ᠪᠣᠭᠴᠤᠨ ᠳᠤ ᠰᠠᠪᠠᠯᠠᠭᠰᠠᠨ ᠬᠠᠶᠢᠷ᠎ᠠ ᠪᠣᠷᠤᠭᠠᠨ ᠪᠣᠯᠵᠤ ᠰᠢᠪᠡᠷᠡᠨ᠎ᠡ
ᠨᠡᠶᠢᠲᠡᠯᠡᠭᠰᠡᠨ ᠴᠠᠭ᠄
2020/11/5
    ᠲᠡᠷᠡ ᠦᠶᠡᠰ ᠪᠠᠷᠢᠭᠠᠳᠠ ᠶᠢᠨ ᠠᠶᠢᠯ ᠪᠦᠯᠢ ᠴᠦᠬᠡᠨ ᠪᠦᠭᠡᠳ ᠨᠠᠰᠤ ᠬᠤᠷᠠᠭᠴᠤᠤᠯ ᠴᠤ ᠬᠡᠳᠦᠬᠡᠨ ᠪᠣᠯᠬᠤᠷ ᠭᠠᠭᠴᠠ ᠵᠠᠷᠢᠮ ᠢᠶᠠᠷ ᠨᠢᠭᠡ ᠣᠨ ᠪᠣᠯᠵᠤ ᠲᠡᠶᠢᠯᠬᠦ ᠦᠭᠡᠢ ᠭᠡᠵᠦ ᠠᠶᠢᠯ ᠤᠨ ᠠᠬ᠎ᠠ ᠡᠭᠡᠴᠢ ᠨᠠᠷ ᠢ ᠳᠠᠭᠠᠵᠤ ᠵᠢᠷᠭᠤᠭᠠᠨ ᠨᠠᠰᠤᠲᠠᠢ ᠰᠤᠷᠭᠠᠭᠤᠯᠢ ᠶᠢᠨ ᠪᠣᠱᠤᠭ᠎ᠠ ᠠᠯᠬᠤᠭᠰᠠᠨ ᠢᠶᠠᠨ ᠪᠢ ᠴᠡᠭᠡᠵᠢᠯᠡᠵᠦ ᠪᠠᠶᠢᠨ᠎ᠠ᠃ᠬᠤᠶᠠᠷ ᠣᠨ ᠤ ᠬᠡᠦᠬᠡᠳ ᠢ ᠨᠢᠭᠡ ᠬᠢᠴᠢᠶᠡᠯ ᠤᠨ ᠭᠡᠷ ᠲᠤ ᠲᠣᠬᠢᠷᠠᠭᠤᠯᠤᠨ᠂ ᠨᠢᠭᠡᠯᠡ ᠪᠠᠭᠰᠢ ᠬᠡᠯᠡ ᠪᠢᠴᠢᠭ ᠲᠤᠭ᠎ᠠ ᠪᠣᠳᠤᠯᠭ᠎ᠠ ᠭᠡᠵᠦ ᠵᠢᠭᠠᠵᠤ᠂ ᠨᠢᠭᠡ ᠠᠩᠭᠢ ᠳᠤᠨᠢ ᠬᠢᠴᠢᠶᠡᠯ ᠣᠷᠤᠪᠠᠯ ᠨᠦᠭᠦᠭᠡ ᠠᠩᠭᠢ ᠳᠤᠨᠢ ᠳᠠᠰᠬᠠᠯ ᠬᠢᠯᠭᠡᠬᠦ ᠵᠡᠷᠭᠡ ᠪᠠᠷ ᠡᠭᠡᠯᠵᠢᠯᠡᠬᠦ  ᠳᠤᠨᠢ ᠨᠠᠰᠤ ᠪᠠᠭ᠎ᠠ ᠪᠡᠶ᠎ᠡ ᠴᠤ ᠪᠣᠭᠤᠨᠢ ᠪᠣᠯᠬᠤᠷ ᠬᠠᠮᠤᠭ ᠤᠨ ᠡᠮᠦᠨᠡᠬᠢ ᠰᠢᠷᠡᠭᠡᠨ ᠳᠤᠨᠢ ᠣᠯᠵᠤ ᠰᠠᠭᠤᠭᠠᠳ ᠬᠠᠮᠠᠷ ᠤᠨ ᠨᠢᠰᠤ ᠪᠠᠨ ᠱᠣᠷ ᠱᠣᠷ ᠲᠠᠲᠠᠵᠤ ᠪᠠᠶᠢᠭᠰᠠᠨ ᠢᠶᠠᠨ ᠪᠠᠰᠠ ᠮᠡᠳᠡᠵᠦ ᠪᠠᠶᠢᠨ᠎ᠠ᠃    ᠡᠮᠡᠭᠡ ᠡᠷᠢᠶᠡᠨ ᠴᠠᠮᠴᠠ ᠶᠢᠨ ᠢᠶᠠᠨ ᠳᠣᠲᠤᠷ ᠡᠩᠭᠡᠷ ᠢ ᠬᠠᠶᠢᠴᠢᠯᠠᠵᠤ ᠠᠪᠤᠭᠠᠳ ᠡᠪᠯᠢᠭ ᠭᠡᠭᠴᠢ ᠶᠢᠨ ᠪᠤᠭᠴᠤ ᠣᠶᠤᠵᠤ ᠨᠠᠳᠠᠳᠤ ᠡᠭᠦᠷᠦᠭᠦᠯᠪᠡ᠃ ᠬᠤᠷᠤᠭᠤ ᠬᠢᠷᠢᠲᠡᠢ ᠬᠠᠷᠠᠨᠲᠠ᠂ ᠬᠢᠮᠤᠰᠤᠨ ᠴᠢᠨᠡᠬᠡᠨ ᠪᠠᠯᠠᠯᠠᠭᠤᠷ᠂ ᠰᠤᠷᠭᠠᠭᠤᠯᠢ ᠠᠴᠠ ᠬᠤᠪᠢᠶᠠᠭᠰᠠᠨ ᠬᠡᠯᠡ ᠪᠢᠴᠢᠭ ᠲᠤᠭ᠎ᠠ ᠪᠣᠳᠤᠯᠭ᠎ᠠ ᠶᠢᠨ ᠬᠢᠴᠢᠶᠡᠯ ᠤᠨ ᠪᠢᠴᠢᠭ ᠤᠨ ᠳᠡᠭᠡᠷ᠎ᠡ ᠬᠡᠳᠦᠨ ᠮᠦᠩᠭᠦ ᠶᠢᠨ ᠦᠨ᠎ᠡ ᠲᠠᠢ ᠨᠠᠷᠢᠨ ᠤᠷᠲᠤ ᠵᠢᠷᠤᠭᠠᠰᠤ ᠲᠠᠢ ᠳᠠᠰᠬᠠᠯ ᠤᠨ ᠳᠡᠪᠲᠡᠷ᠂ ᠵᠢᠴᠢ ᠬᠤᠷᠰᠢᠶᠠᠨ ᠠᠴᠠ ᠴᠠᠢ ᠪᠣᠶᠤ ᠪᠣᠣᠪᠤ ᠬᠤᠳᠠᠯᠳᠤᠵᠤ ᠠᠪᠬᠤ ᠳᠤ ᠪᠠᠭᠯᠠᠭᠰᠠᠨ ᠠᠷᠵᠠᠭᠠᠷ ᠰᠢᠷᠠᠪᠲᠤᠷ ᠴᠠᠭᠠᠰᠤ ᠶᠢ ᠵᠦᠰᠦᠵᠦ ᠤᠲᠠᠰᠤ ᠪᠠᠷ ᠦᠳᠡᠭᠰᠡᠨ ᠪᠣᠯᠪᠠᠰᠤᠷᠠᠬᠤ ᠳᠡᠪᠲᠡᠷ ᠠᠴᠠ ᠣᠨᠳᠤᠤ ᠬᠢᠮᠡᠷ ᠶᠠᠭᠤᠮ᠎ᠠ ᠴᠤ ᠦᠭᠡᠢ ᠪᠣᠯᠬᠤᠷ ᠡᠷᠢᠶᠡᠨ ᠪᠣᠭᠴᠤ ᠪᠠᠨ ᠬᠠᠵᠠᠭᠤᠯᠠᠨ ᠡᠭᠦᠷᠦᠭᠡᠳ ᠬᠦᠶᠦᠬᠦ ᠳᠤ ᠬᠤᠩᠬᠤᠯᠳᠠᠵᠤ ᠰᠠᠵᠢᠯᠠᠬᠤ ᠶᠢ ᠲᠤᠭᠲᠠᠭᠠᠵᠤ ᠪᠠᠶᠢᠭᠰᠠᠨ ᠨᠢ ᠡᠮᠡᠭᠡ ᠶᠢᠨ ᠪᠡᠯᠡᠳᠭᠡᠵᠦ ᠦᠭᠭᠦᠭᠰᠡᠨ ᠦᠳᠡ ᠳᠤ ᠢᠳᠡᠬᠦ ᠤᠭᠤᠲᠠ ᠲᠠᠢ ᠬᠠᠭᠤᠷᠠᠢ ᠬᠦᠨᠡᠰᠦ ᠪᠠᠶᠢᠯ᠎ᠠ᠃    ᠦᠳᠡᠯᠡᠬᠦ ᠬᠦᠨᠡᠰᠦ ᠴᠤ ᠭᠡᠭᠴᠢ ᠦᠨᠡᠨᠳᠡᠭᠡᠨ ᠪᠦᠷ ᠯᠡ ᠬᠠᠭᠤᠷᠤᠭᠰᠠᠨ ᠡᠷᠳᠡᠨᠢ ᠰᠢᠰᠢ ᠶᠢᠨ ᠵᠠᠭᠠᠷᠠᠮ ᠪᠠᠶᠢᠵᠤ᠂ ᠬᠠᠶᠠ ᠵᠠᠷᠢᠮ ᠳᠠᠭᠠᠨ ᠬᠠᠭᠠᠰ ᠬᠠᠯᠪᠠᠭ᠎ᠠ ᠰᠢᠬᠢᠷ ᠬᠤᠯᠢᠴᠢᠬᠠᠬᠤ ᠪᠠᠷ ᠬᠤᠳᠤᠭᠤᠳᠤ ᠭᠡᠳᠡᠰᠦ ᠭᠠᠶᠢᠭᠤᠢ  ᠰᠠᠶᠢᠨ ᠪᠠᠶᠠᠰᠴᠤ ᠠᠪᠳᠠᠭ᠃ ᠲᠡᠭᠡᠭᠡᠳ ᠬᠡᠳᠦᠨ ᠡᠳᠦᠷ ᠴᠤ ᠪᠣᠯᠣᠯ ᠦᠭᠡᠢ ᠪᠠᠷ ᠴᠠᠭᠠᠨ ᠪᠦᠰ ᠢᠶᠠᠷ ᠰᠢᠳᠡᠵᠦ ᠣᠶᠤᠭᠰᠠᠨ ᠬᠦᠨᠡᠰᠦᠨ ᠤᠭᠤᠲᠠ ᠮᠠᠨᠢ ᠳᠣᠲᠤᠷ᠎ᠠ ᠠᠴᠠ ᠪᠠᠨ ᠭᠠᠳᠠᠭᠰᠢ ᠲᠣᠰᠤᠳᠠᠵᠤ ᠬᠦᠷᠵᠡᠩᠳᠡᠭᠡᠳ᠂ ᠬᠠᠮᠲᠤ ᠰᠤᠷᠤᠯᠭᠠᠲᠠᠨ ᠬᠠᠷᠢᠯᠴᠠᠨ ᠬᠠᠯᠪᠠᠭ᠎ᠠ ᠪᠠᠷ ᠰᠣᠯᠢᠯᠴᠠᠬᠤ ᠪᠣᠶᠤ ᠪᠢᠴᠢᠭ ᠤᠨ ᠰᠢᠷᠡᠭᠡᠨ ᠳᠡᠭᠡᠨ ᠪᠦᠭᠦᠳᠡᠭᠡᠷ ᠨᠡᠶᠢᠯᠡᠭᠦᠯᠦᠭᠡᠳ ᠢᠳᠡᠬᠦ ᠳᠤ ᠬᠠᠷ᠎ᠠ ᠤᠰᠤ ᠵᠠᠯᠭᠢᠯᠠᠵᠤ ᠢᠳᠡᠬᠦ ᠬᠠᠭᠤᠷᠤᠭᠰᠠᠨ ᠵᠠᠭᠠᠷᠠᠮ ᠴᠤ ᠲᠣᠩ ᠠᠮᠲᠠᠲᠠᠢ ᠰᠠᠨᠠᠭᠳᠠᠵᠤ ᠪᠠᠶᠢᠯ᠎ᠠ᠃ ᠠᠵᠤ ᠦᠢᠯᠡᠳᠪᠦᠷᠢᠯᠡᠯ ᠬᠤᠴᠤᠷᠠᠩᠭᠤᠢ᠂ ᠠᠮᠢᠳᠤᠷᠠᠯ ᠠᠬᠤᠢ ᠶᠠᠳᠠᠭᠤ ᠪᠠᠶᠢᠭᠰᠠᠨ ᠲᠡᠷᠡ ᠦᠶᠡᠰ ᠠᠯᠢ ᠭᠡᠷ ᠤᠨ ᠠᠬᠠᠮᠠᠳ ᠴᠤ ᠬᠡᠦᠬᠡᠳ ᠢᠶᠠᠨ ᠬᠦᠮᠦᠨ ᠠᠴᠠ ᠳᠤᠲᠠᠭᠤ ᠦᠭᠡᠢ ᠶᠠᠪᠤᠭᠤᠯᠬᠤ ᠭᠡᠵᠦ ᠡᠮᠦᠰᠬᠦ ᠪᠠᠨ ᠨᠢᠮᠭᠡᠯᠡᠵᠦ ᠢᠳᠡᠬᠦ  ᠪᠠᠨ ᠬᠠᠰᠤᠵᠤ ᠪᠠᠶᠢᠭᠠᠳ ᠮᠠᠨ ᠢ ᠢᠩᠭᠢᠵᠦ ᠬᠠᠯᠠᠮᠵᠢᠯᠠᠵᠤ ᠪᠠᠶᠢᠭᠰᠠᠨ ᠠᠵᠢ᠃ ᠣᠩᠭᠤᠷᠠᠬᠠᠢ ᠰᠢᠲᠦ ᠪᠠᠷ ᠢᠶᠠᠨ ᠣᠯᠳᠠᠭᠰᠠᠨ ᠵᠠᠭᠠᠷᠠᠮ ᠢᠶᠠᠨ ᠵᠠᠵᠢᠯᠵᠤ᠂ ᠣᠯᠳᠠᠰᠢ ᠦᠭᠡᠢ ᠪᠠᠶᠠᠷ ᠬᠥᠷ ᠲᠠᠢ ᠪᠠᠭ᠎ᠠ ᠨᠠᠰᠤ ᠮᠢᠨᠢ ᠲᠡᠷᠡ ᠶᠤᠮ ᠳ᠋ᠠ᠃    ᠠᠷᠪᠠᠨ ᠲᠠᠪᠤᠨ ᠤ ᠭᠠᠵᠠᠷ ᠤᠨ ᠵᠠᠮ ᠬᠥᠭᠡᠭᠡᠵᠦ ᠠᠩᠬ᠎ᠠ ᠳᠤᠮᠳᠠᠳᠤ ᠳᠤ ᠪᠢᠴᠢᠭ ᠦᠵᠡᠬᠦ ᠳᠡᠭᠡᠨ ᠡᠵᠢ ᠶᠢᠨ ᠮᠢᠨᠢ ᠬᠤᠷᠰᠢᠶᠠᠨ ᠠᠴᠠ ᠬᠤᠳᠠᠯᠳᠤᠨ ᠠᠪᠴᠢᠷᠠᠵᠤ ᠦᠭᠭᠦᠭᠰᠡᠨ ᠰᠢᠷᠭᠠᠯ ᠨᠣᠭᠤᠭᠠᠨ ᠦᠩᠭᠡᠲᠡᠢ ᠪᠢᠴᠢᠭ ᠤᠨ ᠪᠣᠭᠴᠤ ᠶᠢ ᠪᠢ ᠲᠤᠩ ᠪᠠᠭ᠋ᠠᠷᠬᠠᠳᠠᠭ᠃ ᠤᠷᠭᠤᠬᠤ ᠨᠠᠷᠠᠨ ᠢᠶᠠᠷ ᠭᠠᠷᠴᠤ᠂ ᠵᠢᠷᠭᠠᠬᠤ ᠨᠠᠷᠠᠨ ᠢᠶᠠᠷ ᠪᠣᠴᠠᠬᠤ ᠳᠠᠭᠠᠨ ᠡᠭᠦᠷᠦᠭᠰᠡᠨ ᠪᠣᠭᠴᠤᠨ ᠳᠠᠬᠢ ᠦᠳᠡ ᠶᠢᠨ ᠬᠦᠨᠡᠰᠦ ᠯᠡ ᠨᠠᠮᠠᠶᠢ ᠠᠷᠭᠠᠳᠠᠵᠤ ᠶᠠᠳᠠᠷᠠᠭ᠎ᠠ ᠲᠠᠢ ᠶᠠᠭᠠᠷᠠᠤ ᠣᠨ ᠰᠠᠷ᠎ᠠ ᠶᠢ ᠦᠩᠭᠡᠷᠡᠭᠦᠯᠵᠦ ᠪᠠᠶᠢᠭᠰᠠᠨ ᠪᠢᠯᠡ᠃ ᠠᠮᠢᠳᠤᠷᠠᠯ ᠠᠬᠤᠢ ᠤᠤᠯ ᠤᠨ ᠬᠢ ᠠᠴᠠ ᠪᠠᠨ ᠵᠦᠭᠡᠷ ᠰᠢᠭ ᠪᠣᠯᠪᠠᠴᠤ᠂ ᠠᠳᠠᠯᠢ ᠪᠣᠰᠤ ᠶᠢᠨ ᠪᠠᠶᠢᠳᠠᠯ ᠲᠠᠢ ᠪᠣᠯᠬᠤᠷ ᠰᠤᠷᠠᠭᠠᠤᠯᠢ ᠳᠤ ᠰᠠᠭᠤᠭᠰᠠᠨ ᠬᠤᠶᠠᠷ ᠵᠢᠯ ᠤᠨ ᠦᠳᠡ ᠶᠢᠨ ᠬᠦᠨᠡᠰᠦ ᠮᠠᠨᠢ ᠪᠠᠷᠤᠭ ᠯᠡ ᠬᠠᠭᠤᠷᠠᠢ ᠵᠠᠭᠠᠷᠠᠮ᠂ ᠬᠠᠶᠠ ᠵᠠᠷᠢᠮ ᠳᠠᠭᠠᠨ ᠪᠠᠭ᠎ᠠ ᠰᠠᠭ᠎ᠠ ᠬᠠᠭᠤᠷᠤᠭᠰᠠᠨ ᠠᠮᠤ ᠬᠤᠯᠢᠭᠰᠠᠨ ᠪᠣᠶᠤ ᠵᠢᠭᠠᠬᠠᠨ ᠰᠢᠬᠢᠷ ᠲᠠᠢ ᠯᠡ ᠪᠠᠶᠢᠵᠠᠢ᠃ ᠣᠶᠢᠷ᠎ᠠ ᠬᠠᠪᠢ ᠶᠢᠨ ᠭᠤᠷᠪᠠᠨ ᠭᠠᠴᠠᠭ᠎ᠠ ᠶᠢ ᠨᠡᠶᠢᠯᠡᠭᠦᠯᠦᠭᠡᠳ ᠪᠠᠶᠢᠭᠤᠯᠤᠭᠰᠠᠨ ᠦᠨᠳᠦᠷᠪᠠᠶᠢᠰᠢᠩ ᠳᠤᠮᠳᠠᠳᠤ ᠰᠤᠷᠠᠭᠠᠤᠯᠢ ᠳᠤ ᠰᠤᠷᠤᠯᠴᠠᠬᠤ ᠳᠠᠭᠠᠨ ᠪᠢᠳᠡ ᠡᠳᠦᠷ ᠪᠣᠯᠭᠠᠨ ᠤ ᠪᠣᠭᠴᠤᠨ ᠳᠠᠬᠢ ᠬᠦᠨᠡᠰᠦᠨ ᠤᠭᠤᠲᠠᠨ ᠠᠴᠠ ᠪᠠᠨ ᠨᠢᠭᠡ ᠬᠠᠯᠪᠠᠭ᠎ᠠ ᠬᠠᠭᠤᠷᠠᠢ ᠬᠦᠨᠡᠰᠦ ᠭᠠᠷᠭᠠᠵᠤ ᠪᠠᠭᠰᠢ ᠳᠤ ᠲᠤᠰᠢᠶᠠᠵᠤ᠂ ᠬᠠᠷ᠎ᠠ ᠤᠰᠤ ᠪᠠᠷ ᠬᠤᠳᠤᠭᠤᠳᠤ ᠭᠡᠳᠡᠰᠦ ᠪᠠᠨ ᠠᠷᠭᠠᠴᠠᠭᠠᠵᠤ ᠪᠠᠶᠢᠭᠰᠠᠨ ᠳᠤᠤᠷ᠎ᠠ ᠣᠨ ᠤ ᠨᠢᠭᠡ ᠰᠤᠷᠤᠭᠴᠢ ᠶᠢ ᠲᠤᠰᠠᠯᠠᠵᠤ ᠪᠠᠶᠢᠭᠰᠠᠨ ᠶᠤᠮ᠃    ᠨᠢᠭᠡᠳᠦᠯ ᠤᠨ ᠰᠤᠷᠠᠭᠠᠤᠯᠢ ᠳᠤ ᠦᠨᠳᠦᠷ ᠳᠤᠮᠳᠠᠳᠤ ᠪᠠᠨ ᠤᠩᠰᠢᠬᠤ ᠦᠶᠡᠰ ᠪᠠᠶᠢᠷᠢᠨ ᠳᠤ ᠰᠠᠭᠤᠬᠤ ᠪᠣᠯᠴᠢᠬᠠᠪᠠ᠃ ᠡᠭᠦᠷᠦᠭᠰᠡᠨ ᠪᠣᠭᠴᠤᠨ ᠳᠠᠬᠢ ᠰᠠᠪᠠᠯᠠᠭᠰᠠᠨ ᠵᠦᠢᠯ ᠴᠤ ᠠᠷᠪᠢᠳᠤᠭᠰᠠᠨ ᠢᠶᠠᠷ ᠬᠦᠨᠳᠦᠷᠡᠵᠦ ᠣᠴᠢᠭᠰᠠᠨ ᠨᠢ ᠴᠤ ᠠᠶᠠᠨᠳᠠᠭᠠᠨ ᠤ ᠬᠡᠷᠡᠭ᠃ ᠢᠳᠡᠬᠦ ᠠᠴᠠ ᠡᠷᠳᠡᠨᠢ ᠰᠢᠰᠢ ᠶᠢᠨ ᠵᠢᠩᠨᠡᠭᠰᠡᠨ ᠪᠣᠣᠪᠤ᠂ ᠬᠠᠭᠤᠷᠤᠭᠰᠠᠨ ᠠᠮᠤ᠂ ᠵᠠᠭᠠᠷᠠᠮ᠂ ᠦᠪᠡᠷ ᠤᠨ ᠳᠠᠷᠤᠭᠰᠠᠨ ᠪᠤᠷᠴᠠᠭ ᠤᠨ ᠵᠢᠶᠠᠩ ᠪᠣᠶᠤ ᠳᠠᠪᠤᠰᠤᠯᠠᠭᠰᠠᠨ ᠨᠣᠭᠤᠭ᠎ᠠ᠂ ᠪᠣᠯᠤᠮᠠᠷ ᠭᠡᠰᠡᠨ ᠦᠶ᠎ᠡ ᠳᠡᠭᠡᠨ ᠪᠠᠰᠠ ᠵᠢᠭᠠᠬᠠᠨ ᠠᠯᠮᠤᠷᠠᠳ ᠪᠣᠶᠤ ᠠᠯᠢᠮ᠎ᠠ ᠨᠢᠭᠡ ᠬᠤᠶᠠᠷ ᠰᠠᠪᠠᠯᠠᠴᠢᠬᠠᠬᠤ ᠪᠠᠷ ᠣᠯᠵᠠ ᠲᠠᠢ ᠣᠮᠤᠭ ᠲᠠᠢ ᠪᠠᠶᠢᠵᠤ᠂ ᠡᠭᠦᠨ ᠢᠶᠠᠨ ᠠᠯᠢ ᠴᠢᠳᠠᠬᠤ ᠪᠠᠷ ᠠᠷᠪᠢᠯᠠᠵᠤ᠂ ᠪᠦᠬᠦᠯᠢ ᠵᠢᠷᠭᠤᠭᠠᠨ ᠡᠳᠦᠷ ᠬᠢᠴᠢᠶᠡᠯᠯᠡᠵᠦ ᠭᠠᠷᠠᠭ ᠤᠨ ᠰᠡᠭᠦᠯᠴᠢ ᠶᠢᠨ ᠬᠢᠴᠢᠶᠡᠯ ᠪᠠᠭᠤᠬᠤ ᠶᠢ ᠬᠦᠵᠦᠭᠦᠦ ᠪᠠᠨ ᠰᠤᠩᠭᠠᠨ ᠬᠦᠯᠢᠶᠡᠵᠦ ᠪᠠᠶᠢᠭᠰᠠᠨ  ᠨᠢ ᠦᠨᠡᠨ᠃    ᠳᠡᠭᠡᠷ᠎ᠡ ᠵᠠᠭᠤᠨ ᠤ ᠳᠠᠯᠠ ᠶᠢᠰᠦᠨ ᠣᠨ ᠳᠤ ᠪᠢ ᠲᠥᠪ ᠤᠨ ᠦᠨᠳᠦᠰᠦᠲᠡᠨ ᠤ ᠳᠡᠭᠡᠲᠦ ᠰᠤᠷᠭᠠᠭᠤᠯᠢ ᠳᠤ ᠰᠢᠯᠭᠠᠭᠤᠯᠤᠨ ᠣᠷᠤᠭᠰᠠᠨ ᠨᠢ ᠠᠶᠢᠯ ᠭᠡᠷ ᠲᠡᠭᠡᠨ ᠪᠦᠭᠡᠮ ᠪᠠᠶᠠᠷ ᠪᠣᠯᠪᠠ᠃ ᠤᠳᠤᠮ ᠰᠤᠳᠤᠷ ᠠᠴᠠ ᠣᠶᠤᠲᠠᠨ ᠭᠠᠷᠴᠢᠬᠠᠯ᠎ᠠ ᠭᠡᠵᠦ ᠪᠠᠶᠠᠷᠯᠠᠭᠰᠠᠨ ᠡᠪᠦᠭᠡ ᠡᠮᠡᠭᠡ ᠮᠢᠨᠢ ᠪᠣᠯᠤᠮᠠᠷ ᠵᠦᠢᠯ ᠢ ᠭᠦᠢᠴᠡᠭᠡᠵᠦ ᠦᠭᠭᠦᠨ᠎ᠡ ᠭᠡᠵᠦ ᠠᠪᠤ ᠡᠵᠢ  ᠲᠠᠢ ᠬᠡᠳᠦᠨ ᠡᠳᠦᠷ ᠵᠦᠪᠳᠡᠭᠡᠳ ᠵᠢᠯ ᠳᠤ ᠭᠠᠭᠴᠠᠬᠠᠨ ᠪᠣᠷᠳᠤᠵᠤ ᠲᠡᠵᠢᠭᠡᠭᠰᠡᠨ ᠠᠯᠠᠰᠢᠨ ᠤ ᠭᠠᠭ᠋ᠠᠢ ᠪᠠᠨ ᠬᠤᠳᠠᠯᠳᠤᠵᠤ ᠣᠯᠤᠭᠰᠠᠨ 36 ᠲᠦᠭᠦᠷᠢᠭ ᠢᠶᠠᠨ ᠪᠣᠭᠴᠤᠨ ᠳᠤ ᠬᠢᠵᠦ ᠦᠭᠭᠦᠭᠡᠳ ᠨᠠᠮᠠᠶᠢ ᠠᠯᠤᠰ ᠬᠤᠯᠠᠬᠢ ᠨᠡᠶᠢᠰᠯᠡᠯ ᠬᠤᠳ᠋ᠨ ᠳᠤ ᠮᠣᠷᠳᠠᠭᠤᠯᠤᠭᠰᠠᠨ ᠶᠤᠮ᠃ ᠠᠪᠤ ᠶᠢᠨ ᠠᠵᠢᠯ ᠭᠠᠷᠬᠤ ᠳᠠᠭᠠᠨ ᠵᠠᠷᠤᠵᠤ ᠪᠠᠶᠢᠭᠰᠠᠨ ᠲᠠᠲᠠᠮᠠᠯ ᠲᠣᠪᠴᠢᠯᠠᠭᠤᠷ ᠲᠠᠢ ᠰᠢᠷᠭᠠᠯ ᠪᠣᠭᠴᠤ ᠪᠠᠨ ᠬᠤᠲᠠ ᠭᠠᠵᠠᠷ ᠲᠤ ᠲᠣᠬᠢᠷᠠᠮᠠᠷ ᠵᠠᠷᠣᠳᠠᠯ ᠪᠠᠷᠢᠳᠠᠯ ᠪᠣᠯᠤᠨ᠎ᠠ ᠳ᠋ᠠ ᠬᠡᠮᠡᠨ ᠨᠠᠳᠠᠳᠤ ᠦᠭᠴᠦ᠂ ᠠᠶᠢᠯ ᠤᠨ ᠠᠬᠠᠰ ᠵᠠᠬᠠᠰ᠂ ᠠᠪᠠᠭ᠎ᠠ ᠠᠨᠢᠶ᠎ᠠ᠂ ᠠᠬ᠎ᠠ ᠡᠭᠡᠴᠢ ᠨᠠᠷ ᠴᠤ ᠨᠠᠳᠠᠳᠤ ᠡᠨᠡ ᠨᠢ ᠪᠠᠭᠯᠠᠭ᠎ᠠ ᠲᠠᠢ ᠪᠣᠭᠤᠷᠰᠤᠭ ᠪᠠᠷᠢᠭᠤᠯᠲᠠᠯ᠎ᠠ ᠲᠡᠷᠡ ᠨᠢ ᠮᠦᠰᠦᠨ ᠰᠢᠬᠢᠷ ᠠᠳᠬᠤᠭᠤᠯᠵᠤ᠂ ᠪᠠᠰᠠ ᠵᠠᠷᠢᠮ ᠨᠢ ᠭᠠᠷ ᠠᠯᠴᠢᠭᠤᠷ᠂ ᠨᠢᠯᠤᠩ ᠣᠶᠢᠮᠤᠰᠤ᠂ ᠲᠠᠪᠤ ᠭᠤᠷᠪᠠᠨ ᠲᠦᠭᠦᠷᠢᠭ ᠦᠭᠴᠦ᠂ ︽ᠠᠶᠠᠨ ᠵᠠᠮ ᠳᠠᠭᠠᠨ ᠰᠠᠶᠢᠨ ᠶᠠᠪᠤᠵᠤ ᠪᠢᠴᠢᠭ ᠨᠣᠮ ᠢᠶᠠᠨ ᠰᠠᠶᠢᠨ ᠰᠤᠷ ᠡ︾ ᠭᠡᠵᠦ ᠰᠠᠨᠠᠭᠤᠯᠵᠤ ᠪᠠᠶᠢᠯ᠎ᠠ᠃ ᠨᠡᠩ ᠴᠤ ᠬᠤᠰᠢᠭᠤᠨ ᠤ ᠨᠣᠮ  ᠤᠨ ᠳᠡᠯᠭᠡᠭᠦᠷ ᠤᠨ ᠭᠠᠩᠲᠡᠮᠦᠷ ᠠᠪᠠᠭ᠎ᠠ ᠭᠠᠷ ᠮᠡᠭᠦᠰᠳᠡᠵᠦ ᠪᠠᠶᠢᠭ᠎ᠠ ᠮᠠᠨᠠᠶᠢᠬᠢᠨ ᠢ ᠬᠠᠷᠠᠭᠠᠯᠵᠠᠬᠤ ᠶᠢᠨ ᠲᠦᠯᠦᠭᠡ ᠳᠦᠴᠢᠭᠡᠳ ᠵᠢᠩ ᠤᠨ ᠭᠠᠭ᠋ᠠᠢ ᠶᠢ 36 ᠲᠦᠭᠦᠷᠢᠭ ᠢᠶᠠᠷ ᠬᠤᠳᠠᠯᠳᠤᠵᠤ ᠠᠪᠤᠭᠰᠠᠨ ᠨᠢ ᠨᠢᠳᠦᠨ ᠡᠮᠦᠨᠡᠬᠢ ᠨᠢᠭᠡ ᠶᠡᠭᠡ ᠭᠠᠴᠢᠭᠳᠠᠯ ᠢ ᠰᠢᠢᠳᠪᠦᠷᠢᠯᠡᠯ᠎ᠡ ᠭᠡᠵᠦ ᠪᠢᠳᠡ ᠳᠠᠩᠳᠠ ᠲᠠᠯᠠᠷᠬᠠᠳᠠᠭ᠃    ᠬᠤᠨᠤᠭ ᠡᠳᠦᠷ ᠢᠩᠭᠢᠵᠦ ᠢᠷᠡᠵᠦ ᠪᠣᠴᠠᠬᠤ ᠪᠠ ᠰᠠᠨᠠᠵᠤ ᠰᠠᠷᠪᠠᠶᠢᠬᠤ ᠶᠢᠨ ᠵᠠᠢ ᠪᠠᠷ ᠤᠷᠤᠰᠤᠨ ᠦᠩᠭᠡᠷᠡᠵᠦ ᠯᠡ ᠪᠠᠶᠢᠯ᠎ᠠ᠃ ᠣᠳᠤ ᠬᠡᠳᠦᠶᠢᠨ ᠢᠳᠡᠭᠡᠨ ᠤ ᠣᠬᠢ ᠶᠢ ᠠᠮᠲᠠᠯᠠᠵᠤ᠂ ᠡᠮᠦᠰᠭᠡᠯ ᠤᠨ ᠰᠠᠶᠢᠨ ᠢ ᠡᠳ᠋ᠯᠡᠵᠦ ᠠᠮᠢᠳᠤᠷᠠᠯ ᠠᠬᠤᠢ ᠠᠵᠢᠯ ᠮᠣᠳᠤ ᠭᠡᠵᠦ ᠪᠣᠳᠤᠵᠤ ᠰᠡᠳᠭᠢᠭᠰᠡᠨ ᠠᠴᠠ ᠪᠠᠷ᠎ᠠ ᠦᠭᠡᠢ ᠳᠡᠭᠡᠭᠦᠷ ᠪᠣᠯᠴᠢᠬᠠᠭᠰᠠᠨ ᠪᠣᠯᠪᠠᠴᠤ᠂ ᠪᠣᠭᠴᠤᠨ ᠳᠤ ᠰᠠᠪᠠᠯᠠᠭᠰᠠᠨ ᠬᠠᠶᠢᠷ᠎ᠠ ᠶᠡᠷᠦᠨᠢ ᠪᠤᠴᠠᠰᠢ ᠦᠭᠡᠢ ᠵᠢᠮ᠎ᠡ ᠪᠠᠷ ᠢᠶᠠᠨ ᠦᠷᠬᠦᠯᠵᠢᠯᠡᠭᠰᠡᠭᠡᠷ᠃ ᠬᠠᠲᠠᠭᠠᠭᠰᠠᠨ ᠪᠤᠷᠴᠠᠭ᠂ ᠬᠠᠭᠤᠷᠠᠢ ᠪᠤᠳᠠᠭ᠎ᠠ᠂ ᠰᠠᠭᠠᠭ ᠤᠨ ᠭᠤᠯᠢᠷ᠂ ᠨᠠᠷᠢᠮᠤ ᠶᠢᠨ ᠴᠠᠭᠠᠨ᠂ ᠲᠠᠬᠢᠶᠠᠨ ᠥᠨᠳᠡᠭᠡ᠂ ᠦᠷᠦᠮ᠎ᠡ ᠬᠤᠷᠤᠳ ᠡᠨᠡ ᠲᠡᠷᠡ ᠭᠡᠵᠦ ᠤᠯᠳᠠᠬᠤ ᠬᠢᠷᠢ ᠪᠠᠷ ᠢᠶᠠᠨ ᠪᠤᠭᠴᠤᠨ ᠳᠤ ᠰᠠᠪᠠᠯᠠᠵᠤ᠂ ᠡᠭᠦᠷᠴᠦ ᠲᠡᠶᠢᠯᠦᠪᠡᠯ ᠡᠷᠦᠬᠡ ᠭᠡᠷ ᠤᠨ ᠠᠮᠢᠳᠤᠷᠠᠯᠭ᠎ᠠ ᠪᠠᠨ ᠦᠭᠭᠦᠭᠡᠳ ᠶᠠᠪᠤᠭᠤᠯᠤᠭᠰᠠᠨ ᠴᠤ ᠰᠠᠨᠠᠭ᠎ᠠ ᠨᠢ ᠭᠦᠢᠴᠡᠳᠡᠭ ᠦᠭᠡᠢ ᠠᠪᠤ ᠡᠵᠢ ᠮᠢᠨᠢ᠂ ︽ᠡᠶᠢᠮᠦ ᠢᠳᠡᠭᠡᠨ ᠬᠠᠮᠢᠭ᠎ᠠ ᠭᠠᠵᠠᠷ ᠴᠤ ᠤᠯᠳᠠᠨ᠎ᠠ︾ ᠭᠡᠵᠦ ᠬᠠᠰᠢᠵᠤ ᠬᠤᠷᠢᠭᠠᠬᠤ ᠶᠢ ᠴᠤ ᠬᠠᠶᠢᠬᠤᠷᠤᠯ ᠦᠭᠡᠢ ᠪᠠᠷ ︽ᠬᠠᠰᠢᠯᠠ ᠥᠪᠡᠷ ᠤᠨ ᠭᠡᠷ ᠤᠨ ᠢᠳᠡᠭᠡᠨ ᠠᠮᠲᠠ ᠰᠢᠮ᠎ᠡ ᠲᠠᠢ ᠠᠷᠢᠭᠤᠨ ᠴᠡᠪᠡᠷ ᠪᠠᠶᠢᠳᠠᠭ ᠰᠢᠦ︾ ᠭᠡᠵᠦ ᠪᠡᠶ᠎ᠡ ᠪᠠᠨ ᠵᠦᠪᠲᠡᠭᠡᠨ᠎ᠡ᠃ ᠡᠨᠡ ᠨᠢ ᠲᠡᠭᠡᠭᠡᠳ ᠰᠠᠯᠬᠢ ᠪᠣᠷᠤᠭᠠᠨ ᠳᠤ ᠰᠠᠭᠠᠲᠠᠯ ᠦᠭᠡᠢ᠂ ᠰᠠᠷ᠎ᠠ ᠤᠯᠠᠷᠢᠯ ᠭᠡᠵᠦ ᠢᠯᠭᠠᠯ ᠦᠭᠡᠢ ᠪᠠᠷ ᠦᠷᠬᠦᠯᠵᠢᠯᠡᠬᠦ ᠪᠦᠭᠡᠳ᠂ ᠣᠳᠤ ᠴᠠᠭ ᠤᠨ ᠲᠦᠷᠭᠡᠨ ᠬᠦᠷᠭᠡᠯᠲᠡ ᠪᠠᠷ ᠳᠠᠮᠵᠢᠨ ᠮᠢᠨᠦ ᠰᠠᠨᠠᠵᠤ ᠰᠠᠷᠪᠠᠶᠢᠭᠰᠠᠨ ᠭᠡᠷ ᠨᠣᠲᠤᠭ ᠠᠴᠠ ᠢᠷᠡᠭᠦᠯᠦᠭᠰᠡᠨ ᠪᠤᠭᠴᠤᠨ ᠳᠤ ᠰᠠᠪᠠᠯᠠᠭᠰᠠᠨ ᠢᠳᠡᠭᠡᠨ ᠪᠣᠶᠤ ᠨᠤᠲᠤᠭ ᠤᠨ ᠭᠠᠷᠤᠯᠲᠠ ᠡᠨᠡ ᠲᠡᠷᠡ ᠶᠢ ᠤᠳᠠᠵᠤ ᠲᠦᠳᠡᠯ ᠦᠭᠡᠢ ᠲᠤᠰᠤᠨ ᠠᠪᠬᠤ ᠪᠣᠯᠵᠠᠢ ᠁    ᠵᠦᠢᠳᠡᠰᠦ ᠲᠠᠢ ᠪᠦᠰ ᠪᠣᠭᠴᠤ᠂ ᠰᠢᠷᠭᠠᠯ ᠳᠠᠪᠤᠤ ᠪᠣᠭᠴᠤ᠂ ᠲᠠᠲᠠᠮᠠᠯ ᠲᠣᠪᠴᠢᠯᠠᠭᠤᠷ ᠲᠠᠢ ᠪᠣᠭᠴᠤ᠂ ᠳᠠᠷᠤᠭᠤᠯ ᠲᠣᠪᠴᠢ ᠲᠠᠢ ᠪᠣᠭᠴᠤ᠂ ᠵᠣᠬᠢᠶᠠᠮᠠᠯ ᠠᠷᠠᠰᠤᠨ ᠪᠣᠭᠴᠤ᠂ ᠵᠢᠩᠭᠢᠨᠢ ᠠᠷᠠᠰᠤᠨ ᠪᠣᠭᠴᠤ᠂ ᠲᠦᠷᠦᠯ ᠲᠡᠮᠲᠡᠭᠲᠦ ᠪᠤᠭᠴᠤ᠂ ᠲᠣᠮᠤ ᠨᠡᠷᠡᠲᠦ ᠪᠣᠭᠴᠤ ᠭᠡᠵᠦ ᠲᠡᠷᠡ ᠪᠦᠭᠦᠳᠡ ᠶᠢ ᠣᠯᠵᠤ ᠡᠳ᠋ᠯᠡᠭᠰᠡᠨ ᠦᠭᠡᠢ ᠪᠣᠯᠪᠠᠴᠤ᠂ ᠰᠣᠨᠤᠰᠴᠤ ᠮᠡᠳᠡᠵᠤ ᠣᠶᠢᠯᠠᠭᠠᠵᠤ ᠲᠠᠨᠢᠵᠤ ᠶᠠᠪᠤᠯ᠎ᠠ᠃ ᠶᠠᠭ ᠬᠡᠯᠡᠪᠡᠯ ᠡᠳᠡᠭᠡᠷ ᠪᠣᠭᠴᠤ ᠨᠢ ᠬᠢᠳᠡᠯ ᠪᠠᠷᠢᠳᠠᠯ᠂ ᠦᠩᠭᠡ ᠵᠢᠰᠦᠮ᠂ ᠨᠡᠷ᠎ᠡ ᠲᠡᠮᠳᠡᠭ ᠢᠶᠠᠷ ᠢᠶᠠᠨ ᠨᠠᠮᠠᠶᠢ ᠪᠢᠰᠢᠷᠡᠭᠦᠯᠬᠦ ᠪᠢᠰᠢ᠂ ᠬᠠᠷᠢᠨ ᠪᠣᠭᠴᠤᠨ ᠳᠤ ᠰᠠᠪᠠᠯᠠᠭᠰᠠᠨ ᠬᠠᠶᠢᠷ᠎ᠠ ᠡᠨᠡᠷᠢᠯ ᠢᠶᠠᠷ ᠯᠡ ᠬᠡᠯᠬᠢᠶᠡᠯᠳᠦᠨ ᠵᠠᠯᠭᠠᠯᠳᠤᠵᠤ᠂ ᠬᠡᠵᠢᠶ᠎ᠡ ᠡᠭᠦᠷᠢᠳᠡ ᠨᠠᠮᠠᠶᠢ ᠢᠪᠡᠭᠡᠵᠦ᠂ ᠳᠤᠯᠠᠭᠠᠯᠠᠵᠤ᠂ ᠳᠣᠭᠳᠤᠯᠠᠭᠤᠯᠵᠤ᠂ ᠰᠡᠳᠭᠢᠭᠦᠯᠵᠦ᠂ ᠪᠠᠰᠠ ᠡᠨᠡᠬᠦ ᠬᠠᠶᠢᠷ᠎ᠠ ᠶᠢ ᠬᠠᠷᠢᠭᠤᠯᠵᠤ ᠠᠴᠢᠯᠠᠵᠤ᠂ ᠰᠠᠴᠤᠵᠤ ᠳᠡᠯᠭᠡᠷᠡᠭᠦᠯᠬᠦ ᠶᠢᠨ ᠦᠨ᠎ᠡ ᠥᠷᠳᠡᠭ ᠪᠠ ᠠᠴᠢ ᠲᠤᠰᠠ ᠶᠢ ᠰᠠᠨᠠᠭᠤᠯᠵᠤ ᠰᠡᠭᠡᠭᠡᠷᠡᠭᠦᠯᠵᠦ ᠪᠠᠶᠢᠳᠠᠭ᠃ ᠪᠣᠭᠴᠤᠨ ᠳᠤ ᠰᠠᠪᠠᠯᠠᠭᠰᠠᠨ ᠬᠠᠶᠢᠷ᠎ᠠ ᠢᠩᠭᠢᠵᠦ ᠵᠦᠭᠡᠯᠡᠨ ᠵᠦᠰᠡᠷᠡᠬᠦ ᠨᠠᠮᠢᠷᠠᠭ᠎ᠠ ᠬᠤᠷ᠎ᠠ ᠡᠬᠡ ᠭᠠᠵᠠᠷ ᠢ ᠤᠮᠳᠠᠯᠠᠬᠤ ᠰᠢᠭ᠋ ᠢᠶᠠᠷ ᠠᠨᠢᠷ ᠦᠭᠡᠢ ᠶᠢᠨ ᠳᠤᠮᠳᠠ ᠠᠮᠢ ᠨᠠᠰᠤᠨ ᠳᠤ ᠮᠢᠨᠢ ᠠᠭᠤᠰᠤᠨ ᠨᠡᠪᠴᠢᠵᠦ᠂ ᠠᠰᠢᠳᠠ ᠶᠢᠨ ᠲᠠᠯᠠᠷᠬᠠᠯ ᠪᠠ ᠳᠣᠭᠳᠤᠯᠤᠯ ᠢ ᠴᠢᠪᠠᠭᠳᠠᠨ ᠪᠢᠴᠢᠭᠯᠡᠭᠦᠯᠵᠦ ᠯᠡ ᠪᠠᠶᠢᠳᠠᠭ ᠳ᠋ᠡ᠃
 
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ ᠤ ᠮᠣᠩᠭᠤᠯ ᠰᠣᠨᠢᠨ ᠤ ᠵᠢᠷᠭᠢᠶ᠎ᠡ ᠶᠢᠨ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号