ᠠᠨᠳᠠᠢ ᠶᠢᠨ ᠡᠭᠦᠰᠦᠯ ᠬᠥᠭᠵᠢᠯ
ᠨᠡᠶᠢᠲᠡᠯᠡᠭᠰᠡᠨ ᠴᠠᠭ᠄
2020-07-10
   ᠠᠨᠳᠠᠢ ᠪᠤᠯ ᠬᠦᠷᠢᠶ᠎ᠡ ᠨᠤᠲᠤᠭ ᠤᠨ ᠰᠤᠶᠤᠯ ᠤᠨ ᠰᠢᠮᠡᠲᠦ ᠬᠦᠷᠦᠰᠦᠨ ᠳᠤ ᠦᠨᠳᠦᠰᠦ ᠬᠠᠳᠬᠤᠵᠤ᠂ ᠣᠷᠭᠤᠨ ᠳᠦᠯᠵᠢᠵᠦ᠂ ᠴᠡᠴᠡᠭᠯᠡᠨ ᠳᠡᠯᠭᠡᠷᠡᠵᠦ᠂ ᠦᠷ᠎ᠡ ᠵᠢᠮᠢᠰ ᠰᠠᠭᠤᠭᠰᠠᠨ ᠨᠢᠭᠡ ᠪᠤᠳᠢ ᠰᠣᠶᠣᠯ ᠣᠷᠠᠯᠢᠭ ᠤᠨ ᠰᠣᠷᠭᠤᠭ ᠴᠡᠴᠡᠭ᠂ ᠠᠮᠲᠠᠲᠦ ᠵᠢᠮᠢᠰ ᠪᠣᠯᠬᠤ ᠶᠤᠮ᠃ ᠠᠨᠳᠠᠢ ᠨᠢ ᠠᠯᠢ ᠣᠨ ᠠᠴᠠ ᠶᠠᠭᠠᠬᠢᠵᠦ ᠪᠤᠢ ᠪᠤᠯᠤᠭᠰᠠᠨ ᠭᠡᠳᠡᠭ ᠦᠨᠡᠨ ᠪᠤᠳᠠᠲᠠᠢ ᠦᠰᠦᠭ ᠪᠢᠴᠢᠭ ᠤᠨ ᠲᠡᠮᠳᠡᠭᠯᠡᠯ ᠢ ᠤᠳᠤ ᠪᠤᠯᠲᠠᠯ᠎ᠠ ᠤᠯᠤᠭ᠎ᠠ ᠦᠭᠡᠢ ᠤᠴᠢᠷ ᠠᠴᠠ ᠲᠡᠭᠦᠨ ᠤ ᠡᠭᠦᠰᠦᠯ ᠤᠨ ᠤᠨ ᠵᠢᠯ ᠭᠡᠵᠦ ᠪᠠᠲᠦ ᠬᠡᠯᠡᠬᠦ ᠡᠷᠬᠡ ᠬᠡᠨ ᠳᠤ ᠴᠦ ᠦᠭᠡᠢ ᠪᠠᠶᠢᠨ᠎ᠠ᠃ ᠮᠥᠨ ᠴᠦ ᠨᠥᠭᠦᠭᠡ ᠲᠠᠯ᠎ᠠ  ᠪᠠᠷ ᠨᠢ ᠦᠵᠡᠪᠡᠯ ᠠᠨᠳᠠᠢ ᠭᠡᠵᠦ ᠨᠢᠭᠡᠨ ᠲᠠᠭᠤᠯᠠᠬᠤ ᠪᠠᠷ ᠭᠤᠣᠯ ᠴᠣᠭᠴᠠ ᠪᠣᠯᠭᠠᠵᠤ ᠪᠥᠵᠢᠭᠯᠡᠬᠦ ᠪᠠᠷ ᠬᠠᠪᠰᠤᠷᠭᠠᠭᠰᠠᠨ ᠨᠢᠭᠡᠨ ᠵᠦᠢᠯ ᠤᠨ ᠡᠪᠡᠳᠴᠢᠨ ᠵᠠᠰᠠᠯᠭ᠎ᠠ ᠶᠢᠨ ᠬᠡᠯᠪᠡᠷᠢ ᠪᠠᠶᠢᠭᠰᠠᠨ ᠤᠴᠢᠷ ᠲᠡᠷᠡ ᠨᠢ ᠶᠠᠮᠠᠷ ᠨᠢᠭᠡᠨ ᠤᠨ ᠳᠤ ᠪᠤᠶᠤ ᠴᠠᠭ ᠮᠥᠴᠡ ᠳᠤ ᠪᠤᠢ ᠪᠤᠯᠵᠤ ᠲᠡᠭᠦᠯᠳᠡᠷᠵᠢᠵᠦ ᠴᠢᠳᠠᠬᠤ ᠦᠭᠡᠢ ᠶᠤᠮ᠃ ᠨᠡᠩ ᠴᠦ ᠣᠳᠣ ᠶᠢᠨ ᠰᠢᠭ᠋ ᠳᠠᠭᠤᠣ᠂ ᠪᠥᠵᠢᠭ᠂ ᠰᠢᠯᠦᠭ ᠢᠶᠠᠷ ᠭᠤᠷᠮᠤᠰᠤᠨ ᠶᠠᠰᠤᠵᠢᠭᠰᠠᠨ ᠰᠤᠶᠤᠯ ᠤᠨ ᠬᠡᠯᠪᠡᠷᠢ ᠪᠣᠯᠲᠠᠯ᠎ᠠ ᠵᠦᠪᠬᠡᠨ ᠨᠢᠭᠡ ᠬᠤᠶᠠᠷ ᠵᠢᠯ ᠲᠤᠳᠤᠷ᠎ᠠ᠂ ᠨᠢᠭᠡ ᠬᠤᠶᠠᠷ ᠬᠦᠮᠦᠨ ᠤ ᠴᠢᠷᠮᠠᠶᠢᠯᠭ᠎ᠠ ᠪᠠᠷ ᠪᠦᠲᠦᠵᠦ ᠪᠦᠷᠢᠯᠳᠦᠵᠦ ᠳᠡᠶᠢᠯᠬᠦ ᠦᠭᠡᠢ ᠶᠤᠮ᠃ ᠡᠶᠢᠮᠦ ᠠᠴᠠ ᠠᠨᠳᠠᠢ ᠪᠤᠢ ᠪᠤᠯᠤᠭᠠᠳ ᠭᠡᠳᠤᠨ ᠵᠠᠭᠤᠨ ᠵᠢᠯ᠂ ᠴᠢᠨᠠᠭᠰᠢᠯᠠᠭᠠᠳ ᠬᠡᠳᠦᠨ ᠮᠢᠩᠭᠠᠨ ᠵᠢᠯ ᠪᠣᠯᠵᠣ ᠪᠠᠶᠢᠭ᠎ᠠ ᠴᠦ ᠪᠠᠶᠢᠵᠤ ᠮᠡᠳᠡᠨ᠎ᠡ᠃ ᠡᠨᠡ ᠨᠢ ︽ᠮᠤᠩᠭᠤᠯ ᠤᠨ ᠨᠢᠭᠤᠴᠠ ᠲᠤᠪᠴᠢᠶᠠᠨ︾ ᠳᠤ ᠳᠡᠪᠰᠡᠬᠦ ᠪᠦᠵᠢᠭ ᠢᠶᠠᠷ ᠲᠡᠮᠳᠡᠭᠯᠡᠭᠳᠡᠵᠦ ᠪᠠᠶᠢᠭ᠎ᠠ ᠲᠡᠷᠡ ᠰᠠᠭᠯᠠᠭᠠᠷ ᠮᠤᠳᠤ ᠶᠢ ᠲᠤᠭᠤᠷᠢᠵᠤ ᠪᠥᠵᠢᠭᠯᠡᠭᠰᠡᠨ ᠨᠢ ᠠᠨᠳᠠᠢ ᠶᠢᠨ ᠡᠬᠢᠨ ᠤ ᠦᠶ᠎ᠡ ᠶᠢ ᠵᠢᠭᠠᠵᠤ ᠪᠠᠶᠢᠭᠰᠠᠨ ᠬᠡᠵᠤ ᠵᠠᠷᠢᠮ ᠡᠷᠳᠡᠮᠳᠡᠨ ᠤ ᠬᠡᠯᠡᠬᠦ ᠨᠢ ᠵᠦᠪ ᠪᠠᠶᠢᠵᠤ ᠴᠦ ᠮᠡᠳᠡᠨ᠎ᠡ᠃    ᠠᠨᠳᠠᠢ ᠶᠠᠮᠠᠷ ᠪᠠᠶᠢᠯ᠎ᠠ ᠴᠦ ᠭᠡᠰᠡᠨ ᠬᠦᠷᠢᠶ᠎ᠡ ᠬᠤᠰᠢᠭᠤ ᠳᠤ ᠪᠤᠢ ᠪᠤᠯᠵᠤ᠂ ᠴᠤᠭᠯᠠᠷᠠᠯ ᠤᠨ ᠬᠤᠰᠢᠭᠤ ᠪᠦᠳᠦᠵᠤ ᠪᠦᠷᠢᠯᠳᠦᠵᠤ ᠪᠠᠶᠢᠭᠰᠠᠨ 17 ᠳ᠋ᠤᠭᠠᠷ ᠵᠠᠭᠤᠨ ᠤ ᠲᠤᠮᠳᠠᠴᠢ ᠦᠶ᠎ᠡ ᠪᠠᠷ ᠠᠨᠳᠠᠢ ᠭᠡᠬᠦ ᠡᠪᠡᠳᠴᠢᠨ ᠪᠠᠶᠢᠵᠤ᠂ ᠳᠠᠭᠤᠯᠠᠬᠤ ᠬᠡᠯᠪᠡᠷᠢ ᠪᠠᠷ ᠠᠨᠳᠠᠢ ᠡᠪᠡᠳᠴᠢᠨ ᠢ ᠵᠠᠰᠠᠬᠤ ᠦᠵᠡᠭᠳᠡᠯ ᠪᠤᠢ ᠪᠤᠯᠵᠤ᠂ ᠬᠤᠷᠢᠳᠣᠭᠠᠷ ᠵᠠᠭᠤᠨ ᠤ ᠳᠤᠮᠳᠠᠴᠢ ᠦᠶ᠎ᠡ ᠳᠠᠷᠦᠢ ᠰᠢᠨ᠎ᠡ ᠳᠤᠮᠳᠠᠳᠤ ᠣᠯᠣᠰ ᠪᠠᠶᠢᠭᠤᠯᠤᠭᠳᠠᠬᠤ ᠬᠦᠷᠲᠡᠯ᠎ᠡ ᠦᠷᠭᠦᠯᠵᠢᠯᠡᠵᠦ ᠪᠠᠶᠢᠵᠠᠢ᠃ ᠳᠠᠷᠦᠢ ᠬᠦᠷᠢᠶ᠎ᠡ ᠬᠤᠰᠢᠭᠤᠨ ᠤ ᠡᠯᠡᠰᠦ᠂ ᠪᠠᠶᠠᠨᠬᠤᠸᠠ᠂ ᠶᠠᠩᠰᠢᠪ᠂ ᠬᠠᠷᠭᠤᠤ᠂ ᠭᠤᠷᠪᠠᠨ ᠭᠡᠷ᠂ ᠮᠠᠩᠬ᠎ᠠ ᠬᠦᠷᠲᠡᠯ᠎ᠡ ᠠᠨᠳᠠᠢ ᠡᠪᠡᠳᠴᠢᠨ ᠤᠯᠤᠭᠰᠠᠨ ᠬᠦᠮᠤᠨ ᠭᠠᠷᠴᠤ᠂ ᠠᠨᠳᠠᠢ ᠳᠠᠭᠤᠯᠠᠭᠠᠳ ᠵᠠᠰᠠᠵᠠᠢ ᠭᠡᠰᠡᠨ ᠪᠣᠳᠠᠲᠤ ᠤᠴᠢᠷ ᠪᠠᠶᠢᠭᠰᠠᠨ ᠪᠠᠶᠢᠵᠠᠢ᠃ ᠴᠢᠯᠦᠭᠡᠯᠡᠭᠳᠡᠭᠰᠡᠨ ᠤ ᠳᠠᠷᠠᠭ᠎ᠠ ᠮᠤᠩᠭᠤᠯᠴᠤᠤᠳ ᠠᠨᠳᠠᠢ ᠶᠢ ᠳᠠᠭᠤᠤ ᠬᠥᠭᠵᠢᠮ ᠢ ᠨᠢ ᠤᠯᠠᠮᠵᠢᠯᠠᠬᠤ ᠶᠢᠨ ᠳᠠᠭᠤ ᠦᠭᠡᠷᠡᠴᠢᠯᠡᠯᠲᠡ ᠰᠢᠨᠡᠴᠢᠯᠡᠯᠲᠡ ᠬᠢᠭᠡᠳ ᠲᠠᠶᠢᠰᠠᠨ ᠤ ᠤᠷᠠᠯᠢᠭ ᠤᠨ ᠬᠡᠯᠪᠡᠷᠢ ᠪᠠᠷ ᠣᠳᠣ ᠪᠣᠯᠲᠠᠯ᠎ᠠ ᠬᠥᠭᠵᠢᠭᠦᠯᠵᠠᠢ᠃    ᠬᠦᠷᠢᠶ᠎ᠡ ᠠᠨᠳᠠᠢ ᠶᠢ 1956 ᠤᠨ ᠳᠤ ᠪᠠᠶᠠᠨᠬᠤᠸᠠ ᠰᠡᠷᠡᠪ ᠤᠨ ᠤᠳᠬ᠎ᠠ ᠤᠷᠠᠯᠢᠭᠴᠢᠳ ᠠᠴᠠ ᠬᠠᠮᠤᠭ ᠲᠦᠷᠦᠬᠦᠤ ᠲᠠᠶᠢᠰᠠᠨ ᠲᠡᠭᠡᠷ᠎ᠡ ᠳᠠᠭᠤᠯᠠᠨ ᠪᠥᠵᠢᠭᠯᠡᠵᠦ᠂ 1958 ᠤᠨ ᠳᠤ ᠶᠠᠩᠰᠢᠪ ᠤᠨ ᠡᠷᠳᠡᠨᠢᠪᠠᠯ ᠪᠡᠭᠡᠵᠢᠩ ᠤᠨ ᠲᠠᠶᠢᠰᠠᠨ᠎ᠠ ᠠᠩᠬ᠎ᠠ ᠣᠳᠠᠭ᠎ᠠ ᠲᠤᠭᠯᠠᠭᠠᠳ ᠮᠤᠩᠭᠤᠯ ᠦᠨᠳᠦᠰᠦᠲᠡᠨ ᠤ ︽ᠠᠨᠳᠠᠢ ᠪᠥᠵᠢᠭ︾ ᠭᠡᠳᠡᠭ ᠨᠠᠷ᠎ᠡ ᠲᠠᠢ ᠪᠣᠯᠭᠠᠨ ᠬᠤᠷᠸ᠎ᠠ ᠳᠤ ᠲᠠᠨᠢᠭᠤᠯᠵᠠᠢ᠃ ᠲᠡᠷᠡ ᠴᠠᠭ ᠠᠴᠠ ᠡᠬᠢᠯᠡᠭᠡᠳ ᠬᠦᠷᠢᠶ᠎ᠡ ᠠᠨᠳᠠᠢ ᠨᠡᠷ᠎ᠡ ᠭᠠᠷᠴᠤ᠂ ᠲᠠᠶᠢᠰᠠᠨ  ᠤ ᠪᠥᠵᠢᠭ᠂ ᠮᠤᠩᠭᠤᠯ ᠵᠥᠴᠦᠭᠡ᠂ ᠪᠥᠵᠢᠭᠲᠦ ᠵᠥᠴᠦᠭᠡ᠂ ᠠᠭᠤᠳᠠᠮ ᠲᠠᠯᠠᠪᠠᠢ ᠶᠢᠨ ᠪᠥᠵᠢᠭ᠂ ᠪᠡᠶ᠎ᠡ ᠴᠢᠭᠢᠷᠠᠭᠵᠢᠭᠤᠯᠬᠤ ᠪᠥᠵᠢᠭ᠂ ᠰᠤᠷᠤᠭᠴᠢᠳ ᠤᠨ ᠬᠢᠴᠢᠶᠡᠯ ᠤᠨ ᠵᠠᠪᠰᠠᠷᠯᠠᠭ᠎ᠠ ᠶᠢᠨ ᠲᠠᠮᠢᠷ ᠤᠨ ᠪᠥᠵᠢᠭ  ᠁ ᠭᠡᠵᠦ ᠤᠯᠠᠨ ᠤᠯᠠᠨ ᠶᠠᠩᠵᠦ ᠪᠠᠷ ᠤᠯᠠᠷᠢᠨ ᠬᠤᠪᠢᠷᠠᠵᠦ᠂ ᠤᠳᠤ ᠪᠤᠯᠬᠤ ᠳᠤ ︽ᠮᠤᠩᠭᠤᠯ ᠦᠨᠳᠦᠰᠦᠲᠡᠨ ᠤ ᠲᠡᠷᠢᠭᠦᠨ ᠪᠥᠵᠢᠭ︾ ᠭᠡᠰᠡᠨ ᠨᠡᠷ᠎ᠡ ᠲᠠᠢ ᠪᠤᠯᠵᠤ ᠭᠢᠯᠠᠷᠠᠭᠤᠯᠵᠤ ᠪᠠᠶᠢᠨ᠎ᠠ᠃ ᠮᠥᠨ ᠴᠦ ᠲᠡᠭᠦᠨ ᠤ ᠳᠡᠯᠭᠡᠷ ᠪᠠᠶᠠᠨ ᠦᠭᠡ᠂ ᠠᠶᠠᠰ᠂ ᠪᠥᠵᠢᠭ ᠤᠨ ᠬᠥᠳᠡᠯᠭᠡᠭᠡᠨ ᠨᠢ ᠦᠭᠡᠷ᠎ᠡ ᠰᠤᠶᠤᠯ ᠤᠨ ᠦᠵᠡᠭᠳᠡᠯ ᠳᠤ ᠪᠠᠶᠢᠭ᠎ᠠ ᠦᠭᠡᠢ ᠪᠥᠭᠡᠳ ᠬᠦᠷᠢᠶ᠎ᠡ ᠬᠤᠰᠢᠭᠤᠨ ᠳᠤ ᠯᠡ ᠪᠦᠷᠢᠨ ᠪᠦᠲᠦᠨ᠂ ᠢᠵᠠᠭᠤᠷ ᠰᠢᠨᠵᠢ ᠲᠠᠢ ᠦᠯᠡᠳᠡᠭᠳᠡᠨ ᠬᠤᠴᠤᠷᠠᠵᠤ᠂ ᠤᠯᠤᠰ ᠲᠠᠶᠠᠭᠠᠷ ᠮᠡᠳᠡᠷᠡᠯ ᠲᠠᠢ ᠣᠯᠣᠰ ᠤᠨ ᠳᠡᠰ ᠤᠨ ᠪᠤᠳᠠᠰ ᠤᠨ ᠪᠤᠰᠤ ᠰᠣᠶᠣᠯ ᠤᠨ ᠥᠪ ᠪᠤᠯᠤᠭᠠᠳ ᠪᠠᠶᠢᠭ᠎ᠠ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号