ᠠᠨᠳᠠᠢ ᠶᠢᠨ ᠦᠨᠳᠦᠰᠦᠨ ᠪᠠᠶᠢᠳᠠᠯ
ᠨᠡᠶᠢᠲᠡᠯᠡᠭᠰᠡᠨ ᠴᠠᠭ᠄
2020-07-17
   ᠬᠤᠷᠸ᠎ᠠ ᠶᠢᠷᠲᠢᠨᠴᠦ ᠳᠤ ᠬᠤᠤᠰ ᠦᠭᠡᠢ ᠳᠡᠭᠷᠢᠯᠢᠭ ᠦᠨᠳᠦᠰᠦᠲᠡᠨ ᠤ ᠮᠠᠨᠢ ᠢᠵᠠᠭᠤᠷ ᠰᠤᠶᠤᠯ ᠤᠨ ᠨᠢᠭᠡᠨ ᠲᠦᠷᠦᠯ ᠪᠤᠯᠬᠤ ᠠᠨᠳᠠᠢ ᠭᠡᠭᠴᠢ ᠥᠪᠡᠷ ᠤᠨ ᠬᠢ ᠭᠡᠬᠦ ᠳᠠᠪᠬᠤᠷᠳᠠᠭ᠎ᠠ ᠦᠭᠡᠢ ᠰᠤᠶᠤᠯ ᠤᠨ ᠬᠦᠨ ᠬᠦᠨᠵᠡᠭᠡᠢ ᠠᠭᠤᠯᠤᠬᠤᠨ᠂ ᠦᠩᠭᠡ ᠬᠢᠯᠪᠠᠭ᠎ᠠ ᠰᠠᠴᠤᠷᠠᠭᠰᠠᠨ ᠬᠡᠯᠪᠡᠷᠢ ᠳᠦᠷᠢ ᠪᠠᠷ ᠢᠶᠠᠨ ᠬᠦᠮᠦᠨ ᠲᠥᠷᠦᠯᠬᠢᠲᠡᠨ ᠤ ᠰᠤᠶᠤᠯ  ᠤᠨ ᠶᠡᠭᠡ ᠬᠦᠷᠢᠶᠡᠯᠡᠩ ᠳᠤ ᠨᠢᠭᠡᠨ ᠪᠤᠳᠢ ᠰᠤᠷᠭᠤᠭ ᠴᠡᠴᠡᠭ ᠪᠤᠯᠤᠨ ᠳᠡᠯᠭᠡᠷᠡᠵᠦ ᠪᠠᠶᠢᠨ᠎ᠠ᠃ ᠲᠡᠭᠡᠬᠦ ᠳᠤ ᠪᠠᠨ ᠥᠪᠥᠷ ᠮᠤᠩᠭᠤᠯ ᠣᠷᠣᠨ ᠤ ᠦᠷ᠎ᠡ ᠶᠢᠨ ᠭᠠᠭᠴᠠ ᠯᠠᠮᠠ ᠶᠢᠨ ᠬᠤᠰᠢᠭᠤ ᠪᠠᠶᠢᠭᠰᠠᠨ ᠬᠦᠷᠢᠶ᠎ᠡ ᠬᠤᠰᠢᠭᠤᠨ ᠳᠤ ᠦᠨᠳᠦᠰᠦ ᠬᠠᠳᠬᠤᠵᠤ ᠬᠦᠪᠪᠦᠷᠡᠨ ᠰᠤᠶᠤᠭᠠᠯᠠᠵᠦ᠂ ᠦᠰᠴᠦ ᠲᠤᠮᠤᠭᠠᠵᠢᠭᠠᠳ ᠬᠡᠳᠦᠨ ᠵᠠᠭᠤᠨ ᠵᠢᠯ ᠪᠤᠯᠵᠤ ᠪᠠᠶᠢᠨ᠎ᠠ᠃ ᠡᠨᠡᠭᠦ‍ ᠨᠢᠭᠡ ᠤᠨᠴᠠᠭᠠᠢ ᠬᠡᠯᠪᠡᠷᠢ ᠶᠢᠨ ᠰᠤᠶᠤᠯ ᠤᠨ ᠦᠵᠡᠭᠳᠡᠯ — ᠠᠨᠳᠠᠢ ᠠᠩᠬ᠎ᠠ ᠡᠬᠢᠯᠡᠨ ᠪᠤᠢ ᠪᠤᠯᠵᠤ ᠬᠥᠭᠵᠢᠯ ᠢᠶᠠᠨ ᠤᠯᠬᠤ ᠦᠶ᠎ᠡ ᠳᠤ ᠨᠢᠭᠡ ᠵᠦᠢᠯ ᠤᠨ ᠡᠪᠡᠳᠴᠢᠨ ᠤ ᠨᠡᠷ᠎ᠡ ᠪᠠᠶᠢᠵᠤ᠂ ᠭᠤᠤᠯᠳᠠᠭᠤ 18 —25 ᠨᠠᠰᠤᠨ ᠤ ᠡᠮᠡᠭᠲᠠᠢ ᠬᠦᠮᠦᠨ ᠤᠯᠠᠨ ᠣᠯᠳᠠᠭ ᠪᠠᠶᠢᠵᠠᠢ᠃ ᠬᠡᠬᠦ ᠳᠤ ᠪᠠᠨ ᠭᠡᠷ ᠵᠠᠭᠤᠷ᠎ᠠ ᠪᠠᠨ ᠲᠠᠭᠠᠷᠠᠯᠴᠠᠬᠤ ᠦᠭᠡᠢ᠂ ᠤᠷᠤᠭ ᠬᠤᠷᠢᠮ ᠤᠨ ᠲᠠᠯ᠎ᠠ ᠪᠠᠷ ᠵᠤᠬᠢᠴᠠᠩᠭᠤᠢ ᠦᠭᠡᠢ ᠪᠤᠶᠤ ᠠᠮᠠᠷᠠᠭ ᠬᠤᠶᠠᠭᠤᠯᠠ ᠪᠠᠨ ᠬᠡᠦᠬᠡᠳ ᠤᠯᠬᠤ ᠦᠭᠡᠢ ᠰᠡᠳᠬᠢᠯ ᠤᠨ ᠳᠠᠷᠤᠭᠠᠰᠤ ᠲᠠᠢ ᠬᠦᠮᠦᠨ ᠬᠢᠯᠪᠠᠷ ᠨᠡᠷᠪᠡᠭᠳᠡᠵᠦ᠂ ᠦᠭᠡ ᠳᠠᠭᠤ ᠴᠥᠭᠡᠨ ᠪᠤᠯᠵᠤ᠂ ᠪᠠᠶᠠᠷ ᠬᠦᠷ ᠪᠠᠭ᠎ᠠ᠂ ᠬᠦᠮᠦᠰ ᠤᠨ ᠬᠠᠷᠢᠯᠴᠠᠭ᠎ᠠ ᠲᠣᠳᠠᠭᠤ ᠪᠤᠯᠤᠨ ᠶᠠᠭ ᠯᠡ ᠥᠨᠦᠴᠢᠨ ᠭᠠᠭᠴᠠᠭᠠᠷᠳᠠᠮᠠᠯ ᠰᠡᠳᠬᠢᠯᠭᠡ ᠶᠢᠨ ᠬᠦᠨ ᠬᠥᠪ ᠳᠤ ᠤᠨᠠᠭᠰᠠᠨ ᠪᠠᠶᠢᠵᠤ᠂ ᠴᠤᠭ ᠰᠦᠯᠳᠡ ᠦᠭᠡᠢ᠂ ᠡᠳᠦᠷᠵᠢᠨ ᠪᠡᠶ᠎ᠡ ᠨᠢ ᠮᠠᠭᠤᠳᠠᠵᠤ᠂ ᠬᠤᠭᠤᠯᠠ ᠤᠮᠳᠠ ᠳᠠᠲᠠᠭᠤᠷᠠᠨ ᠠᠶᠠᠨᠳᠠᠭᠠᠨ ᠪᠡᠶ᠎ᠡ ᠰᠡᠳᠬᠢᠯ ᠤᠨ ᠬᠦᠨ ᠵᠤᠪᠠᠯᠠᠩ ᠳᠤ ᠤᠨᠠᠳᠠᠭ ᠪᠠᠶᠢᠵᠠᠢ᠃ ᠡᠶᠢᠮᠦᠷᠬᠦ ᠪᠠᠶᠢᠳᠠᠯ  ᠢ ᠡᠮᠴᠢ ᠦᠵᠡᠭᠡᠳ ᠵᠠᠰᠠᠵᠤ ᠳᠡᠶᠢᠯᠬᠦ ᠦᠭᠡᠢ᠂ ᠳᠤᠮᠴᠢ ᠴᠦ ᠳᠤᠮᠨᠠᠭᠠᠳ ᠡᠳᠡᠭᠡᠷᠡᠭᠦᠯᠵᠦ ᠴᠢᠳᠠᠬᠤ ᠦᠭᠡᠢ ᠪᠤᠯᠤᠨ᠎ᠠ ᠃ ᠮᠤᠩᠭᠤᠯ ᠤᠨ ᠢᠵᠠᠭᠤᠷ ᠱᠠᠰᠢᠨ ᠪᠦᠬᠡ ᠢᠷᠡᠵᠦ ᠦᠵᠡᠭᠡᠳ ᠡᠨᠡ ᠡᠪᠡᠳᠴᠢᠨ ᠪᠤᠯ ᠳᠠᠷᠤᠢ ︽ᠠᠨᠳᠠᠢ︾ ᠡᠪᠡᠳᠴᠢᠨ ᠭᠡᠵᠦ ᠣᠨᠣᠰᠢᠯᠠᠭᠠᠳ ︽ᠠᠨᠳᠠᠢ ᠳᠠᠭᠤᠯᠠᠬᠤ︾ ᠠᠷᠭ᠎ᠠ ᠬᠡᠯᠪᠡᠷᠢ ᠪᠠᠷ ᠢᠶᠠᠨ ᠡᠨᠡ ᠡᠪᠡᠳᠴᠢᠨ ᠢ ᠵᠠᠰᠠᠨ᠎ᠠ ᠭᠡᠵᠦ ᠲᠣᠳᠣᠯᠬᠤ ᠶᠢᠨ ᠬᠠᠮᠲᠦ ᠠᠨᠳᠠᠢ ᠲᠠᠭᠤᠯᠠᠬᠤ ᠪᠠᠷ ᠪᠡᠯᠡᠳᠬᠡᠨ᠎ᠡ᠃ ᠠᠨᠳᠠᠢ ᠳᠠᠭᠤᠯᠠᠵᠤ ᠡᠪᠡᠳᠴᠢᠨ ᠵᠠᠰᠠᠬᠤ ᠪᠡᠯᠡᠳᠬᠡᠯ ᠢᠶᠠᠨ ᠪᠠᠷᠠᠪᠠᠯ ᠠᠨᠳᠠᠢ ᠳᠠᠭᠤᠯᠠᠨ᠎ᠠ᠃ ᠠᠨᠳᠠᠢ ᠳᠠᠭᠤᠯᠠᠬᠤ ᠨᠢ ᠭᠤᠤᠯᠳᠠᠭᠤ ᠵᠤᠨ ᠤ ᠰᠡᠭᠦᠯ ᠨᠠᠮᠦᠷ ᠤᠨ ᠡᠬᠢ ᠨᠠᠢᠮᠠᠨ ᠰᠠᠷ᠎ᠠ ᠳᠤ ᠳᠣᠬᠢᠷᠠᠭᠤᠯᠬᠤ ᠪᠦᠭᠡᠳ 7 — 49 ᠡᠳᠦᠷ ᠤᠨ ᠬᠤᠭᠤᠷᠤᠨᠳᠤ ᠪᠠᠶᠢᠵᠤ᠂ ᠭᠤᠤᠯ ᠳᠠᠭᠠᠭᠤᠯᠤᠭᠴᠢ ᠪᠦᠬᠡ ᠶᠢᠨ ᠳᠠᠭᠠᠭᠤᠯᠭ᠎ᠠ ᠪᠠᠷ ᠳᠠᠭᠤᠣ ᠪᠦᠵᠢᠭ ᠲᠤ ᠪᠠᠨ ᠠᠪᠢᠶᠠᠰ ᠲᠠᠢ ᠬᠤᠶᠠᠷ ᠭᠤᠷᠪᠠᠨ ᠬᠦᠮᠦᠨ ᠤ ᠵᠤᠬᠢᠶᠠᠨ ᠪᠠᠶᠢᠭᠤᠯᠤᠯᠲᠠ ᠲᠠᠢ ᠠᠨᠳᠠᠢ ᠳᠠᠭᠤᠯᠠᠵᠤ ᠡᠬᠢᠯᠡᠨ᠎ᠡ᠃ ᠠᠨᠳᠠᠢ ᠡᠪᠡᠳᠴᠢᠨ ᠲᠠᠢ ᠬᠦᠮᠦᠨ ᠢᠶᠠᠨ ᠭᠤᠤᠯ ᠳᠣᠮᠳᠠ ᠨᠢ ᠰᠠᠭᠤᠯᠭᠠᠵᠦ᠂ ᠭᠠᠳᠠᠭᠤᠷ ᠨᠢ ᠲᠤᠭᠤᠷᠢᠨ ᠳᠠᠭᠤᠯᠠᠨ ᠪᠦᠵᠢᠭᠯᠡᠨ᠎ᠡ᠃ ᠭᠤᠤᠯ ᠳᠠᠭᠤᠴᠢᠨ ᠬᠦᠮᠦᠨ ᠨᠢ ᠪᠦᠵᠢᠭᠯᠡᠨ ᠳᠠᠭᠤᠯᠠᠬᠤ ᠳᠤ ᠪᠤᠰᠤᠳ ᠬᠦᠮᠦᠨ ᠴᠦ ᠣᠷᠣᠵᠣ ᠳᠠᠭᠤᠯᠠᠨ ᠪᠥᠵᠢᠭᠯᠡᠨ᠎ᠡ᠃ ᠳᠠᠭᠤᠯᠠᠨ ᠪᠦᠵᠢᠭᠯᠡᠬᠦ ᠪᠠᠷ ᠭᠤᠤᠯ ᠢᠯᠡᠷᠡᠯ ᠢᠶᠠᠨ ᠲᠤᠳᠤᠷᠠᠭᠤᠯᠳᠠᠭ ᠲᠤᠯᠠ ᠳᠠᠭᠤᠤ ᠶᠢᠨ ᠦᠭᠡ ᠤᠯᠠᠨ᠂ ᠠᠶᠠᠯᠭᠤ ᠠᠷᠪᠢᠨ᠂ ᠪᠦᠵᠢᠭ ᠤᠨ ᠬᠥᠳᠡᠯᠭᠡᠭᠡᠨ ᠨᠢ ᠴᠥᠭᠡᠨ ᠤᠨᠴᠠᠯᠢᠭ ᠲᠠᠢ᠃ ᠠᠶᠠᠰ ᠲᠤ ᠨᠡᠶᠢᠴᠡᠭᠰᠡᠨ ᠬᠦᠳᠡᠯᠭᠡᠭᠡᠨ ᠲᠠᠢ ᠪᠠᠶᠢᠳᠠᠭ ᠶᠤᠮ᠃    ᠰᠢᠨ᠎ᠡ ᠳᠣᠮᠳᠠᠳᠣ ᠤᠯᠤᠰ ᠪᠠᠶᠢᠭᠤᠯᠤᠭᠳᠠᠭᠰᠠᠨ ᠤ ᠰᠡᠭᠦᠯᠡᠷ ᠠᠨᠳᠠᠢ ᠳᠤ ᠰᠢᠨᠵᠢᠯᠡᠯ ᠬᠥᠭᠵᠢᠭᠦᠯᠦᠯ ᠬᠢᠵᠦ᠂ ᠮᠤᠩᠭᠤᠯ ᠬᠦᠮᠦᠨ ᠤ ︽ᠰᠢᠯᠢᠳᠡᠭ ᠢ ᠨᠢ ᠠᠪᠴᠦ  ᠰᠢᠭᠠᠷᠤᠤ ᠶᠢ ᠨᠢ ᠣᠷᠬᠢᠳᠠᠭ︾ ᠵᠠᠩᠰᠢᠯ ᠢᠶᠠᠷ ᠠᠨᠳᠠᠢ ᠶᠢᠨ ᠠᠶᠠᠰ ᠪᠠ ᠬᠥᠳᠡᠯᠭᠡᠭᠡᠨ ᠢ ᠨᠢ ᠢᠯᠡᠭᠦᠦ ᠪᠤᠯᠭᠠᠨ ᠬᠥᠭᠵᠢᠭᠦᠯᠵᠦ᠂ ᠲᠤᠰᠬᠠᠢ ᠲᠠᠯᠠᠪᠤᠷ ᠲᠤ ᠳᠠᠭᠤᠯᠠᠳᠠᠭ ᠢ ᠨᠢ ᠲᠠᠶᠢᠰᠠᠨ ᠤ ᠤᠷᠠᠯᠢᠭ ᠪᠤᠯᠭᠠᠨ ᠬᠥᠭᠵᠢᠭᠦᠯᠵᠠᠢ᠃ ᠳᠡᠭᠡᠬᠦ ᠪᠠᠷ ᠣᠳᠣ ᠪᠤᠯᠬᠤ ᠳᠤ ︽ᠳᠠᠭᠤᠯᠠᠳᠠᠭ︾ ᠠᠨᠳᠠᠢ ᠨᠢ ︽ᠪᠥᠵᠢᠭᠯᠡᠳᠡᠭ︾ ᠠᠨᠳᠠᠢ ᠪᠤᠯᠪᠠ᠃ 1958 ᠤᠨ ᠳᠤ ᠠᠨᠳᠠᠢ ᠶᠢ ᠬᠦᠷᠢᠶ᠎ᠡ ᠬᠤᠰᠢᠭᠤᠨ ᠤ ᠬᠠᠷᠠᠡᠷᠬᠢ ᠠᠶᠢᠯ ᠤᠨ ᠡᠷᠳᠡᠨᠢᠪᠠᠯ ᠪᠡᠭᠡᠵᠢᠩ ᠤᠨ ᠳᠠᠶᠢᠰᠠᠨ ᠳᠤ ᠲᠣᠭᠯᠠᠭᠠᠳ ᠠᠨᠳᠠᠢ ᠭᠡᠭᠴᠢ ᠮᠤᠩᠭᠤᠯ ᠦᠨᠳᠦᠰᠦᠲᠡᠨ ᠤ ᠪᠥᠵᠢᠭ ᠡ ᠬᠡᠵᠤ ᠪᠦᠬᠦ ᠤᠯᠤᠰ ᠴᠢᠨᠠᠭᠰᠢᠯᠠᠪᠠᠯ ᠪᠦᠬᠦ ᠳᠡᠯᠡᠬᠡᠢ ᠳᠤ ᠡᠬᠢᠯᠡᠨ ᠲᠠᠨᠢᠭᠤᠯᠵᠠᠢ᠃ 1996 ᠤᠨ ᠳᠤ ᠳᠣᠮᠳᠠᠳᠣ ᠤᠯᠤᠰ ᠤᠨ ᠰᠣᠶᠣᠯ ᠤᠨ ᠶᠠᠮᠤᠨ ᠠᠴᠠ ᠬᠦᠷᠢᠶ᠎ᠡ ᠬᠤᠰᠢᠭᠤ ᠶᠢ ︽ᠳᠣᠮᠳᠠᠳᠣ ᠤᠯᠤᠰ ᠤᠨ ᠠᠨᠳᠠᠢ ᠤᠷᠠᠯᠢᠭ ᠤᠨ ᠨᠤᠲᠤᠭ︾ ᠭᠡᠵᠦ ᠨᠡᠷᠡᠶᠢᠳᠴᠤ 2006 ᠤᠨ ᠳᠤ ᠬᠦᠷᠢᠶ᠎ᠡ ᠠᠨᠳᠠᠢ ᠨᠢ ᠲᠦᠷᠦᠭᠦᠦ ᠪᠦᠯᠦᠭ ᠤᠯᠤᠰ ᠤᠨ ᠳᠡᠰ  ᠤᠨ ᠪᠤᠳᠠᠰ ᠤᠨ ᠪᠣᠰᠤ ᠰᠤᠶᠤᠯ ᠤᠨ ᠥᠪ ᠢᠶᠠᠷ ᠲᠡᠮᠳᠡᠭᠯᠡᠭᠳᠡᠵᠦ ᠪᠢᠯᠡ᠃ ᠳᠡᠭᠡᠭᠡᠳ ᠠᠨᠳᠠᠢ ᠤᠯᠠᠨ ᠵᠦᠢᠯ ᠤᠨ ᠰᠤᠶᠤᠯ ᠤᠨ ᠤᠤᠷ ᠴᠢᠨᠠᠷ ᠢᠶᠠᠷ ᠢᠶᠠᠨ ᠬᠤᠷᠸ᠎ᠠ ᠳᠤ ᠲᠠᠨᠢᠭᠳᠠᠵᠦ᠂ ᠬᠦᠮᠦᠨ ᠲᠥᠷᠦᠯᠬᠢᠲᠡᠨ ᠤ ᠪᠤᠯᠪᠠᠰᠤᠨ ᠰᠣᠶᠣᠯ  ᠤᠨ ᠶᠡᠭᠡ ᠬᠦᠷᠢᠶᠡᠯᠡᠩ ᠳᠤ ᠥᠩᠭᠡ ᠢᠯᠭᠠᠷᠠᠭᠰᠠᠨ ᠨᠢᠭᠡᠨ ᠪᠤᠳᠢ ᠰᠣᠷᠭᠤᠭ ᠴᠡᠴᠡᠭ ᠪᠣᠯᠣᠭᠰᠠᠨ ᠨᠢ ᠭᠠᠭᠴᠠᠬᠦ ᠬᠦᠷᠢᠶ᠎ᠡ ᠨᠤᠲᠤᠭ ᠤᠨ ᠪᠢᠰᠢ᠂ ᠪᠦᠬᠦ ᠮᠤᠩᠭᠤᠯ ᠬᠦᠮᠦᠨ ᠤ ᠤᠮᠤᠭᠰᠢᠯ ᠪᠤᠯᠤᠭᠰᠠᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号