ᠢᠬ ᠢᠶᠠᠨ | ᠪᠣᠯᠭᠠᠬᠰᠠᠨ ᠬᠤᠷᠴᠢᠨ ᠨᠣᠳᠤᠬ ᠤᠨ ᠬᠦᠮᠦᠰ ᠨᠢ ᠬᠦᠨᠳᠦ ᠬᠡᠴᠡᠭᠦᠦ ᠬᠦᠳᠡᠯᠮᠦᠷᠢ ᠠᠵᠢᠯ ᠳᠤ ᠲᠠᠪᠳᠠᠬᠳᠠᠨ᠂ ᠨᠠᠷᠠ | ᠰᠠᠯᠬᠢᠨ ᠳᠤ ᠢᠯᠪᠢᠭᠦᠯᠵᠦ ᠡᠯᠳᠡᠭᠦᠯᠵᠦ ᠶᠠᠪᠣᠬᠤ ᠳᠤ ᠪᠠᠨ ︽ᠠᠶᠢᠯ ᠤᠨ ᠬᠦᠮᠦᠰ ᠤᠨ ᠠᠮᠢ ᠨᠢ ᠨᠢᠭᠡ︾ ᠭᠡᠳᠡᠭ | ᠦᠭᠡ ᠶᠢ ᠦᠷᠦ ᠵᠢᠷᠦᠬᠡᠨ ᠤ ᠪᠠᠨ ᠴᠠᠭᠠᠨ᠎ᠠ ᠰᠡᠶᠢᠯᠵᠦ᠂ ᠠᠵᠢᠯᠯᠠᠵᠦ ᠬᠦᠳᠡᠯᠮᠦᠷᠢᠯᠡᠬᠦ ᠠᠴᠠ ᠣᠷᠣᠰᠢᠵᠦ | ᠠᠮᠢᠳᠣᠷᠠᠬᠤ ᠬᠦᠷᠳᠡᠯ᠎ᠡ ᠬᠠᠷᠢᠯᠴᠠᠨ ᠲᠦᠰᠢᠯᠴᠡᠨ᠂ ᠬᠠᠷᠢᠯᠴᠠᠨ ᠬᠠᠮᠵᠢᠯᠴᠠᠵᠦ ᠠᠳᠠᠯ ᠠᠮᠢᠳᠣᠷᠠᠯ ᠢᠶᠠᠨ ᠦᠭᠡᠳᠡ | ᠲᠠᠳᠠᠬ᠊ |