ᠮᠤᠩᠭᠤᠯᠴᠣᠤᠨ ᠤᠨ ᠬᠡᠦᠬᠡᠳ ᠢᠶᠠᠨ ᠰᠤᠷᠭᠠᠬᠤ ᠴᠡᠭᠡᠷ ᠶᠣᠰᠣᠨ ᠤ ᠲᠣᠬᠠᠢ ᠴᠣᠬᠤᠰ ᠶᠠᠷᠢᠬᠤᠢ
ᠨᠡᠶᠢᠲᠡᠯᠡᠭᠰᠡᠨ ᠴᠠᠭ᠄
2020/12/16
    ᠮᠤᠩᠭᠤᠯᠴᠣᠤᠨ ᠤᠨ ᠭᠡᠷ ᠤᠨ ᠰᠤᠷᠭᠠᠯ ᠤᠨ ᠤᠯᠠᠮᠵᠢᠯᠠᠯᠲᠤ ᠴᠡᠭᠡᠷ ᠶᠣᠰᠣᠨ ᠤ ᠵᠠᠷᠢᠮ ᠵᠦᠢᠯ ᠢ ᠬᠠᠯᠳᠣ  ᠦᠵᠡᠬᠦ ᠳᠤ ᠮᠤᠬᠤᠷ ᠪᠢᠰᠢᠷᠡᠯ ᠤᠨ ᠥᠩᠭᠡ ᠠᠶᠠᠰ ᠲᠠᠢ ᠪᠠᠶᠢᠬᠰᠠᠨ ᠴᠤ ᠰᠠᠶᠢᠳᠤᠷ ᠰᠢᠨᠵᠢᠪᠡᠯ ᠡᠨᠡ ᠨᠢ ᠱᠠᠰᠢᠨ  ᠰᠣᠷᠲᠠᠬᠤᠨ ᠢᠶᠠᠷ ᠬᠡᠤᠬᠡᠳ ᠢ ᠰᠦᠷᠳᠡᠭᠦᠯᠦᠨ ᠰᠡᠷᠡᠮᠵᠢᠯᠡᠭᠦᠯᠵᠦ᠂ ᠲᠥᠭᠦᠮ ᠶᠠᠪᠤᠳᠠᠯ ᠲᠥᠲᠡ ᠦᠭᠡ ᠪᠠᠷ  ᠰᠤᠷᠭᠠᠳᠠᠭ ᠢᠳᠬᠠᠯ ᠰᠤᠷᠭᠠᠯ ᠶᠤᠮ ᠡ᠃ ᠵᠢᠱᠢᠶᠡᠯᠡᠪᠡᠯ᠂ ᠬᠡᠦᠬᠡᠳ ᠳᠤᠷ᠎ᠠ ᠲᠠᠪᠠ ᠪᠠᠷ ᠢᠶᠠᠨ ᠡᠪᠡᠰᠦ ᠤᠷᠭᠤᠮᠠᠯ  ᠴᠡᠴᠡᠭ ᠬᠤᠸᠠᠷ ᠢ ᠳᠠᠰᠤᠲᠠᠨ ᠬᠠᠶᠠᠬᠤ ᠪᠤᠶᠤ ᠦᠭᠲᠡᠭᠡᠨ ᠠᠪᠬᠤ ᠶᠢ ︽ᠨᠠᠰᠤ ᠴᠢᠨᠢ ᠣᠬᠤᠷ ᠪᠣᠯᠵᠤ ᠵᠢᠰᠦ ᠴᠢᠨᠢ  ᠮᠠᠭᠤᠬᠠᠢ ᠬᠤᠪᠢᠷᠠᠨ᠎ᠠ︾ ᠭᠡᠵᠦ ᠵᠥᠪᠰᠢᠶᠡᠷᠡᠳᠡᠭ ᠦᠭᠡᠢ᠃ ᠡᠨᠡ ᠨᠢ ᠦᠨᠡᠨ ᠳᠤ ᠪᠠᠨ ᠬᠠᠷᠠᠬᠠᠨ ᠪᠠᠭ᠎ᠠ ᠠᠴᠠ ᠨᠢ  ᠣᠷᠴᠢᠨ ᠲᠣᠭᠤᠷᠢᠨ ᠢ ᠭᠤᠶᠣᠵᠢᠭᠤᠯᠵᠤ ᠠᠮᠢ ᠠᠬᠤᠢ ᠶᠢ ᠬᠠᠮᠠᠭᠠᠯᠠᠬᠤ ᠳᠤ ᠠᠰᠢᠭ ᠰᠠᠶᠢᠲᠠᠢ ᠬᠦᠮᠦᠵᠢᠯ ᠣᠯᠭᠤᠵᠤ  ᠪᠠᠶᠢᠳᠠᠭ᠃          ᠮᠠᠨ ᠤ ᠮᠤᠩᠭᠤᠯᠴᠣᠤᠨ ᠣᠤᠯ ᠠᠴᠠ ᠪᠠᠨ ᠬᠤᠯᠠᠭᠠᠢ ᠬᠢᠵᠦ ᠬᠤᠳᠠᠯ ᠬᠡᠯᠡᠬᠦ ᠶᠢ ᠲᠦᠢᠯ ᠤᠨ ᠵᠢᠭᠰᠢᠭᠦᠷᠢᠲᠡᠢ  ᠠᠵᠢᠯᠯᠠᠭ᠎ᠠ ᠪᠠᠷ ᠦᠵᠡᠳᠡᠭ ᠪᠣᠯᠬᠤᠷ ᠦᠷ᠎ᠡ ᠬᠡᠦᠬᠡᠳ ᠢᠶᠠᠨ ︽ᠬᠦᠮᠦᠨ ᠤ ᠶᠠᠭᠤᠮ᠎ᠠ ᠶᠢ ᠬᠤᠯᠠᠭᠠᠶᠢᠯᠠᠵᠤ ᠪᠣᠯᠬᠤ  ᠦᠭᠡᠢ᠂ ᠳᠠᠷᠠᠭ᠎ᠠ ᠲᠥᠷᠥᠯ ᠳᠤ ᠪᠠᠨ ᠭᠠᠷ ᠦᠭᠡᠢ ᠳᠠᠬᠢᠷ ᠲᠥᠷᠦᠨ᠎ᠡ︾᠂ ︽ᠬᠤᠳᠠᠯ ᠬᠡᠯᠡᠵᠦ ᠪᠣᠯᠬᠤ ᠦᠭᠡᠢ᠂  ᠦᠬᠦᠭᠰᠡᠨ ᠤ ᠬᠤᠶᠢᠨ᠎ᠠ ᠡᠷᠯᠢᠭ ᠲᠤ ᠣᠴᠢᠪᠠᠯ ᠬᠡᠯᠡ ᠶᠢ ᠴᠢᠨᠢ ᠣᠬᠲᠣᠯᠵᠤ ᠠᠪᠤᠨ᠎ᠠ︾ ᠭᠡᠵᠦ ᠰᠦᠷᠳᠡᠭᠦᠯᠦᠨ  ᠠᠶᠤᠯᠭᠠᠳᠠᠭ᠃ ᠱᠠᠰᠢᠨ ᠤ ᠨᠥᠯᠦᠭᠡ ᠠᠴᠠ ᠪᠣᠯᠵᠤ᠂ ᠵᠠᠷᠢᠮ ᠬᠡᠦᠬᠡᠳ ᠶᠡᠬᠡᠳᠡ ᠢᠲᠡᠭᠡᠵᠦ ᠬᠤᠳᠠᠯ ᠬᠠᠭᠤᠷᠮᠠᠭ  ᠦᠬᠡ ᠬᠡᠯᠡᠬᠦ ᠪᠤᠶᠤ ᠬᠤᠯᠠᠭᠠᠢ ᠳᠡᠭᠡᠷᠡᠮ ᠬᠢᠬᠦ᠂ ᠬᠢᠯᠢᠰ ᠨᠢᠭᠦᠯᠲᠦ ᠬᠡᠷᠡᠭ ᠤᠶᠢᠯᠡᠦᠨᠬᠦ ᠶᠢ ᠲᠤᠩ ᠬᠢᠴᠢᠶᠡᠳᠡᠭ  ᠪᠠᠶᠢᠵᠠᠢ᠃ ︽ᠬᠦᠮᠦᠨ ᠢ ᠬᠠᠷᠢᠶᠠᠵᠤ ᠪᠣᠯᠬᠤ ᠦᠭᠡᠢ᠂ ᠬᠡᠯᠡ ᠠᠮᠠ ᠳᠡᠭᠡᠷ᠎ᠡ ᠴᠢᠨᠢ ᠶᠠᠷ᠎ᠠ ᠭᠠᠷᠤᠨ᠎ᠠ︾ ᠭᠡᠳᠡᠭ ᠨᠢ  ᠬᠡᠦᠬᠡᠳ ᠢ ᠶᠣᠰᠣ ᠮᠤᠷᠠᠯ ᠲᠠᠢ ᠪᠣᠯᠪᠠᠰᠤᠨ ᠰᠤᠷᠭᠠᠬᠤ ᠶᠢ ᠬᠦᠰᠡᠭᠰᠡᠨ ᠰᠠᠨᠠᠭ᠎ᠠ ᠲᠠᠢ ᠪᠠᠶᠢᠬᠤ ᠨᠢ ᠳᠠᠮᠵᠢᠭ ᠦᠭᠡᠢ᠃  ᠡᠶᠢᠮᠦ ᠵᠦᠢᠯ ᠠᠴᠠ ᠦᠵᠡᠪᠡᠯ᠂ ᠱᠠᠰᠢᠨ ᠰᠤᠷᠲᠠᠬᠤᠨ ᠨᠢ ᠬᠡᠶᠢᠰᠪᠦᠷᠢ ᠰᠡᠦᠨᠬᠢᠯᠴᠢ ᠦᠵᠡᠯ ᠢ ᠬᠦᠭᠡᠭᠡᠴᠡᠯᠳᠦᠨ᠂  ᠬᠠᠶᠠ ᠵᠠᠷᠢᠮ ᠬᠦᠮᠦᠰ ᠢ ᠮᠣᠩᠬᠠᠷᠠᠭᠤᠯᠳᠠᠭ ᠨᠠᠵᠠᠭᠠᠢ ᠲᠠᠯ᠎ᠠ ᠲᠠᠢ ᠪᠣᠯᠪᠠᠴᠤ ᠪᠠᠰᠠ ᠵᠠᠷᠢᠮ ᠵᠦᠢᠯ ᠨᠢ ᠤᠷᠳᠤ  ᠤᠳᠠᠭᠠᠨ ᠬᠤᠭᠤᠴᠠᠭᠠᠨ ᠤ ᠲᠡᠦᠬᠡᠨ ᠶᠠᠪᠤᠴᠠ ᠳᠤ ᠦᠷ᠎ᠡ ᠬᠡᠦᠬᠡᠳ ᠢᠶᠠᠨ ᠵᠢᠭᠠᠨ ᠰᠤᠷᠭᠠᠬᠤ ᠳᠤ ᠵᠣᠬᠢᠬᠤ  ᠬᠡᠮᠵᠢᠶᠡᠨ ᠤ ᠢᠳᠡᠪᠬᠢ ᠤᠶᠢᠯᠡᠳᠦᠯ ᠦᠵᠡᠭᠦᠯᠵᠦ ᠪᠠᠶᠢᠳᠠᠭ ᠨᠢ ᠥᠨᠡᠯᠡᠭᠦᠰᠢᠲᠡᠢ ᠪᠣᠶᠤ᠃          ᠮᠤᠩᠭᠤᠯᠴᠣᠤᠨ ᠤᠨ ᠣᠯᠠᠮᠵᠢᠯᠠᠯᠳᠤ ᠭᠡᠷ ᠤᠨ ᠰᠤᠷᠭᠠᠯ ᠴᠡᠭᠡᠷ ᠶᠣᠰᠣ ᠶᠢ ᠵᠥᠪ ᠬᠡᠷᠡᠭᠯᠡᠨ ᠵᠣᠬᠢᠰᠲᠠᠢ  ᠠᠰᠢᠬᠯᠠᠪᠠᠯ ᠣᠳᠣᠬᠠᠨ ᠤ ᠵᠠᠯᠠᠭᠤ ᠪᠠᠭᠠᠴᠤᠳ ᠲᠤ ᠵᠣᠬᠢᠬᠤ ᠬᠦᠮᠦᠵᠢᠯ ᠣᠯᠭᠤᠵᠤ ᠲᠤᠰᠠ ᠪᠣᠯᠬᠤ ᠮᠠᠭᠠᠤᠨ ᠭᠡᠵᠦ  ᠬᠤᠪᠢᠨ ᠳᠤ ᠪᠠᠨ ᠪᠣᠳᠤᠵᠤ ᠪᠤᠢ᠃  
 
ᠢᠷᠡᠯᠲᠡ᠄ ᠲᠦᠩᠯᠢᠶᠤᠤ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号