ᠬᠦᠷᠢᠶ᠎ᠡ ᠡ ᠬᠦᠷᠢᠶ᠎ᠡ
ᠨᠡᠶᠢᠲᠡᠯᠡᠭᠰᠡᠨ ᠴᠠᠭ᠄
2020/11/3
    ᠬᠦᠷᠢᠶ᠎ᠡ ᠡ ᠬᠦᠷᠢᠶ᠎ᠡ                      ᠵᠣᠬᠢᠶᠠᠭᠴᠢ᠄ ᠪ᠊ · ᠪᠢᠯᠢᠭ ᠬᠥᠷᠰᠢ ᠨᠤᠲᠤᠭ ᠬᠥᠳᠥᠯ ᠢᠶᠠᠨ ᠳᠠᠪᠠᠭᠠᠳ ᠭᠠᠷᠪᠠᠯ ᠬᠥᠷᠰᠢ ᠨᠤᠲᠤᠭ ᠬᠦᠷᠢᠶ᠎ᠠ ᠬᠦᠷᠳᠡᠭ ᠰᠠᠨ ᠲᠠᠬᠢᠶᠠᠨ ᠲᠠᠭᠤᠨ ᠨᠢ ᠨᠤᠭᠤ ᠶᠢᠨ ᠴᠠᠭᠠᠨ᠎ᠠ ᠠᠴᠠ ᠵᠢᠩᠭᠢᠨᠡᠳᠡᠭ ᠰᠠᠨ ᠲᠤᠭᠤᠯ ᠤᠨ ᠮᠠᠨᠢ ᠪᠡᠯᠴᠢᠭᠡᠷ  ᠨᠤᠷ᠎ᠠ ᠶᠢᠨ ᠬᠢᠨᠢ ᠨᠠᠭᠠᠨ᠎ᠠ ᠠᠴᠠ ᠵᠠᠯᠭᠠᠳᠠᠭ ᠰᠠᠨ ᠭᠡᠪᠡᠴᠦ ᠲᠤᠮᠳᠠᠭᠤᠷ ᠢᠶᠠᠨ ᠭᠡᠳᠦᠯᠵᠦ ᠲᠡᠶᠢᠯᠦᠰᠢ ᠦᠭᠡᠢ ᠭᠡᠨᠡᠨ ᠬᠢᠯᠢ ᠲᠠᠢ ᠭᠡᠨᠡᠨ ᠴᠠᠭ ᠭᠡᠨᠡᠳᠲᠡ ᠶᠢᠨ ᠶᠤᠮ ᠰᠢᠬ ᠲᠡᠷᠡ ᠨᠢ ᠲᠡᠭᠦᠨ ᠢᠶᠠᠷ ᠢᠶᠠᠨ ᠲᠡᠭᠦᠨ ᠤ ᠨᠠᠭᠠᠨᠠᠬᠢ ᠨᠢ ᠮᠢᠨᠦᠬᠢ ᠪᠠᠷ ᠢᠶᠠᠨ ᠬᠢᠯᠢ ᠶᠢ ᠨᠢ ᠬᠡᠨ ᠵᠢᠷᠤᠵᠤ ᠥᠭᠭᠦᠭᠰᠡᠨ ᠢ ᠬᠡᠨ ᠨᠢ ᠴᠤ ᠲᠤᠲᠤᠷᠬᠠᠢ ᠮᠡᠳᠡᠨ᠎ᠡ ᠬᠡᠨ ᠨᠢ ᠴᠤ ᠪᠠᠰᠠ ᠵᠢᠩᠭᠢᠨᠢ ᠮᠡᠳᠡᠭᠰᠡᠨ ᠦᠭᠡᠢ ᠥᠨᠥᠳᠦᠷ ᠪᠤᠯᠵᠠᠢ ᠥᠨᠥᠳᠦᠷ ᠠᠴᠠ ᠴᠠᠭᠠᠰᠢ ᠥᠨᠥᠳᠦᠷ ᠵᠠᠯᠭᠠᠭᠠᠳ ᠯᠡ ᠰᠢᠷᠡᠭᠡ ᠮᠦᠷᠭᠦᠯ ᠲᠠᠢ ᠲᠡᠷᠡ ᠨᠤᠲᠤᠭ ᠲᠤ ᠰᠢᠳᠦᠭᠡᠨ ᠮᠦᠷᠭᠦᠯ ᠢᠶᠠᠷ ᠢᠶᠠᠨ ᠵᠠᠮᠨᠠᠭᠠᠳ ᠯᠡ ᠥᠨᠥᠳᠦᠷ ᠤᠨ ᠮᠠᠷᠭᠠᠰᠢ ᠶᠢ ᠮᠠᠷᠲᠠᠳᠠᠭ ᠪᠠᠶᠢᠵᠠᠢ ᠁          ᠤᠳᠬ᠎ᠠ ᠶᠢᠨ ᠬᠦᠷᠢᠶ᠎ᠡ ᠵᠠᠭᠤᠨ ᠭᠡᠷ ᠤᠨ ᠬᠦᠷᠢᠶ᠎ᠡ ᠵᠠᠭᠤᠨ ᠡᠷ᠎ᠡ ᠶᠢᠨ ᠠᠯᠠᠭ᠎ᠠ ᠲᠦᠭᠦᠷᠡᠬᠦ ᠦᠭᠡᠢ ᠰᠢᠷᠡᠭᠡᠲᠦ ᠶᠢᠨ ᠭᠡᠬᠦ ᠲᠠᠭᠤᠨ ᠳᠤ ᠨᠢ ᠰᠢᠷ᠎ᠠ ᠶᠢᠨ ᠤᠬᠠᠭᠠᠨ ᠲᠠᠴᠢᠭᠢᠨᠡᠵᠦ ᠪᠠᠶᠢᠭᠰᠠᠨ ᠰᠢᠪᠲᠤ ᠤᠷᠢᠳᠦ ᠶᠢᠨ ᠬᠦᠷᠢᠶ᠎ᠡ ᠣᠳᠣ ᠠᠳᠠᠯᠢ ᠦᠭᠡᠢ ᠪᠤᠯᠵᠠᠢ ᠦᠭᠡ ᠬᠡᠯᠡ ᠨᠢ ᠤᠷᠭᠤᠭ᠎ᠠ ᠪᠤᠯᠵᠠᠢ ᠤᠳᠬ᠎ᠠ ᠶᠢᠨ ᠬᠦᠮᠦᠰ ᠨᠢ ᠬᠦᠭᠡᠷᠦᠭᠡ ᠪᠤᠯᠵᠠᠢ ᠡᠯᠡᠰᠦ ᠮᠠᠩᠬ᠎ᠠ ᠨᠢ ᠠᠭᠤᠵᠢᠷᠠᠭᠠᠳ ᠡᠨᠡ ᠶᠢᠷᠳᠢᠨᠴᠦ ᠲᠠᠢ ᠬᠤᠷᠮᠤᠢ ᠨᠡᠶᠢᠯᠡᠵᠡᠢ ᠡᠷᠲᠡᠨ ᠤ ᠲᠤᠮᠤᠭ ᠲᠠᠢ ᠠᠰᠠᠭᠤᠯᠴᠠᠭᠠᠳ ᠡᠷᠭᠢᠮᠰᠦᠭ ᠨᠢᠭᠡᠨ ᠬᠤᠰᠢᠭᠤ ᠨᠡᠷᠡᠰᠢᠵᠡᠢ ᠤᠳᠬ᠎ᠠ ᠶᠢᠨ ᠰᠤᠶᠤᠨ ᠬᠦᠷᠢᠶ᠎ᠡ ᠤᠯᠤᠰ ᠤᠨ ᠰᠣᠳᠣᠨ ᠬᠦᠷᠢᠶ᠎ᠠ ᠦᠨᠢᠲᠡ ᠶᠢᠨ ᠰᠠᠶᠢᠬᠠᠨ ᠬᠦᠷᠢᠶ᠎ᠡ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号