ᠮᠤᠩᠭᠤᠯᠴᠤᠳ  ᠤᠨ ᠤᠯᠠᠮᠵᠢᠯᠠᠯᠳᠤ ᠤᠮᠳᠠᠭᠠᠨ ︵ ᠨᠢᠭᠡ ︶
ᠨᠡᠶᠢᠲᠡᠯᠡᠭᠰᠡᠨ ᠴᠠᠭ᠄
2021/1/5
   ᠮᠤᠩᠭᠤᠯᠴᠤᠳ ᠨᠡᠬᠦᠳᠡᠯ ᠮᠠᠯᠵᠢᠯ ᠪᠠ ᠰᠠᠭᠤᠷᠢᠰᠢᠯ ᠮᠠᠯᠵᠢᠯ ᠤᠨ ᠤᠷᠳᠤ ᠤᠳᠠᠭᠠᠨ ᠳᠡᠤᠬᠡᠨ ᠶᠠᠪᠤᠴᠠ ᠳᠤ ᠪᠠᠨ ᠤᠮᠳᠠᠭᠠᠨ ᠢ ᠬᠦᠨᠳᠤᠳᠬᠡᠨ ᠦᠵᠡᠵᠤ᠂ ᠡᠯ᠎ᠠ ᠵᠦᠢᠯ ᠤᠨ ᠤᠮᠳᠠᠭᠠᠨ ᠢ ᠠᠳᠠᠯᠢ ᠪᠤᠰᠤ ᠠᠷᠭ᠎ᠠ ᠪᠠᠷ ᠡᠳ᠋ᠰᠢᠬᠦᠯᠤᠨ ᠪᠤᠯᠪᠠᠰᠤᠷᠠᠭᠤᠯᠵᠤ᠂ ᠡᠳᠤᠷ ᠳᠤᠳᠤᠮ ᠤᠨ ᠠᠮᠢᠳᠤᠷᠠᠯ ᠤᠨ ᠬᠡᠷᠡᠭᠴᠡᠭᠡ ᠪᠠᠨ ᠬᠠᠩᠭᠠᠭᠰᠠᠨ ᠤ ᠬᠠᠮᠳᠤ᠂ ᠤᠮᠳᠠᠭᠠᠨ ᠢ ᠡᠷᠡᠬᠦᠯ ᠮᠡᠨᠳᠤ ᠳᠤ ᠪᠠᠨ ᠤᠢᠢᠯᠡᠴᠢᠯᠡᠬᠦᠯᠬᠦ ᠵᠡᠷᠬᠡ ᠤᠯᠠᠨ ᠳᠠᠯ᠎ᠠ ᠶᠢᠨ ᠳᠤᠷᠰᠢᠯᠭ᠎ᠠ ᠶᠢ ᠬᠤᠷᠠᠮᠳᠤᠭᠤᠯᠵᠤ᠂ ᠦᠨᠢᠷ ᠪᠠᠶᠠᠯᠢᠬ ᠤᠮᠳᠠᠭᠠᠨ ᠤ ᠰᠤᠶᠤᠯ ᠢ ᠡᠬᠦᠳᠤᠨ ᠪᠦᠳᠤᠬᠡᠭᠰᠡᠨ ᠶᠤᠮ ᠃   ᠮᠤᠩᠭᠤᠯᠴᠤᠳ ᠤᠨ ᠤᠯᠠᠮᠵᠢᠯᠠᠯᠳᠤ ᠤᠮᠳᠠᠭᠠᠨ ᠳᠤ ᠰᠦᠨ ᠤᠮᠳᠠᠭᠠᠨ᠂ ᠠᠷᠢᠬᠢᠯᠢᠭ ᠤᠮᠳᠠᠭᠠᠨ᠂ ᠴᠠᠢ ᠶᠢᠨ ᠤᠮᠳᠠᠭᠠᠨ᠂ ᠤᠰᠤᠨ ᠤᠮᠳᠠᠭᠠᠨ᠂ ᠱᠦᠯᠤᠨ ᠤᠮᠳᠠᠭᠠᠨ ᠵᠡᠷᠬᠡ ᠪᠠᠶᠢᠳᠠᠭ ᠪᠦᠬᠡᠳ ᠡᠳᠡᠬᠡᠷ ᠨᠢ ᠳᠤᠳᠤᠷ᠎ᠠ ᠪᠠᠨ ᠠᠳᠠᠯᠢ ᠪᠤᠰᠤ ᠤᠯᠠᠨ ᠳᠦᠷᠤᠯ ᠵᠦᠢᠯ  ᠢ ᠪᠠᠭᠳᠠᠭᠠᠵᠤ᠂ ᠮᠤᠩᠭᠤᠯ ᠤᠮᠳᠠᠭᠠᠨ ᠤ ᠰᠤᠶᠤᠯ ᠢ ᠪᠠᠶᠠᠯᠢᠭᠵᠢᠭᠤᠯᠤᠭᠰᠠᠨ ᠪᠠᠶᠢᠨ᠎ᠠ᠃    ᠰᠦᠨ ᠤᠮᠳᠠᠭᠠᠨ   ᠮᠤᠩᠭᠤᠯᠴᠤᠳ ᠦᠨᠢᠶ᠎ᠠ᠂ ᠳᠡᠮᠡᠭᠡ᠂ ᠬᠤᠨᠢ᠂ ᠢᠮᠠᠭᠠᠨ ᠤ ᠰᠦ ᠶᠢ ᠠᠰᠢᠭᠯᠠᠵᠤ᠂ ᠦᠨᠤᠷ ᠠᠮᠳᠠ ᠪᠠᠷ ᠦᠪᠡᠷᠮᠢᠴᠠ᠂ ᠰᠢᠮ᠎ᠠ ᠳᠡᠵᠢᠬᠡᠯ ᠳᠡᠬᠦᠯᠳᠡᠷ ᠤᠯᠠᠨ ᠵᠦᠢᠯ ᠤᠨ ᠰᠦᠨ ᠤᠮᠳᠠᠭᠠᠨ ᠢ ᠡᠳ᠋ᠰᠢᠬᠦᠯᠤᠨ ᠪᠤᠯᠪᠠᠰᠤᠷᠠᠭᠤᠯᠵᠤ ᠂ ᠡᠳᠤᠷ ᠳᠤᠳᠤᠮ ᠤᠨ ᠠᠮᠢᠳᠤᠷᠠᠯ ᠤᠨ ᠬᠡᠷᠡᠭᠴᠡᠭᠡ ᠪᠠᠨ ᠬᠠᠩᠭᠠᠭᠰᠠᠭᠠᠷ ᠢᠷᠡᠵᠠᠢ᠃ ᠮᠤᠩᠭᠤᠯᠴᠤᠳ ᠤᠨ ᠤᠯᠠᠮᠵᠢᠯᠠᠯᠳᠤ ᠰᠦᠨ ᠤᠮᠳᠠᠭᠠᠨ ᠳᠤ ᠳᠦᠬᠦᠬᠡᠢ ᠰᠦ᠂ ᠨᠤᠤᠭ᠂ ᠬᠢᠷᠡᠮ᠎ᠠ᠂ ᠪᠤᠯᠭᠤᠭᠰᠠᠨ ᠰᠦ ᠂ ᠰᠢᠩᠬᠡ᠂ ᠳᠠᠷᠠᠭ᠂ ᠬᠤᠭᠤᠷᠮᠠᠭ᠂ ᠠᠶᠢᠷᠠᠭ᠂ ᠴᠠᠭ᠎ᠠ᠂ ᠴᠡᠭᠡ᠂ ᠰᠢᠷᠡᠰᠤ ᠵᠡᠷᠬᠡ ᠤᠯᠠᠨ ᠳᠦᠷᠤᠯ ᠵᠦᠢᠯ ᠪᠠᠭᠳᠠᠳᠠᠭ᠃
   ᠨᠢᠬᠡ ᠂ ᠳᠦᠬᠦᠬᠡᠢ ᠰᠦ   ᠠᠳᠠ ᠬᠡᠯᠡᠵᠤ ᠪᠠᠶᠢᠭ᠎ᠠ ᠳᠦᠬᠦᠬᠡᠢ ᠰᠦ ᠨᠢ ᠭᠤᠤᠯᠳᠠᠭᠤ ᠦᠨᠢᠶᠡᠨ ᠰᠦ ᠶᠢ ᠵᠢᠭᠠᠵᠤ ᠪᠤᠢ᠃ ᠦᠨᠢᠶᠡᠨ ᠰᠦ ᠶᠢ ᠳᠦᠬᠦᠬᠡᠢ ᠪᠠᠷ ᠤᠤᠭᠤᠬᠤ ᠳᠤ ᠬᠠᠯᠠᠭᠤᠨ ᠢᠶᠠᠷ ᠪᠤᠶᠤ ᠬᠦᠷᠤᠬᠡᠭᠰᠡᠨ ᠤ ᠳᠠᠷᠠᠭ᠎ᠠ ᠰᠢᠭᠤᠳ ᠤᠤᠭᠤᠳᠠᠭ ᠃ ᠬᠤᠸᠠᠭᠴᠢ ᠦᠨᠢᠶ᠎ᠠ᠂ ᠤᠯᠠᠭᠠᠭᠴᠢ ᠦᠨᠢᠶ᠎ᠠ ᠶᠢᠨ ᠬᠠᠯᠠᠭᠤᠨ ᠰᠦ ᠨᠢ ᠬᠠᠨᠢᠶᠠᠳᠤ ᠠᠭᠰᠠᠭ᠎ᠠ ᠶᠢ ᠵᠠᠰᠠᠨ᠎ᠠ ᠬᠡᠵᠤ ᠰᠠᠭᠠᠭᠰᠠᠨ ᠳᠠᠷᠤᠢ ᠳᠤ ᠨᠢ ᠬᠠᠯᠠᠭᠤᠨ ᠢᠶᠠᠷ ᠨᠢ ᠤᠤᠭᠤᠳᠠᠭ᠃ ᠡᠬᠦᠨ ᠳᠤ᠂ ᠰᠢᠨ᠎ᠠ ᠰᠠᠭᠠᠭᠰᠠᠨ ᠦᠨᠢᠶᠡᠨ ᠰᠦ  ᠨᠢ ᠪᠡᠶ᠎ᠠ ᠮᠠᠬᠠᠪᠤᠳ ᠢ ᠴᠢᠬᠢᠷᠠᠭᠵᠢᠭᠤᠯᠵᠤ᠂ ᠤᠶᠤᠨ ᠤᠬᠠᠭᠠᠨ ᠢ ᠰᠠᠷᠠᠭᠤᠯᠵᠢᠭᠤᠯᠵᠤ᠂ ᠦᠷᠪᠢᠰᠤᠯ ᠢ ᠳᠠᠷᠤᠵᠤ ᠠᠯᠵᠢᠶᠠᠯ ᠢ ᠳᠠᠶᠢᠯᠤᠨ᠂ ᠮᠠᠷᠳᠠᠮᠠᠳᠠᠭᠠᠢ ᠶᠢ ᠵᠠᠰᠠᠨ᠎ᠠ᠃ ᠰᠦ ᠨᠢ ᠷᠠᠰᠢᠶᠠᠨ ᠠᠳᠠᠯᠢ᠂ ᠬᠦᠮᠤᠨ ᠤ ᠪᠡᠶ᠎ᠠ ᠳᠤ ᠶᠠᠮᠠᠷ ᠴᠤ ᠬᠠᠷᠰᠢ ᠪᠤᠯᠬᠤ ᠦᠬᠡᠢ ᠮᠦᠷᠳᠡᠬᠡᠨ ᠳᠡᠵᠢᠬᠡᠯ ᠤᠨ ᠤᠢᠢᠯᠡᠳᠤᠯ ᠲᠠᠢ ᠬᠡᠵᠤ ᠪᠤᠭᠤᠷᠤᠯᠴᠤᠳ ᠶᠠᠷᠢᠵᠤ᠂ ᠦᠷ᠎ᠡ ᠬᠡᠤᠬᠡᠳ ᠢᠶᠠᠨ ᠦᠨᠢᠶᠡᠨ ᠵᠠᠯ᠎ᠠ ᠳᠡᠬᠡᠷ᠎ᠠ ᠠᠪᠠᠴᠢᠵᠤ᠂ ᠰᠠᠶ᠋ᠢ ᠰᠠᠭᠠᠭᠰᠠᠨ ᠬᠠᠯᠠᠭᠤᠨ ᠰᠦ ᠤᠤᠭᠤᠯᠭᠠᠳᠠᠭ᠃ ᠬᠠᠷᠢᠨ ᠬᠤᠨᠢ ᠢᠮᠠᠭ᠎ᠠ᠂ ᠢᠩᠬᠡᠨ ᠰᠦ ᠶᠢ ᠳᠦᠬᠦᠬᠡᠢ ᠪᠠᠷ ᠤᠤᠭᠤᠳᠠᠭ ᠦᠬᠡᠢ ᠪᠤᠴᠠᠯᠭᠠᠵᠤ ᠤᠤᠭᠤᠳᠠᠭ ᠪᠢᠯᠠ᠃ ᠪᠠᠰᠠ ᠦᠨᠢᠶ᠎ᠠ ᠢᠮᠠᠭ᠎ᠠ ᠶᠢᠨ ᠰᠦ ᠨᠢ ᠰᠡᠷᠢᠬᠦᠨ ᠴᠢᠨᠠᠷ ᠲᠠᠢ᠂ ᠬᠤᠨᠢᠨ ᠰᠦ ᠬᠠᠯᠠᠭᠤᠨ ᠴᠢᠨᠠᠷ ᠲᠠᠢ᠂ ᠢᠩᠬᠡᠨ ᠰᠦ ᠪᠦᠯᠢᠶᠡᠨ ᠴᠢᠨᠠᠷ ᠲᠠᠢ ᠬᠡᠵᠤ ᠦᠪᠡᠷ ᠦᠪᠡᠷ ᠤᠨ ᠡᠷᠡᠬᠦᠯ ᠮᠡᠨᠳᠤ ᠶᠢᠨ ᠪᠠᠶᠢᠳᠠᠯ ᠳᠤ ᠪᠠᠨ ᠵᠤᠬᠢᠴᠠᠭᠤᠯᠤᠨ ᠤᠤᠭᠤᠳᠠᠭ ᠴᠤ ᠪᠤᠢ᠃   ᠰᠦ ᠪᠤᠯ ᠠᠮᠢᠳᠤᠷᠠᠯ ᠢ ᠳᠡᠳᠬᠦᠭᠴᠢ ᠰᠢᠮᠡᠳᠤ ᠪᠤᠳᠠᠰ ᠢᠶᠠᠷ ᠳᠡᠬᠦᠰ ᠪᠦᠳᠤᠬᠡᠭᠳᠡᠬᠦᠨ ᠶᠤᠮ᠃ ᠰᠦᠨ ᠤ ᠨᠠᠶᠢᠷᠠᠯᠭ᠎ᠠ ᠳᠤ ᠵᠠᠭᠤ ᠭᠠᠷᠤᠢ ᠳᠦᠷᠤᠯ ᠤᠨ ᠪᠤᠳᠠᠰ ᠪᠠᠶᠢᠵᠤ᠂ ᠳᠡᠬᠦᠨ ᠤ ᠳᠤᠳᠤᠷ᠎ᠠ ᠬᠤᠷᠢᠨ ᠵᠦᠢᠯ ᠤᠨ ᠰᠢᠪᠳᠤᠷᠳᠤ ᠬᠦᠴᠢᠯ᠂ ᠬᠤᠷᠢᠨ ᠳᠠᠪᠤᠨ ᠵᠦᠢᠯ ᠤᠨ ᠳᠤᠰᠤᠨ ᠤ ᠬᠦᠴᠢᠯ᠂ ᠭᠤᠴᠢ ᠤᠷᠴᠢᠮ ᠤᠨ ᠡᠷᠤᠳᠡᠰᠤ ᠶᠢᠨ ᠳᠠᠪᠤᠰᠤ ᠂ ᠬᠤᠷᠢ ᠭᠠᠷᠤᠢ ᠵᠦᠢᠯ ᠤᠨ ᠸᠢᠲ᠋ᠠᠮᠢᠨ᠂ ᠳᠦᠷᠪᠠᠨ ᠵᠦᠢᠯ ᠤᠨ ᠰᠦᠨ ᠤ ᠰᠢᠬᠢᠷ᠂ ᠶᠠᠩᠵᠤ ᠪᠦᠷᠢ   ᠶᠢᠨ ᠢᠰᠬᠡᠬᠦᠷ᠂ ᠳᠠᠭᠠᠪᠤᠷᠢ᠂ ᠢᠳᠡᠪᠬᠢᠵᠢᠬᠦᠯᠦᠭᠴᠢ ᠪᠤᠳᠠᠰ ᠪᠠᠶᠢᠳᠠᠭ ᠪᠠᠶᠢᠨ᠎ᠠ᠃   ᠪᠠᠶᠢᠭᠠᠯᠢ ᠳᠡᠬᠡᠷ᠎ᠠ ᠰᠦ ᠲᠠᠢ ᠠᠳᠠᠯᠢ ᠡᠶᠢᠮᠤ ᠤᠯᠠᠨ ᠵᠦᠢᠯ ᠤᠨ ᠰᠢᠮ᠎ᠠ ᠳᠡᠵᠢᠬᠡᠯᠳᠤ ᠪᠤᠳᠠᠰ ᠢ ᠬᠠᠮᠳᠤ ᠠᠭᠤᠯᠤᠭᠰᠠᠨ ᠬᠦᠨᠡᠰᠤᠨ ᠤ ᠪᠦᠳᠤᠬᠡᠭᠳᠡᠬᠦᠨ ᠪᠠᠶᠢᠬᠤ ᠦᠬᠡᠢ ᠶᠤᠮ᠃ ᠡᠶᠢᠮᠤ ᠠᠴᠠ ᠰᠦ ᠨᠢ ᠨᠢᠯᠬ᠎ᠠ ᠠᠮᠢᠳᠠᠨ  ᠤ ᠪᠡᠶ᠎ᠠ ᠮᠠᠬᠠᠪᠤᠳ ᠲᠤ ᠶᠠᠭᠤ ᠪᠠᠷ ᠴᠤ ᠰᠤᠯᠢᠰᠢ ᠦᠬᠡᠢ ᠳᠡᠵᠢᠬᠡᠯ ᠪᠤᠯᠳᠠᠭ᠃ ᠡᠨᠡ ᠴᠢᠨᠠᠷ ᠢᠶᠠᠷ ᠢᠶᠠᠨ ᠰᠦ ᠬᠦᠨᠡᠰᠤᠨ ᠤ ᠶᠠᠮᠠᠷ ᠴᠤ ᠪᠦᠳᠤᠬᠡᠭᠳᠡᠬᠦᠨ ᠢ ᠤᠷᠤᠯᠠᠵᠤ ᠴᠢᠳᠠᠬᠤ ᠪᠦᠬᠡᠳ ᠬᠠᠷᠢᠨ ᠳᠡᠬᠦᠨ ᠢ ᠳᠦᠯᠤᠬᠡᠯᠡᠬᠦ ᠪᠦᠷᠢᠨ ᠨᠠᠶᠢᠷᠠᠯᠭᠠᠳᠤ ᠪᠦᠳᠤᠬᠡᠭᠳᠡᠬᠦᠨ ᠬᠠᠷᠠᠬᠠᠨ ᠤᠯᠳᠠᠭᠠᠳᠤᠢ ᠪᠠᠶᠢᠨ᠎ᠠ᠃ ᠳᠤᠭᠠᠴᠠᠯᠠᠨ ᠪᠤᠳᠤᠵᠤ ᠦᠵᠡᠪᠡᠯ 500 ᠭᠷᠡᠮ ᠰᠦᠨ ᠳᠤ ᠳᠤᠮᠳᠠᠴᠢ ᠪᠠᠷ ᠤᠭᠤᠷᠠᠭ 17.5 ᠭᠷᠡᠮ᠂ ᠳᠤᠰᠤ 20 ᠭᠷᠡᠮ᠂ ᠨᠡᠬᠦᠷᠡᠰᠤ ᠤᠰᠤ 23 ᠭᠷᠡᠮ᠂ ᠺᠠᠯᠼ 550 ~ 600 ᠮᠢᠯᠢᠭᠷᠡᠮ ᠂ ᠹᠤᠰᠹᠤᠷ 1000 ᠮᠢᠯᠢᠭᠷᠡᠮ᠂ ᠺᠠᠯᠢ 600 ~ 750 ᠮᠢᠯᠢᠭᠷᠡᠮ᠂ ᠮᠠᠭᠨᠢ 50 ~ 100 ᠮᠢᠯᠢᠭᠷᠡᠮ᠂ ᠸᠢᠲ᠋ᠠᠮᠢᠨ D ᠊᠊᠊᠊ 100IU ︵ IU ᠊᠊᠊᠊᠊ ᠤᠯᠠᠨ ᠤᠯᠤᠰ ᠤᠨ ᠨᠢᠬᠡᠴᠢ᠂ 10000IU  ᠳᠤ 0.25 ᠮᠢᠯᠢᠭᠷᠡᠮ ᠴᠡᠪᠡᠷ ᠸᠢᠲ᠋ᠠᠮᠢᠨD ᠪᠠᠶᠢᠨ᠎ᠠ ︶᠂ ᠸᠢᠲ᠋ᠠᠮᠢᠨ B2 ᠊᠊᠊᠊᠊ 0.75 ᠮᠢᠯᠢᠭᠷᠡᠮ ᠳᠤᠰ ᠳᠤᠰ ᠪᠠᠶᠢᠳᠠᠭ ᠪᠠᠶᠢᠨ᠎ᠠ᠃ ᠡᠳᠤᠷ ᠲᠤ 500 ᠭᠷᠡᠮ ᠰᠦ ᠬᠡᠷᠡᠭᠯᠡᠬᠦ  ᠳᠤ ᠨᠠᠰᠤᠨ ᠳᠤ ᠬᠦᠷᠦᠭᠰᠡᠳ ᠠᠮᠢᠳᠠᠨ ᠤ ᠭᠠᠷᠤᠯ ᠲᠠᠢ ᠤᠭᠤᠷᠠᠭ ᠤᠨ ᠬᠤᠨᠤᠭ ᠤᠨ ᠬᠡᠷᠡᠭᠴᠡᠬᠡᠨ ᠤ 35%᠂ ᠳᠡᠬᠦᠨ ᠤ ᠳᠤᠳᠤᠷ᠎ᠠ ᠯᠠᠶᠢᠰᠢᠨ ᠰᠢᠪᠳᠤᠷᠳᠤ ᠬᠦᠴᠢᠯ ᠤᠨ 34.8%᠂ ᠤᠭᠤᠷᠠᠭ ᠤᠨ ᠰᠢᠪᠳᠤᠷᠳᠤ ᠬᠦᠴᠢᠯ  ᠤᠨ 14%᠂ ᠦᠩᠬᠡ  ᠶᠢᠨ ᠰᠢᠪᠳᠤᠷᠳᠤ ᠬᠦᠴᠢᠯ ᠤᠨ 24.5%᠂ ᠨᠡᠬᠦᠷᠡᠰᠤ ᠤᠰᠤ ᠶᠢᠨ 5.1%᠂ ᠳᠤᠰᠤ ᠶᠢᠨ 22.2%᠂ ᠡᠷᠤᠳᠡᠰᠤ ᠪᠤᠳᠠᠰ ᠊᠊᠊᠊᠊ ᠹᠤᠰᠹᠤᠷ ᠤᠨ 100%᠂ ᠺᠠᠯᠼ ᠤᠨ 69% ~ 75%᠂ ᠺᠠᠯᠢ ᠶᠢᠨ 24% ~ 30%᠂ ᠮᠠᠭᠨᠢ ᠶᠢᠨ 16.5% ~ 33%᠂ ᠸᠢᠲ᠋ᠠᠮᠢᠨD ᠶᠢᠨ 30%᠂ ᠸᠢᠲ᠋ᠠᠮᠢᠨB2 ᠤᠨ 33.2%᠂ ᠸᠢᠲ᠋ᠠᠮᠢᠨA ᠶᠢᠨ 11% ᠶᠢ ᠳᠤᠰ ᠳᠤᠰ ᠬᠠᠩᠭᠠᠵᠤ ᠴᠢᠳᠠᠬᠤ ᠶᠤᠮ᠃ ᠰᠦ ᠪᠡᠶ᠎ᠠ ᠮᠠᠬᠠᠪᠤᠳ ᠲᠤ ᠠᠮᠠᠷᠬᠠᠨ ᠪᠤᠯᠪᠠᠰᠤᠷᠠᠵᠤ᠂ ᠪᠠᠷᠤᠭ ᠪᠦᠷᠢᠨ ᠰᠢᠩᠬᠡᠳᠡᠭ ᠳᠡᠳᠤᠢ ᠦᠬᠡᠢ ᠪᠠᠰᠠ ᠪᠤᠰᠤᠳ ᠳᠡᠵᠢᠬᠡᠯ ᠤᠨ ᠰᠢᠩᠬᠡᠴᠠ ᠶᠢ ᠰᠠᠶᠢᠵᠢᠷᠠᠭᠤᠯᠳᠠᠭ ᠤᠨᠴᠠᠯᠢᠭ ᠲᠠᠢ ᠶᠤᠮ᠃ ᠰᠦᠨ ᠤ ᠰᠢᠩᠬᠡᠵᠤ ᠪᠤᠯᠪᠠᠰᠤᠷᠠᠬᠤ  ᠳᠤ ᠬᠤᠳᠤᠭᠤᠳᠤᠨ  ᠤ ᠰᠢᠬᠦᠰᠤ ᠬᠠᠮᠤᠭ ᠤᠨ ᠪᠠᠭ᠎ᠠ ᠬᠡᠮᠵᠢᠶ᠎ᠠ ᠪᠠᠷ ᠱᠠᠭᠠᠷᠳᠠᠭᠳᠠᠳᠠᠭ ᠪᠠᠶᠢᠨ᠎ᠠ᠃ ᠶᠡᠭᠡ ᠡᠷᠳᠡᠮᠳᠡᠨ ᠢ᠊ · ᠫ᠊ · ᠫᠠᠸ᠋ᠯᠤᠤ ᠬᠦᠮᠤᠨ᠂ ᠮᠠᠯ ᠤᠨ ᠪᠡᠶ᠎ᠠ ᠮᠠᠬᠠᠪᠤᠳ ᠲᠤ ᠶᠠᠩᠵᠤ ᠪᠦᠷᠢ ᠶᠢᠨ ᠬᠤᠭᠤᠯᠠ ᠳᠡᠵᠢᠬᠡᠯ ᠤᠨ ᠦᠵᠡᠬᠦᠯᠬᠦ ᠨᠦᠯᠤᠬᠡ ᠶᠢ ᠬᠠᠷᠢᠴᠠᠭᠤᠯᠤᠨ ᠰᠤᠳᠤᠯᠵᠤ᠂ ᠰᠦ ᠪᠤᠯ ︽ᠪᠠᠶᠢᠭᠠᠯᠢ ᠠᠴᠠ ᠵᠠᠶᠠᠭᠠᠭᠰᠠᠨ ᠭᠠᠶᠢᠬᠠᠮᠰᠢᠭᠳᠠᠢ ᠳᠡᠵᠢᠬᠡᠯ︾ ᠬᠡᠵᠤ ᠨᠡᠷᠡᠯᠡᠵᠠᠢ᠃  ᠰᠦ᠂ ᠰᠢᠮ᠎ᠠ ᠳᠡᠵᠢᠬᠡᠯ ᠶᠡᠬᠡᠳᠡᠢ ᠠᠴᠠ ᠭᠠᠳᠠᠨ᠎ᠠ ᠡᠮᠴᠢᠯᠡᠭᠡ ᠰᠤᠪᠢᠯᠠᠯᠭ᠎ᠠ   ᠶᠢᠨ ᠴᠢᠨᠠᠷᠳᠠᠢ ᠶᠤᠮ᠃ ᠠᠭᠤᠰᠬᠢᠨ ᠤ ᠰᠦᠷᠢᠶ᠎ᠠ᠂ ᠡᠯᠳᠡᠪ ᠬᠤᠤᠷᠳᠠᠯᠭ᠎ᠠ᠂ ᠴᠢᠰᠤ ᠂ ᠬᠤᠳᠤᠭᠤᠳᠤᠨ ᠤ ᠰᠢᠬᠦᠰᠤ ᠪᠠᠭᠠᠳᠠᠯᠳᠠ ᠪᠤᠯᠤᠨ ᠬᠡᠳᠡᠰᠤ ᠬᠤᠳᠤᠭᠤᠳᠤ ᠂ ᠡᠯᠢᠬᠡ ᠂ ᠵᠢᠷᠤᠬᠡ ᠂ ᠰᠤᠳᠠᠰᠤᠨ  ᠤ ᠡᠪᠡᠳᠴᠢᠨ ᠨᠦᠭᠦᠳ ᠢ ᠡᠮᠴᠢᠯᠡᠬᠦ ᠳᠤ ᠰᠦ  ᠶᠢ ᠡᠷᠳᠠ ᠳᠡᠬᠡᠳᠤ ᠦᠶ᠎ᠠ ᠠᠴᠠ ᠬᠡᠷᠡᠭᠯᠡᠵᠤ ᠢᠷᠡᠭᠰᠡᠨ ᠪᠠᠶᠢᠨ᠎ᠠ᠃     ᠬᠤᠶᠠᠷ ᠂ ᠤᠭᠤᠷᠠᠭ   ᠰᠠᠶ᠋ᠢ ᠳᠦᠯᠯᠡᠭᠰᠡᠨ ᠮᠠᠯ ᠤᠨ ᠰᠦ ᠰᠢᠷᠠᠪᠳᠤᠷ ᠦᠩᠬᠡ ᠲᠠᠢ ᠪᠦᠬᠡᠳ ᠳᠤᠩ ᠦᠳᠬᠡᠨ ᠪᠠᠶᠢᠳᠠᠭ᠃ ᠡᠬᠦᠨ ᠢ ᠤᠭᠤᠷᠠᠭ ᠬᠡᠳᠡᠭ ᠃ ᠤᠭᠤᠷᠠᠭ ᠢ ᠪᠠᠰᠠ ᠯᠠᠭ ᠤᠭᠤᠷᠠᠭ᠂ ᠬᠡᠯᠡᠬᠡᠢ ᠤᠭᠤᠷᠠᠭ ᠬᠡᠵᠤ ᠢᠯᠭᠠᠳᠠᠭ᠃ 1 ~ 3 ᠡᠳᠤᠷ ᠤᠨ ᠳᠤᠳᠤᠷᠠᠬᠢ ᠤᠭᠤᠷᠠᠭ ᠢ ᠯᠠᠭ ᠤᠭᠤᠷᠠᠭ ᠬᠡᠵᠤ ᠂ 4 ~ 5 ᠡᠳᠤᠷ ᠤᠨ ᠬᠢ ᠶᠢ ᠬᠡᠯᠡᠬᠡᠢ ᠤᠭᠤᠷᠠᠭ ᠬᠡᠳᠡᠭ᠃   ᠤᠭᠤᠷᠠᠭ ᠨᠢ ᠦᠳᠬᠡᠨ ᠪᠦᠬᠡᠳ ᠳᠤᠰᠤᠯᠢᠬ᠂ ᠰᠢᠮ᠎ᠡ ᠳᠡᠵᠢᠬᠡᠯ ᠳᠡᠬᠦᠯᠳᠡᠷ ᠪᠤᠯᠬᠤᠷ᠂ ᠬᠤᠨᠢ᠂ ᠢᠮᠠᠭ᠎ᠠ᠂ ᠦᠨᠢᠶ᠎ᠠ᠂ ᠢᠩᠬᠡ ᠶᠢᠨ ᠤᠭᠤᠷᠠᠭ ᠢ ᠰᠠᠭᠠᠭᠰᠠᠨ ᠤ ᠳᠠᠷᠠᠭ᠎ᠠ᠂ ᠰᠠᠪᠠᠨ ᠳᠤ ᠬᠢᠵᠤ᠂ ᠳᠤᠭᠤᠭ᠎ᠠ ᠲᠠᠢ ᠤᠰᠤᠨ ᠳᠤ ᠰᠠᠭᠤᠯᠭᠠᠵᠤ ᠪᠤᠴᠠᠯᠭᠠᠬᠤ ᠪᠤᠶᠤ ᠰᠠᠪᠠ ᠲᠠᠢ ᠤᠭᠤᠷᠠᠭ ᠢᠶᠠᠨ ᠵᠢᠩᠨᠡᠵᠤ ᠪᠤᠯᠪᠠᠰᠤᠷᠠᠭᠤᠯᠬᠤ ᠶᠢ ᠤᠭᠤᠷᠠᠭ ᠬᠦᠰᠢᠬᠡᠬᠦ ᠪᠤᠶᠤ ᠤᠭᠤᠷᠠᠭ ᠪᠦᠰᠬᠡᠬᠦ ᠬᠡᠳᠡᠭ᠃ ᠤᠭᠤᠷᠠᠭ ᠨᠢ ᠪᠡᠯᠴᠢᠷ ᠬᠡᠤᠬᠡᠳ ᠲᠤ ᠰᠢᠮ᠎ᠠ ᠳᠡᠵᠢᠬᠡᠯ ᠨᠦᠬᠦᠬᠦ᠂ ᠨᠠᠰᠤᠳᠠᠶᠢᠴᠤᠳ ᠤᠨ ᠳᠠᠮᠢᠷ ᠳᠡᠩᠬᠡᠬᠡ ᠶᠢ ᠰᠠᠶᠢᠵᠢᠷᠠᠭᠤᠯᠬᠤ ᠳᠤ ᠳᠤᠰᠠᠳᠠᠢ ᠪᠤᠯᠬᠤᠷ᠂ ᠰᠢᠨ᠎ᠠ ᠰᠠᠭᠠᠭᠰᠠᠨ ᠤᠭᠤᠷᠠᠭ ᠢ ᠤᠤᠭᠤᠯᠭᠠᠬᠤ ᠪᠤᠶᠤ ᠤᠭᠤᠷᠠᠭ ᠬᠦᠰᠢᠬᠡᠵᠤ ᠦᠭᠳᠡᠭ᠃    ᠭᠤᠷᠪᠠ ᠂ ᠨᠤᠤᠭ   ᠰᠠᠭᠠᠭᠰᠠᠨ ᠰᠦ ᠪᠠᠨ ᠱᠦᠬᠦᠵᠤ ᠴᠡᠪᠡᠷᠯᠡᠬᠡᠳ ᠰᠠᠪᠠᠨ ᠳᠤ ᠬᠢᠭᠰᠡᠨ ᠤ ᠳᠠᠷᠠᠭ᠎ᠠ᠂ 3 ~ 8 ᠴᠠᠭ ᠤᠨ ᠬᠤᠭᠤᠷᠤᠨᠳᠤ ᠰᠦᠨ ᠤ ᠳᠡᠬᠡᠬᠦᠷ ᠰᠠᠪᠬᠠᠨ ᠤ ᠬᠢᠷᠢ ᠵᠤᠵᠠᠭᠠᠨ ᠳᠤᠰᠤᠯᠢᠬ ᠳᠠᠪᠬᠤᠷᠭ᠎ᠠ ᠰᠠᠭᠤᠳᠠᠭ ᠢ ᠰᠦᠨ ᠤ ᠨᠤᠤᠭ ᠪᠤᠶᠤ ᠰᠦᠨ ᠤ ᠨᠤᠤᠯᠤᠭᠤᠷ ᠬᠡᠳᠡᠭ᠃ ᠬᠤᠨᠢᠨ ᠤ ᠰᠦᠨ ᠤ ᠨᠤᠤᠭ ᠨᠢ ᠨᠢᠮᠬᠡᠨ ᠰᠠᠭᠤᠵᠤ᠂ ᠦᠨᠢᠶ᠎ᠠ᠂ ᠢᠮᠠᠭᠠᠨ ᠰᠦᠨ ᠤ ᠨᠤᠤᠭ ᠨᠢ ᠨᠡᠯᠢᠶᠡᠳ ᠵᠤᠵᠠᠭᠠᠪᠳᠤᠷ ᠰᠠᠭᠤᠳᠠᠭ᠃ ᠨᠤᠤᠭ   ᠢᠶᠠᠷ ᠴᠠᠢ ᠰᠦᠯᠡᠬᠦ᠂ ᠪᠤᠭᠤᠷᠰᠤᠭ ᠬᠠᠭᠠᠷᠢᠬᠤ  ᠳᠤ ᠠᠮᠳᠠᠯᠢᠬ ᠪᠦᠬᠡᠳ ᠵᠦᠬᠡᠯᠠᠨ᠂ ᠵᠦᠬᠡᠬᠡᠢ ᠶᠢ ᠪᠤᠳᠤᠪᠠᠯ ᠳᠡᠳᠤᠢ ᠬᠤᠷᠴᠠᠯᠢᠬ ᠳᠤᠰᠤ ᠲᠠᠢ ᠪᠢᠰᠢ᠂ ᠠᠮᠳᠠ ᠰᠠᠶᠢᠳᠠᠢ᠂ ᠰᠢᠮ᠎ᠡ ᠳᠡᠵᠢᠬᠡᠯ ᠳᠡᠬᠦᠯᠳᠡᠷ ᠪᠠᠶᠢᠳᠠᠭ᠃     ᠳᠦᠷᠪᠠ ᠂ ᠬᠢᠷᠠᠮ᠎ᠠ   ᠬᠢᠷᠠᠮ᠎ᠠ ᠪᠤᠯ ᠦᠨᠢᠶᠠᠨ ᠰᠦ ᠶᠢ ᠪᠤᠴᠠᠯᠭᠠᠵᠤ᠂ ᠪᠤᠴᠠᠯᠤᠮᠠᠭᠴᠠ ᠪᠠᠭ᠎ᠠ ᠬᠡᠮᠵᠢᠶᠡᠨ ᠤ ᠰᠢᠷ᠎ᠠ ᠳᠤᠰᠤ᠂ ᠬᠠᠭᠤᠷᠤᠭᠰᠠᠨ ᠪᠤᠳᠠᠭ᠎ᠠ ᠰᠠᠮᠤᠷᠤᠭᠰᠠᠨ ᠰᠦᠨ ᠤᠮᠳᠠᠭᠠᠨ ᠪᠤᠯᠤᠨ᠎ᠠ᠃ ᠬᠢᠷᠠᠮ᠎ᠠ ᠰᠢᠮ᠎ᠡ ᠳᠡᠵᠢᠬᠡᠯ ᠲᠠᠢ ᠪᠦᠬᠡᠳ ᠬᠡᠢ ᠡᠪᠡᠳᠴᠢᠨ ᠢ ᠵᠠᠰᠠᠵᠤ ᠂ ᠪᠡᠶ᠎ᠠ ᠶᠢ ᠳᠡᠭᠰᠢᠷᠡᠬᠦᠯᠤᠨ᠂ ᠨᠦᠢᠷ᠂ ᠬᠤᠭᠤᠯᠠ ᠶᠢ ᠨᠡᠮᠡᠭᠳᠡᠬᠦᠯᠳᠡᠭ ᠪᠤᠯᠬᠤᠷ᠂ ᠬᠠᠪᠤᠷ  ᠤᠨ ᠤᠯᠠᠷᠢᠯ ᠳᠤ ᠨᠠᠰᠤᠳᠠᠶᠢᠴᠤᠳ ᠤᠤᠭᠤᠬᠤ  ᠳᠤ ᠳᠤᠬᠢᠷᠠᠮᠵᠢᠳᠠᠢ ᠪᠠᠶᠢᠳᠠᠭ᠃     ᠳᠠᠪᠤ ᠂ ᠪᠤᠯᠭᠤᠭᠰᠠᠨ ᠰᠦ   ᠪᠤᠯᠭᠤᠭᠰᠠᠨ ᠰᠦ ᠪᠤᠯ ᠦᠨᠢᠶ᠎ᠠ᠂ ᠬᠤᠨᠢ᠂ ᠢᠮᠠᠭᠠᠨ ᠰᠦ ᠪᠠᠷ ᠦᠷᠤᠮ᠎ᠠ ᠬᠦᠬᠡᠷᠤᠬᠦᠯᠦᠭᠰᠡᠨ ᠰᠦ ᠶᠢ ᠬᠡᠯᠡᠳᠡᠭ᠃ ᠪᠤᠯᠭᠤᠭᠰᠠᠨ ᠰᠦᠨ ᠤ ᠦᠩᠬᠡ ᠰᠢᠷᠠᠪᠳᠤᠷ ᠪᠠᠶᠢᠳᠠᠭ᠃ ᠳᠤᠰᠤᠯᠢᠬ ᠪᠦᠬᠡᠳ ᠠᠮᠳᠠᠳᠠᠢ ᠪᠤᠯᠬᠤᠷ᠂ ᠤᠮᠳᠠᠭᠠᠨ ᠪᠤᠯᠭᠠᠵᠤ ᠰᠢᠭᠤᠳ ᠤᠤᠭᠤᠬᠤ᠂ ᠬᠤᠭᠤᠷᠮᠠᠭ ᠲᠠᠢ ᠬᠤᠯᠢᠵᠤ ᠤᠤᠭᠤᠬᠤ ᠪᠤᠶᠤ ᠴᠠᠢ ᠰᠦᠯᠡᠬᠦ᠂ ᠪᠢᠰᠢᠯᠠᠭ ᠬᠢᠬᠦ ᠳᠤ ᠬᠡᠷᠡᠭᠯᠡᠳᠡᠭ᠃     ᠵᠢᠷᠭᠤᠭ᠎ᠠ ᠂ ᠡᠬᠡᠳᠡᠭᠰᠡᠨ ᠰᠦ   ᠦᠨᠢᠶᠠᠨ ᠰᠦ ᠶᠢ ᠴᠡᠪᠡᠷ ᠸᠠᠭᠠᠷ ᠰᠠᠪᠠᠨ ᠳᠤ ᠬᠢᠵᠤ ᠰᠡᠷᠢᠬᠦᠨ ᠭᠠᠵᠠᠷ ᠲᠤ 5 ~ 8 ᠴᠠᠭ ᠳᠠᠯᠪᠢᠪᠠᠯ ᠢᠰᠤᠯᠳᠤᠨ ᠡᠬᠡᠳᠡᠳᠡᠭ᠃ ᠡᠬᠡᠳᠡᠭᠰᠡᠨ ᠰᠦ ᠶᠢ ᠰᠢᠷ᠎ᠠ ᠤᠰᠤᠯᠠᠵᠤ ᠬᠦᠰᠢᠬᠦ ᠠᠴᠠ ᠨᠢ ᠡᠮᠤᠨ᠎ᠠ ᠤᠤᠭᠤᠪᠠᠯ ᠪᠠᠭᠠᠬᠠᠨ ᠬᠦᠴᠢᠯᠯᠢᠭ ᠠᠮᠳᠠ ᠤᠷᠤᠵᠤ᠂ ᠠᠷᠢᠬᠢᠨ  ᠤ ᠬᠤᠤᠷ  ᠢ ᠳᠠᠶᠢᠯᠬᠤ᠂ ᠶᠠᠳᠠᠷᠠᠭ᠎ᠠ ᠶᠢ ᠠᠯᠳᠠᠷᠠᠭᠠᠵᠤ᠂ ᠤᠮᠳᠠ ᠶᠢ ᠳᠠᠷᠤᠬᠤ ᠤᠢᠢᠯᠡᠳᠤᠯ ᠲᠠᠢ᠃ ᠨᠠᠩ ᠴᠤ ᠨᠠᠮᠤᠷ ᠤᠨ ᠰᠡᠷᠢᠬᠦᠤ ᠤᠷᠤᠭᠰᠠᠨ ᠤ ᠳᠠᠷᠠᠭᠠᠬᠢ ᠡᠬᠡᠳᠡᠭᠰᠡᠨ ᠰᠦ ᠨᠢ ᠳᠠᠶᠢᠮᠤ ᠬᠤᠷᠳᠤᠨ ᠰᠢᠷ᠎ᠠ ᠤᠰᠤᠯᠠᠬᠤ ᠦᠬᠡᠢ ᠪᠠᠶᠢᠵᠤ᠂ ᠤᠤᠭᠤᠬᠤ ᠳᠤ ᠬᠦᠴᠢᠯᠯᠢᠭ ᠮᠦᠷᠳᠡᠬᠡᠨ ᠠᠮᠳᠠᠯᠢᠬ ᠪᠠᠶᠢᠵᠤ᠂ ᠰᠢᠩᠬᠡᠬᠡᠯᠳᠠ ᠳᠤ ᠳᠤᠰᠠᠳᠠᠢ᠂ ᠳᠤᠳᠤᠷ᠎ᠠ ᠳᠤᠩᠭᠠᠯᠠᠭ ᠪᠤᠯᠳᠠᠭ᠃     ᠳᠤᠯᠤᠭ᠎ᠠ ᠂ ᠰᠢᠩᠬᠡ   ᠵᠦᠬᠡᠬᠡᠢ ᠪᠠᠨ ᠬᠠᠮᠤᠵᠤ ᠠᠪᠤᠭᠰᠠᠨ ᠤ ᠳᠠᠷᠠᠭᠠᠬᠢ ᠦᠯᠡᠳᠡᠭᠰᠡᠨ ᠵᠦᠭᠡᠭᠡᠶᠢᠯᠢᠭ ᠰᠢᠩᠬᠡᠨ ᠢ ᠰᠢᠩᠬᠡ ᠬᠡᠨ᠎ᠠ᠃ ᠰᠢᠩᠬᠡ ᠶᠢ ᠰᠢᠭᠤᠳ ᠤᠤᠭᠤᠬᠤ ᠪᠤᠶᠤ ᠪᠤᠳᠠᠭ᠎ᠠ ᠱᠦᠯᠤᠨ ᠳᠤ ᠬᠤᠯᠢᠵᠤ ᠢᠳᠡᠳᠡᠭ᠃ ᠰᠢᠩᠬᠡ ᠪᠤᠯ ᠰᠢᠮ᠎ᠠ ᠳᠡᠵᠢᠬᠡᠯ ᠳᠡᠬᠦᠯᠳᠡᠷ ᠰᠡᠷᠢᠬᠦᠨ ᠤᠮᠳᠠᠭᠠᠨ ᠶᠤᠮ᠃    ᠨᠠᠢᠮᠠ ᠂ ᠳᠠᠷᠠᠭ   ᠳᠠᠷᠠᠭ ᠨᠢ ᠢᠰᠬᠦᠯᠠᠩ ᠬᠦᠴᠢᠯᠯᠢᠭ ᠮᠦᠷᠳᠡᠬᠡᠨ ᠱᠦᠯᠳᠦᠯᠢᠭ ᠠᠮᠳᠠ ᠲᠠᠢ ᠪᠠᠶᠢᠳᠠᠭ᠃ ᠳᠡᠬᠦᠨ ᠢ ᠠᠶᠢᠷᠠᠭ ᠰᠢᠬ ᠪᠦᠯᠢᠬᠦ ᠦᠬᠡᠢ᠂ ᠬᠠᠷᠢᠨ ᠳᠤᠰᠬᠠᠢ ᠪᠡᠯᠡᠳᠬᠡᠭᠰᠡᠨ ᠬᠤᠳᠬᠤᠭᠤᠷ ᠮᠤᠳᠤ ᠪᠠᠷ ᠦᠷᠬᠦᠯᠵᠢ ᠬᠤᠳᠬᠤᠨ ᠬᠦᠳᠡᠯᠬᠡᠵᠤ᠂ ᠰᠦ ᠨᠡᠮᠡᠨ ᠢᠰᠬᠦᠯᠠᠩ ᠢ ᠨᠢ ᠪᠠᠳᠤᠯᠠᠵᠤ᠂ ᠬᠡᠳᠤᠷᠬᠡᠢ ᠬᠦᠴᠢᠯᠯᠢᠭ ᠪᠤᠯᠬᠤ ᠠᠴᠠ ᠰᠡᠷᠬᠡᠶᠢᠯᠡᠳᠡᠭ᠃ ᠰᠡᠷᠢᠬᠦᠨ ᠴᠠᠭ  ᠲᠤ ᠳᠠᠷᠠᠭ ᠢᠰᠬᠡᠬᠦ ᠰᠠᠪᠠ ᠪᠠᠨ ᠪᠦᠷᠢᠵᠤ ᠳᠤᠯᠠᠭᠠᠯᠠᠳᠠᠭ ᠪᠤᠯᠬᠤᠷ᠂ ᠳᠠᠷᠠᠭ ᠪᠦᠷᠢᠬᠦ ᠬᠡᠵᠤ ᠪᠠᠰᠠ ᠬᠡᠯᠡᠳᠡᠭ᠃ ᠳᠠᠷᠠᠭ ᠢ ᠡᠪᠤᠯ ᠬᠠᠪᠤᠷ ᠢᠰᠬᠡᠵᠤ ᠤᠤᠭᠤᠬᠤ ᠶᠢ ᠡᠷᠬᠢᠮᠯᠡᠬᠦ ᠪᠦᠬᠡᠳ ᠭᠤᠤᠯ ᠨᠢ ᠦᠨᠢᠶ᠎ᠠ᠂ ᠬᠤᠨᠢ᠂ ᠢᠮᠠᠭᠠᠨ ᠰᠦ  ᠪᠠᠷ ᠬᠢᠵᠤ᠂ ᠳᠤᠰ ᠳᠤᠰ ᠤᠨ ᠮᠠᠲ᠋ᠧᠷᠢᠶᠠᠯ ᠢ ᠨᠢ ᠦᠨᠳᠤᠰᠤᠯᠠᠨ ᠦᠬᠡᠷ ᠤᠨ ᠳᠠᠷᠠᠭ᠂ ᠬᠤᠨᠢᠨ ᠳᠠᠷᠠᠭ᠂ ᠢᠮᠠᠭᠠᠨ ᠳᠠᠷᠠᠭ ᠬᠡᠵᠤ ᠢᠯᠭᠠᠨ ᠨᠡᠷᠡᠯᠡᠳᠡᠭ᠃ ᠳᠠᠷᠠᠭ ᠤᠤᠭᠤᠬᠤ ᠨᠢ ᠰᠢᠩᠬᠡᠬᠡᠯᠳᠠ ᠶᠢ ᠰᠠᠶᠢᠵᠢᠷᠠᠭᠤᠯᠬᠤ᠂ ᠢᠳᠡᠬᠡᠨ ᠤ ᠳᠤᠷᠠᠰᠢᠯ ᠢ ᠨᠡᠮᠡᠭᠳᠡᠬᠦᠯᠬᠦ ᠪᠠ ᠢᠯᠠᠩᠭᠤᠶ᠎ᠠ ᠦᠬᠡᠬᠦ ᠳᠤᠰᠤ ᠡᠯᠪᠡᠭ ᠢᠳᠡᠳᠡᠭ ᠮᠠᠯᠴᠢᠳ ᠲᠤ ᠦᠬᠡᠬᠦ ᠳᠤᠰᠤᠨ  ᠤ ᠰᠢᠩᠬᠡᠬᠡᠯᠳᠠ ᠵᠠᠳᠠᠷᠠᠯᠳᠠ ᠶᠢ ᠳᠦᠷᠬᠡᠳᠬᠡᠳᠡᠭ᠃ ᠬᠠᠪᠤᠷ ᠳᠠᠷᠠᠭ ᠤᠤᠭᠤᠬᠤ ᠨᠢ ᠨᠠᠰᠤᠳᠠᠶᠢᠴᠤᠳ ᠤᠨ ︽ᠪᠠᠮ ᠡᠪᠡᠳᠴᠢᠨ︾ ᠢ ᠰᠡᠷᠬᠡᠶᠢᠯᠠᠨ ᠵᠠᠰᠠᠬᠤ ᠳᠤ ᠳᠤᠰᠠᠳᠠᠢ᠃ ᠳᠠᠷᠠᠭ  ᠢ ᠳᠠᠩ  ᠢᠶᠠᠷ ᠨᠢ ᠤᠤᠭᠤᠬᠤ ᠠᠴᠠ ᠭᠠᠳᠠᠨ᠎ᠠ᠂ ᠬᠤᠭᠤᠯᠠᠨ ᠳᠤ ᠬᠢᠵᠤ ᠠᠮᠳᠠ ᠤᠷᠤᠭᠤᠯᠬᠤ ᠪᠤᠶᠤ ᠮᠦᠨ ᠳᠠᠷᠠᠭ ᠢᠶᠠᠷ ᠠᠭᠠᠷᠤᠤᠯ ᠬᠢᠳᠡᠭ᠃    ᠶᠢᠰᠤ ᠂ ᠬᠤᠭᠤᠷᠮᠠᠭ   ᠬᠤᠭᠤᠷᠮᠠᠭ ᠨᠢ ᠳᠠᠷᠠᠭ᠂ ᠠᠶᠢᠷᠠᠭ ᠢ ᠪᠤᠳᠤᠪᠠᠯ ᠦᠳᠬᠡᠨ᠂ ᠢᠰᠬᠦᠯᠠᠩ ᠤᠨ ᠬᠡᠮᠵᠢᠶ᠎ᠠ ᠨᠢ ᠳᠠᠷᠠᠭ᠂ ᠠᠶᠢᠷᠠᠭ  ᠠᠴᠠ ᠳᠣᠣᠷ᠎ᠠ ᠪᠠᠶᠢᠳᠠᠭ ᠃ ᠳᠠᠷᠠᠭ᠂ ᠠᠶᠢᠷᠠᠭ ᠢ ᠢᠰᠬᠦᠯᠠᠩ ᠬᠡᠪ  ᠢᠶᠠᠷ ᠨᠢ ᠰᠢᠭᠤᠳ ᠤᠤᠭᠤᠳᠠᠭ᠃ ᠬᠤᠭᠤᠷᠮᠠᠭ ᠢ ᠵᠠᠪᠠᠯ ᠪᠤᠯᠭᠤᠭᠰᠠᠨ ᠰᠦ ᠬᠤᠯᠢᠵᠤ ᠤᠤᠭᠤᠳᠠᠭ᠃ ᠳᠠᠷᠠᠭ ᠢᠶᠠᠷ ᠠᠭᠠᠷᠤᠤᠯ ᠬᠢᠵᠤ᠂ ᠠᠶᠢᠷᠠᠭ  ᠢᠶᠠᠷ ᠠᠷᠢᠬᠢ ᠨᠠᠷᠠᠬᠦ ᠮᠡᠳᠤ ᠴᠠᠭᠠᠰᠢᠳᠠ ᠶᠢᠨ ᠪᠤᠯᠪᠠᠰᠤᠷᠠᠭᠤᠯᠤᠯᠳᠠ ᠳᠤ ᠤᠷᠤᠭᠤᠯᠵᠤ ᠪᠤᠯᠳᠠᠭ ᠪᠤᠯ ᠬᠤᠭᠤᠷᠮᠠᠭ  ᠢ ᠢᠩᠬᠢᠵᠤ ᠪᠤᠯᠬᠤ ᠦᠬᠡᠢ᠂ ᠵᠦᠪᠬᠡᠨ ᠤᠮᠳᠠᠭᠠᠨ ᠪᠤᠯᠭᠠᠵᠤ ᠠᠰᠢᠭᠯᠠᠳᠠᠭ ᠪᠠᠶᠢᠨ᠎ᠠ᠃ ᠬᠤᠭᠤᠷᠮᠠᠭ ᠢ ᠶᠠᠮᠠᠷ ᠮᠠᠯ ᠤᠨ ᠰᠦ ᠪᠠᠷ ᠬᠤᠭᠤᠷᠮᠠᠭᠯᠠᠵᠤ ᠪᠠᠶᠢᠭ᠎ᠠ ᠪᠠᠷ ᠨᠢ ᠦᠬᠡᠷ᠂ ᠬᠤᠨᠢ᠂ ᠢᠮᠠᠭ᠎ᠠ᠂ ᠳᠡᠮᠡᠬᠡᠨ ᠤ ᠬᠤᠭᠤᠷᠮᠠᠭ ᠬᠡᠵᠤ ᠢᠯᠭᠠᠨ ᠨᠡᠷᠡᠯᠡᠳᠡᠭ᠃     ᠠᠷᠪᠠ ᠂ ᠠᠶᠢᠷᠠᠭ   ᠠᠶᠢᠷᠠᠭ ᠪᠤᠯ ᠦᠨᠢᠶ᠎ᠠ᠂ ᠢᠩᠬᠡ᠂ ᠬᠤᠨᠢ᠂ ᠢᠮᠠᠭᠠᠨ ᠤ ᠰᠦ ᠶᠢ ᠢᠰᠬᠡᠵᠤ ᠬᠦᠷᠤᠩᠬᠡᠵᠢᠬᠦᠯᠦᠭᠰᠡᠨ ᠠᠷᠢᠬᠢ ᠨᠡᠷᠡᠬᠦ᠂ ᠠᠭᠠᠷᠤᠤᠯ ᠬᠢᠬᠦ ᠳᠤ ᠵᠤᠷᠢᠭᠤᠯᠤᠭᠰᠠᠨ ᠡᠬᠡ ᠬᠦᠷᠤᠩᠬᠡ ᠪᠤᠯᠬᠤ ᠶᠤᠮ᠃ ᠠᠶᠢᠷᠠᠭ ᠢ ᠠᠷᠢᠬᠢ ᠨᠡᠷᠡᠬᠦ ᠂ ᠠᠭᠠᠷᠤᠤᠯ ᠬᠢᠬᠦ ᠠᠴᠠ ᠭᠠᠳᠠᠨ᠎ᠠ᠂ ᠪᠠᠭ᠎ᠠ ᠬᠡᠮᠵᠢᠶ᠎ᠠ ᠪᠠᠷ ᠤᠤᠭᠤᠬᠤ ᠪᠤᠶᠤ ᠱᠦᠯᠤ᠂ ᠬᠤᠭᠤᠯᠠᠨ ᠳᠤ ᠬᠢᠵᠤ ᠠᠮᠳᠠ ᠤᠷᠤᠭᠤᠯᠳᠠᠭ᠃   ᠠᠶᠢᠷᠠᠭ ᠪᠤᠯ ᠬᠦᠴᠢᠯᠯᠢᠭ ᠠᠮᠳᠠᠳᠠᠢ᠂ ᠰᠡᠷᠢᠬᠦᠨ ᠰᠠᠶᠢᠬᠠᠨ ᠤᠮᠳᠠᠭᠠᠨ ᠪᠤᠯᠬᠤᠷ ᠡᠳᠤᠷ ᠤᠨ ᠬᠠᠯᠠᠭᠤᠨ ᠳᠤ ᠤᠰᠤ ᠲᠠᠢ ᠬᠤᠯᠢᠵᠤ ᠵᠢᠭᠠᠬᠠᠨ ᠴᠠᠭᠠᠨ ᠰᠢᠬᠢᠷ ᠲᠠᠢ ᠤᠤᠭᠤᠪᠠᠯ ᠤᠮᠳᠠ ᠶᠢ ᠳᠠᠷᠤᠳᠠᠭ᠃ ᠠᠮᠢᠳᠤ ᠠᠶᠢᠷᠠᠭ  ᠢ ᠳᠡᠵᠢᠬᠡᠨ ᠦᠷᠡᠵᠢᠬᠦᠯᠬᠦ ᠳᠤ ᠠᠮᠢᠳᠤ ᠬᠦᠷᠤᠩᠬᠡ ᠲᠠᠢ ᠠᠶᠢᠷᠠᠭ ᠢᠶᠠᠨ ᠪᠠᠭ᠎ᠠ ᠠᠮᠠᠰᠠᠷ ᠲᠠᠢ ᠸᠠᠭᠠᠷ ᠴᠢᠯᠠᠭᠤᠨ ᠰᠠᠪᠠ  ᠳᠤ ᠬᠢᠵᠤ᠂ 15 ~ 20 ᠭᠷᠡᠳᠦ᠋ᠰ ᠤᠨ ᠳᠡᠩᠳᠠᠢ ᠳᠤᠯᠠᠭᠠᠨ ᠳᠤ ᠬᠠᠳᠠᠭᠠᠯᠠᠵᠤ᠂ ᠦᠨᠵᠢᠵᠤ ᠬᠤᠨᠤᠪᠠᠯ ᠰᠢᠨ᠎ᠠ ᠰᠤᠷᠭᠤᠭ ᠳᠦᠬᠦᠬᠡᠢ ᠰᠦ ᠨᠡᠮᠡᠵᠤ ᠳᠡᠵᠢᠬᠡᠳᠡᠭ ᠃     ᠠᠷᠪᠠᠨ ᠨᠢᠬᠡ ᠂ ᠴᠠᠭ᠎ᠠ   ᠴᠠᠭ᠎ᠠ ᠨᠢ ᠬᠦᠴᠢᠯᠯᠢᠭ ᠠᠮᠳᠠᠳᠠᠢ ᠪᠠᠶᠢᠳᠠᠭ᠃ ᠴᠠᠭ᠎ᠠ ᠶᠢ ᠨᠠᠮᠤᠷ ᠡᠷᠳᠡ ᠬᠤᠷᠢᠶᠠᠵᠤ᠂ ᠡᠪᠤᠯ ᠤᠨᠳᠤᠷᠤᠭᠤᠯᠳᠠᠭ ᠃ ᠴᠠᠭ᠎ᠠ ᠶᠢ ᠱᠦᠯᠤ ᠬᠤᠭᠤᠯᠠᠨ ᠤ ᠬᠤᠯᠢᠯᠴᠠᠭ᠎ᠠ ᠪᠤᠯᠭᠠᠵᠤ ᠠᠮᠳᠠ ᠤᠷᠤᠭᠤᠯᠬᠤ ᠳᠤ ᠬᠡᠷᠡᠭᠯᠡᠳᠡᠭ᠃ ᠴᠠᠭ᠎ᠠ ᠨᠢ ᠦᠬᠡᠬᠦ ᠳᠤᠰᠤ ᠶᠢ ᠵᠠᠳᠠᠷᠠᠭᠤᠯᠤᠨ᠂ ᠢᠯᠴᠢ ᠶᠢ ᠵᠤᠬᠢᠴᠠᠭᠤᠯᠳᠠᠭ ᠪᠦᠬᠡᠳ ᠬᠤᠤᠷ ᠳᠠᠶᠢᠯᠬᠤ  ᠳᠤ ᠰᠠᠶᠢᠨ ᠪᠠᠶᠢᠳᠠᠭ᠃ ᠮᠠᠯᠴᠢᠳ ᠴᠠᠭ᠎ᠠ ᠪᠠᠷ ᠦᠬᠡᠷ᠂ ᠬᠤᠨᠢᠨ ᠤ ᠠᠷᠠᠰᠤ ᠢᠳᠡᠬᠡᠯᠡᠳᠡᠭ᠃ ᠠᠷᠠᠰᠤ  ᠶᠢ ᠴᠠᠭ᠎ᠠ ᠪᠠᠷ ᠢᠳᠡᠬᠡᠯᠡᠬᠦ ᠳᠤ ᠢᠳᠡᠭᠡ ᠤᠷᠤᠬᠤ ᠨᠢ ᠬᠢᠯᠪᠠᠷ ᠪᠦᠬᠡᠳ ᠬᠦᠷᠤᠰᠤ᠂ ᠦᠰᠤ  ᠶᠢ ᠨᠢ ᠬᠡᠮᠳᠤᠬᠡᠳᠡᠭ ᠦᠬᠡᠢ᠃ ᠡᠪᠤᠯ᠂ ᠬᠠᠪᠤᠷ ᠤᠨ ᠴᠠᠭ ᠲᠤ ᠮᠠᠭᠤᠳᠠᠵᠤ ᠳᠠᠷᠳᠠᠭᠰᠠᠨ ᠮᠠᠯ ᠳᠤ ᠴᠠᠭ᠎ᠠ ᠪᠠᠨ ᠪᠦᠯᠢᠶᠡᠨ ᠤᠰᠤ ᠲᠠᠢ ᠳᠤᠬᠢᠷᠠᠮᠵᠢᠳᠠᠢ ᠬᠤᠯᠢᠵᠤ ᠤᠤᠭᠤᠯᠭᠠᠪᠠᠯ᠂ ᠳᠠᠮᠢᠷ ᠤᠷᠤᠬᠤ ᠨᠢ ᠰᠠᠶᠢᠨ ᠪᠠᠶᠢᠳᠠᠭ᠃     ᠠᠷᠪᠠᠨ ᠬᠤᠶᠠᠷ ᠂ ᠰᠢᠷᠠᠰᠤ   ᠰᠦᠨ ᠬᠤᠷᠤᠳ᠂ ᠪᠢᠰᠢᠯᠠᠭ᠂ ᠡᠬᠡᠵᠡᠬᠡᠢ᠂ ᠴᠤᠷ᠎ᠠ ᠬᠢᠬᠦ ᠳᠤ ᠢᠯᠭᠠᠷᠠᠭᠤᠯᠵᠤ ᠭᠠᠷᠭᠠᠭᠰᠠᠨ ᠰᠢᠩᠬᠡᠨ ᠪᠤᠯᠤᠨ ᠠᠶᠢᠷᠠᠭ ᠢᠶᠠᠨ ᠪᠤᠴᠠᠯᠭᠠᠵᠤ ᠠᠭᠠᠷᠤᠤᠯ ᠬᠢᠬᠦ ᠳᠤ ᠢᠯᠭᠠᠷᠠᠭᠤᠯᠤᠭᠰᠠᠨ ᠰᠢᠩᠬᠡᠨ ᠢ ᠶᠡᠷᠤᠩᠬᠡᠢ ᠳᠤ ᠨᠢ ᠰᠢᠷᠠᠰᠤ ᠬᠡᠳᠡᠭ᠃ ᠠᠳᠠᠯᠢ ᠪᠤᠰᠤ ᠳᠦᠷᠤᠯ ᠤᠨ ᠴᠠᠭᠠᠨ ᠢᠳᠡᠭᠡ ᠪᠤᠯᠪᠠᠰᠤᠷᠠᠭᠤᠯᠬᠤ ᠶᠠᠪᠤᠴᠠ ᠳᠤ ᠭᠠᠷᠭᠠᠭᠰᠠᠨ ᠰᠢᠷᠠᠰᠤ  ᠶᠢᠨ ᠦᠨᠤᠷ ᠠᠮᠳᠠ ᠠᠳᠠᠯᠢ ᠦᠬᠡᠢ᠃ ᠬᠤᠷᠤᠳ᠂ ᠪᠢᠰᠢᠯᠠᠭ᠂ ᠡᠬᠡᠵᠡᠬᠡᠢ᠂ ᠴᠤᠷ᠎ᠠ ᠶᠢᠨ ᠰᠢᠷᠠᠰᠤ ᠦᠳᠬᠡᠨ ᠰᠢᠭ ᠪᠦᠬᠡᠳ ᠠᠮᠳᠠᠯᠢᠬ᠂ ᠠᠶᠢᠷᠠᠭ ᠤᠨ ᠰᠢᠷᠠᠰᠤ ᠰᠢᠩᠬᠡᠨ ᠪᠦᠬᠡᠳ ᠬᠦᠴᠢᠯᠯᠢᠭ ᠪᠠᠶᠢᠳᠠᠭ᠃ ᠬᠤᠷᠤᠳ᠂ ᠪᠢᠰᠢᠯᠠᠭ ᠵᠡᠷᠬᠡ ᠶᠢ ᠬᠢᠬᠦ ᠳᠤ ᠢᠯᠭᠠᠷᠠᠭᠤᠯᠤᠭᠰᠠᠨ ᠰᠢᠷᠠᠰᠤ  ᠶᠢ ᠠᠶᠢᠷᠠᠭ ᠤᠨ ᠳᠡᠬᠡᠷ᠎ᠠ ᠨᠡᠮᠡᠵᠤ ᠠᠰᠢᠭᠯᠠᠳᠠᠭ᠃     ᠠᠷᠢᠬᠢᠯᠢᠬ ᠤᠮᠳᠠᠭᠠᠨ
    ᠨᠢᠬᠡ ᠂ ᠴᠡᠭᠡ   ᠬᠡᠬᠦᠤ ᠶᠢᠨ ᠰᠦ ᠶᠢ ᠢᠰᠬᠡᠵᠤ ᠬᠦᠷᠤᠩᠬᠡᠵᠢᠬᠦᠯᠦᠭᠰᠡᠨ ᠢ ᠴᠡᠭᠡ ᠬᠡᠵᠤ ᠨᠠᠷᠠᠯᠠᠨ᠎ᠠ᠃ ᠵᠠᠷᠢᠮ ᠭᠠᠵᠠᠷ ᠲᠤ ᠰᠢᠩᠬᠡᠨ ᠰᠦ ᠪᠠᠷ ᠴᠡᠭᠡ ᠬᠢᠬᠦ ᠴᠤ ᠪᠤᠢ᠃ ᠴᠡᠭᠡ ᠨᠢ ᠰᠢᠭᠤᠳ ᠤᠤᠭᠤᠬᠤ ᠤᠮᠳᠠᠭᠠᠨ ᠤ ᠠᠰᠢᠭᠯᠠᠯᠳᠠ ᠲᠠᠢ ᠪᠠᠶᠢᠳᠠᠭ᠃ ᠬᠡᠬᠦᠤ ᠶᠢᠨ ᠰᠦ ᠶᠢ ᠢᠰᠬᠡᠬᠦ ᠳᠤ ᠭᠤᠤᠯᠳᠠᠭᠤ ᠠᠷᠢᠬᠢ ᠪᠠᠷ ᠪᠤᠶᠤ ᠦᠨᠢᠶᠡᠨ ᠰᠦᠨ ᠤ ᠠᠶᠢᠷᠠᠭ ᠢᠶᠠᠷ ᠬᠦᠷᠤᠩᠬᠡ ᠬᠢᠳᠡᠭ᠃ ᠵᠤᠬᠢᠬᠤ ᠬᠡᠮᠵᠢᠶᠡᠨ ᠤ ᠬᠦᠷᠤᠩᠬᠡ ᠳᠡᠬᠡᠷ᠎ᠠ ᠰᠠᠭᠠᠵᠤ ᠬᠦᠷᠤᠬᠡᠭᠰᠡᠨ ᠬᠡᠬᠦᠤ  ᠶᠢᠨ ᠰᠦ  ᠶᠢ ᠬᠢᠵᠤ᠂ ᠰᠡᠷᠢᠬᠦᠨ ᠴᠢᠬᠢᠭᠯᠢᠭ ᠭᠠᠵᠠᠷ ᠲᠤ ᠳᠠᠯᠪᠢᠵᠤ᠂ ᠪᠦᠯᠢᠵᠤ ᠢᠰᠬᠡᠳᠡᠭ᠃   ᠴᠡᠭᠡ ᠢᠰᠬᠡᠬᠦ ᠳᠤ ᠢᠰᠬᠡᠯ ᠬᠡᠳᠤ ᠬᠡᠳᠤᠨ ᠰᠠᠪᠠ ᠬᠡᠷᠡᠭᠯᠡᠨ᠎ᠠ᠃ ᠡᠷᠳᠠ ᠦᠶ᠎ᠠ ᠳᠤ ᠠᠷᠠᠰᠤᠨ ᠰᠠᠭᠤᠯᠠᠭ᠎ᠠ᠂ ᠠᠷᠠᠰᠤᠨ ᠨᠠᠮᠪᠤᠭ᠎ᠠ ᠪᠤᠶᠤ ᠮᠤᠳᠤᠨ ᠰᠠᠪᠠᠨ ᠳᠤ ᠬᠢᠵᠤ ᠢᠰᠬᠡᠵᠤ ᠪᠠᠶᠢᠭᠰᠠᠨ ᠳᠡᠮᠳᠡᠭᠯᠠᠯ ᠪᠤᠢ᠃ ᠤᠳᠤ ᠶᠠᠷᠤᠩᠬᠡᠢ  ᠳᠤ ᠪᠠᠨ ᠸᠠᠭᠠᠷ ᠰᠠᠪᠠ ᠬᠡᠷᠡᠭᠯᠡᠬᠦ ᠪᠤᠯᠤᠭᠰᠠᠨ ᠪᠠᠶᠢᠨ᠎ᠠ᠃ ᠢᠰᠤᠯᠳᠠ ᠶᠢᠨ ᠬᠢᠨᠢ ᠪᠠᠶᠢᠳᠠᠯ ᠢ ᠦᠨᠳᠤᠰᠤᠯᠠᠵᠤ᠂ ᠬᠦᠷᠤᠩᠬᠡ᠂ ᠬᠠᠭᠠᠰ ᠢᠰᠤᠯᠳᠠ ᠲᠠᠢ ᠴᠡᠭᠡ᠂ ᠪᠤᠯᠪᠠᠰᠤᠷᠠᠭᠰᠠᠨ ᠴᠡᠭᠡ ᠬᠡᠬᠦ ᠮᠡᠳᠤ ᠪᠠᠷ ᠢᠯᠭᠠᠨ ᠰᠠᠪᠠᠯᠠᠳᠠᠭ᠃ ᠬᠦᠷᠤᠩᠬᠡ ᠪᠤᠯ ᠢᠰᠤᠯᠳᠠ ᠪᠠᠷ ᠴᠢᠩᠭ᠎ᠠ ᠬᠦᠴᠢᠯᠯᠢᠭ ᠤᠨ ᠬᠡᠮᠵᠢᠶ᠎ᠠ ᠶᠡᠭᠡ᠂ ᠬᠠᠭᠠᠰ ᠢᠰᠤᠯᠳᠠ ᠲᠠᠢ ᠴᠡᠭᠡ ᠨᠢ ᠢᠰᠤᠯᠳᠠ ᠬᠦᠢᠴᠡᠭᠰᠡᠨ ᠪᠤᠯᠪᠠᠴᠤ ᠠᠮᠳᠠ ᠰᠠᠶᠢᠨ ᠤᠷᠤᠭᠠᠳᠤᠢ ᠪᠠᠶᠢᠳᠠᠭ᠂ ᠪᠤᠯᠪᠠᠰᠤᠷᠠᠭᠰᠠᠨ ᠴᠡᠭᠡ ᠪᠤᠯ ᠬᠦᠴᠢᠯᠯᠢᠭ ᠪᠠ ᠠᠮᠳᠠᠯᠢᠬ ᠤᠨ ᠬᠡᠮᠵᠢᠶ᠎ᠠ ᠳᠡᠩᠴᠡᠭᠰᠡᠨ᠂ ᠤᠤᠭᠤᠬᠤ ᠳᠤ ᠳᠤᠰᠤᠯᠢᠬ ᠪᠦᠬᠡᠳ ᠰᠢᠬᠢᠷᠯᠢᠭ ᠠᠮᠳᠠᠯᠠᠭᠳᠠᠵᠤ᠂ ᠢᠵᠠᠮᠠᠭ ᠦᠬᠡᠢ ᠪᠦᠬᠡᠳ ᠰᠠᠶᠢᠬᠠᠨ ᠦᠩᠬᠡ ᠲᠠᠢ᠂ ᠰᠠᠩᠬᠢᠨᠡᠭᠰᠠᠨ ᠠᠩᠬᠢᠯᠤᠮ᠎ᠠ ᠦᠨᠤᠷᠳᠤᠵᠤ᠂ ᠦᠩᠬᠡ᠂ ᠦᠨᠤᠷ᠂ ᠠᠮᠳᠠ ᠬᠤᠤᠰᠯᠠᠭᠰᠠᠨ ᠪᠠᠶᠢᠳᠠᠭ᠃   ᠴᠡᠭᠡ ᠶᠢ ᠠᠷᠠᠴᠢᠯᠠᠵᠤ ᠳᠤᠳᠤᠮᠳᠠᠬᠤ ᠶᠡᠭᠡ ᠨᠠᠷᠢᠨ ᠤᠴᠢᠷ ᠲᠠᠢ᠃ ᠶᠠᠭᠤᠨ ᠤ ᠡᠮᠤᠨ᠎ᠠ ᠴᠡᠭᠡ ᠶᠢ ᠠᠷᠢᠭᠤᠨ ᠴᠡᠪᠡᠷᠴᠢ ᠤᠷᠤᠯᠳᠤᠬᠤ ᠶᠢ ᠡᠷᠬᠢᠮᠯᠠᠨ᠎ᠠ᠃ ᠡᠨᠡ ᠳᠠᠯ᠎ᠠ ᠪᠠᠷ ᠢᠶᠠᠨ ᠠᠶᠢᠷᠠᠭ ᠲᠠᠢ ᠠᠳᠠᠯᠢ᠂ ᠳᠠᠬᠢᠪᠠᠯ ᠰᠡᠷᠢᠬᠦᠨ ᠴᠢᠬᠢᠭᠯᠢᠭ ᠭᠠᠵᠠᠷ ᠲᠤ ᠢᠰᠬᠡᠳᠡᠭ  ᠃ ᠴᠡᠭᠡ ᠳᠡᠵᠢᠬᠡᠬᠦ  ᠳᠤ ᠳᠤᠰᠬᠠᠢ ᠬᠡᠷ ᠪᠡᠯᠡᠳᠬᠡᠵᠤ᠂ ᠴᠡᠭᠡ ᠬᠢᠭᠰᠡᠨ ᠰᠠᠪᠠ  ᠶᠢ ᠳᠤᠤᠷᠠᠳᠤ ᠬᠠᠭᠠᠰ ᠢᠶᠠᠷ ᠨᠢ ᠭᠠᠵᠠᠷ ᠲᠤ ᠤᠬᠤᠵᠤ ᠰᠠᠭᠤᠯᠭᠠᠭᠠᠳ᠂ ᠦᠷᠬᠦᠯᠵᠢ ᠤᠰᠤ ᠬᠢᠵᠤ ᠵᠤᠬᠢᠬᠤ ᠴᠢᠬᠢᠭ  ᠢ ᠨᠢ ᠪᠠᠳᠤᠯᠠᠳᠠᠭ᠃ ᠪᠠᠰᠠ ᠪᠦᠯᠢᠯᠳᠠ ᠶᠢ ᠳᠤᠩ ᠠᠩᠬᠠᠷᠤᠨ᠎ᠠ᠃ ᠶᠠᠷᠤ ᠨᠢ ᠡᠳᠤᠷ ᠲᠤ ᠬᠡᠳᠤ ᠤᠳᠠᠭ᠎ᠠ᠂ ᠬᠡᠴᠢᠨᠡᠨ ᠳᠤᠭ᠎ᠠ ᠪᠦᠯᠢᠬᠦ ᠵᠠᠩᠰᠢᠯ ᠲᠠᠢ᠃ ᠠᠷᠠᠳ ᠤᠨ ᠦᠬᠡᠨ ᠳᠤ ︽ᠴᠡᠭᠡ ᠶᠢ ᠳᠦᠮᠠ ᠪᠦᠯᠢᠪᠠᠯ᠂ ᠴᠢᠬᠢ ᠶᠢ ᠤᠬᠳᠤᠯᠤᠭᠰᠠᠨ ᠴᠤ ᠮᠡᠳᠡᠬᠦ ᠦᠬᠡᠢ︾ ᠬᠡᠳᠡᠭ ᠨᠢ ᠪᠦᠯᠢᠯᠳᠠ ᠶᠢᠨ ᠳᠤᠭ᠎ᠠ ᠴᠡᠭᠡ ᠶᠢ ᠠᠮᠳᠠᠰᠢᠭᠤᠯᠬᠤ  ᠳᠤ ᠴᠢᠬᠤᠯᠠ ᠤᠢᠢᠯᠡᠳᠤᠯ ᠦᠵᠡᠬᠦᠯᠳᠡᠭ ᠢ ᠳᠤᠳᠤᠷᠬᠠᠢᠢᠯᠠᠭᠰᠠᠨ ᠶᠠᠪᠤᠳᠠᠯ ᠪᠤᠯᠤᠨ᠎ᠠ᠃   ᠴᠡᠭᠡ ᠨᠢ ᠰᠦᠨ ᠤ ᠬᠦᠴᠢᠯ᠂ ᠰᠫᠢᠷᠲ ᠤᠨ ᠢᠰᠤᠯᠳᠠ ᠬᠤᠤᠰᠯᠠᠭᠰᠠᠨ ᠢᠰᠬᠦᠯᠠᠩ ᠰᠦᠨ ᠪᠦᠳᠤᠬᠡᠭᠳᠡᠬᠦᠨ ᠶᠤᠮ᠃ ᠴᠡᠭᠡ ᠠᠮᠳᠠ ᠰᠠᠶᠢᠳᠠᠢ ᠤᠮᠳᠠᠭᠠᠨ ᠪᠦᠬᠡᠳ ᠪᠡᠶ᠎ᠠ ᠳᠤ ᠰᠢᠮ᠎ᠡ ᠳᠡᠵᠢᠬᠡᠯ ᠪᠤᠯᠬᠤ ᠪᠠᠷ ᠪᠠᠷᠠᠬᠤ ᠦᠬᠡᠢ ᠂ ᠡᠯᠳᠡᠪ ᠡᠪᠡᠳᠴᠢᠨ ᠢ ᠵᠠᠰᠠᠬᠤ ᠡᠮᠴᠢᠯᠡᠭᠡ  ᠶᠢᠨ ᠤᠢᠢᠯᠡᠳᠤᠯ ᠲᠠᠢ ᠪᠠᠶᠢᠳᠠᠭ ᠢ ᠮᠤᠩᠭᠤᠯᠴᠤᠳ ᠡᠷᠳᠠ ᠦᠶ᠎ᠠ ᠠᠴᠠ ᠤᠢᠢᠯᠠᠭᠠᠨ ᠮᠡᠳᠡᠵᠠᠢ᠃ ᠵᠤᠨ ᠂ ᠨᠠᠮᠤᠷ ᠤᠨ ᠤᠯᠠᠷᠢᠯ  ᠳᠤ ᠴᠡᠭᠡ ᠤᠤᠭᠤᠪᠠᠯ ᠤᠮᠳᠠ ᠳᠠᠷᠤᠵᠤ ᠂ ᠦᠯ ᠬᠤᠭᠤᠯᠠ ᠪᠤᠯᠳᠠᠭ᠂ ᠨᠠᠰᠤᠳᠠᠶᠢᠴᠤᠳ ᠪᠠ ᠪᠡᠶ᠎ᠠ ᠮᠠᠭᠤᠳᠠᠢ ᠬᠦᠮᠤᠨ ᠤᠤᠭᠤᠪᠠᠯ ᠪᠡᠶ᠎ᠠ ᠶᠢ ᠳᠡᠩᠬᠡᠷᠡᠬᠦᠯᠤᠨ ᠳᠠᠮᠢᠷ ᠤᠷᠤᠭᠤᠯᠳᠠᠭ᠃ ᠴᠡᠭᠡ ᠨᠢ ᠢᠳᠡᠬᠡᠨ ᠤ ᠬᠤᠤᠷ ᠢ ᠳᠠᠶᠢᠯᠬᠤ᠂ ᠰᠢᠩᠬᠡᠬᠡᠯᠳᠠ ᠶᠢ ᠰᠠᠶᠢᠵᠢᠷᠠᠭᠤᠯᠬᠤ ᠂ ᠢᠳᠡᠬᠡᠨ ᠤ ᠳᠤᠷᠠᠰᠢᠯ ᠢ ᠨᠡᠮᠡᠭᠳᠡᠬᠦᠯᠬᠦ ᠴᠢᠳᠠᠪᠤᠷᠢ ᠲᠠᠢ ᠪᠤᠯᠬᠤᠷ᠂ ᠤᠰᠤᠨ ᠬᠠᠪᠤᠩ᠂ ᠪᠠᠮ᠂ ᠰᠢᠷ᠎ᠠ ᠤᠰᠤᠨ ᠤ ᠡᠪᠡᠳᠴᠢᠨ ᠪᠠ ᠬᠤᠳᠤᠭᠤᠳᠤᠨ ᠤ ᠡᠪᠡᠳᠴᠢᠨ ᠲᠠᠢ ᠬᠦᠮᠤᠨ ᠡᠷᠬᠢᠮᠯᠠᠨ ᠤᠤᠭᠤᠳᠠᠭ᠃   ᠴᠡᠭᠡ ᠢᠰᠬᠡᠵᠤ ᠪᠤᠯᠪᠠᠰᠤᠷᠠᠭᠤᠯᠬᠤ ᠳᠤ ᠬᠡᠬᠦᠤ ᠶᠢᠨ ᠰᠦ ᠨᠢ ᠳᠦᠬᠦᠬᠡᠢ ᠮᠠᠲ᠋ᠧᠷᠢᠶᠠᠯ ᠪᠤᠯᠬᠤ ᠪᠦᠬᠡᠳ ᠬᠡᠬᠦᠤ ᠰᠠᠭᠠᠬᠤ ᠠᠵᠢᠯ ᠨᠢ ᠡᠳᠤᠷ ᠲᠤ ᠬᠡᠳᠤ ᠬᠡᠳᠤᠨ ᠠᠯᠬᠤᠮ ᠳᠠᠷᠠᠭ᠎ᠠ ᠲᠠᠢ ᠪᠠᠷ ᠶᠠᠪᠤᠭᠳᠠᠵᠤ᠂ ᠬᠡᠬᠦᠤ ᠪᠠᠨ ᠰᠠᠭᠠᠬᠤ  ᠶᠢᠨ ᠳᠠᠭᠠᠤ ᠤᠰᠤᠯᠠᠬᠤ᠂ ᠪᠡᠯᠴᠢᠬᠡᠬᠦ ᠵᠡᠷᠬᠡ ᠠᠷᠠᠴᠢᠯᠠᠭ᠎ᠠ ᠶᠢ ᠤᠶᠠᠯᠳᠤᠭᠤᠯᠳᠠᠭ᠃    ᠬᠤᠶᠠᠷ ᠂ ᠢᠩᠬᠡᠨ  ᠤ ᠴᠡᠩᠬᠡᠷ   ᠢᠩᠬᠡᠨ ᠤ ᠴᠡᠩᠬᠡᠷ ᠢ ᠪᠠᠰᠠ ᠢᠩᠬᠡᠨ ᠤ ᠨᠡᠷᠡᠮᠡᠯ ᠬᠡᠳᠡᠭ᠃ ᠢᠩᠬᠡᠨ ᠤ ᠰᠦ ᠪᠠᠷ ᠬᠢᠭᠰᠡᠨ 8 ~ 10 ᠭᠷᠡᠳᠦ᠋ᠰ  ᠤᠨ ᠳᠠᠷᠠᠰᠤ ᠶᠢ ᠢᠩᠬᠡᠨ ᠤ ᠨᠡᠷᠡᠮᠡᠯ ᠬᠡᠳᠡᠭ᠃ 10L ᠠᠶᠢᠷᠠᠭ ᠠᠴᠠ 1.3 ~ 1.5L ᠠᠷᠢᠬᠢ ᠭᠠᠷᠳᠠᠭ᠃ ᠬᠦᠬᠡᠮᠳᠦᠭ ᠳᠤᠶᠠᠭ᠎ᠠ ᠲᠠᠢ ᠳᠤᠯᠠ᠂ ᠡᠬᠦᠨ ᠢ ︽ᠢᠩᠬᠡᠨ ᠤ ᠴᠡᠩᠬᠡᠷ︾ ᠬᠡᠵᠤ ᠨᠡᠷᠡᠯᠡᠬᠦ ᠶᠠᠪᠤᠳᠠᠯ ᠪᠤᠢ᠃ ᠠᠷᠢᠬᠢᠨ  ᠤ ᠴᠢᠨᠠᠷ ᠠᠮᠳᠠ ᠶᠢ ᠤᠯᠠᠮ ᠰᠠᠶᠢᠨ ᠪᠤᠯᠭᠠᠬᠤ ᠶᠢᠨ ᠳᠤᠯᠠᠳᠠ ᠪᠤᠰᠤᠳ ᠮᠠᠯ ᠤᠨ ᠰᠦ ᠪᠠᠷ ᠬᠢᠭᠰᠡᠨ ᠰᠢᠮ᠎ᠠ ᠶᠢᠨ ᠠᠷᠢᠬᠢ ᠲᠠᠢ ᠬᠤᠯᠢᠵᠤ ᠨᠡᠷᠡᠳᠡᠭ᠃ ᠢᠩᠬᠢᠵᠤ ᠨᠡᠷᠡᠬᠦ ᠶᠢ ᠬᠠᠷᠢᠭᠤᠯᠵᠤ ᠨᠡᠷᠡᠬᠦ ᠪᠤᠶᠤ ᠪᠤᠴᠠᠭᠠᠵᠤ ᠨᠡᠷᠡᠬᠦ ᠬᠡᠨ᠎ᠠ᠃ ᠡᠶᠢᠨ ᠬᠦ ᠰᠢᠮ᠎ᠠ ᠶᠢᠨ ᠠᠷᠢᠬᠢ ᠶᠢ ᠨᠠᠷᠠᠵᠤ ᠭᠠᠷᠭᠠᠭᠰᠠᠨ ᠢ ᠠᠷᠠᠵᠠ ᠬᠡᠨ᠎ᠠ᠃ ᠠᠷᠠᠵᠠ ᠶᠢ ᠨᠠᠷᠠᠵᠤ ᠰᠢᠷᠠᠵᠠ᠂ ᠰᠢᠷᠠᠵᠠ ᠶᠢ ᠨᠡᠷᠡᠵᠤ ᠬᠤᠤᠷᠠᠵᠠ᠂ ᠬᠤᠤᠷᠠᠵᠠ ᠶᠢ ᠨᠡᠷᠡᠵᠤ ᠬᠤᠷ ᠠᠷᠢᠬᠢ ᠭᠠᠷᠭᠠᠳᠠᠭ᠃ ᠮᠤᠩᠭᠤᠯᠴᠤᠳ ᠵᠦᠪᠬᠡᠨ ᠰᠢᠮ᠎ᠠ  ᠶᠢᠨ ᠠᠷᠢᠬᠢ ᠨᠡᠷᠡᠵᠤ ᠠᠷᠠᠵᠠ ᠭᠠᠷᠭᠠᠬᠤ ᠠᠴᠠ ᠪᠤᠰᠤ᠂ ᠰᠢᠷᠠᠵᠠ᠂ ᠬᠤᠤᠷᠠᠵᠠ  ᠶᠢ ᠨᠡᠷᠡᠵᠤ ᠵᠠᠩᠰᠢᠭ᠎ᠠ ᠦᠬᠡᠢ᠃    ᠭᠤᠷᠪᠠ ᠂ ᠰᠠᠭᠠᠯᠢ  ᠶᠢᠨ ᠠᠷᠢᠬᠢ   ᠰᠠᠭᠠᠯᠢ ᠶᠢᠨ ᠠᠷᠢᠬᠢ ᠪᠤᠯ ᠦᠨᠢᠶ᠎ᠠ᠂ ᠬᠤᠨᠢ᠂ ᠢᠮᠠᠭᠠᠨ ᠤ ᠰᠦ ᠶᠢ ᠢᠰᠬᠡᠵᠤ ᠠᠶᠢᠷᠠᠭᠯᠠᠭᠠᠳ ᠨᠠᠷᠠᠵᠤ ᠪᠤᠯᠪᠠᠰᠤᠷᠠᠭᠤᠯᠤᠭᠰᠠᠨ ᠤᠮᠳᠠᠭᠠᠨ ᠮᠦᠨ᠃ ᠠᠮᠳᠠ ᠰᠠᠶᠢᠳᠠᠢ᠂ ᠰᠢᠮ᠎ᠠ ᠳᠡᠬᠦᠯᠳᠡᠷ ᠪᠠᠶᠢᠳᠠᠭ᠃ ᠰᠠᠭᠠᠯᠢ ᠶᠢᠨ ᠠᠷᠢᠬᠢᠨ ᠤ ᠢᠳᠡ ᠬᠦᠴᠤ ᠶᠢ ᠨᠡᠮᠡᠭᠳᠡᠬᠦᠯᠬᠦ ᠵᠤᠷᠢᠯᠭ᠎ᠠ ᠪᠠᠷ ᠨᠡᠷᠡᠭᠰᠡᠨ ᠠᠩᠬᠠᠨ ᠤ ᠠᠷᠢᠬᠢ ᠪᠠᠨ ᠨᠡᠷᠡᠬᠦ ᠬᠡᠵᠤ ᠪᠠᠶᠢᠭ᠎ᠠ ᠳᠤᠭᠤᠭ᠎ᠠ ᠲᠠᠢ ᠠᠶᠢᠷᠠᠭ ᠲᠤ ᠪᠠᠨ ᠬᠢᠵᠤ ᠨᠠᠷᠡᠳᠡᠭ᠃ ᠡᠬᠦᠨ ᠢ ᠬᠠᠷᠢᠭᠤᠯᠤᠭᠰᠠᠨ ᠠᠷᠢᠬᠢ ᠬᠡᠨ᠎ᠠ᠃   ᠰᠠᠭᠠᠯᠢ ᠶᠢᠨ ᠠᠷᠢᠬᠢ ᠶᠢ ᠬᠠᠳᠠᠭᠠᠯᠠᠬᠤ ᠳᠤ ᠪᠠᠨ ᠸᠠᠭᠠᠷ ᠤᠨ ᠰᠠᠪᠠᠨ ᠳᠤ ᠬᠢᠵᠤ ᠳᠤᠯᠠᠭᠠᠨ ᠭᠠᠵᠠᠷ ᠲᠤ ᠳᠠᠯᠪᠢᠳᠠᠭ᠃ ᠡᠪᠤᠯ ᠳᠤ ᠪᠠᠨ ᠠᠷᠠᠰᠤ᠂ ᠢᠰᠡᠬᠡᠢ ᠪᠠᠷ ᠬᠤᠴᠢᠵᠤ ᠳᠤᠯᠠᠭᠠᠯᠠᠬᠤ ᠪᠤᠶᠤ ᠬᠤᠨᠢᠨ ᠬᠤᠮᠠᠭ ᠤᠨ ᠳᠤᠳᠤᠷ᠎ᠠ ᠪᠤᠯᠠᠵᠤ ᠬᠠᠳᠠᠭᠠᠯᠠᠬᠤ ᠴᠤ ᠪᠤᠢ᠃ ᠰᠠᠭᠠᠯᠢ ᠶᠢᠨ ᠠᠷᠢᠬᠢ ᠨᠢ ᠤᠨ ᠤᠳᠠᠬᠤ ᠳᠤᠳᠤᠮ ᠢᠶᠠᠨ ᠬᠤᠷᠠᠰᠢᠵᠤ᠂ ᠠᠷᠢᠬᠢᠨ ᠤ ᠡᠷᠴᠢᠮ ᠴᠢᠩᠭᠠᠷᠠᠨ᠂ ᠦᠩᠬᠡ ᠨᠢ ᠰᠢᠷᠠᠯᠠᠵᠤ᠂ ᠦᠨᠤᠷ ᠠᠮᠳᠠ ᠨᠢ ᠴᠤ ᠰᠠᠶᠢᠬᠠᠨ ᠪᠤᠯᠳᠠᠭ᠃ ᠶᠠᠷᠤ  ᠨᠢ ᠰᠠᠭᠠᠯᠢ ᠶᠢᠨ ᠠᠷᠢᠬᠢ ᠶᠢ ᠭᠠᠵᠠᠷ ᠳᠡᠭᠡᠷ᠎ᠡ ᠰᠢᠭᠤᠳ ᠳᠠᠯᠪᠢᠬᠤ ᠦᠬᠡᠢ᠃ ᠵᠠᠪᠠᠯ ᠮᠤᠳᠤ ᠪᠤᠶᠤ ᠢᠰᠡᠬᠡᠢ ᠳᠡᠬᠡᠷ᠎ᠠ ᠳᠠᠮ ᠳᠠᠯᠪᠢᠳᠠᠭ ᠵᠠᠩᠰᠢᠯ ᠲᠠᠢ᠃ ᠢᠩᠬᠢᠬᠦ ᠨᠢ ᠠᠷᠢᠬᠢᠨ ᠤ ᠢᠳᠠ ᠶᠢ ᠮᠠᠭᠤᠳᠠᠭᠤᠯᠬᠤ ᠦᠬᠡᠢ ᠪᠠᠶᠢᠬᠤ  ᠶᠢᠨ ᠳᠦᠯᠤᠬᠡ ᠶᠤᠮ ᠬᠡᠳᠡᠭ ᠃ ᠰᠠᠭᠠᠯᠢ ᠶᠢᠨ ᠠᠷᠢᠬᠢ ᠨᠢ ᠳᠠᠮᠢᠷ ᠳᠡᠩᠬᠡᠬᠡ ᠶᠢ ᠰᠠᠯᠪᠢᠵᠤ᠂ ᠡᠪᠡᠳᠴᠢᠨ ᠢ ᠡᠰᠡᠷᠬᠦᠴᠡᠬᠦ ᠴᠢᠳᠠᠯ ᠢ ᠨᠡᠮᠡᠭᠳᠡᠬᠦᠯᠤᠨ᠂ ᠴᠢᠰᠤᠨ ᠤ ᠡᠷᠬᠢᠯᠳᠠ ᠶᠢ ᠠᠬᠢᠭᠤᠯᠳᠠᠭ ᠪᠦᠬᠡᠳ ᠳᠤᠰᠤ᠂ ᠪᠤᠷᠠᠮ ᠬᠢᠵᠤ ᠬᠠᠯᠠᠭᠠᠵᠤ ᠤᠤᠭᠤᠪᠠᠯ ᠬᠡᠢ ᠰᠡᠷᠢᠬᠦᠨ ᠢ ᠳᠠᠷᠤᠵᠤ᠂ ᠨᠦᠢᠷ  ᠢ ᠰᠠᠶᠢᠵᠢᠷᠠᠭᠤᠯᠤᠨ ᠂ ᠰᠢᠩᠬᠡᠬᠡᠯᠳᠠ ᠶᠢ ᠳᠤᠰᠠᠯᠠᠳᠠᠭ᠃   ᠰᠠᠭᠠᠯᠢ ᠶᠢᠨ ᠠᠷᠢᠬᠢ ᠨᠡᠷᠡᠬᠦ  ᠳᠤ ᠠᠶᠢᠷᠠᠭ ᠤᠨ ᠬᠦᠷᠤᠩᠬᠡ ᠵᠠᠯᠠᠬᠤ᠂ ᠠᠶᠢᠷᠠᠭ  ᠢ ᠠᠷᠠᠴᠢᠯᠠᠵᠤ ᠳᠡᠵᠢᠬᠡᠬᠦ ᠂ ᠠᠷᠢᠬᠢ ᠨᠡᠷᠡᠬᠦ ᠵᠡᠷᠬᠡ ᠬᠡᠳᠤᠨ ᠴᠢᠬᠤᠯᠠ ᠶᠠᠪᠤᠴᠠ ᠪᠠᠶᠢᠳᠠᠭ ᠃ ᠠᠶᠢᠷᠠᠭ ᠤᠨ ᠬᠦᠷᠤᠩᠬᠡ ᠵᠠᠯᠠᠬᠤ ᠬᠡᠳᠡᠭ ᠨᠢ ᠤᠯᠠᠮᠵᠢᠯᠠᠯᠳᠤ ᠠᠮᠢᠳᠤ ᠬᠦᠷᠤᠩᠬᠡ ᠬᠠᠳᠠᠭᠠᠯᠠᠵᠤ ᠪᠠᠶᠢᠭ᠎ᠠ ᠰᠠᠶᠢᠨ ᠰᠠᠭᠠᠯᠢ ᠲᠠᠢ ᠠᠶᠢᠯ ᠢ ᠰᠤᠩᠭᠤᠨ᠎ᠠ᠃ ᠠᠶᠢᠷᠠᠭ ᠵᠠᠯᠠᠬᠤ ᠪᠠᠷ ᠤᠴᠢᠬᠤ ᠬᠦᠮᠤᠨ ᠢ ᠴᠤ ᠦᠬᠡ ᠬᠡᠯᠡᠨ  ᠳᠤ ᠪᠠᠨ ᠰᠠᠶᠢᠨ ᠬᠦᠬᠡᠷᠤᠤ ᠪᠠᠭᠠᠷᠠᠤ ᠰᠠᠶᠢᠬᠠᠨ ᠵᠠᠩ ᠲᠠᠢ ︵ᠡᠰᠠ ᠳᠠᠶᠢᠮᠤ ᠪᠤᠯ ᠠᠶᠢᠷᠠᠭ ᠨᠢ ᠬᠦᠬᠡᠷᠬᠦ ᠦᠬᠡᠢ ᠬᠡᠳᠡᠭ ︶ ᠬᠦᠮᠤᠨ ᠢ ᠰᠤᠩᠭᠤᠳᠠᠭ᠃ ᠵᠠᠯᠠᠭᠴᠢ ᠠᠷᠢᠭᠤᠨ ᠰᠦ ᠂ ᠠᠮᠳᠠᠳᠤ ᠠᠷᠢᠬᠢ ᠂ ᠬᠡᠪ  ᠤᠨ ᠴᠠᠢ ᠵᠡᠷᠬᠡ ᠪᠡᠯᠡᠭ ᠰᠠᠯᠳᠠ ᠪᠠᠨ ᠠᠪᠴᠤ ᠂ ᠬᠦᠷᠤᠩᠬᠡᠴᠢ ᠠᠶᠢᠯ  ᠳᠤ ᠬᠦᠷᠴᠤ᠂ ᠠᠷᠢᠬᠢ ᠴᠠᠢ ᠪᠠᠨ ᠬᠡᠷ  ᠤᠨ ᠡᠵᠡᠭᠳᠡᠢ  ᠳᠤ ᠪᠡᠯᠡᠭᠯᠡᠵᠤ᠂ ᠰᠦ ᠪᠠᠨ ᠰᠠᠭᠠᠯᠢ ᠶᠢᠨ ᠠᠷᠢᠬᠢ ᠨᠡᠷᠡᠵᠤ ᠪᠠᠶᠢᠭ᠎ᠠ ᠡᠵᠡᠭᠳᠡᠢ ᠪᠦᠰᠡᠬᠦᠢ ᠳᠤ ᠪᠠᠷᠢᠨ᠎ᠠ᠃ ᠤᠴᠢᠷ ᠤᠴᠢᠷ ᠢᠶᠠᠨ ᠮᠡᠳᠡᠯᠴᠡᠭᠰᠡᠨ ᠤ ᠳᠠᠷᠠᠭ᠎ᠠ ᠬᠦᠷᠤᠩᠬᠡᠴᠢ ᠠᠶᠢᠯ  ᠠᠴᠠ ᠬᠦᠷᠤᠩᠬᠡ ᠵᠠᠯᠠᠭᠴᠢ ᠶᠢ ᠳᠠᠶᠢᠯᠠᠵᠤ᠂ ᠬᠡᠳᠤᠢ ᠰᠤᠭᠳᠤᠪᠠᠯ ᠨᠡᠷᠡᠬᠦ ᠠᠷᠢᠬᠢ ᠨᠢ ᠳᠡᠳᠤᠢ ᠢᠳᠡ ᠲᠠᠢ ᠪᠤᠯᠤᠨ᠎ᠠ ᠬᠡᠳ ᠬᠦᠷᠤᠩᠬᠡ ᠵᠠᠯᠠᠭᠴᠢ ᠶᠢ ᠱᠠᠯ ᠪᠤᠯᠳᠠᠯ᠎ᠠ ᠰᠤᠭᠳᠤᠭᠠᠳᠠᠭ᠃ ᠬᠦᠷᠤᠩᠬᠡ ᠪᠠᠨ ᠵᠠᠯᠠᠭᠠᠳ ᠪᠤᠴᠠᠬᠤ  ᠳᠤ ᠨᠢ ᠬᠦᠷᠤᠩᠬᠡᠴᠢ ᠠᠶᠢᠯ  ᠤᠨ ᠬᠢᠨᠢ ᠠᠯᠤᠰ ᠵᠠᠮ ᠳᠤ ᠪᠠᠨ ᠬᠦᠷᠤᠩᠬᠡ ᠪᠠᠨ ᠪᠤᠦ ᠦᠯᠤᠰᠬᠡᠴᠢᠬᠡ᠂ ᠵᠠᠮ ᠳᠤ ᠪᠠᠨ ᠬᠦᠷᠤᠩᠬᠡ ᠳᠤ ᠪᠠᠨ ᠨᠡᠮᠡ ᠬᠡᠵᠤ ᠴᠡᠪᠡᠷ ᠰᠦ ᠰᠠᠪᠠᠯᠠᠵᠤ ᠦᠭᠳᠡᠭ ᠴᠤ ᠪᠤᠢ᠃   ᠠᠶᠢᠷᠠᠭ ᠤᠨ ᠬᠦᠷᠤᠩᠬᠡ ᠶᠢ ᠠᠷᠠᠴᠢᠯᠠᠵᠤ ᠳᠡᠵᠢᠬᠡᠬᠦ ᠱᠠᠭᠠᠷᠳᠠᠯᠭ᠎ᠠ ᠮᠠᠰᠢ ᠦᠨᠳᠤᠷ ᠪᠠᠶᠢᠳᠠᠭ᠃ ᠠᠶᠢᠷᠠᠭ  ᠤᠨ ᠬᠦᠷᠤᠩᠬᠡ ᠪᠠᠨ ᠵᠠᠯᠠᠵᠤ ᠠᠪᠴᠢᠷᠠᠭᠰᠠᠨ ᠤ ᠳᠠᠷᠠᠭ᠎ᠠ᠂ ᠴᠡᠪᠡᠷ ᠳᠤᠬᠢᠯᠢᠬ ᠬᠡᠷ ᠲᠤ ᠳᠤᠯᠠᠭᠠᠨ ᠢ ᠨᠢ ᠳᠡᠩᠴᠡᠬᠦᠷᠢ ︵ᠪᠠᠷᠤᠭ 18 ~ 25 ᠭᠷᠡᠳᠦ᠋ᠰ︶ ᠲᠠᠢ ᠪᠠᠶᠢᠯᠭᠠᠵᠤ᠂ ᠡᠳᠤᠷ ᠪᠦᠷᠢ ᠴᠡᠪᠡᠷ ᠰᠦ᠂ ᠰᠢᠷ᠎ᠠ ᠤᠰᠤ ᠨᠡᠮᠡᠨ᠎ᠠ᠂ ᠠᠷᠠᠴᠢᠯᠠᠵᠤ ᠳᠡᠵᠢᠬᠡᠭᠴᠢ ᠨᠢ ᠴᠤ ᠴᠡᠪᠡᠷ ᠪᠠᠶᠢᠵᠤ᠂ ᠬᠦᠮᠤᠨ᠂ ᠬᠡᠷ᠂ ᠨᠡᠮᠡᠯᠳᠠ ︽ᠭᠤᠷᠪᠠᠨ ᠴᠡᠪᠡᠷ︾   ᠢ ᠱᠠᠭᠠᠷᠳᠠᠨ᠎ᠠ᠃   ᠰᠠᠭᠠᠯᠢ ᠶᠢᠨ ᠠᠷᠢᠬᠢ ᠨᠡᠷᠡᠬᠦ ᠬᠡᠳᠡᠭ ᠨᠢ ᠶᠠᠭᠤᠨ ᠤ ᠤᠷᠢᠳ ᠠᠶᠢᠷᠠᠭ ᠢᠶᠠᠨ ᠮᠤᠳᠤ ᠪᠤᠶᠤ ᠴᠢᠯᠠᠭᠤᠨ ᠭᠠᠩ ᠳᠤ ᠬᠢᠵᠤ ᠨᠡᠯᠢᠶᠡᠳ ᠬᠦᠴᠢᠯᠯᠢᠭ ᠪᠤᠯᠤᠭᠰᠠᠨ ᠤ ᠬᠤᠶᠢᠨ᠎ᠠ ᠰᠠᠭᠠᠯᠢ ᠶᠢᠨ ᠠᠷᠢᠬᠢ ᠨᠡᠷᠡᠳᠡᠭ᠃ ᠰᠠᠭᠠᠯᠢ ᠶᠢᠨ ᠠᠷᠢᠬᠢ ᠨᠡᠷᠡᠬᠦ  ᠳᠤ᠂ ᠳᠤᠮᠤ ᠳᠤᠭᠤᠭᠠᠨ ᠳᠤ ᠠᠶᠢᠷᠠᠭ ᠢᠶᠠᠨ ᠬᠢᠵᠤ᠂ ᠳᠤᠭᠤᠭᠠᠨ ᠤ ᠢᠷᠮᠡᠭ ᠲᠠᠢ ᠶᠠᠪ ᠴᠠᠪ ᠳᠤᠬᠢᠷᠠᠭᠰᠠᠨ ᠳᠡᠬᠡᠭᠰᠢ ᠱᠤᠪᠳᠤᠩ᠂ ᠳᠤᠭᠤᠭᠰᠢ ᠰᠠᠷᠪᠠᠩ ᠰᠠᠭᠤᠯᠠᠭ᠎ᠠ ᠬᠡᠯᠪᠡᠷᠢ ᠲᠠᠢ ᠬᠤᠶᠠᠷ ᠳᠤᠬᠤᠢ ᠢᠯᠡᠬᠦᠤ ᠦᠨᠳᠤᠷ ᠮᠤᠳᠤᠨ ᠪᠦᠷᠬᠦᠬᠡᠷ ᠳᠠᠭᠠᠷᠠᠭᠤᠯᠵᠤ᠂ ᠳᠤᠳᠤᠷ᠎ᠠ ᠨᠢ ᠳᠦᠷᠪᠠᠨ ᠴᠢᠬᠢ ᠲᠠᠢ ᠪᠤᠳᠤᠩ ᠰᠠᠪᠠ ᠳᠡᠬᠦᠵᠢᠯᠠᠨ᠎ᠠ᠃ ᠪᠦᠷᠬᠦᠬᠡᠷ ᠤᠨ ᠳᠡᠬᠡᠳᠤ ᠠᠮᠠᠰᠠᠷ ᠲᠤ ᠵᠢᠵᠢᠭ ᠳᠤᠭᠤᠭ᠎ᠠ ︵ᠵᠢᠯᠠᠪᠴᠢ ᠬᠡᠳᠡᠭ︶ ᠳᠠᠯᠪᠢᠵᠤ᠂ ᠪᠦᠷᠬᠦᠬᠡᠷ ᠪᠠ ᠳᠤᠭᠤᠭ᠎ᠠ ᠶᠢᠨ ᠠᠭᠤᠯᠵᠠᠭᠤᠷ ᠢ ᠪᠦᠰ ᠪᠤᠶᠤ ᠢᠰᠡᠬᠡᠢ ᠪᠠᠷ ᠤᠷᠢᠶᠠᠵᠤ ᠳᠤᠳᠤᠷᠠᠬᠢ ᠠᠭᠤᠷ ᠭᠠᠳᠠᠭᠰᠢ ᠳᠤᠳᠠᠭᠠᠬᠤ ᠶᠢ ᠰᠡᠷᠬᠡᠶᠢᠯᠡᠵᠤ ᠪᠠᠬᠢᠯᠠᠨ᠎ᠠ᠃ ᠪᠦᠷᠬᠦᠬᠡᠷ ᠤᠨ ᠳᠡᠬᠡᠷᠡᠬᠢ ᠵᠢᠵᠢᠭ ᠳᠤᠭᠤᠭᠠᠨ ᠳᠤ ᠤᠰᠤ ᠬᠢᠵᠤ᠂ ᠵᠤᠤᠬᠠᠨ ᠳᠤ ᠪᠠᠨ ᠭᠠᠯ ᠳᠦᠯᠠᠪᠡᠯ ᠳᠤᠮᠤ ᠳᠤᠭᠤᠭᠠᠨ ᠳᠠᠬᠢ ᠠᠶᠢᠷᠠᠭ ᠪᠤᠴᠠᠯᠤᠨ᠎ᠠ᠃ ᠡᠨᠡ ᠦᠶ᠎ᠠ ᠳᠤ ᠵᠢᠵᠢᠭ ᠳᠤᠭᠤᠭᠠᠨ ᠳᠠᠬᠢ ᠤᠰᠤ ᠶᠢ ᠰᠠᠮᠤᠷᠬᠤ ᠪᠤᠶᠤ ᠳᠠᠬᠢᠨ ᠬᠦᠢᠳᠡᠨ ᠤᠰᠤ ᠰᠤᠯᠢᠬᠤ ᠳᠤ ᠳᠤᠤᠷ᠎ᠠ ᠠᠴᠠ ᠭᠠᠷᠤᠭᠰᠠᠨ ᠬᠠᠯᠠᠭᠤᠨ ᠠᠭᠤᠷ ᠨᠢ ᠵᠢᠯᠠᠪᠴᠢ ᠳᠤᠭᠤᠭᠠᠨ  ᠤ ᠬᠦᠢᠳᠡᠨ ᠢᠷᠤᠭᠠᠷ ᠲᠤ ᠵᠤᠯᠭᠠᠵᠤ᠂ ᠠᠷᠢᠬᠢᠨ ᠬᠦᠷᠤᠩᠬᠡ ᠨᠢ ᠤᠰᠤᠨ ᠳᠤᠰᠤᠯ ᠪᠤᠯᠵᠤ ᠪᠦᠷᠬᠦᠬᠡᠷ  ᠤᠨ ᠳᠤᠳᠤᠷᠠᠬᠢ ᠳᠡᠬᠦᠵᠢᠯᠡᠬᠦᠷ ᠰᠠᠪᠠ ᠳᠤ ᠳᠤᠰᠤᠯᠠᠵᠤ ᠰᠤᠪᠰᠤ ᠡᠬᠦᠰᠬᠡᠨ᠎ᠠ ᠁ ᠢᠩᠬᠢᠵᠤ ᠵᠢᠯᠠᠪᠴᠢ ᠳᠤᠭᠤᠭᠠᠨ ᠤ ᠰᠦ ᠶᠢ 5 ~ 7 ᠤᠳᠠᠭ᠎ᠠ ᠰᠤᠯᠢᠵᠤ ᠬᠦᠷᠤᠬᠡᠬᠦ ᠤᠢᠢᠯᠡᠳᠤᠯ ᠭᠠᠷᠭᠠᠳᠠᠭ᠃ ᠰᠤᠪᠰᠤ ᠪᠠᠨ ᠬᠡᠳᠤᠢ ᠳᠠᠬᠢᠵᠤ ᠨᠡᠷᠡᠪᠠᠯ ᠳᠡᠳᠤᠢ ᠬᠦᠴᠤᠳᠠᠢ ᠰᠠᠭᠠᠯᠢ  ᠶᠢᠨ ᠠᠷᠢᠬᠢ ᠪᠤᠯᠳᠠᠭ ᠃ ᠳᠠᠬᠢᠵᠤ ᠨᠡᠷᠡᠬᠦ  ᠶᠢ ᠪᠠᠰᠠ ᠬᠠᠷᠢᠭᠤᠯᠬᠤ ᠬᠡᠳᠡᠭ ᠃ ᠬᠡᠪᠡᠴᠤ ᠬᠡᠳᠤᠢ ᠬᠠᠷᠢᠭᠤᠯᠤᠯ᠎ᠠ ᠬᠡᠳ 30 ‍ᠭᠷᠠᠳᠦ᠋ᠰ ᠠᠴᠠ ᠬᠡᠳᠤᠷᠡᠳᠡᠭ ᠦᠬᠡᠢ ᠃   ︵ᠳᠤᠰ ᠨᠢᠭᠤᠷ ᠤᠨ ᠡᠬᠡ ᠪᠢᠴᠢᠭ ᠢ ︽ ᠮᠤᠩᠭᠤᠯ ᠵᠠᠩ ᠤᠢᠢᠯᠠ ᠰᠤᠶᠤᠯ᠂ ᠢᠳᠡᠬᠡᠨ ᠤᠮᠳᠠᠭᠠᠨ ᠤ ᠵᠠᠩ ᠤᠢᠢᠯᠠ︾ ᠠᠴᠠ ᠪᠠᠭᠤᠯᠭᠠᠪᠠ︶  
 
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号