ᠴᠠᠢ ᠶᠢᠨ ᠤᠮᠳᠠᠭᠠᠨ | ᠮᠤᠩᠭᠤᠯᠴᠤᠳ ᠤᠨ ᠴᠠᠢ ᠶᠢᠨ ᠤᠮᠳᠠᠭᠠᠨ ᠳᠤ ᠬᠡᠬᠡᠷ᠎ᠠ ᠶᠢᠨ ᠳᠡᠬᠦᠮᠠᠯ ᠴᠠᠢ ᠶᠢ ᠴᠢᠨᠠᠬᠤ᠂ ᠬᠡᠪ ᠤᠨ ᠴᠠᠢ ᠶᠢ | ᠬᠡᠮᠬᠡᠯᠵᠤ ᠨᠦᠳᠤᠬᠡᠳ ᠴᠢᠨᠠᠬᠤ᠂ ᠳᠠᠷᠢᠮᠠᠯ ᠴᠠᠢ ᠶᠢ ᠴᠢᠨᠠᠬᠤ ᠪᠤᠶᠤ ᠴᠢᠢᠯᠡᠬᠦ ᠠᠷᠭ᠎ᠠ ᠪᠠᠷ ᠪᠤᠯᠪᠠᠰᠤᠷᠠᠭᠤᠯᠤᠭᠰᠠᠨ | ᠤᠮᠳᠠᠭᠠᠨ ᠨᠤᠭᠤᠳ ᠪᠠᠭᠳᠠᠳᠠᠭ ᠃ | ᠮᠤᠩᠭᠤᠯᠴᠤᠳ ᠡᠷᠳᠠ ᠦᠶ᠎ᠠ ᠳᠤ ᠪᠠᠨ ᠬᠡᠬᠡᠷ᠎ᠠ ᠬᠦᠳᠡᠭᠡ ᠠᠴᠠ ᠤᠯᠠᠨ ᠵᠦᠢᠯ ᠤᠨ ᠴᠠᠢ ᠶᠢᠨ ᠤᠷᠭᠤᠮᠠᠯ ᠢ | ᠳᠡᠬᠦᠵᠤ᠂ ᠴᠢᠨᠠᠵᠤ ᠢᠳᠡᠬᠡᠰᠢᠬᠦᠯᠤᠨ ᠤᠮᠳᠠᠭᠠᠨ ᠢᠶᠠᠷ ᠠᠰᠢᠭᠯᠠᠵᠤ ᠪᠠᠶᠢᠵᠠᠢ᠃ ᠮᠤᠩᠭᠤᠯ ᠨᠤᠳᠤᠭ ᠲᠠᠬᠢ ᠴᠠᠢ ᠶᠢᠨ | ᠤᠷᠭᠤᠮᠠᠯ ᠢ ᠠᠰᠢᠭᠯᠠᠨ ᠤᠤᠭᠤᠵᠤ ᠪᠠᠶᠢᠭᠰᠠᠨ ᠴᠠᠢ ᠨᠤᠭᠤᠳ ᠲᠤ᠂ ᠰᠦᠳᠤᠨ ᠴᠠᠢ᠂ ᠦᠷᠢᠯ ᠤᠨ ᠴᠠᠢ᠂ ᠮᠠᠨᠤ | ᠴᠠᠢ᠂ ᠪᠤᠷᠤᠯᠵᠠᠭᠠᠨᠠ ᠶᠢᠨ ᠴᠠᠢ᠂ ᠤᠯᠠᠭᠠᠨ᠎ᠠ ᠶᠢᠨ ᠴᠠᠢ᠂ ᠨᠤᠬᠠᠢ ᠶᠢᠨ ᠬᠤᠰᠢᠭᠤ ᠶᠢᠨ ᠴᠠᠢ᠂ ᠪᠤᠳᠤᠷᠭᠠᠨ᠎ᠠ ᠶᠢᠨ | ᠴᠠᠢ ᠂ ᠱᠡᠬᠡᠷ ᠤᠨ ᠴᠠᠢ᠂ ᠴᠠᠶᠢᠷ ᠤᠨ ᠴᠠᠢ᠂ ᠴᠠᠭᠠᠨ ᠢᠷᠭᠤᠢ ᠶᠢᠨ ᠴᠠᠢ᠂ ᠴᠠᠷᠠᠰᠤᠨ ᠴᠠᠢ᠂ ᠠᠯᠢᠮ᠎ᠠ ᠶᠢᠨ ᠴᠠᠢ | ᠵᠡᠷᠬᠡ ᠪᠤᠯᠤᠨ᠎ᠠ᠃ ᠡᠳᠡᠬᠡᠷ ᠴᠠᠢ ᠶᠢᠨ ᠤᠷᠭᠤᠮᠠᠯ ᠢ ᠳᠡᠬᠦᠬᠦ ᠳᠤ ᠪᠠᠨ ᠪᠤᠯᠪᠠᠰᠤᠷᠠᠭᠤᠯᠤᠯᠳᠠ ᠶᠢᠨ ᠠᠳᠠᠯᠢ ᠪᠤᠰᠤ ᠶᠢ | ᠦᠨᠳᠤᠰᠤᠯᠡᠵᠤ᠂ ᠠᠳᠠᠯᠢ ᠪᠤᠰᠤ ᠴᠠᠭ ᠲᠤ ᠳᠡᠬᠦᠳᠡᠭ ᠪᠦᠬᠡᠳ ᠵᠠᠷᠢᠮ ᠤᠨ ᠬᠢᠨᠢ ᠨᠠᠪᠴᠢ ᠴᠡᠴᠡᠭ᠂ ᠵᠠᠷᠢᠮ ᠤᠨ ᠬᠢᠨᠢ | ᠡᠰᠢ᠂ ᠦᠨᠳᠤᠰᠤ ᠶᠢ ᠬᠡᠷᠡᠭᠯᠡᠳᠡᠭ᠃ ᠳᠠᠷᠠᠴᠢᠯᠠᠨ ᠳᠡᠬᠦᠭᠰᠡᠨ ᠴᠠᠢ ᠶᠢᠨ ᠤᠷᠭᠤᠮᠠᠯ ᠢᠶᠠᠨ ᠡᠭᠰᠢᠬᠡᠬᠦ᠂ ᠬᠠᠳᠠᠭᠠᠬᠤ᠂ | ᠳᠠᠷᠤᠰᠢᠭᠤᠯᠬᠤ᠂ ᠬᠠᠭᠤᠷᠬᠤ ᠵᠡᠷᠬᠡ ᠶᠠᠩᠵᠤ ᠪᠦᠷᠢ ᠶᠢᠨ ᠠᠷᠭ᠎ᠠ ᠪᠠᠷ ᠪᠤᠯᠪᠠᠰᠤᠷᠠᠭᠤᠯᠵᠤ ᠡᠳ᠋ᠰᠢᠬᠦᠯᠳᠡᠭ᠃ | ᠬᠡᠬᠡᠷ᠎ᠠ ᠶᠢᠨ ᠴᠠᠢ ᠶᠢᠨ ᠤᠷᠭᠤᠮᠠᠯ ᠢ ᠳᠠᠨᠢᠵᠤ ᠰᠤᠩᠭᠤᠬᠤ᠂ ᠳᠡᠬᠦᠬᠦ ᠴᠠᠭ ᠢ ᠨᠢ ᠤᠨᠤᠪᠴᠢᠳᠠᠢ ᠳᠤᠬᠢᠷᠠᠭᠤᠯᠬᠤ᠂ | ᠠᠳᠠᠯᠢ ᠪᠤᠰᠤ ᠠᠷᠭ᠎ᠠ ᠪᠠᠷ ᠪᠤᠯᠪᠠᠰᠤᠷᠠᠭᠤᠯᠵᠤ ᠡᠳ᠋ᠰᠢᠬᠦᠯᠬᠦ ᠵᠡᠷᠬᠡ ᠤᠷ᠎ᠠ ᠤᠬᠠᠭᠠᠨ᠂ ᠤᠷᠠᠨ ᠮᠡᠷᠬᠡᠵᠢᠯ ᠨᠢ | ᠮᠤᠩᠭᠤᠯᠴᠤᠳ ᠤᠨ ᠤᠷᠳᠤ ᠤᠳᠠᠭᠠᠨ ᠬᠤᠭᠤᠴᠠᠭᠠᠨ ᠤ ᠤᠢᠢᠯᠡᠳᠤᠯᠬᠡ ᠳᠤᠷᠰᠢᠯᠭ᠎ᠠ ᠶᠢᠨ ᠬᠢᠨᠢ ᠬᠤᠷᠠᠮᠳᠤᠭᠤᠯᠤᠯ | ᠪᠠ ᠤᠶᠤᠨ ᠤᠬᠠᠭᠠᠨ ᠤ ᠬᠢᠨᠢ ᠢᠯᠡᠷᠡᠬᠦᠯᠤᠯ ᠪᠤᠯᠬᠤ ᠶᠤᠮ᠃ | ᠰᠡᠬᠦᠯᠳᠡᠵᠤ ᠢᠷᠡᠬᠡᠳ ᠭᠤᠤᠯᠳᠠᠭᠤ ᠳᠤᠮᠳᠠᠳᠤ ᠤᠷᠤᠨ ᠤ ᠳᠠᠷᠢᠮᠠᠯ ᠴᠠᠢ ᠪᠠᠷ ᠳᠠᠷᠤᠰᠢᠭᠤᠯᠤᠭᠰᠠᠨ ᠬᠡᠪ ᠤᠨ | ᠴᠠᠢ ᠪᠠ ᠬᠠᠳᠠᠭᠠᠭᠰᠠᠨ ᠴᠠᠢ ᠶᠢ ᠤᠤᠭᠤᠬᠤ ᠪᠤᠯᠤᠭᠰᠠᠨ ᠪᠠᠶᠢᠨ᠎ᠠ᠃ | ᠮᠤᠩᠭᠤᠯᠴᠤᠳ ᠴᠠᠢ ᠶᠢ ᠳᠤᠩ ᠡᠷᠬᠢᠮᠯᠡᠵᠤ᠂ ᠡᠳᠤᠷ ᠳᠤᠳᠤᠮ ᠤᠨ ᠠᠮᠢᠳᠤᠷᠠᠯ ᠳᠤ ᠪᠠᠨ ᠤᠮᠳᠠ ᠬᠤᠭᠤᠯᠠ | ᠪᠤᠯᠭᠠᠬᠤ ᠪᠠᠷ ᠪᠠᠷᠠᠬᠤ ᠦᠬᠡᠢ᠂ ᠬᠤᠷᠢᠮ ᠨᠠᠶᠢᠷ᠂ ᠶᠤᠰᠤᠯᠠᠯ ᠳᠠᠶᠢᠯᠠᠯᠭ᠎ᠠ ᠳᠤ ᠬᠡᠶᠢᠴᠢᠨ ᠵᠤᠴᠢᠨ ᠢᠶᠠᠨ ᠵᠤᠴᠢᠯᠠᠬᠤ | ᠬᠦᠨᠳᠤᠳᠬᠡᠯ ᠤᠨ ᠤᠮᠳᠠᠭᠠᠨ ᠪᠤᠯᠭᠠᠳᠠᠭ ᠃ | ᠠᠶᠢᠯ ᠬᠡᠷ ᠲᠤ ᠢᠷᠡᠭᠰᠡᠨ ᠬᠦᠮᠤᠨ ᠳᠤ ᠵᠠᠪᠠᠯ ᠴᠠᠢ ᠠᠶᠠᠭᠠᠯᠠᠵᠤ᠂ ᠴᠠᠭᠠᠨ ᠢᠳᠡᠭᠡ ᠳᠠᠯᠪᠢᠳᠠᠭ ᠨᠢ ᠤᠯᠠᠮᠵᠢᠯᠠᠯ | ᠪᠤᠯᠤᠭᠰᠠᠭᠠᠷ ᠢᠷᠡᠭᠰᠡᠨ ᠶᠤᠮ᠃ ᠬᠡᠶᠢᠴᠢᠨ ᠵᠤᠴᠢᠨ ᠤᠷᠢᠵᠤ ᠵᠤᠴᠢᠯᠠᠬᠤ ᠳᠤ ᠪᠠᠨ ︽ᠴᠠᠢ ᠤᠤᠭᠤᠯᠭᠠᠬᠤ︾᠂ | ︽ ᠴᠠᠶᠢᠯᠠᠬᠤ︾ ᠬᠡᠳᠡᠭ᠃ ᠪᠤᠰᠤᠳ ᠲᠤ ᠴᠠᠢ ᠠᠶᠠᠭᠠᠯᠠᠬᠤ ᠳᠤ ᠪᠠᠨ ᠠᠶᠠᠭᠠᠨ ᠳᠤ ᠨᠢ ᠬᠤᠷᠤᠳ᠂ ᠦᠷᠤᠮ᠎ᠠ | ᠂ ᠰᠢᠷ᠎ᠠ ᠳᠤᠰᠤ ᠵᠡᠷᠬᠡ ᠠᠴᠠ ᠪᠠᠭ᠎ᠠ ᠴᠤ ᠬᠡᠰᠡᠨ ᠬᠢᠵᠤ ᠠᠶᠠᠭᠠᠯᠠᠳᠠᠭ ᠶᠤᠰᠤ ᠲᠠᠢ᠃ | ᠴᠢᠨᠠᠭᠰᠠᠨ ᠴᠠᠢ ᠶᠢᠨ ᠰᠢᠭᠠᠷᠤ ᠶᠢ ᠦᠨᠡᠰᠤ ᠬᠤᠭ ᠲᠠᠢ ᠬᠤᠯᠢᠯᠳᠤᠭᠤᠯᠬᠤ ᠪᠠ ᠬᠦᠮᠤᠨ᠂ ᠮᠠᠯ ᠤᠨ ᠬᠦᠯ ᠳᠤ | ᠬᠢᠰᠬᠢᠭᠳᠡᠬᠦ ᠠᠴᠠ ᠴᠡᠬᠡᠷᠯᠡᠵᠤ᠂ ᠬᠡᠷ ᠤᠨ ᠪᠠᠷᠠᠭᠤᠨ ᠬᠤᠶᠢᠳᠤ ᠳᠠᠯ᠎ᠠ ᠳᠤ ᠤᠪᠤᠭᠠᠯᠠᠵᠤ ᠳᠠᠯᠪᠢᠳᠠᠭ ᠨᠢ ᠴᠠᠢ ᠶᠢᠨ | ᠳᠤᠬᠠᠢ ᠳᠡᠬᠡᠳᠤᠯᠠᠯ ᠤᠨ ᠬᠢᠨᠢ ᠢᠯᠡᠷᠬᠡᠶᠢᠯᠡᠯ ᠶᠤᠮ᠃ | ᠮᠤᠩᠭᠤᠯᠴᠤᠳ ᠤᠨ ᠤᠯᠠᠮᠵᠢᠯᠠᠯᠳᠤ ᠴᠠᠢ ᠶᠢᠨ ᠤᠮᠳᠠᠭᠠᠨ ᠳᠤ ᠭᠤᠤᠯᠳᠠᠭᠤ ᠰᠦ ᠲᠠᠢ ᠴᠠᠢ ᠪᠠ ᠬᠠᠷ᠎ᠠ ᠴᠠᠢ | ᠬᠡᠬᠦ ᠢᠯᠭᠠᠯ ᠲᠠᠢ᠃ | ᠨᠢᠬᠡ ᠂ ᠰᠦ ᠲᠠᠢ ᠴᠠᠢ | | | | | | ᠬᠡᠬᠡᠷ᠎ᠠ ᠶᠢᠨ ᠳᠡᠬᠦᠮᠠᠯ ᠴᠠᠢ ᠪᠤᠶᠤ ᠬᠡᠪ ᠤᠨ ᠴᠠᠢ ᠶᠢ ᠬᠡᠮᠬᠡᠯᠵᠤ ᠴᠢᠨᠠᠭᠠᠳ ᠢᠳᠡᠬᠡᠰᠢᠭ ᠪᠤᠯᠭᠠᠭᠰᠠᠨ ᠤ ᠳᠠᠷᠠᠭ᠎ᠠ | ᠳᠤᠩᠭᠠᠵᠤ᠂ ᠰᠦ᠂ ᠨᠤᠤᠭ ᠪᠤᠶᠤ ᠵᠦᠬᠡᠬᠡᠢ ᠪᠠᠷ ᠨᠠᠶᠢᠯᠡᠬᠦᠯᠵᠤ᠂ ᠪᠠᠭ᠎ᠠ ᠳᠠᠪᠤᠰᠤ ᠤᠷᠬᠢᠭᠠᠳ ᠰᠠᠮᠤᠷᠴᠤ | ᠨᠠᠶᠢᠴᠡᠬᠦᠯᠦᠭᠰᠡᠨ ᠢ ᠰᠦ ᠲᠠᠢ ᠴᠠᠢ ᠬᠡᠨ᠎ᠠ᠃ ᠰᠦ ᠲᠠᠢ ᠴᠠᠢ ᠪᠤᠯ ᠮᠠᠯᠴᠢᠳ ᠤᠨ ᠬᠠᠮᠤᠭ ᠤᠨ ᠤᠤᠭᠤᠬᠤ ᠳᠤᠷᠠᠳᠠᠢ | ᠤᠮᠳᠠᠭᠠᠨ ᠪᠤᠯᠤᠨ᠎ᠠ᠃ ᠰᠦ ᠲᠠᠢ ᠴᠠᠢ ᠨᠢ ᠬᠦᠮᠤᠨ ᠤ ᠴᠤᠭ ᠰᠦᠯᠳᠠ ᠶᠢ ᠰᠡᠷᠬᠦᠬᠡᠬᠦ᠂ ᠶᠠᠳᠠᠷᠠᠭ᠎ᠠ ᠴᠢᠯᠡᠭᠡ ᠶᠢ | ᠳᠠᠶᠢᠯᠬᠤ᠂ ᠬᠤᠳᠤᠭᠤᠳᠤ ᠬᠡᠳᠡᠰᠤᠨ ᠤ ᠠᠵᠢᠯᠯᠠᠭ᠎ᠠ ᠶᠢ ᠰᠠᠶᠢᠵᠢᠷᠠᠭᠤᠯᠬᠤ᠂ ᠪᠤᠳᠠᠰ ᠤᠨ ᠰᠤᠯᠢᠯᠴᠠᠭ᠎ᠠ ᠶᠢ | ᠳᠦᠷᠬᠡᠳᠬᠡᠬᠦ ᠤᠢᠢᠯᠡᠳᠤᠯ ᠲᠠᠢ ᠤᠮᠳᠠᠭᠠᠨ ᠶᠤᠮ᠃ ᠮᠤᠩᠭᠤᠯᠴᠤᠳ ᠬᠡᠶᠢᠴᠢᠨ ᠵᠤᠴᠢᠨ ᠳᠤ ᠬᠠᠷ᠎ᠠ ᠴᠠᠢ᠂ | ᠬᠠᠯᠠᠭᠤᠨ ᠤᠰᠤ ᠠᠶᠠᠭᠠᠯᠠᠬᠤ ᠶᠢ ᠴᠡᠬᠡᠷᠯᠡᠳᠡᠭ᠃ ᠰᠦ ᠲᠠᠢ ᠴᠠᠢ ᠦᠨᠤᠷ ᠠᠮᠳᠠ ᠰᠠᠶᠢᠬᠠᠨ᠂ ᠦᠯ ᠬᠤᠭᠤᠯᠠ | ᠳᠠᠷᠤᠳᠠᠭ ᠪᠤᠯᠬᠤᠷ ᠮᠠᠯᠴᠢᠳ ᠦᠷᠯᠤᠬᠡ᠂ ᠦᠳᠡ ᠳᠤ ᠪᠠᠨ ᠴᠠᠢ ᠤᠤᠭᠤᠵᠤ᠂ ᠤᠷᠤᠢ ᠳᠤ ᠪᠠᠨ ᠬᠤᠭᠤᠯᠠ | ᠢᠳᠡᠳᠡᠭ ᠵᠠᠩᠰᠢᠯ ᠲᠠᠢ᠃ ᠰᠦ ᠲᠠᠢ ᠴᠠᠢ ᠨᠢ ᠮᠤᠩᠭᠤᠯᠴᠤᠳ ᠤᠨ ᠠᠮᠢᠳᠤᠷᠠᠯ ᠳᠤ ᠤᠮᠳᠠ ᠬᠤᠭᠤᠯᠠ ᠶᠢᠨ | ᠤᠢᠢᠯᠡᠳᠤᠯ ᠲᠠᠢ ᠪᠤᠯᠬᠤᠷ᠂ ᠴᠢᠨᠠᠵᠤ ᠪᠡᠯᠡᠳᠬᠡᠬᠦ ᠠᠴᠠ ᠡᠬᠢᠯᠡᠬᠡᠳ᠂ ᠤᠤᠭᠤᠵᠤ ᠡᠳ᠋ᠯᠡᠬᠦ ᠵᠡᠷᠬᠡ ᠳᠤ ᠪᠦᠷ | ᠦᠪᠡᠷᠮᠢᠴᠠ ᠶᠤᠰᠤ ᠵᠠᠩᠰᠢᠯ ᠲᠠᠢ ᠪᠠᠶᠢᠳᠠᠭ᠃ ᠴᠠᠢ ᠴᠢᠨᠠᠬᠤ ᠳᠤ ᠵᠤᠷᠢᠭᠤᠯᠤᠭᠰᠠᠨ ᠳᠤᠰᠬᠠᠢ ᠳᠤᠭᠤᠭ᠎ᠠ ᠪᠠᠶᠢᠳᠠᠭ | ᠪᠦᠬᠡᠳ ᠴᠠᠢ ᠴᠢᠨᠠᠬᠤ ᠳᠤ ᠪᠠᠨ ᠳᠤᠭᠤᠭ᠎ᠠ ᠪᠠᠨ ᠰᠠᠶᠢᠨ ᠤᠬᠢᠶᠠᠳᠠᠭ᠃ ᠢᠩᠬᠢᠪᠠᠯ ᠴᠠᠢ ᠶᠢᠨ ᠢᠳᠡᠬᠡᠰᠢᠯᠳᠠ ᠰᠠᠶᠢᠨ | ᠂ ᠦᠩᠬᠡ ᠨᠢ ᠰᠠᠶᠢᠬᠠᠨ ᠪᠤᠯᠳᠠᠭ᠃ ᠬᠡᠷ ᠵᠠᠭᠤᠷ᠎ᠠ ᠪᠠᠨ ᠴᠠᠢ ᠤᠤᠭᠤᠬᠤ ᠳᠤ ᠪᠠᠨ ᠬᠤᠷᠤᠳ᠂ ᠠᠭᠠᠷᠤᠤᠯ ᠬᠢᠵᠤ᠂ | ᠮᠢᠬ᠎ᠠ ᠬᠦᠰᠬᠦᠯᠡᠵᠤ ᠤᠤᠭᠤᠳᠠᠭ ᠤᠴᠢᠷ ᠠᠴᠠ ᠤᠮᠳᠠ ᠳᠠᠷᠤᠬᠤ ᠶᠢᠨ ᠬᠠᠮᠳᠤ᠂ ᠦᠯ ᠬᠤᠭᠤᠯᠠ ᠪᠤᠯᠳᠠᠭ᠃ | ᠮᠤᠩᠭᠤᠯᠴᠤᠳ ᠤᠨ ᠤᠤᠭᠤᠳᠠᠭ ᠴᠠᠢ ᠶᠢ ᠨᠠᠶᠢᠳᠠ ᠳᠤ ᠨᠢ ᠰᠦ ᠲᠠᠢ ᠴᠠᠢ ᠬᠡᠵᠤ ᠨᠡᠷᠡᠯᠡᠳᠡᠭ᠃ ᠬᠡᠬᠦ ᠳᠤ ᠪᠠᠨ | ᠴᠢᠨᠠᠵᠤ ᠪᠤᠯᠪᠠᠰᠤᠷᠠᠭᠤᠯᠬᠤ ᠠᠷᠭ᠎ᠠ ᠶᠢᠨ ᠠᠳᠠᠯᠢ ᠪᠤᠰᠤ ᠠᠴᠠ ᠪᠤᠯᠵᠤ᠂ ᠠᠮᠳᠠ ᠰᠢᠮᠳᠠ ᠪᠠᠷ ᠠᠳᠠᠯᠢ ᠦᠬᠡᠢ | ᠪᠠᠶᠢᠳᠠᠭ᠃ ᠳᠤᠬᠠᠢᠢᠯᠠᠪᠠᠯ᠂ ᠴᠠᠬᠠᠷ᠂ ᠬᠡᠰᠢᠭᠳᠡᠨ᠂ ᠪᠠᠭᠠᠷᠢᠨ ᠤ ᠴᠠᠢ ᠢᠳᠡᠬᠡᠰᠢᠭ ᠡᠬᠡᠬᠦᠨ᠂ ᠵᠦᠬᠡᠬᠡᠢ᠂ ᠨᠤᠤᠭ | ᠢᠶᠠᠷ ᠰᠦᠯᠡᠳᠡᠭ ᠪᠤᠯᠬᠤᠷ ᠳᠤᠰᠤᠯᠢᠬ ᠠᠮᠳᠠᠳᠠᠢ᠃ ᠰᠦᠨᠢᠳ᠂ ᠤᠷᠳᠤᠰ ᠴᠠᠢ ᠰᠢᠩᠬᠡᠪᠳᠤᠷ᠂ ᠳᠠᠪᠤᠰᠤ ᠪᠠᠭ᠎ᠠ ᠲᠠᠢ | ᠪᠠᠶᠢᠳᠠᠭ᠃ ᠪᠠᠷᠭᠤ ᠴᠠᠢ ᠳᠠᠪᠤᠰᠤ ᠦᠬᠡᠢ᠂ ᠬᠠᠯᠬ᠎ᠠ ᠴᠠᠢ ᠰᠢᠩᠬᠡᠨ ᠪᠦᠬᠡᠳ ᠰᠦ ᠳᠠᠶᠢᠯᠤᠩᠬᠢ ᠪᠠᠶᠢᠳᠠᠭ ᠪᠤᠯᠬᠤᠷ | ᠴᠠᠢ ᠶᠢᠨ ᠤᠮᠳᠠᠭᠠᠨ ᠨᠢ ᠤᠷᠤᠨ ᠨᠤᠳᠤᠭ ᠤᠨ ᠤᠨᠴᠠᠯᠢᠬ ᠢᠶᠠᠷ ᠳᠤᠪᠤᠶᠢᠮ᠎ᠠ ᠪᠤᠯᠤᠭᠰᠠᠨ ᠶᠤᠮ᠃ | ᠰᠦ ᠲᠠᠢ ᠴᠠᠢ ᠶᠢ ᠴᠢᠨᠠᠵᠤ ᠪᠤᠯᠪᠠᠰᠤᠷᠠᠭᠤᠯᠬᠤ ᠳᠤ ᠶᠡᠬᠡᠬᠡᠨ ᠤᠷ᠎ᠠ ᠳᠡᠮ ᠤᠷᠤᠳᠠᠭ᠂ ᠴᠠᠢ ᠴᠢᠨᠠᠬᠤ ᠳᠤ ᠪᠠᠨ | ᠳᠤᠭᠤᠭ᠎ᠠ ᠲᠠᠢ ᠬᠦᠢᠳᠡᠨ ᠤᠰᠤᠨ ᠳᠤ ᠬᠡᠮᠬᠡᠯᠵᠤ ᠨᠦᠳᠦᠭᠰᠡᠨ ᠴᠠᠢ ᠪᠠᠨ ᠬᠢᠵᠤ ᠪᠤᠴᠠᠯᠭᠠᠭᠠᠳ᠂ ᠤᠯᠠᠨ ᠳᠠᠬᠢᠨ | ᠰᠠᠮᠤᠷᠴᠤ ᠢᠳᠡᠬᠡᠰᠢᠬᠦᠯᠳᠡᠭ᠃ ᠢᠳᠡᠬᠡᠰᠢᠭᠰᠡᠨ ᠴᠠᠢ ᠪᠠᠨ ᠳᠤᠩᠭᠠᠵᠤ ᠠᠪᠤᠭᠠᠳ ᠰᠦ᠂ ᠨᠤᠤᠭ᠂ ᠵᠦᠬᠡᠬᠡᠢ ᠪᠠᠷ | ᠰᠦᠯᠡᠬᠦ ᠳᠤ ᠪᠠᠨ ᠮᠦᠨ ᠤᠯᠠᠨ ᠳᠠᠬᠢᠨ ᠰᠠᠮᠤᠷᠴᠤ ᠨᠠᠶᠢᠴᠡᠬᠦᠯᠳᠡᠭ᠃ ᠡᠶᠢᠮᠤᠷᠬᠦᠤ ᠢᠳᠡᠬᠡᠰᠢᠬᠦᠯᠬᠦ᠂ ᠳᠤᠩᠭᠠᠬᠤ᠂ | ᠰᠦᠯᠡᠬᠦ ᠶᠠᠪᠤᠴᠠ ᠪᠠᠷ ᠴᠢᠨᠠᠭᠰᠠᠨ ᠴᠠᠢ ᠶᠢᠨ ᠦᠩᠬᠡ ᠨᠢ ᠬᠦᠷᠡᠩ ᠤᠯᠠᠭᠠᠨ᠂ ᠦᠨᠤᠷ ᠠᠮᠳᠠ ᠨᠢ ᠭᠤᠶᠢᠳᠠ | ᠰᠠᠶᠢᠬᠠᠨ ᠪᠤᠯᠵᠤ ᠴᠢᠳᠠᠳᠠᠭ ᠶᠤᠮ᠃ | ᠰᠦ ᠲᠠᠢ ᠴᠠᠢ ᠶᠢ ᠴᠢᠨᠠᠵᠤ ᠪᠤᠯᠭᠤᠭᠰᠠᠨ ᠪᠠᠶᠢᠳᠠᠯ ᠢᠶᠠᠷ ᠨᠢ ᠪᠤᠳᠠᠭ᠎ᠠ ᠤᠷᠬᠢᠭᠰᠠᠨ ᠴᠠᠢ᠂ ᠪᠤᠳᠠᠭ᠎ᠠ | ᠰᠠᠮᠤᠷᠤᠭᠰᠠᠨ ᠴᠠᠢ᠂ ᠭᠤᠯᠢᠷᠳᠠᠭᠰᠠᠨ ᠴᠠᠢ᠂ ᠪᠠᠩᠰᠢ ᠲᠠᠢ ᠴᠠᠢ᠂ ᠪᠤᠷᠪᠢ ᠳᠤᠶᠢᠭ ᠤᠨ ᠴᠠᠢ ᠬᠡᠬᠦ ᠮᠡᠳᠤ ᠪᠠᠷ | ᠳᠤᠳᠤᠷᠠᠭᠤᠯᠤᠨ ᠨᠡᠷᠡᠯᠡᠳᠡᠭ᠃ | ᠪᠤᠳᠠᠭ᠎ᠠ ᠤᠷᠬᠢᠭᠰᠠᠨ ᠴᠠᠢ — ᠴᠢᠨᠠᠭᠰᠠᠨ ᠴᠠᠢ ᠶᠢᠨ ᠰᠢᠭᠠᠷᠤ ᠶᠢ ᠳᠤᠩᠭᠠᠵᠤ ᠠᠪᠤᠭᠰᠠᠨ ᠤ ᠳᠠᠷᠠᠭ᠎ᠠ᠂ ᠨᠠᠷᠢᠮᠤ | ᠪᠤᠳᠠᠭ᠎ᠠ ︵ᠬᠤᠨᠤᠭ ᠪᠤᠳᠠᠭ᠎ᠠ︶ ᠬᠢᠵᠤ᠂ ᠴᠠᠢ ᠪᠠᠨ ᠪᠤᠴᠠᠯᠭᠠᠭᠠᠳ᠂ ᠪᠤᠳᠠᠭ᠎ᠠ ᠨᠢ ᠰᠢᠯᠵᠢᠷᠠᠪᠠᠯ ᠰᠦ᠂ ᠨᠤᠤᠭ | ᠪᠤᠶᠤ ᠵᠦᠬᠡᠬᠡᠢ ᠪᠠᠷ ᠨᠡᠶᠢᠯᠡᠬᠦᠯᠵᠤ᠂ ᠪᠠᠭ᠎ᠠ ᠰᠢᠬ ᠳᠠᠪᠤᠰᠤ ᠬᠢᠵᠤ᠂ ᠰᠢᠷ᠎ᠠ ᠳᠤᠰᠤ ᠰᠠᠮᠤᠷᠪᠠᠯ᠂ ᠬᠦᠷᠡᠩ ᠤᠯᠠᠭᠠᠨ | ᠦᠩᠬᠡᠳᠠᠢ ᠪᠤᠳᠠᠭ᠎ᠠ ᠤᠷᠬᠢᠭᠰᠠᠨ ᠴᠠᠢ ᠪᠤᠯᠳᠠᠭ᠃ | ᠪᠤᠳᠠᠭ᠎ᠠ ᠰᠠᠮᠤᠷᠤᠭᠰᠠᠨ ᠴᠠᠢ — ᠴᠠᠢ ᠪᠠᠨ ᠴᠢᠨᠠᠵᠤ ᠢᠳᠡᠬᠡᠰᠢᠬᠦᠯᠤᠨ ᠰᠦᠯᠡᠭᠰᠡᠨ ᠤ ᠳᠠᠷᠠᠭ᠎ᠠ᠂ ᠪᠠᠭ᠎ᠠ | ᠬᠡᠮᠵᠢᠶᠡᠨ ᠤ ᠬᠠᠭᠤᠷᠤᠭᠰᠠᠨ ᠠᠮᠤ ︵ᠪᠤᠯᠭᠤᠭᠰᠠᠨ ᠪᠤᠳᠠᠭ᠎ᠠ︶ ᠶᠢ ᠴᠠᠢ ᠳᠤ ᠪᠠᠨ ᠬᠢᠵᠤ ᠪᠡᠯᠡᠳᠬᠡᠭᠰᠡᠨ ᠢ ᠪᠤᠳᠠᠭ᠎ᠠ | ᠰᠠᠮᠤᠷᠤᠭᠰᠠᠨ ᠴᠠᠢ ᠬᠡᠳᠡᠭ᠃ ᠡᠶᠢᠮᠤ ᠴᠠᠢ ᠨᠢ ᠬᠠᠭᠤᠷᠤᠭᠰᠠᠨ ᠠᠮᠤ ᠶᠢᠨ ᠦᠨᠤᠷ ᠬᠠᠩᠬᠤᠯᠵᠤ᠂ ᠦᠨᠤᠷ ᠠᠮᠳᠠ | ᠪᠠᠷ ᠰᠠᠶᠢᠬᠠᠨ ᠪᠠᠶᠢᠳᠠᠭ᠃ | ᠭᠤᠯᠢᠷᠳᠠᠭᠰᠠᠨ ᠴᠠᠢ — ᠭᠤᠯᠢᠷᠳᠠᠭᠰᠠᠨ ᠴᠠᠢ ᠪᠠᠵᠠᠭᠠᠬᠤ ᠳᠤ ᠤᠷᠢᠳ ᠢᠶᠠᠷ ᠳᠤᠭᠤᠭᠠᠨ ᠳᠤ ᠪᠠᠨ ᠪᠠᠭ᠎ᠠ | ᠬᠡᠮᠵᠢᠶᠡᠨ ᠤ ᠰᠢᠷ᠎ᠠ ᠳᠤᠰᠤ ᠬᠠᠶᠢᠯᠤᠭᠤᠯᠬᠤ ᠪᠤᠶᠤ ᠬᠤᠨᠢᠨ ᠰᠡᠬᠦᠯ᠂ ᠰᠡᠮᠡᠵᠠᠨ ᠦᠬᠡᠬᠦ ᠶᠢ ᠵᠢᠵᠢᠭ ᠬᠡᠷᠴᠢᠵᠤ | ᠰᠢᠷᠭᠠᠭᠠᠳ᠂ ᠳᠡᠬᠡᠷ᠎ᠠ ᠨᠢ ᠵᠤᠬᠢᠬᠤ ᠬᠡᠮᠵᠢᠶᠠᠨ ᠤ ᠴᠠᠭᠠᠨ ᠭᠤᠯᠢᠷ ᠬᠢᠵᠤ ᠬᠠᠭᠤᠷᠤᠭᠠᠳ᠂ ᠴᠢᠨᠠᠵᠤ ᠳᠤᠩᠭᠠᠭᠰᠠᠨ | ᠴᠠᠢ ᠪᠠᠨ ᠬᠢᠵᠤ ᠪᠤᠴᠠᠯᠭᠠᠳᠠᠭ᠃ ᠢᠩᠬᠢᠵᠤ ᠴᠢᠨᠠᠭᠰᠠᠨ ᠴᠠᠢ ᠨᠢ ᠰᠦᠯᠡᠭᠰᠡᠨ ᠮᠡᠳᠤ ᠬᠦᠷᠡᠩ ᠤᠯᠠᠭᠠᠪᠳᠤᠷ ᠦᠩᠬᠡ | ᠲᠠᠢ ᠪᠤᠯᠬᠤ ᠮᠦᠷᠳᠡᠬᠡᠨ ᠦᠨᠤᠷ ᠠᠮᠳᠠ ᠪᠠᠷ ᠰᠠᠶᠢᠬᠠᠨ ᠪᠤᠯᠳᠠᠭ᠃ | ᠪᠠᠩᠰᠢ ᠲᠠᠢ ᠴᠠᠢ — ᠴᠠᠢ ᠪᠠᠨ ᠴᠢᠨᠠᠵᠤ ᠳᠤᠩᠭᠠᠭᠠᠳ᠂ ᠰᠦ᠂ ᠵᠦᠬᠡᠬᠡᠢ ᠪᠠᠷ ᠰᠦᠯᠡᠬᠦ ᠶᠢᠨ ᠬᠠᠮᠳᠤ ᠪᠠᠩᠰᠢ | ᠬᠢᠵᠤ ᠪᠤᠴᠠᠯᠭᠠᠳᠠᠭ᠃ ᠡᠶᠢᠮᠤᠷᠬᠦᠤ ᠴᠠᠢ ᠨᠢ ᠦᠨᠤᠷ ᠠᠮᠳᠠ ᠪᠠᠷ ᠦᠪᠡᠷᠮᠢᠴᠠ ᠪᠦᠬᠡᠳ ᠦᠯ ᠰᠠᠶᠢᠳᠠᠢ᠂ ᠰᠢᠮ᠎ᠠ | ᠳᠡᠵᠢᠬᠡᠯ ᠳᠡᠬᠦᠯᠳᠡᠷ ᠪᠠᠶᠢᠳᠠᠭ᠃ | ᠪᠤᠷᠪᠢ ᠳᠤᠶᠢᠭ ᠤᠨ ᠴᠠᠢ — ᠴᠢᠨᠠᠵᠤ ᠳᠤᠩᠭᠠᠭᠰᠠᠨ ᠴᠠᠢ ᠳᠤ ᠪᠠᠨ ᠬᠤᠨᠢ᠂ ᠢᠮᠠᠭᠠᠨ ᠤ ᠪᠤᠷᠪᠢ ᠳᠤᠶᠢᠭ | ᠤᠨ ᠶᠠᠰᠤ ᠶᠢ ᠬᠢᠵᠤ ᠪᠤᠴᠠᠯᠭᠠᠨ ᠪᠡᠯᠡᠳᠬᠡᠭᠰᠡᠨ ᠴᠠᠢ ᠶᠢ ᠪᠤᠷᠪᠢ ᠳᠤᠶᠢᠭ ᠤᠨ ᠴᠠᠢ ᠬᠡᠳᠡᠭ᠃ ᠪᠤᠷᠪᠢ ᠳᠤᠶᠢᠭ ᠤᠨ | ᠴᠠᠢ ᠨᠢ ᠰᠦ ᠲᠠᠢ ᠴᠠᠢ ᠶᠢᠨ ᠦᠨᠤᠷ ᠠᠮᠳᠠ ᠪᠤᠯᠤᠨ ᠶᠠᠰᠤᠨ ᠱᠦᠯᠤᠨ ᠤ ᠦᠨᠤᠷ ᠠᠮᠳᠠ ᠬᠤᠤᠰᠯᠠᠵᠤ᠂ | ᠤᠤᠭᠤᠬᠤ ᠳᠤ ᠦᠨᠤᠷ ᠠᠮᠳᠠ ᠲᠠᠢ ᠪᠦᠬᠡᠳ ᠰᠢᠮ᠎ᠠ ᠳᠡᠵᠢᠬᠡᠯ ᠳᠡᠬᠦᠯᠳᠡᠷ ᠪᠤᠯᠬᠤᠷ ᠪᠤᠷᠪᠢ ᠳᠤᠶᠢᠭ ᠤᠨ ᠴᠠᠢ ᠶᠢ | ᠨᠠᠰᠤᠳᠠᠢ ᠬᠦᠮᠤᠨ ᠪᠤᠶᠤ ᠡᠪᠡᠳᠴᠢᠨ ᠲᠠᠢ ᠬᠦᠮᠤᠨ ᠳᠤ ᠤᠤᠭᠤᠯᠭᠠᠪᠠᠯ ᠳᠡᠩᠬᠡᠬᠡ ᠳᠠᠮᠢᠷ ᠢ ᠨᠢ ᠰᠠᠶᠢᠵᠢᠷᠠᠭᠤᠯᠬᠤ | ᠳᠤ ᠳᠤᠰᠠᠳᠠᠢ ᠶᠤᠮ᠃ | ᠬᠤᠶᠠᠷ ᠂ ᠬᠠᠷ᠎ᠠ ᠴᠠᠢ | | | | | | ᠮᠤᠩᠭᠤᠯᠴᠤᠳ ᠴᠠᠢ ᠶᠢᠨ ᠤᠮᠳᠠᠭᠠᠨ ᠢ ᠡᠳ᠋ᠯᠡᠬᠦ ᠳᠤ ᠪᠠᠨ ᠬᠡᠬᠡᠷ᠎ᠠ ᠶᠢᠨ ᠳᠡᠬᠦᠮᠡᠯ ᠴᠠᠢ ᠪᠤᠶᠤ ᠳᠠᠷᠢᠮᠠᠯ ᠴᠠᠢ | ᠶᠢ ᠦᠨᠢᠶ᠎ᠠ᠂ ᠢᠩᠬᠡ᠂ ᠬᠤᠨᠢ᠂ ᠢᠮᠠᠭᠠᠨ ᠤ ᠰᠦ ᠪᠠᠷ ᠰᠦᠯᠡᠵᠤ᠂ ᠳᠡᠬᠦᠨ ᠢᠶᠠᠨ ᠰᠦ ᠲᠠᠢ ᠴᠠᠢ ᠬᠡᠵᠤ | ᠨᠡᠷᠡᠰᠢᠬᠦᠯᠵᠠᠢ᠃ ᠬᠡᠪᠡᠴᠤ ᠵᠠᠷᠢᠮ ᠤᠨᠴᠠᠭᠠᠢ ᠪᠠᠶᠢᠳᠠᠯ ᠳᠤ᠂ ᠳᠤᠬᠠᠢᠢᠯᠠᠪᠠᠯ ᠡᠪᠤᠯ ᠬᠠᠪᠤᠷ ᠤᠨ ᠰᠦ ᠰᠠᠭᠠᠯᠢ ᠬᠤᠪᠤᠷ | ᠤᠯᠠᠷᠢᠯ ᠪᠤᠶᠤ ᠭᠠᠩ ᠭᠠᠴᠢᠭ ᠲᠠᠢ ᠴᠠᠭ ᠲᠤ᠂ ᠡᠰᠡᠬᠦᠯ᠎ᠠ ᠠᠯᠤᠰ ᠬᠤᠯᠠ ᠶᠢᠨ ᠠᠶᠠᠨ ᠵᠠᠮ ᠳᠤ ᠴᠠᠢ ᠪᠠᠨ ᠰᠦᠯᠡᠬᠦ | ᠦᠬᠡᠢ ᠪᠠᠷ ᠤᠤᠭᠤᠬᠤ ᠶᠢ ᠬᠠᠷ᠎ᠠ ᠴᠠᠢ ᠬᠡᠵᠤ ᠨᠡᠷᠡᠯᠡᠳᠡᠭ᠃ ᠡᠬᠦᠨ ᠠᠴᠠ ᠭᠠᠳᠠᠨ᠎ᠠ᠂ ᠬᠠᠷ᠎ᠠ ᠴᠠᠢ ᠬᠡᠳᠡᠭ ᠨᠢ | ᠳᠠᠷᠢᠮᠠᠯ ᠴᠠᠢ ᠶᠢ ᠪᠤᠴᠠᠯᠤᠭᠰᠠᠨ ᠤᠰᠤ ᠪᠠᠷ ᠴᠢᠢᠯᠡᠵᠤ ᠤᠤᠭᠤᠬᠤ ᠶᠢ ᠬᠠᠷ᠎ᠠ ᠴᠠᠢ ᠬᠡᠳᠡᠭ ᠪᠤᠯᠪᠠᠴᠤ ᠡᠶᠢᠮᠤᠷᠬᠦᠤ | ᠬᠠᠷ᠎ᠠ ᠴᠠᠢ ᠤᠤᠭᠤᠬᠤ ᠨᠢ ᠰᠡᠬᠦᠯ ᠤᠨ ᠦᠶ᠎ᠠ ᠳᠤ ᠮᠤᠩᠭᠤᠯᠴᠤᠳ ᠤᠨ ᠳᠦᠪᠯᠡᠷᠡᠨ ᠰᠠᠭᠤᠷᠢᠰᠢᠭᠰᠠᠨ ᠳᠠᠷᠢᠶᠠᠯᠠᠬᠤ | ᠤᠷᠤᠨ᠂ ᠬᠠᠭᠠᠰ ᠮᠠᠯᠵᠢᠬᠤ ᠬᠠᠭᠠᠰ ᠳᠠᠷᠢᠶᠠᠯᠠᠬᠤ ᠤᠷᠤᠨ ᠪᠠ ᠬᠤᠳᠠ ᠰᠠᠭᠤᠷᠢᠰᠢᠯ ᠳᠤ ᠳᠦᠬᠡᠮᠠᠯ ᠪᠤᠯᠤᠭᠰᠠᠨ | ᠪᠠᠶᠢᠳᠠᠭ᠃ ᠳᠠᠷᠢᠮᠠᠯ ᠴᠠᠢ ᠶᠢ ᠴᠢᠢᠯᠡᠵᠤ ᠤᠤᠭᠤᠬᠤ ᠳᠤ ᠪᠠᠨ ᠤᠰᠤ ᠪᠠᠨ ᠲᠠᠷᠬᠢᠯᠳᠡᠯᠡ ᠪᠤᠴᠠᠯᠭᠠᠵᠤ᠂ ᠴᠠᠢ | ᠠᠭᠤᠯᠬᠤ ᠳᠤᠰᠬᠠᠢ ᠰᠠᠪᠠᠨ ᠳᠤ ᠴᠠᠢ ᠶᠢᠨ ᠳᠡᠬᠡᠷ᠎ᠠ ᠠᠴᠠ ᠬᠢᠪᠠᠯ᠂ ᠴᠠᠢ ᠢᠳᠡᠬᠡᠰᠢᠬᠦ ᠨᠢ ᠰᠠᠶᠢᠨ ᠪᠦᠬᠡᠳ | ᠠᠩᠬᠢᠯᠤᠮ᠎ᠠ ᠰᠠᠶᠢᠬᠠᠨ ᠦᠨᠤᠷ ᠲᠠᠢ ᠪᠤᠯᠳᠠᠭ᠃ | ᠤᠰᠤᠨ ᠤᠮᠳᠠᠭᠠᠨ | ᠬᠦᠮᠤᠨ ᠳᠦᠷᠤᠯᠬᠢᠳᠠᠨ ᠤ ᠠᠮᠢᠳᠤᠷᠠᠯ ᠳᠤ ᠤᠰᠤ ᠳᠤᠳᠠᠭᠳᠠᠵᠤ ᠪᠤᠯᠤᠰᠢ ᠦᠬᠡᠢ ᠪᠤᠯᠬᠤᠷ ᠮᠤᠩᠭᠤᠯᠴᠤᠳ | ᠤᠢᠢᠯᠡᠳᠪᠤᠷᠢᠯᠠᠯ ᠠᠮᠢᠳᠤᠷᠠᠯ ᠤᠨ ᠶᠠᠪᠤᠴᠠ ᠳᠤ ᠪᠠᠨ ᠤᠰᠤᠨ ᠤ ᠳᠤᠬᠠᠢ ᠦᠪᠡᠷᠮᠢᠴᠠ ᠦᠵᠡᠯᠳᠠ ᠲᠠᠢ ᠪᠤᠯᠤᠭᠰᠠᠨ | ᠶᠤᠮ᠃ ᠪᠠᠶᠢᠭᠠᠯᠢ ᠳᠡᠯᠡᠬᠡᠢ ᠶᠢᠨ ᠤᠯᠠᠨ ᠵᠦᠢᠯ ᠤᠨ ᠡᠬᠢ ᠰᠤᠷᠪᠤᠯᠵᠢᠳᠤ ᠤᠰᠤᠨ ᠤ ᠳᠤᠳᠤᠷ᠎ᠠ ᠠᠴᠠ ᠠᠭᠠᠷ ᠠᠴᠠ | ᠪᠠᠭᠤᠭᠰᠠᠨ ᠤᠰᠤ᠂ ᠤᠨᠳᠤᠷᠤᠯ ᠤᠷᠤᠰᠬᠠᠯᠳᠤ ᠤᠰᠤ᠂ ᠭᠠᠵᠠᠷ ᠤᠨ ᠰᠤᠳᠠᠰᠤᠨ ᠤ ᠤᠰᠤ ᠶᠢ ᠡᠷᠬᠢᠮᠯᠠᠨ | ᠳᠡᠬᠡᠳᠤᠯᠡᠳᠡᠭ ᠵᠠᠩᠰᠢᠯ ᠲᠠᠢ᠃ | ᠮᠤᠩᠭᠤᠯᠴᠤᠳ ᠤᠨ ᠤᠰᠤ ᠶᠢ ᠰᠢᠨᠵᠢᠨ ᠳᠠᠨᠢᠬᠤ ᠤᠷ᠎ᠠ ᠡᠷᠳᠡᠮ ᠨᠢ ᠤᠷᠳᠤ ᠤᠳᠠᠭᠠᠨ ᠤᠯᠠᠮᠵᠢᠯᠠᠯ ᠲᠠᠢ ᠪᠦᠬᠡᠳ | ᠤᠰᠤᠨ ᠤ ᠡᠬᠢ ᠰᠤᠷᠪᠤᠯᠵᠢ᠂ ᠴᠢᠨᠠᠷ ᠴᠢᠳᠠᠯ ᠢᠶᠠᠷ ᠨᠢ ᠨᠠᠷᠢᠨ ᠳᠤᠳᠤᠷᠬᠠᠢ ᠢᠯᠭᠠᠨ ᠨᠡᠷᠡᠯᠡᠵᠤ᠂ ᠠᠳᠠᠯᠢ ᠪᠤᠰᠤ | ᠪᠠᠶᠢᠳᠠᠯ ᠢ ᠨᠢ ᠦᠨᠳᠤᠰᠤᠯᠡᠵᠤ ᠠᠵᠤ ᠠᠮᠢᠳᠤᠷᠠᠯ ᠳᠤ ᠪᠠᠨ ᠠᠰᠢᠭᠯᠠᠨ ᠬᠡᠷᠡᠭᠯᠡᠭᠰᠡᠬᠡᠷ ᠢᠷᠡᠵᠠᠢ᠃ ᠤᠰᠤᠨ ᠤ ᠡᠬᠢ | ᠰᠤᠷᠪᠤᠯᠵᠢ ᠶᠢᠨ ᠠᠳᠠᠯᠢ ᠪᠤᠰᠤ ᠠᠴᠠ ᠪᠤᠯᠵᠤ᠂ ᠤᠰᠤᠨ ᠤ ᠴᠢᠨᠠᠷ ᠴᠢᠳᠠᠯ ᠨᠢ ᠴᠤ ᠢᠯᠭᠠᠭ᠎ᠠ ᠲᠠᠢ ᠪᠤᠯᠬᠤᠷ ᠤᠰᠤ | ᠶᠢ ᠵᠦᠬᠡᠯᠠᠨ ᠤᠰᠤ ᠪᠠ ᠬᠠᠳᠠᠭᠤ ᠤᠰᠤ ᠬᠡᠵᠤ ᠢᠯᠭᠠᠨ ᠰᠢᠨᠵᠢᠯᠡᠵᠤ ᠨᠡᠷᠡᠯᠡᠭᠰᠡᠨ ᠪᠠᠶᠢᠳᠠᠭ᠃ | ᠤᠰᠤ ᠨᠢ ᠮᠤᠩᠭᠤᠯᠴᠤᠳ ᠤᠨ ᠴᠠᠢ ᠶᠢᠨ ᠤᠮᠳᠠᠭᠠᠨ᠂ ᠱᠦᠯᠤᠨ ᠤᠮᠳᠠᠭᠠᠨ ᠤ ᠡᠬᠡ ᠮᠠᠲ᠋ᠧᠷᠢᠶᠠᠯ ᠪᠤᠯᠬᠤ | ᠠᠴᠠ ᠭᠠᠳᠠᠨ᠎ᠠ᠂ ᠤᠨᠳᠤᠷᠤᠮᠠᠯ ᠪᠤᠯᠠᠭ ᠤᠨ ᠤᠰᠤ ᠨᠢ ᠡᠪᠡᠳᠴᠢᠨ ᠡᠮᠬᠡᠭ ᠢ ᠡᠳᠡᠬᠡᠷᠡᠬᠦᠯᠤᠨ ᠵᠠᠰᠠᠳᠠᠭ ᠢᠶᠠᠷ ᠢᠶᠠᠨ ︽ | ᠷᠠᠰᠢᠶᠠᠨ ᠤᠰᠤ︾ ᠬᠡᠮᠠᠨ ᠳᠡᠬᠡᠳᠤᠯᠡᠭᠳᠡᠵᠤ᠂ ᠤᠯᠠᠮᠵᠢᠯᠠᠯᠳᠤ ᠤᠰᠤᠨ ᠤᠮᠳᠠᠭᠠᠨ ᠳᠤ ᠴᠢᠬᠤᠯᠠ ᠪᠠᠶᠢᠷᠢ ᠶᠢ | ᠡᠵᠡᠯᠡᠭᠰᠡᠬᠡᠷ ᠢᠷᠡᠵᠠᠢ᠃ | ᠨᠢᠬᠡ ᠂ ᠭᠤᠤᠯ ᠪᠤᠯᠠᠭ ᠤᠨ ᠤᠰᠤ | | | | | | ᠮᠤᠩᠭᠤᠯᠴᠤᠳ ᠪᠤᠷᠤᠭᠠᠨ ᠤ ᠤᠰᠤ᠂ ᠴᠠᠰᠤᠨ ᠤ ᠤᠰᠤ᠂ ᠰᠢᠬᠦᠳᠡᠷᠢ ᠶᠢᠨ ᠤᠰᠤ᠂ ᠬᠢᠷᠠᠭᠤ ᠶᠢᠨ ᠤᠰᠤ᠂ | ᠱᠤᠭᠱᠤᠷᠭᠠ ᠶᠢᠨ ᠤᠰᠤ ᠵᠡᠷᠬᠡ ᠶᠢ ᠤᠭᠳᠠᠷᠭᠤᠢ ᠠᠴᠠ ᠪᠠᠭᠤᠭᠰᠠᠨ ᠤᠰᠤ ᠬᠡᠵᠤ ᠡᠷᠬᠢᠮᠯᠡᠳᠡᠭ᠃ ᠭᠤᠤᠯ | ᠭᠤᠷᠤᠬ᠎ᠠ᠂ ᠪᠤᠯᠠᠭ ᠤᠨ ᠤᠰᠤ ᠶᠢ ᠤᠨᠳᠤᠷᠤᠯ ᠤᠷᠤᠰᠬᠠᠯ ᠲᠠᠢ ᠠᠮᠢᠳᠤ ᠤᠰᠤ ᠬᠡᠳᠡᠭ᠃ ᠳᠡᠬᠡᠷ᠎ᠠ ᠳᠤᠷᠠᠳᠤᠭᠰᠠᠨ | ᠤᠰᠤ ᠶᠢ ᠶᠡᠷᠤᠩᠬᠡᠶᠢᠯᠡᠬᠡᠳ ᠵᠦᠬᠡᠯᠠᠨ ᠤᠰᠤ ᠬᠡᠵᠤ ᠦᠵᠡᠳᠡᠭ ᠪᠠᠶᠢᠨ᠎ᠠ᠃ | ᠬᠤᠷ᠎ᠠ ᠪᠤᠷᠤᠭᠠᠨ ᠤ ᠤᠰᠤ ᠬᠦᠩᠬᠡᠨ᠂ ᠰᠡᠷᠢᠬᠦᠨ ᠴᠢᠨᠠᠷᠳᠠᠢ ᠪᠠᠶᠢᠳᠠᠭ ᠠᠴᠠ ᠪᠡᠶ᠎ᠡ ᠳᠤ ᠰᠢᠩᠬᠡᠬᠦ ᠨᠢ ᠰᠠᠶᠢᠨ᠂ | ᠢᠳᠡᠬᠡᠨ ᠤᠮᠳᠠᠭᠠᠨ ᠢ ᠰᠢᠮᠡᠵᠢᠬᠦᠯᠤᠨ ᠳᠤᠰᠠᠯᠠᠵᠤ᠂ ᠪᠡᠶ᠎ᠠ ᠶᠢᠨ ᠡᠷᠬᠡᠳᠡᠨ ᠤ ᠵᠤᠬᠢᠴᠠᠯ ᠳᠤ ᠳᠤᠰᠠᠯᠠᠳᠠᠭ᠃ ᠬᠤᠷ᠎ᠠ | ᠪᠤᠷᠤᠭᠠᠨ ᠤ ᠤᠰᠤ ᠶᠢ ᠡᠷᠬᠢᠮᠯᠠᠨ ᠡᠳ᠋ᠯᠡᠬᠦ ᠳᠤ ᠪᠠᠨ ᠭᠤᠤᠯᠳᠠᠭᠤ ᠵᠤᠨ ᠤ ᠡᠬᠢᠨ ᠤ ᠬᠤᠷ᠎ᠠ᠂ ᠨᠠᠮᠤᠷ ᠤᠨ ᠳᠤᠮᠳᠠ | ᠰᠠᠷ᠎ᠠ ᠶᠢᠨ ᠬᠤᠷ᠎ᠠ ᠶᠢᠨ ᠤᠰᠤ ᠶᠢ ᠡᠷᠬᠢᠮ ᠳᠤ ᠦᠵᠡᠳᠡᠭ᠃ ᠡᠨᠡ ᠬᠤᠶᠠᠷ ᠬᠤᠭᠤᠴᠠᠭᠠᠨ ᠤ ᠬᠤᠷ᠎ᠠ ᠶᠢᠨ ᠤᠰᠤ | ᠨᠢ ᠬᠦᠮᠤᠨ ᠠᠮᠢᠳᠠᠨ ᠢ ᠠᠮᠤᠷᠵᠢᠭᠤᠯᠬᠤ᠂ ᠡᠪᠡᠳᠴᠢᠨ ᠬᠢᠵᠢᠭ ᠢ ᠰᠡᠷᠬᠡᠶᠢᠯᠡᠬᠦ᠂ ᠴᠤᠭ ᠵᠢᠪᠬᠤᠭ᠎ᠠ ᠶᠢ ᠨᠡᠮᠡᠭᠳᠡᠬᠦᠯᠬᠦ | ᠳᠤ ᠮᠠᠰᠢ ᠶᠡᠭᠡ ᠤᠢᠢᠯᠡᠳᠤᠯ ᠲᠠᠢ᠃ | ᠴᠠᠰᠤᠨ ᠤ ᠤᠰᠤ ᠨᠢ ᠰᠡᠷᠢᠬᠦᠨ ᠴᠢᠨᠠᠷᠳᠠᠢ ᠤᠴᠢᠷ᠂ ᠴᠢᠰᠤ ᠰᠢᠷ᠎ᠠ ᠶᠡᠬᠡᠳᠠᠢ ᠬᠦᠮᠤᠨ᠂ ᠳᠤᠳᠤᠷ ᠬᠠᠯᠠᠭᠤᠨ | ᠰᠠᠭᠤᠭᠰᠠᠨ ᠬᠦᠮᠤᠨ᠂ ᠰᠤᠭᠳᠤᠵᠤ ᠰᠢᠷᠠᠳᠠᠭᠰᠠᠨ ᠬᠦᠮᠤᠨ ᠤᠤᠭᠤᠪᠠᠯ ᠶᠡᠭᠡ ᠳᠤᠰᠠ ᠪᠤᠯᠳᠠᠭ ᠪᠦᠬᠡᠳ ᠮᠠᠨᠠᠷᠠᠭᠰᠠᠨ | ᠬᠦᠮᠤᠨ ᠤ ᠪᠡᠶ᠎ᠠ ᠳᠤ ᠴᠠᠰᠤᠨ ᠤ ᠤᠰᠤ ᠰᠦᠷᠴᠢᠪᠠᠯ ᠳᠦᠷᠬᠡᠨ ᠰᠡᠷᠬᠦᠳᠡᠭ᠃ ᠬᠠᠷᠢᠨ ᠬᠤᠳᠤᠭᠤᠳᠤ ᠮᠠᠭᠤᠳᠠᠢ | ᠬᠦᠮᠤᠨ᠂ ᠵᠢᠷᠤᠬᠡᠨ ᠡᠪᠡᠳᠴᠢᠨ ᠲᠠᠢ ᠬᠦᠮᠤᠨ ᠪᠤᠶᠤ ᠨᠠᠰᠤᠳᠠᠶᠢᠴᠤᠳ ᠲᠤ ᠵᠤᠬᠢᠮᠵᠢ ᠪᠠᠷ ᠠᠨᠠᠢ ᠪᠠᠶᠢᠳᠠᠭ᠃ | ᠰᠢᠬᠦᠳᠡᠷᠢ ᠶᠢᠨ ᠤᠰᠤ᠂ ᠬᠢᠷᠠᠭᠤ ᠶᠢᠨ ᠤᠰᠤ᠂ ᠱᠤᠭᠱᠤᠷᠭᠠ ᠶᠢᠨ ᠤᠰᠤ ᠶᠢ ᠴᠡᠪᠡᠷ ᠠᠷᠢᠭᠤᠨ ᠤᠰᠤ ᠬᠡᠵᠤ | ᠡᠷᠬᠢᠮᠯᠠᠨ ᠦᠵᠡᠳᠡᠭ ᠵᠠᠩᠰᠢᠯ ᠲᠠᠢ᠃ | ᠭᠤᠤᠯ ᠭᠤᠷᠤᠬ᠎ᠠ᠂ ᠪᠤᠯᠠᠭ ᠤᠨ ᠤᠰᠤ ᠨᠢ ᠴᠡᠪᠡᠷ ᠳᠤᠩᠭᠠᠯᠠᠭ᠂ ᠰᠢᠮ᠎ᠠ ᠳᠡᠵᠢᠬᠡᠯ ᠲᠠᠢ ᠪᠤᠯᠬᠤᠷ ᠤᠰᠤᠨ | ᠤᠮᠳᠠᠭᠠᠨ ᠤ ᠭᠤᠤᠯ ᠬᠡᠷᠡᠭᠯᠡᠭᠳᠡᠬᠦᠨ ᠪᠤᠯᠭᠠᠳᠠᠭ᠃ | ᠪᠤᠯᠠᠭ ᠤᠨ ᠤᠰᠤ ᠪᠠᠷ ᠳᠤᠯᠤᠭᠠᠢ ᠪᠠᠨ ᠰᠢᠪᠰᠢᠪᠠᠯ ᠳᠠᠷᠢᠬᠢ ᠰᠡᠷᠬᠡᠭ ᠪᠤᠯᠵᠤ᠂ ᠨᠢᠭᠤᠷ ᠢᠶᠠᠨ ᠤᠬᠢᠶᠠᠪᠠᠯ | ᠮᠠᠯᠮᠠᠢ ᠳᠤᠩᠭᠠᠯᠠᠭᠰᠢᠵᠤ᠂ ᠤᠮᠳᠠᠯᠠᠵᠤ ᠤᠤᠭᠤᠪᠠᠯ ᠴᠤᠯᠤ ᠰᠠᠪᠠ ᠶᠢ ᠡᠷᠡᠬᠦᠯᠵᠢᠬᠦᠯᠤᠨᠠ ᠬᠡᠳᠡᠭ ᠬᠡᠯᠡᠯᠬᠡ ᠪᠠᠶᠢᠳᠠᠭ᠃ | | ᠬᠤᠳᠳᠤᠭ ᠤᠨ ᠤᠰᠤ᠂ ᠱᠠᠩᠳᠠ ᠶᠢᠨ ᠤᠰᠤ᠂ ᠨᠠᠭᠤᠷ ᠤᠨ ᠤᠰᠤ ᠶᠢ ᠬᠠᠳᠠᠭᠤ ᠤᠰᠤ ᠬᠡᠳᠡᠭ᠃ ᠬᠠᠳᠠᠭᠤ | ᠤᠰᠤᠨ ᠤ ᠳᠤᠳᠤᠷ᠎ᠠ ᠨᠠᠷᠠᠨ ᠤ ᠬᠡᠷᠡᠯ ᠳᠤᠰᠤᠭᠰᠠᠨ ᠤᠰᠤ ᠪᠠ ᠰᠠᠯᠬᠢ ᠵᠢᠪᠠᠷ ᠲᠤ ᠦᠯᠢᠶᠡᠭᠳᠡᠭᠰᠡᠨ ᠴᠡᠪᠡᠷ | ᠠᠷᠢᠭᠤᠨ ᠭᠠᠵᠠᠷ ᠤᠨ ᠤᠰᠤ ᠶᠢ ᠡᠷᠬᠢᠮᠯᠡᠵᠤ᠂ ᠡᠪᠡᠰᠤ ᠮᠤᠳᠤᠨ ᠤ ᠰᠡᠬᠦᠳᠡᠷ ᠲᠤ ᠪᠦᠷᠬᠦᠭᠳᠡᠵᠤ ᠨᠠᠷᠠ ᠦᠵᠡᠭᠰᠡᠨ | ᠦᠬᠡᠢ ᠳᠤᠭᠳᠠᠮᠠᠯ ᠤᠰᠤ ᠶᠢ ᠤᠤᠭᠤᠵᠤ ᠡᠳ᠋ᠯᠡᠬᠦ ᠳᠤ ᠪᠠᠨ ᠳᠤᠩ ᠪᠤᠯᠭᠤᠮᠵᠢᠯᠠᠨ ᠬᠢᠴᠢᠶᠡᠳᠡᠭ᠃ | ᠮᠤᠩᠭᠤᠯᠴᠤᠳ ᠭᠤᠤᠯ᠂ ᠪᠤᠯᠠᠭ᠂ ᠬᠤᠳᠳᠤᠭ ᠤᠨ ᠤᠰᠤ ᠪᠠᠷ ᠴᠠᠢ ᠬᠤᠭᠤᠯᠠ ᠪᠠᠨ ᠪᠤᠯᠭᠤᠬᠤ ᠡᠬᠢ | ᠮᠠᠲ᠋ᠧᠷᠢᠶᠠᠯ ᠪᠤᠯᠭᠠᠵᠤ ᠡᠷᠬᠢᠮᠯᠠᠨ ᠳᠡᠬᠡᠳᠤᠯᠡᠳᠡᠭ ᠪᠤᠯᠬᠤᠷ ᠤᠰᠤᠨ ᠤ ᠴᠠᠪᠡᠷ ᠠᠷᠢᠭᠤᠨ ᠢ ᠴᠢᠬᠤᠯᠠᠴᠢᠯᠠᠵᠤ᠂ ᠤᠰᠤᠨ | ᠰᠤᠷᠪᠤᠯᠵᠢ ᠶᠢᠨ ᠤᠷᠴᠢᠨ ᠳᠤᠭᠤᠷᠢᠨ ᠤ ᠬᠠᠮᠠᠭᠠᠯᠠᠯᠳᠠ ᠶᠢ ᠬᠦᠨᠳᠤᠳᠬᠡᠨ ᠦᠵᠡᠬᠦ ᠤᠯᠠᠮᠵᠢᠯᠠᠯ ᠲᠠᠢ ᠪᠠᠶᠢᠳᠠᠭ᠃ | ᠬᠤᠶᠠᠷ ᠂ ᠷᠠᠰᠢᠶᠠᠨ ᠤᠰᠤ | ᠮᠤᠩᠭᠤᠯ ᠨᠤᠳᠤᠭ ᠲᠤ ᠤᠨᠳᠤᠷᠤᠯ ᠰᠠᠶᠢᠳᠠᠢ ᠪᠤᠯᠠᠭ ᠤᠯᠠᠨ ᠪᠠᠶᠢᠳᠠᠭ ᠪᠦᠬᠡᠳ ᠭᠠᠵᠠᠷ ᠵᠦᠢ ᠶᠢᠨ ᠪᠠᠶᠢᠷᠢᠰᠢᠯ᠂ | ᠪᠠᠶᠢᠭᠠᠯᠢ ᠶᠢᠨ ᠨᠦᠬᠦᠴᠡᠯ ᠤᠨ ᠠᠳᠠᠯᠢ ᠪᠤᠰᠤ ᠠᠴᠠ ᠰᠢᠯᠳᠠᠭᠠᠯᠠᠭᠳᠠᠵᠤ᠂ ᠪᠤᠯᠠᠭ ᠤᠨ ᠤᠰᠤ ᠨᠢ ᠠᠮᠳᠠ ᠰᠢᠮ᠎ᠠ᠂ | ᠴᠢᠨᠠᠷ ᠴᠢᠳᠠᠯ ᠤᠨ ᠳᠠᠯ᠎ᠠ ᠪᠠᠷ ᠬᠤᠭᠤᠷᠤᠨᠳᠤ ᠪᠠᠨ ᠶᠡᠭᠡ ᠵᠦᠷᠢᠶ᠎ᠠ ᠲᠠᠢ ᠪᠠᠶᠢᠳᠠᠭ᠃ ᠢᠯᠠᠩᠭᠤᠶ᠎ᠠ ᠵᠠᠷᠢᠮ ᠪᠤᠯᠠᠭ ᠤᠨ | ᠤᠰᠤ ᠨᠢ ᠡᠪᠡᠳᠴᠢᠨ ᠡᠮᠬᠡᠭ ᠢ ᠵᠠᠰᠠᠵᠤ ᠡᠳᠡᠬᠡᠷᠡᠬᠦᠯᠬᠦ ᠤᠢᠢᠯᠡᠳᠤᠯ ᠲᠠᠢ ᠪᠤᠯᠬᠤᠷ ᠮᠤᠩᠭᠤᠯᠴᠤᠳ ᠪᠤᠯᠠᠭ ᠤᠨ | ᠤᠰᠤ ᠶᠢ ᠡᠷᠬᠢᠮᠯᠠᠨ ᠳᠡᠬᠡᠳᠤᠯᠡᠵᠤ ︽ᠷᠠᠰᠢᠶᠠᠨ︾ ᠬᠡᠮᠠᠨ ᠨᠡᠷᠡᠯᠡᠳᠡᠭ᠃ ᠤᠷᠬᠢᠯᠤᠨ ᠤᠨᠳᠤᠷᠤᠭᠰᠠᠨ ᠪᠤᠯᠠᠭ ᠤᠨ | ᠤᠰᠤ ᠨᠢ ᠴᠢᠨᠠᠷ ᠴᠢᠳᠠᠯ ᠢᠶᠠᠷ ᠢᠶᠠᠨ ᠢᠯᠭᠠᠭᠳᠠᠵᠤ᠂ ᠵᠠᠷᠢᠮ ᠨᠢ ᠠᠭᠤᠷ ᠰᠠᠪᠰᠠᠯᠠᠭᠰᠠᠨ ᠬᠠᠯᠠᠭᠤᠨ ᠪᠠᠶᠢᠬᠤ ᠳᠤ᠂ | ᠵᠠᠷᠢᠮ ᠨᠢ ᠶᠠᠰᠤ ᠵᠢᠮᠵᠢᠬᠢᠨᠡᠬᠦᠯᠦᠭᠰᠡᠨ ᠬᠦᠢᠳᠡᠨ ᠪᠠᠶᠢᠳᠠᠭ᠃ ᠡᠶᠢᠮᠤᠷᠬᠦᠤ ᠪᠤᠳᠠᠳᠤ ᠪᠠᠶᠢᠳᠠᠯ ᠠᠴᠠ ᠪᠤᠯᠵᠤ᠂ | ᠷᠠᠰᠢᠶᠠᠨ ᠤ ᠡᠮᠴᠢᠯᠡᠭᠡ ᠵᠠᠰᠠᠯᠭ᠎ᠠ ᠶᠢᠨ ᠤᠢᠢᠯᠡᠳᠤᠯ ᠨᠢ ᠠᠳᠠᠯᠢ ᠦᠬᠡᠢ᠃ ᠵᠠᠷᠢᠮ ᠷᠠᠰᠢᠶᠠᠨ ᠨᠢ ᠬᠤᠳᠤᠭᠤᠳᠤ᠂ | ᠬᠡᠳᠡᠰᠤ ᠵᠡᠷᠬᠡ ᠳᠤᠳᠤᠭᠠᠳᠤ ᠡᠷᠬᠡᠳᠡᠨ ᠤ ᠠᠷᠬᠠᠭ ᠬᠡᠮ ᠢ ᠵᠠᠰᠠᠬᠤ ᠤᠢᠢᠯᠡᠳᠤᠯ ᠲᠠᠢ ᠪᠤᠯᠬᠤᠷ ᠤᠤᠭᠤᠵᠤ | ᠠᠰᠢᠭᠯᠠᠳᠠᠭ᠃ | ᠷᠠᠰᠢᠶᠠᠨ ᠤᠰᠤ ᠪᠠᠷ ᠡᠪᠡᠳᠴᠢᠨ ᠡᠮᠬᠡᠭ ᠵᠠᠰᠠᠵᠤ᠂ ᠪᠡᠶ᠎ᠠ ᠶᠢᠨ ᠳᠠᠮᠢᠷ ᠢᠶᠠᠨ ᠰᠠᠶᠢᠵᠢᠷᠠᠭᠤᠯᠬᠤ ᠵᠤᠷᠢᠭᠤᠯᠤᠯᠳᠠ | ᠪᠠᠷ ᠤᠤᠭᠤᠵᠤ᠂ ᠤᠬᠢᠶᠠᠵᠤ ᠠᠰᠢᠭᠯᠠᠬᠤ ᠳᠤ ᠪᠠᠨ ᠭᠤᠷᠪᠠᠨ ᠵᠢᠯ ᠳᠠᠷᠠᠭᠠᠯᠠᠨ ᠪᠠᠷᠢᠮᠳᠠᠯᠠᠬᠤ ᠶᠢ ᠡᠷᠬᠢᠮᠯᠡᠳᠡᠭ | ᠪᠦᠬᠡᠳ ᠨᠢᠬᠡᠳᠡᠬᠢ ᠵᠢᠯ ᠳᠤ ᠳᠤᠯᠤᠭᠠᠨ ᠬᠤᠨᠤᠭ᠂ ᠬᠤᠶᠠᠳᠠᠬᠢ ᠵᠢᠯ ᠳᠤ ᠬᠤᠶᠠᠷ ᠳᠤᠯᠤᠭᠠᠨ ᠬᠤᠨᠤᠭ᠂ | ᠭᠤᠷᠪᠠᠳᠠᠬᠢ ᠵᠢᠯ ᠳᠤ ᠭᠤᠷᠪᠠᠨ ᠳᠤᠯᠤᠭᠠᠨ ᠬᠤᠨᠤᠭ ᠬᠡᠬᠦ ᠮᠡᠳᠤ ᠪᠠᠷ ᠪᠠᠷᠢᠮᠳᠠᠯᠠᠪᠠᠯ ᠡᠪᠡᠳᠴᠢᠨ ᠡᠮᠬᠡᠭ ᠢ | ᠳᠦᠢᠯᠪᠤᠷᠢᠳᠠᠢ ᠵᠠᠰᠠᠵᠤ᠂ ᠡᠪᠡᠳᠴᠢᠨ ᠤ ᠦᠨᠳᠤᠰᠤ ᠶᠢ ᠳᠠᠰᠤᠯᠵᠤ ᠴᠢᠳᠠᠨ᠎ᠠ ᠬᠡᠵᠤ ᠦᠵᠡᠳᠡᠭ᠃ ᠷᠠᠰᠢᠶᠠᠨ | ᠤᠰᠤ ᠤᠤᠭᠤᠭᠰᠠᠨ ᠷᠠᠰᠢᠶᠠᠨ ᠳᠤ ᠤᠷᠤᠭᠰᠠᠨ ᠬᠦᠮᠤᠨ ᠢᠳᠡᠬᠡᠨ ᠤᠮᠳᠠᠭᠠᠨ ᠢᠶᠠᠨ ᠵᠤᠬᠢᠴᠠᠭᠤᠯᠬᠤ᠂ ᠨᠠᠷᠢᠨ | ᠰᠠᠯᠬᠢᠨ ᠠᠴᠠ ᠪᠤᠯᠭᠤᠮᠵᠢᠯᠠᠬᠤ᠂ ᠪᠤᠷᠤᠭᠠᠨ ᠬᠤᠷ᠎ᠠ ᠠᠴᠠ ᠰᠡᠷᠬᠡᠶᠢᠯᠡᠬᠦ᠂ ᠶᠠᠳᠠᠷᠠᠵᠤ ᠵᠦᠳᠡᠷᠡᠬᠦ ᠶᠢ ᠠᠩᠬᠠᠷᠬᠤ ᠵᠡᠷᠬᠡ | ᠶᠢ ᠪᠠᠷᠢᠮᠳᠠᠯᠠᠪᠠᠯ᠂ ᠵᠠᠰᠠᠯᠭ᠎ᠠ ᠶᠢᠨ ᠤᠢᠢᠯᠡᠳᠤᠯ ᠨᠠᠩ ᠰᠠᠶᠢᠨ ᠪᠠᠶᠢᠳᠠᠭ᠃ | ᠱᠦᠯᠤᠨ ᠤᠮᠳᠠᠭᠠᠨ | ᠮᠤᠩᠭᠤᠯᠴᠤᠳ ᠮᠢᠬ᠎ᠠ ᠴᠢᠨᠠᠵᠤ ᠪᠤᠯᠭᠤᠭᠰᠠᠨ ᠤᠮᠳᠠᠭᠠᠨ ᠢ ᠱᠦᠯᠤ ᠬᠡᠵᠤ ᠨᠡᠷᠡᠯᠡᠳᠡᠭ᠃ ᠱᠦᠯᠤ ᠨᠢ ᠦᠨᠤᠷ | ᠠᠮᠳᠠ ᠰᠠᠶᠢᠳᠠᠢ᠂ ᠰᠢᠮ᠎ᠠ ᠳᠡᠵᠢᠬᠡᠯ ᠶᠡᠬᠡᠳᠠᠢ ᠪᠤᠯᠬᠤᠷ ᠤᠮᠳᠠᠭᠠᠨ ᠪᠤᠯᠬᠤ ᠪᠠᠷ ᠪᠠᠷᠠᠬᠤ ᠦᠬᠡᠢ᠂ ᠦᠯ ᠬᠤᠭᠤᠯᠠ | ᠪᠤᠯᠳᠠᠭ᠃ ᠳᠠᠷᠠᠴᠢᠯᠠᠨ ᠪᠡᠶ᠎ᠠ ᠶᠢ ᠳᠠᠮᠢᠷᠵᠢᠭᠤᠯᠬᠤ ᠳᠡᠵᠢᠬᠡᠯ ᠤᠨ ᠤᠢᠢᠯᠡᠳᠤᠯ ᠲᠠᠢ ᠳᠤᠯᠠ ᠮᠤᠩᠭᠤᠯᠴᠤᠳ | ᠱᠦᠯᠤ ᠶᠢ ᠳᠤᠩ ᠡᠷᠬᠢᠮᠯᠡᠳᠡᠭ᠃ ᠮᠤᠩᠭᠤᠯᠴᠤᠳ ᠮᠠᠯ ᠠᠯᠠᠵᠤ ᠮᠢᠬ᠎ᠠ ᠢᠳᠡᠬᠦ ᠶᠢ ︽ᠱᠦᠯᠤ ᠤᠤᠭᠤᠬᠤ︾ | ᠬᠡᠵᠤ ᠬᠡᠯᠡᠳᠡᠭ᠃ | ᠱᠦᠯᠤ ᠶᠢ ᠡᠶᠢᠨ ᠬᠦ ᠡᠷᠬᠢᠮᠯᠡᠳᠡᠭ ᠤᠴᠢᠷ ᠠᠴᠠ ᠨᠠᠷᠢᠨ ᠢᠯᠭᠠᠯ ᠲᠠᠢ ᠪᠠᠷ ᠨᠡᠷᠡᠯᠡᠵᠤ᠂ ᠬᠢᠵᠤ | ᠪᠤᠯᠪᠠᠰᠤᠷᠠᠭᠤᠯᠬᠤ ᠠᠷᠭ᠎ᠠ ᠨᠢ ᠴᠤ ᠮᠠᠰᠢ ᠤᠯᠠᠨ ᠵᠦᠢᠯ ᠤᠨ ᠪᠠᠶᠢᠳᠠᠭ᠃ ᠮᠠᠯ ᠤᠨ ᠳᠦᠷᠤᠯ ᠢᠶᠠᠷ ᠨᠢ ᠦᠬᠡᠷ ᠤᠨ | ᠱᠦᠯᠤ᠂ ᠢᠮᠠᠭᠠᠨ ᠤ ᠱᠦᠯᠤ ᠬᠡᠵᠤ ᠨᠡᠷᠡᠯᠡᠳᠡᠭ ᠪᠦᠬᠡᠳ ᠳᠡᠬᠦᠨ ᠤ ᠳᠤᠳᠤᠷ᠎ᠠ ᠠᠴᠠ ᠬᠤᠨᠢᠨ ᠱᠦᠯᠤ ᠶᠢ ᠬᠠᠮᠤᠭ | ᠠᠴᠠ ᠡᠷᠬᠢᠮ ᠳᠤ ᠦᠵᠡᠳᠡᠭ᠃ ᠮᠢᠬᠠᠨ ᠱᠦᠯᠤ ᠶᠢ ᠳᠤᠳᠤᠷ᠎ᠠ ᠨᠢ ᠴᠢᠨᠠᠵᠤ ᠪᠤᠯᠭᠤᠭᠰᠠᠨ ᠮᠢᠬᠠᠨ ᠤ ᠬᠢᠨᠢ ᠪᠠᠶᠢᠳᠠᠯ | ᠢᠶᠠᠷ ᠪᠦᠬᠦᠯᠢ ᠰᠢᠬᠦᠰᠤᠨ ᠤ ᠱᠦᠯᠤ᠂ ᠤᠭᠤᠴᠠᠨ ᠤ ᠱᠦᠯᠤ ᠬᠡᠬᠦ ᠪᠠ ᠢᠷᠬᠡ ᠶᠢᠨ ᠱᠦᠯᠤ᠂ ᠰᠢᠳᠤᠯᠠᠩ ᠬᠤᠨᠢᠨ ᠤ | ᠱᠦᠯᠤ᠂ ᠬᠤᠷᠠᠭᠠᠨ ᠤ ᠱᠦᠯᠤ ᠬᠡᠵᠤ ᠬᠤᠨᠢᠨ ᠤ ᠨᠠᠰᠤ ᠰᠢᠳᠤ ᠪᠠᠷ ᠢᠯᠭᠠᠨ ᠨᠡᠷᠡᠯᠡᠭᠰᠡᠨ ᠪᠠᠶᠢᠳᠠᠭ᠃ | ᠪᠤᠯᠪᠠᠰᠤᠷᠠᠭᠤᠯᠵᠤ ᠬᠢᠭᠰᠡᠨ ᠠᠷᠭ᠎ᠠ ᠶᠢᠨ ᠬᠢᠨᠢ ᠠᠳᠠᠯᠢ ᠪᠤᠰᠤ ᠶᠢ ᠦᠨᠳᠤᠰᠤᠯᠠᠵᠤ᠂ ᠬᠠᠷ᠎ᠠ ᠱᠦᠯᠤ᠂ ᠪᠢᠳᠡᠬᠦᠤ | ᠱᠦᠯᠤ᠂ ᠬᠤᠷᠬᠤᠭ ᠱᠦᠯᠤ᠂ ᠬᠠᠨᠳᠠ ᠱᠦᠯᠤ᠂ ᠪᠤᠷᠴᠠ ᠶᠢᠨ ᠱᠦᠯᠤ᠂ ᠤᠯᠤᠭᠠᠢ ᠱᠦᠯᠤ ᠬᠡᠬᠦ ᠮᠡᠳᠤ ᠠᠳᠠᠯᠢ | ᠪᠤᠰᠤ ᠪᠠᠷ ᠢᠯᠭᠠᠨ ᠨᠡᠷᠡᠯᠡᠭᠰᠡᠨ ᠪᠠᠶᠢᠳᠠᠭ᠃ | ᠱᠦᠯᠤᠨ ᠤᠮᠳᠠᠭᠠᠨ ᠢ ᠶᠡᠷᠤᠩᠬᠡᠢ ᠳᠤ ᠨᠢ ᠮᠢᠬᠠᠨ ᠱᠦᠯᠤ ᠪᠠ ᠶᠠᠰᠤᠨ ᠱᠦᠯᠤ ᠬᠡᠬᠦ ᠬᠤᠶᠠᠷ ᠠᠩᠬᠢᠯᠠᠯ ᠳᠤ | ᠬᠤᠪᠢᠶᠠᠳᠠᠭ᠃ ᠮᠢᠬᠠᠨ ᠱᠦᠯᠤ᠂ ᠶᠠᠰᠤᠨ ᠱᠦᠯᠤ ᠠᠴᠠ ᠭᠠᠳᠠᠨ᠎ᠠ᠂ ᠦᠬᠡᠷ᠂ ᠬᠤᠨᠢᠨ ᠤ ᠴᠢᠰᠤ ᠪᠠᠷ ᠬᠢᠭᠰᠡᠨ | ᠬᠢᠷᠤᠮᠴᠠᠭ ᠱᠦᠯᠤ ᠴᠤ ᠪᠤᠢ᠃ | ᠨᠢᠬᠡ ᠂ ᠮᠢᠬᠠᠨ ᠱᠦᠯᠤ | | | | | | ᠮᠢᠬᠠᠨ ᠱᠦᠯᠤ — ᠦᠬᠡᠷ᠂ ᠬᠤᠨᠢ᠂ ᠢᠮᠠᠭᠠᠨ ᠤ ᠮᠦᠴᠢ ᠬᠡᠰᠢᠬᠦᠤ ᠲᠠᠢ ᠮᠢᠬ᠎ᠠ᠂ ᠡᠯ᠎ᠡ ᠵᠦᠢᠯ ᠤᠨ ᠰᠢᠬᠦᠰᠤ | ᠶᠢ ᠴᠢᠨᠠᠵᠤ ᠪᠤᠯᠭᠤᠭᠰᠠᠨ ᠱᠦᠯᠤ ᠪᠤᠶᠤ ᠴᠤᠯ ᠮᠢᠬ᠎ᠠ ᠶᠢ ᠬᠡᠷᠴᠢᠬᠡᠳ ᠴᠢᠨᠠᠬᠤ᠂ ᠵᠢᠩᠨᠡᠬᠦ ᠵᠡᠷᠬᠡ ᠠᠷᠭ᠎ᠠ ᠪᠠᠷ | ᠪᠤᠯᠪᠠᠰᠤᠷᠠᠭᠤᠯᠤᠭᠰᠠᠨ ᠱᠦᠯᠤ ᠶᠢ ᠶᠡᠷᠤᠩᠬᠡᠢ ᠳᠤ ᠨᠢ ᠮᠢᠬᠠᠨ ᠱᠦᠯᠤ ᠬᠡᠵᠤ ᠨᠡᠷᠡᠯᠡᠳᠡᠭ᠃ | ᠪᠦᠬᠦᠯᠢ ᠰᠢᠬᠦᠰᠤᠨ ᠤ ᠱᠦᠯᠤ — ᠬᠤᠨᠢᠨ ᠤ ᠪᠦᠬᠦᠯᠢ ᠰᠢᠬᠦᠰᠤ ᠶᠢ ᠪᠤᠷᠤᠯᠠᠭᠤᠯᠤᠭᠰᠠᠨ ᠪᠤᠶᠤ ᠪᠤᠯᠭᠤᠭᠰᠠᠨ | ᠱᠦᠯᠤ ᠶᠢ ᠬᠡᠯᠡᠳᠡᠭ᠃ ᠪᠦᠬᠦᠯᠢ ᠰᠢᠬᠦᠰᠤᠨ ᠤ ᠱᠦᠯᠤ ᠶᠢ ᠰᠢᠮ᠎ᠠ ᠳᠡᠵᠢᠬᠡᠯ ᠳᠡᠬᠦᠯᠳᠡᠷ᠂ ᠠᠮᠳᠠ ᠰᠠᠶᠢᠳᠠᠢ᠂ ᠬᠡᠬᠦ | ᠳᠤ ᠪᠠᠨ ᠳᠤᠰᠤ ᠶᠡᠬᠡᠳᠠᠢ ᠪᠤᠯᠬᠤᠷ ᠤᠰᠤ ᠰᠡᠯᠪᠢᠵᠤ ᠤᠤᠭᠤᠳᠠᠭ᠃ | ᠤᠭᠤᠴᠠᠨ ᠤ ᠱᠦᠯᠤ — ᠤᠭᠤᠴᠠ ᠶᠢ ᠴᠢᠨᠠᠵᠤ ᠪᠤᠯᠭᠤᠭᠰᠠᠨ ᠱᠦᠯᠤ ᠶᠢ ᠬᠡᠯᠡᠳᠡᠭ᠃ ᠤᠭᠤᠴᠠᠨ ᠤ ᠮᠢᠬ᠎ᠠ | ᠦᠬᠡᠬᠦ ᠶᠡᠬᠡᠳᠠᠢ ᠪᠤᠯᠬᠤᠷ ᠱᠦᠯᠤᠰᠢᠵᠤ ᠦᠨᠤᠷ ᠠᠮᠳᠠ ᠰᠠᠶᠢᠳᠠᠢ ᠪᠠᠶᠢᠳᠠᠭ᠃ | ᠢᠷᠬᠡ ᠶᠢᠨ ᠱᠦᠯᠤ — ᠢᠷᠬᠡ ᠬᠤᠨᠢ ᠶᠢᠨ ᠮᠢᠬ᠎ᠠ ᠶᠢ ᠴᠢᠨᠠᠵᠤ ᠪᠤᠴᠠᠯᠭᠠᠭᠰᠠᠨ ᠱᠦᠯᠤ ᠶᠢ ᠬᠡᠯᠡᠳᠡᠭ᠃ | ᠰᠢᠳᠤᠯᠠᠩ ᠬᠤᠨᠢᠨ ᠤ ᠱᠦᠯᠤ — ᠰᠢᠳᠤᠯᠠᠩ ᠬᠤᠨᠢᠨ ᠤ ᠮᠢᠬ᠎ᠠ ᠶᠢ ᠴᠢᠨᠠᠵᠤ ᠪᠤᠴᠠᠯᠭᠠᠭᠰᠠᠨ ᠱᠦᠯᠤ ᠶᠢ | ᠬᠡᠯᠡᠳᠡᠭ᠃ | ᠬᠤᠷᠠᠭᠠᠨ ᠱᠦᠯᠤ — ᠬᠤᠷᠠᠭᠠᠨ ᠤ ᠮᠢᠬ᠎ᠠ ᠶᠢ ᠴᠢᠨᠠᠵᠤ ᠪᠤᠴᠠᠯᠭᠠᠭᠰᠠᠨ ᠱᠦᠯᠤ ᠶᠢ ᠬᠡᠯᠡᠳᠡᠭ᠃ | ᠬᠠᠷ᠎ᠠ ᠱᠦᠯᠤ — ᠬᠤᠨᠢᠨ ᠤ ᠬᠠᠷ᠎ᠠ ᠮᠢᠬ᠎ᠠ ᠶᠢ ᠬᠡᠷᠴᠢᠵᠤ᠂ ᠳᠠᠪᠤᠰᠤ᠂ ᠰᠤᠩᠬᠢᠨ᠎ᠠ ᠶᠢ ᠳᠡᠩᠴᠡᠬᠦᠯᠤᠨ | ᠴᠢᠨᠠᠵᠤ ᠪᠤᠴᠠᠯᠭᠠᠬᠤ ᠪᠤᠶᠤ ᠵᠢᠩᠨᠡᠵᠤ ᠪᠤᠯᠭᠤᠬᠤ ᠠᠷᠭ᠎ᠠ ᠪᠠᠷ ᠪᠡᠯᠡᠳᠬᠡᠭᠰᠡᠨ ᠱᠦᠯᠤ᠃ ᠬᠠᠷ᠎ᠠ ᠱᠦᠯᠤ ᠶᠢ ᠴᠢᠨᠠᠵᠤ | ᠪᠤᠴᠠᠯᠭᠠᠬᠤ ᠳᠤ ᠪᠠᠨ ᠳᠤᠭᠤᠭᠠᠨ ᠳᠠᠬᠢ ᠬᠦᠢᠳᠡᠨ ᠤᠰᠤᠨ ᠳᠤ ᠮᠢᠬ᠎ᠠ ᠪᠠᠨ ᠬᠡᠷᠴᠢᠵᠤ ᠬᠢᠭᠰᠡᠨ ᠤ ᠳᠠᠷᠠᠭ᠎ᠠ | ᠳᠠᠪᠤᠰᠤ᠂ ᠰᠤᠩᠬᠢᠨ᠎ᠠ ᠶᠢ ᠨᠢ ᠳᠡᠩᠴᠡᠬᠦᠯᠵᠤ᠂ ᠵᠦᠬᠡᠯᠠᠨ ᠭᠠᠯ ᠢᠶᠠᠷ ᠪᠤᠴᠠᠯᠭᠠᠨ ᠪᠤᠯᠭᠤᠳᠠᠭ᠃ ᠵᠢᠩᠨᠡᠵᠤ ᠪᠤᠯᠭᠤᠬᠤ | ᠳᠤ ᠪᠠᠨ ᠱᠠᠭᠠᠵᠠᠩ ᠪᠤᠶᠤ ᠫᠠᠯᠠᠨ ᠲᠠᠢ ᠰᠠᠪᠠᠨ ᠳᠤ ᠬᠦᠢᠳᠡᠨ ᠤᠰᠤ ᠬᠢᠵᠤ᠂ ᠬᠡᠷᠴᠢᠭᠰᠡᠨ ᠮᠢᠬᠠᠨ ᠳᠤ ᠪᠠᠨ ᠳᠠᠪᠤᠰᠤ | ᠂ ᠰᠤᠩᠬᠢᠨ᠎ᠠ ᠶᠢ ᠨᠢ ᠳᠡᠩᠴᠡᠬᠦᠯᠦᠭᠰᠡᠨ ᠤ ᠳᠠᠷᠠᠭ᠎ᠠ᠂ ᠰᠠᠪᠠᠨ ᠤ ᠠᠮᠠᠰᠠᠷ ᠢᠶᠠᠨ ᠪᠢᠳᠡᠬᠦᠯᠡᠵᠤ᠂ ᠵᠢᠩᠨᠡᠬᠦᠷ ᠳᠡᠬᠡᠷ᠎ᠠ | ᠳᠠᠯᠪᠢᠬᠤ ᠪᠤᠶᠤ ᠳᠤᠭᠤᠭ᠎ᠠ ᠲᠠᠢ ᠤᠰᠤᠨ ᠳᠤ ᠰᠠᠭᠤᠯᠭᠠᠵᠤ ᠵᠢᠩᠨᠡᠨ ᠪᠤᠯᠭᠤᠳᠠᠭ᠃ ᠵᠢᠩᠨᠡᠵᠤ ᠪᠤᠯᠭᠤᠭᠰᠠᠨ ᠬᠠᠷ᠎ᠠ | ᠱᠦᠯᠤᠨ ᠤ ᠦᠨᠤᠷ ᠠᠮᠳᠠ ᠨᠢ ᠨᠠᠩ ᠰᠠᠶᠢᠬᠠᠨ ᠪᠠᠶᠢᠳᠠᠭ᠃ ᠬᠠᠷ᠎ᠠ ᠱᠦᠯᠤ ᠨᠢ ᠳᠤᠰᠤ ᠪᠠᠭ᠎ᠠ᠂ ᠰᠢᠮ᠎ᠠ ᠳᠡᠵᠢᠬᠡᠯ | ᠰᠠᠶᠢᠳᠠᠢ᠂ ᠬᠠᠯᠠᠭᠤᠨ ᠴᠢᠨᠠᠷ ᠲᠠᠢ ᠪᠤᠯᠬᠤᠷ ᠨᠠᠰᠤᠳᠠᠶᠢᠴᠤᠳ ᠪᠤᠯᠤᠨ ᠳᠠᠮᠢᠷ ᠳᠡᠩᠬᠡᠬᠡ ᠮᠠᠭᠤᠳᠠᠭᠰᠠᠨ ᠡᠪᠡᠳᠴᠢᠳᠠᠨ | ᠤᠤᠭᠤᠪᠠᠯ ᠬᠡᠢ ᠶᠢ ᠳᠠᠷᠤᠬᠤ᠂ ᠪᠡᠶ᠎ᠠ ᠶᠢ ᠳᠡᠩᠬᠡᠷᠡᠬᠦᠯᠬᠦ ᠤᠢᠢᠯᠡᠳᠤᠯ ᠲᠠᠢ ᠪᠠᠶᠢᠳᠠᠭ᠃ ᠬᠠᠷ᠎ᠠ ᠱᠦᠯᠤ ᠶᠢ | ᠪᠤᠯᠪᠠᠰᠤᠷᠠᠭᠤᠯᠵᠤ ᠪᠤᠯᠭᠤᠭᠰᠠᠨ ᠠᠷᠭ᠎ᠠ ᠪᠠᠷ ᠨᠢ ᠪᠤᠴᠠᠯᠭᠠᠭᠰᠠᠨ ᠬᠠᠷ᠎ᠠ ᠱᠦᠯᠤ᠂ ᠵᠢᠩᠨᠡᠭᠰᠡᠨ ᠬᠠᠷ᠎ᠠ ᠱᠦᠯᠤ ᠬᠡᠵᠤ | ᠢᠯᠭᠠᠨ ᠨᠡᠷᠡᠯᠡᠳᠡᠭ᠃ | ᠪᠢᠳᠡᠬᠦᠤ ᠱᠦᠯᠤ — ᠬᠦᠢᠳᠡᠨ ᠤᠰᠤ ᠲᠠᠢ ᠰᠠᠪᠠᠨ ᠳᠤ ᠦᠬᠡᠷ᠂ ᠬᠤᠨᠢᠨ ᠤ ᠮᠢᠬ᠎ᠠ ᠶᠢ ᠬᠡᠷᠴᠢᠵᠤ ᠬᠢᠭᠰᠡᠨ | ᠤ ᠳᠠᠷᠠᠭ᠎ᠠ᠂ ᠳᠠᠪᠤᠰᠤ᠂ ᠰᠤᠩᠬᠢᠨ᠎ᠠ ᠶᠢ ᠨᠢ ᠳᠡᠩᠴᠡᠬᠦᠯᠵᠤ᠂ ᠰᠠᠪᠠᠨ ᠤ ᠳᠠᠭᠯᠠᠭᠠ ᠶᠢ ᠨᠢ ᠳᠠᠯᠪᠢᠬᠤ ᠪᠤᠶᠤ | ᠵᠢᠭᠤᠷᠠᠭᠰᠠᠨ ᠭᠤᠯᠢᠷ ᠢ ᠨᠢᠮᠬᠡᠯᠡᠵᠤ ᠰᠠᠪᠠᠨ ᠤ ᠠᠮᠠᠰᠠᠷ ᠢ ᠪᠢᠳᠡᠬᠦᠯᠡᠬᠡᠳ ᠴᠢᠨᠠᠵᠤ ᠪᠤᠯᠭᠤᠭᠰᠠᠨ ᠪᠤᠶᠤ ᠵᠢᠩᠨᠡᠵᠤ | ᠪᠤᠯᠭᠤᠬᠤ ᠠᠷᠭ᠎ᠠ ᠪᠠᠷ ᠪᠤᠯᠪᠠᠰᠤᠷᠠᠭᠤᠯᠤᠭᠰᠠᠨ ᠱᠦᠯᠤ ᠶᠢ ᠪᠢᠳᠡᠬᠦᠤ ᠱᠦᠯᠤ ᠬᠡᠳᠡᠭ᠃ | ᠬᠤᠷᠬᠤᠭ ᠱᠦᠯᠤ — ᠬᠤᠷᠬᠤᠭ ᠪᠠᠵᠠᠭᠠᠬᠤ ᠳᠤ ᠭᠠᠷᠤᠭᠰᠠᠨ ᠱᠦᠯᠤ ᠶᠢ ᠬᠡᠯᠡᠳᠡᠭ᠃ ᠬᠤᠷᠬᠤᠭ ᠱᠦᠯᠤ ᠶᠢᠨ | ᠦᠨᠤᠷ ᠠᠮᠳᠠ ᠬᠠᠩᠬᠤᠯᠤᠭᠤᠨ ᠰᠠᠶᠢᠬᠠᠨ᠂ ᠬᠡᠮᠵᠢᠶ᠎ᠠ ᠨᠢ ᠪᠠᠭ᠎ᠠ᠂ ᠳᠤᠩ ᠬᠠᠨᠳᠠᠰᠢᠵᠤ ᠳᠤᠰᠤᠯᠢᠬ ᠮᠦᠷᠳᠡᠬᠡᠨ | ᠱᠤᠷᠪᠤᠭ ᠪᠠᠶᠢᠳᠠᠭ ᠪᠤᠯᠬᠤᠷ ᠪᠤᠴᠠᠯᠤᠭᠰᠠᠨ ᠤᠰᠤ ᠨᠡᠮᠡᠵᠤ ᠤᠤᠭᠤᠳᠠᠭ᠃ | ᠬᠠᠨᠳᠠ ᠱᠦᠯᠤ — ᠬᠡᠷᠴᠢᠭᠰᠡᠨ ᠮᠢᠬᠠᠨ ᠤ ᠳᠡᠬᠡᠷ᠎ᠠ ᠤᠰᠤ ᠶᠢ ᠨᠢ ᠶᠡᠭᠡ ᠬᠢᠵᠤ᠂ ᠳᠠᠪᠤᠰᠤ᠂ ᠰᠤᠩᠬᠢᠨ᠎ᠠ ᠶᠢ | ᠨᠢ ᠳᠡᠩᠴᠡᠬᠦᠯᠤᠬᠡᠳ᠂ ᠵᠦᠬᠡᠯᠠᠨ ᠭᠠᠯ ᠢᠶᠠᠷ ᠤᠳᠠᠭᠠᠨ ᠪᠤᠴᠠᠯᠭᠠᠵᠤ᠂ ᠱᠦᠯᠤ ᠶᠢ ᠨᠢ ᠨᠡᠯᠢᠶᠡᠳ ᠰᠢᠷᠬᠢᠬᠡᠵᠤ | ᠬᠠᠨᠳᠠᠰᠢᠭᠤᠯᠤᠨ ᠪᠡᠯᠡᠳᠬᠡᠭᠰᠡᠨ ᠱᠦᠯᠤ ᠶᠢ ᠬᠠᠨᠳᠠ ᠱᠦᠯᠤ ᠬᠡᠳᠡᠭ᠃ ᠬᠠᠨᠳᠠ ᠱᠦᠯᠤ ᠨᠢ ᠤᠳᠠᠭᠠᠨ | ᠪᠤᠴᠠᠯᠭᠠᠭᠰᠠᠨ ᠪᠤᠯᠬᠤᠷ ᠮᠢᠬᠠᠨ ᠤ ᠰᠢᠮ᠎ᠠ ᠱᠦᠯᠤᠨ ᠳᠤ ᠪᠠᠨ ᠰᠢᠩᠬᠡᠵᠤ᠂ ᠱᠦᠯᠤ ᠨᠢ ᠨᠡᠯᠢᠶᠡᠳ ᠱᠦᠯᠤᠰᠢᠵᠤ | ᠠᠮᠳᠠᠰᠢᠭᠰᠠᠨ ᠪᠠᠶᠢᠳᠠᠭ᠃ | ᠪᠤᠷᠴᠠ ᠶᠢᠨ ᠱᠦᠯᠤ — ᠬᠠᠳᠠᠭᠠᠭᠰᠠᠨ ᠪᠤᠷᠴᠠ ᠪᠠᠨ ᠵᠢᠵᠢᠭᠯᠡᠨ ᠬᠡᠷᠴᠢᠵᠤ᠂ ᠳᠠᠪᠤᠰᠤ᠂ ᠰᠤᠩᠬᠢᠨ᠎ᠠ ᠶᠢ ᠨᠢ | ᠳᠡᠩᠴᠡᠬᠦᠯᠤᠨ ᠴᠢᠨᠠᠵᠤ ᠪᠤᠴᠠᠯᠭᠠᠬᠤ ᠪᠤᠶᠤ ᠵᠢᠩᠨᠡᠵᠤ ᠪᠤᠯᠭᠤᠭᠠᠳ᠂ ᠳᠡᠬᠡᠷ᠎ᠠ ᠨᠢ ᠵᠦᠬᠡᠬᠡᠢ᠂ ᠳᠠᠷᠠᠭ ᠰᠠᠮᠤᠷᠤᠭᠰᠠᠨ | ᠱᠦᠯᠤ ᠶᠢ ᠪᠤᠷᠴᠠ ᠶᠢᠨ ᠱᠦᠯᠤ ᠬᠡᠳᠡᠭ᠃ ᠴᠢᠨᠠᠵᠤ ᠪᠤᠴᠠᠯᠭᠠᠬᠤ ᠪᠠ ᠵᠢᠩᠨᠡᠬᠦ ᠠᠷᠭ᠎ᠠ ᠨᠢ ᠬᠠᠷ᠎ᠠ ᠱᠦᠯᠤ ᠲᠠᠢ | ᠠᠳᠠᠯᠢ᠃ ᠪᠤᠷᠴᠠ ᠶᠢᠨ ᠱᠦᠯᠤ ᠨᠢ ᠰᠢᠷᠭᠠᠯᠰᠢᠨ ᠳᠤᠰᠤᠷᠬᠠᠵᠤ᠂ ᠦᠨᠤᠷ ᠠᠮᠳᠠ ᠨᠢ ᠳᠤᠩ ᠰᠠᠶᠢᠬᠠᠨ ᠪᠠᠶᠢᠳᠠᠭ᠃ | ᠰᠢᠮ᠎ᠠ ᠳᠡᠵᠢᠬᠡᠯ ᠳᠡᠬᠦᠯᠳᠡᠷ ᠮᠦᠷᠳᠡᠬᠡᠨ ᠦᠯ ᠰᠠᠶᠢᠳᠠᠢ ᠪᠠᠶᠢᠵᠤ᠂ ᠶᠠᠳᠠᠷᠠᠵᠤ ᠵᠦᠳᠡᠷᠡᠭᠰᠡᠨ ᠦᠶ᠎ᠠ ᠳᠤ ᠤᠤᠭᠤᠪᠠᠯ᠂ | ᠪᠡᠶ᠎ᠠ ᠶᠢ ᠳᠡᠩᠬᠡᠷᠡᠬᠦᠯᠬᠦ ᠤᠢᠢᠯᠡᠳᠤᠯ ᠲᠠᠢ᠃ | ᠤᠯᠤᠭᠠᠢ ᠱᠦᠯᠤ — ᠬᠤᠨᠢᠨ ᠤ ᠤᠯᠤᠭᠠᠢ ᠳᠤ ᠬᠡᠷᠴᠢᠭᠰᠡᠨ ᠮᠢᠬ᠎ᠠ᠂ ᠤᠰᠤ᠂ ᠳᠠᠪᠤᠰᠤ᠂ ᠰᠤᠩᠬᠢᠨ᠎ᠠ ᠵᠡᠷᠬᠡ | ᠪᠠᠨ ᠵᠤᠬᠢᠴᠠᠭᠤᠯᠤᠨ ᠬᠢᠵᠤ᠂ ᠤᠯᠤᠭᠠᠢ ᠶᠢᠨ ᠠᠮᠠ ᠶᠢ ᠨᠢ ᠪᠢᠳᠡᠬᠦᠯᠠᠨ ᠤᠶᠠᠭᠠᠳ ᠴᠢᠨᠠᠬᠤ ᠪᠤᠶᠤ ᠵᠢᠩᠨᠡᠬᠦ ᠠᠷᠭ᠎ᠠ | ᠪᠠᠷ ᠪᠢᠳᠡᠬᠦᠤ ᠱᠦᠯᠤ ᠬᠢᠳᠡᠭ᠃ ᠡᠬᠦᠨ ᠢ ᠤᠯᠤᠭᠠᠢ ᠱᠦᠯᠤ ᠬᠡᠵᠤ ᠨᠡᠷᠡᠯᠡᠳᠡᠭ᠃ | ᠬᠤᠶᠠᠷ ᠂ ᠶᠠᠰᠤᠨ ᠱᠦᠯᠤ | ᠦᠬᠡᠷ᠂ ᠬᠤᠨᠢ᠂ ᠢᠮᠠᠭᠠᠨ ᠤ ᠠᠳᠠᠯᠢ ᠪᠤᠰᠤ ᠶᠠᠰᠤ ᠶᠢ ᠴᠢᠨᠠᠵᠤ ᠪᠤᠴᠠᠯᠭᠠᠨ ᠱᠦᠯᠤᠰᠢᠬᠦᠯᠦᠭᠰᠡᠨ ᠱᠦᠯᠤ ᠶᠢ | ᠶᠠᠷᠤᠩᠬᠡᠢ ᠳᠤ ᠨᠢ ᠶᠠᠰᠤᠨ ᠱᠦᠯᠤ ᠬᠡᠳᠡᠭ᠃ ᠡᠬᠦᠨ ᠳᠤ ᠶᠠᠰᠤᠨ ᠬᠠᠨᠳᠠ ᠶᠢᠨ ᠱᠦᠯᠤ᠂ ᠪᠤᠷᠪᠢ ᠳᠤᠶᠢᠭ ᠤᠨ | ᠱᠦᠯᠤ᠂ ᠭᠤᠷᠪᠠᠨ ᠰᠢᠮᠡᠳᠤ ᠶᠢᠨ ᠱᠦᠯᠤ᠂ ᠳᠦᠷᠪᠠᠨ ᠰᠢᠮᠡᠳᠤ ᠶᠢᠨ ᠱᠦᠯᠤ᠂ ᠬᠤᠨᠢᠨ ᠳᠤᠯᠤᠭᠠᠢ ᠶᠢᠨ ᠱᠦᠯᠤ | ᠵᠡᠷᠬᠡ ᠪᠠᠶᠢᠳᠠᠭ᠃ | ᠶᠠᠰᠤᠨ ᠬᠠᠨᠳᠠ ᠶᠢᠨ ᠱᠦᠯᠤ — ᠬᠤᠷᠢᠶᠠᠵᠤ ᠴᠤᠭᠯᠠᠭᠤᠯᠤᠭᠰᠠᠨ ᠡᠪᠤᠯ ᠤᠨ ᠢᠳᠡᠰᠢᠨ ᠤ ᠦᠬᠡᠷ᠂ ᠬᠤᠨᠢᠨ | ᠤ ᠶᠠᠰᠤ ᠶᠢ ᠬᠠᠪᠤᠷ ᠪᠤᠯᠬᠤ ᠳᠤ ᠤᠬᠢᠶᠠᠵᠤ ᠴᠡᠪᠡᠷᠯᠡᠬᠡᠳ᠂ ᠬᠦᠢᠳᠡᠨ ᠤᠰᠤᠨ ᠳᠤ ᠳᠡᠪᠳᠤᠬᠡᠭᠰᠡᠨ ᠤ ᠳᠠᠷᠠᠭ᠎ᠠ᠂ | ᠪᠦᠳᠤᠬᠦᠨ ᠶᠠᠰᠤ ᠶᠢ ᠨᠢ ᠬᠤᠭᠤᠯᠵᠤ᠂ ᠵᠦᠬᠡᠯᠠᠨ ᠭᠠᠯ ᠢᠶᠠᠷ ᠤᠳᠠᠭᠠᠨ ᠴᠢᠨᠠᠵᠤ᠂ ᠱᠦᠯᠤ ᠶᠢ ᠨᠢ ᠨᠠᠯᠢᠶᠡᠳ | ᠰᠢᠷᠬᠢᠬᠡᠭᠰᠡᠨ ᠢ ᠶᠠᠰᠤᠨ ᠬᠠᠨᠳᠠ ᠶᠢᠨ ᠱᠦᠯᠤ ᠬᠡᠳᠡᠭ᠃ ᠱᠦᠯᠤᠨ ᠤ ᠳᠤᠰᠤ ᠶᠢ ᠬᠠᠯᠢᠵᠤ ᠠᠪᠤᠭᠠᠳ᠂ ᠱᠦᠯᠤ ᠶᠢ | ᠨᠢ ᠰᠢᠩᠬᠡᠯᠡᠵᠤ ᠤᠤᠭᠤᠬᠤ ᠪᠤᠶᠤ ᠬᠤᠭᠤᠯᠠᠨ ᠳᠤ ᠬᠢᠵᠤ ᠠᠮᠳᠠ ᠤᠷᠤᠭᠤᠯᠳᠠᠭ᠃ ᠶᠠᠰᠤᠨ ᠬᠠᠨᠳᠠ ᠶᠢᠨ ᠱᠦᠯᠤ | ᠳᠤᠰᠤᠯᠢᠬ ᠬᠤᠷᠴᠠ ᠠᠮᠳᠠ ᠲᠠᠢ᠂ ᠪᠡᠶ᠎ᠠ ᠶᠢ ᠳᠡᠩᠬᠡᠷᠡᠬᠦᠯᠬᠦ ᠤᠢᠢᠯᠡᠳᠤᠯ ᠲᠠᠢ ᠪᠠᠶᠢᠳᠠᠭ᠃ | ᠪᠤᠷᠪᠢ ᠳᠤᠶᠢᠭ ᠤᠨ ᠱᠦᠯᠤ — ᠬᠤᠨᠢᠨ ᠤ ᠪᠤᠷᠪᠢ ᠳᠤᠶᠢᠭ ᠤᠨ ᠶᠠᠰᠤ ᠶᠢ ᠵᠦᠬᠡᠯᠠᠨ ᠭᠠᠯ ᠢᠶᠠᠷ ᠤᠳᠠᠭᠠᠨ | ᠴᠢᠨᠠᠵᠤ᠂ ᠶᠠᠰᠤᠨ ᠤ ᠰᠢᠮ᠎ᠠ ᠶᠢ ᠨᠢ ᠬᠦᠢᠴᠡᠳ ᠭᠠᠷᠭᠠᠭᠰᠠᠨ ᠱᠦᠯᠤ᠃ ᠪᠤᠷᠪᠢ ᠳᠤᠶᠢᠭ ᠤᠨ ᠱᠦᠯᠤ ᠶᠢ | ᠨᠠᠰᠤᠳᠠᠶᠢᠴᠤᠳ ᠲᠤ ᠤᠤᠭᠤᠯᠭᠠᠪᠠᠯ ᠳᠡᠩᠬᠡᠬᠡ ᠳᠠᠮᠢᠷ ᠤᠷᠤᠭᠤᠯᠳᠠᠭ ᠪᠠ ᠡᠪᠡᠳᠴᠢᠳᠠᠨ ᠳᠤ ᠡᠮ ᠤᠨ ᠬᠦᠯᠬᠡ | ᠪᠤᠯᠭᠠᠨ ᠬᠡᠷᠡᠭᠯᠡᠳᠡᠭ᠃ | ᠭᠤᠷᠪᠠᠨ ᠰᠢᠮᠡᠳᠤ ᠶᠢᠨ ᠱᠦᠯᠤ — ᠪᠤᠷᠪᠢ ᠶᠢᠨ ᠶᠠᠰᠤ᠂ ᠳᠤᠶᠢᠭ ᠤᠨ ᠶᠠᠰᠤ᠂ ᠳᠠᠯᠤ ᠶᠢᠨ ᠳᠤᠭᠤᠭ᠎ᠠ ᠶᠢᠨ | ᠶᠠᠰᠤ ᠶᠢ ᠪᠤᠴᠠᠯᠭᠠᠵᠤ ᠱᠦᠯᠤᠰᠢᠬᠦᠯᠦᠭᠰᠡᠨ ᠢ ᠭᠤᠷᠪᠠᠨ ᠰᠢᠮᠡᠳᠤ ᠶᠢᠨ ᠱᠦᠯᠤ ᠬᠡᠳᠡᠭ᠃ ᠨᠠᠰᠤᠳᠠᠶᠢᠴᠤᠳ ᠪᠤᠯᠤᠨ | ᠳᠡᠩᠬᠡᠬᠡ ᠳᠠᠮᠢᠷ ᠮᠠᠭᠤᠳᠠᠢ ᠬᠦᠮᠤᠨ ᠤᠤᠭᠤᠪᠠᠯ ᠪᠡᠶ᠎ᠠ ᠶᠢ ᠨᠢ ᠳᠡᠩᠬᠡᠷᠡᠬᠦᠯᠵᠤ᠂ ᠳᠠᠮᠢᠷ ᠤᠷᠤᠭᠤᠯᠬᠤ ᠤᠢᠢᠯᠡᠳᠤᠯ | ᠲᠠᠢ᠃ | ᠳᠦᠷᠪᠠᠨ ᠰᠢᠮᠡᠳᠤ ᠶᠢᠨ ᠱᠦᠯᠤ — ᠪᠤᠷᠪᠢ ᠶᠢᠨ ᠶᠠᠰᠤ᠂ ᠳᠤᠶᠢᠭ ᠤᠨ ᠶᠠᠰᠤ᠂ ᠳᠠᠯᠤ ᠶᠢᠨ ᠳᠤᠭᠤᠭ᠎ᠠ ᠶᠢᠨ | ᠶᠠᠰᠤ᠂ ᠤᠬᠤᠷ ᠰᠡᠬᠦᠯ ᠤᠨ ᠶᠠᠰᠤ ᠶᠢ ᠪᠤᠴᠠᠯᠭᠠᠵᠤ ᠱᠦᠯᠤᠰᠢᠬᠦᠯᠦᠭᠰᠡᠨ ᠢ ᠳᠦᠷᠪᠠᠨ ᠰᠢᠮᠡᠳᠤ ᠶᠢᠨ ᠱᠦᠯᠤ ᠬᠡᠳᠡᠭ᠃ | ᠨᠠᠰᠤᠳᠠᠶᠢᠴᠤᠳ ᠪᠤᠯᠤᠨ ᠳᠡᠩᠬᠡᠬᠡ ᠳᠠᠮᠢᠷ ᠮᠠᠭᠤᠳᠠᠢ ᠬᠦᠮᠤᠨ ᠤᠤᠭᠤᠪᠠᠯ ᠪᠡᠶ᠎ᠠ ᠶᠢ ᠳᠡᠩᠬᠡᠷᠡᠬᠦᠯᠵᠤ᠂ ᠳᠠᠮᠢᠷ | ᠤᠷᠤᠭᠤᠯᠬᠤ ᠤᠢᠢᠯᠡᠳᠤᠯ ᠲᠠᠢ᠃ | ᠬᠤᠨᠢᠨ ᠳᠤᠯᠤᠭᠠᠢ ᠶᠢᠨ ᠱᠦᠯᠤ — ᠬᠤᠨᠢᠨ ᠳᠤᠯᠤᠭᠠᠢ ᠶᠢ ᠡᠷᠡᠤ ᠶᠢ ᠨᠢ ᠰᠠᠯᠭᠠᠬᠤ ᠦᠬᠡᠢ ᠪᠠᠷ ᠦᠪᠴᠢᠵᠤ᠂ | ᠤᠬᠢᠶᠠᠵᠤ ᠴᠡᠪᠡᠷᠯᠡᠭᠰᠡᠨ ᠤ ᠳᠠᠷᠠᠭ᠎ᠠ᠂ ᠬᠦᠢᠳᠡᠨ ᠤᠰᠤᠨ ᠳᠤ ᠬᠢᠵᠤ᠂ ᠵᠦᠬᠡᠯᠠᠨ ᠭᠠᠯ ᠢᠶᠠᠷ ᠪᠤᠴᠠᠯᠭᠠᠨ | ᠱᠦᠯᠤᠰᠢᠳᠡᠯᠠ ᠨᠢ ᠴᠢᠨᠠᠵᠤ ᠪᠤᠯᠭᠤᠳᠠᠭ᠃ ᠬᠤᠨᠢᠨ ᠳᠤᠯᠤᠭᠠᠢ ᠶᠢᠨ ᠱᠦᠯᠤ ᠨᠢ ᠬᠡᠢ ᠶᠢ ᠳᠠᠷᠤᠬᠤ᠂ ᠪᠡᠶ᠎ᠠ ᠶᠢ | ᠳᠡᠩᠬᠡᠷᠡᠬᠦᠯᠬᠦ ᠤᠢᠢᠯᠡᠳᠤᠯ ᠲᠠᠢ ᠪᠦᠬᠡᠳ ᠳᠤᠯᠤᠭᠠᠢ ᠡᠪᠡᠳᠬᠦ᠂ ᠰᠠᠨᠴᠢᠭ ᠢᠶᠠᠷ ᠬᠠᠳᠬᠤᠯᠬᠤ ᠡᠪᠡᠳᠴᠢᠨ ᠳᠤ | ᠳᠤᠰᠠᠳᠠᠢ ᠪᠤᠯᠬᠤᠷ ᠡᠶᠢᠮᠤᠷᠬᠦᠤ ᠡᠪᠡᠳᠴᠢᠳᠠᠨ ᠢ ᠡᠮᠨᠡᠨ ᠵᠠᠰᠠᠬᠤ ᠳᠤ ᠡᠮ ᠤᠨ ᠬᠦᠯᠬᠡ ᠪᠤᠯᠭᠠᠳᠠᠭ ᠴᠤ ᠪᠤᠢ᠃ | ᠪᠠᠰᠠ ᠪᠢᠳᠡᠬᠦᠤ ᠳᠤᠯᠤᠭᠠᠢ ᠶᠢᠨ ᠱᠦᠯᠤ ᠬᠡᠳᠡᠭ᠃ | ᠭᠤᠷᠪᠠ ᠂ ᠬᠢᠷᠤᠮᠴᠠᠭ ᠱᠦᠯᠤ | | | | | | ᠬᠢᠷᠤᠮᠴᠠᠭ ᠱᠦᠯᠤ ᠬᠡᠳᠡᠭ ᠨᠢ ᠡᠪᠤᠯ ᠤᠨ ᠢᠳᠡᠰᠢ ᠢᠳᠡᠬᠦ ᠳᠤ ᠦᠬᠡᠷ᠂ ᠬᠤᠨᠢ᠂ ᠢᠮᠠᠭᠠᠨ ᠤ ᠴᠢᠳᠬᠤᠭᠰᠠᠨ | ᠬᠡᠳᠡᠰᠤ ᠶᠢ ᠡᠯᠢᠬᠡ᠂ ᠵᠢᠷᠤᠬᠡ᠂ ᠠᠭᠤᠰᠬᠢ᠂ ᠪᠦᠬᠡᠷ᠎ᠠ ᠲᠠᠢ ᠬᠠᠮᠳᠤ ᠬᠦᠵᠡᠬᠡᠯᠠᠨ ᠬᠦᠯᠳᠡᠬᠡᠭᠰᠡᠨ ᠵᠠᠶᠢᠳᠠᠰᠤ ᠶᠢ | ᠨᠢᠮᠬᠡᠨ ᠬᠢᠷᠭᠠᠵᠤ ᠴᠢᠨᠠᠵᠤ ᠪᠤᠯᠭᠤᠭᠰᠠᠨ ᠱᠦᠯᠤ ᠶᠢ ᠬᠡᠯᠠᠨ᠎ᠠ᠃ ᠬᠢᠷᠤᠮᠴᠠᠭ ᠱᠦᠯᠤ ᠬᠢᠬᠦ ᠳᠤ ᠬᠡᠳᠡᠰᠤ ᠳᠤᠳᠤᠷ ᠢ | ᠳᠠᠩ ᠢᠶᠠᠷ ᠴᠢᠨᠠᠬᠤ ᠪᠤᠶᠤ ᠨᠠᠷᠢᠮᠤ ᠪᠤᠳᠠᠭ᠎ᠠ᠂ ᠳᠤᠳᠤᠷᠭ᠎ᠠ ᠪᠤᠳᠠᠭ᠎ᠠ ᠬᠢᠬᠦ᠂ ᠡᠰᠡᠬᠦᠯ᠎ᠠ ᠭᠤᠯᠢᠷ ᠬᠢᠵᠤ ᠴᠢᠨᠠᠭᠠᠳ | ᠳᠠᠪᠤᠰᠤ᠂ ᠰᠤᠩᠬᠢᠨ᠎ᠠ ᠬᠢᠳᠡᠭ᠃ ᠬᠡᠳᠡᠰᠤ ᠳᠤᠳᠤᠷ ᠢ ᠬᠦᠯᠳᠡᠬᠦᠤ ᠪᠠᠷ ᠨᠢ ᠬᠢᠷᠭᠠᠵᠤ ᠬᠡᠷᠴᠢᠭᠰᠡᠨ ᠤ ᠤᠯᠠᠮ ᠢᠶᠠᠷ | ᠬᠢᠷᠤᠮᠴᠠᠭ ᠬᠡᠵᠤ ᠨᠡᠷᠡᠯᠡᠵᠤ᠂ ᠬᠠᠪᠤᠷ ᠤᠨ ᠤᠷᠢ ᠤᠷᠤᠵᠤ ᠬᠡᠰᠬᠦ ᠠᠴᠠ ᠨᠢ ᠡᠮᠤᠨ᠎ᠠ ᠬᠢᠬᠦ ᠪᠤᠯᠬᠤᠷ ᠬᠢᠷᠤᠮᠴᠠᠭ | ᠱᠦᠯᠤ ᠶᠢ ᠭᠤᠤᠯᠳᠠᠭᠤ ᠡᠪᠤᠯ ᠤᠨ ᠤᠯᠠᠷᠢᠯ ᠳᠤ ᠬᠢᠳᠡᠭ᠃ | ᠱᠦᠯᠤ ᠠᠮᠰᠠᠬᠤ ᠶᠤᠰᠤ | ᠮᠤᠩᠭᠤᠯᠴᠤᠳ ᠤᠨ ᠱᠦᠯᠤᠨ ᠤᠮᠳᠠᠭᠠᠨ ᠢ ᠵᠦᠪᠬᠡᠨ ᠦᠯ ᠬᠤᠭᠤᠯᠠ ᠪᠤᠯᠭᠠᠬᠤ ᠪᠠᠷ ᠪᠠᠷᠠᠬᠤ ᠦᠬᠡᠢ᠂ | ᠢᠳᠡᠬᠡᠨ ᠤᠮᠳᠠᠭᠠᠨ ᠤ ᠡᠷᠬᠢᠮ ᠳᠡᠬᠡᠵᠢ ᠪᠠᠷ ᠳᠡᠬᠡᠳᠤᠯᠠᠨ ᠦᠵᠡᠳᠡᠭ᠃ ᠢᠯᠠᠩᠭᠤᠶ᠎ᠠ ᠪᠦᠬᠦᠯᠢ ᠰᠢᠬᠦᠰᠤ᠂ ᠤᠭᠤᠴᠠ | ᠰᠢᠬᠦᠰᠤ ᠵᠡᠷᠬᠡ ᠶᠢ ᠬᠦᠨᠳᠤᠳᠬᠡᠨ ᠳᠡᠬᠡᠳᠤᠯᠠᠯ ᠳᠤ ᠵᠤᠷᠢᠭᠤᠯᠤᠭᠰᠠᠨ ᠰᠢᠬᠦᠰᠤᠨ ᠤ ᠱᠦᠯᠤ ᠶᠢ ᠰᠢᠬᠦᠰᠤ | ᠳᠡᠪᠰᠢᠬᠦᠯᠬᠦ ᠶᠤᠰᠤ ᠵᠠᠩᠰᠢᠯ ᠤᠨ ᠪᠦᠷᠢᠯᠳᠤᠬᠦᠨ ᠬᠡᠰᠡᠭ ᠢᠶᠠᠷ ᠦᠵᠡᠳᠡᠭ ᠶᠤᠮ᠃ ᠡᠶᠢᠮᠤ ᠠᠴᠠ ᠰᠢᠬᠦᠰᠤ | ᠤᠬᠤᠷᠢᠭᠤᠯᠤᠭᠰᠠᠨ ᠤ ᠳᠠᠷᠠᠭ᠎ᠠ ᠵᠠᠪᠠᠯ ᠱᠦᠯᠤ ᠠᠮᠰᠠᠬᠤ ᠶᠤᠰᠤ ᠲᠠᠢ᠃ ᠱᠦᠯᠤ ᠠᠮᠰᠠᠬᠤ ᠳᠤ ᠪᠠᠨ ᠠᠬᠠᠮᠠᠳ | ᠳᠤᠮᠤᠭᠠᠳᠠᠨ ︽ᠱᠦᠯᠤ ᠶᠢᠨ ᠢᠷᠤᠬᠡᠯ︾ ᠬᠡᠯᠡᠳᠡᠭ᠃ | ︵ᠲᠤᠰ ᠡᠬᠡ ᠪᠢᠴᠢᠭ ᠢ ︽ᠮᠤᠩᠭᠤᠯ ᠵᠠᠩ ᠤᠢᠢᠯᠠ ᠰᠤᠶᠤᠯ᠂ ᠢᠳᠡᠬᠡᠨ ᠤᠮᠳᠠᠭᠠᠨ ᠤ ᠵᠠᠩ ᠤᠢᠢᠯᠠ︾ | ᠠᠴᠠ ᠪᠠᠭᠤᠯᠭᠠᠪᠠ︶ |