ᠵᠠᠯᠠᠭᠤ ᠪᠠᠭᠠᠴᠤᠳ ᠬᠥᠨᠳᠦᠦᠨᠬᠡᠯ ᠤᠨ ᠶᠣᠰᠣᠨ ᠢ ᠰᠠᠬᠢᠨ ᠵᠢᠷᠤᠮᠯᠠᠬᠤ ᠶᠢ ᠬᠦᠰᠡᠨᠡᠮ
ᠨᠡᠶᠢᠲᠡᠯᠡᠭᠰᠡᠨ ᠴᠠᠭ᠄
2020/12/16
    ᠮᠠᠨ ᠤ ᠮᠤᠩᠭᠤᠯᠴᠣᠤᠨ ᠤᠣᠯ ᠠᠴᠠ ᠪᠠᠨ ᠡᠴᠢᠭᠡ ᠡᠬᠡ ᠠᠬᠠᠮᠠᠳ ᠨᠠᠰᠤᠲᠠᠨ ᠳᠠᠭᠠᠨ ᠡᠯᠪᠡᠷᠢᠯ ᠵᠢᠷᠣᠮᠲᠠᠢ  ᠪᠠᠶᠢᠵᠤ᠂ ᠡᠴᠢᠭᠡ ᠡᠬᠡ ᠶᠢᠨ ᠡᠨᠡᠷᠢᠯ ᠬᠠᠶᠢᠷ᠎ᠠ ᠶᠢ ᠬᠡᠵᠢᠶ᠎ᠡ ᠡᠭᠦᠷᠢᠳᠡ ᠮᠠᠷᠲᠠᠯ ᠦᠭᠡᠢ ᠰᠠᠨᠠᠭᠠᠯᠵᠠᠨ᠂ ᠡᠴᠢᠭᠡ  ᠡᠬᠡ ᠪᠠᠨ ᠬᠦᠨᠳᠦᠦᠨᠬᠡᠨ ᠠᠰᠠᠷᠠᠬᠤ ᠠᠷᠢᠭᠤᠨ ᠨᠠᠨᠳᠢᠨ ᠤᠯᠠᠮᠵᠢᠯᠠᠯᠲᠤ ᠰᠠᠶᠢᠨ ᠰᠠᠶᠢᠬᠠᠨ ᠵᠠᠩ ᠳᠠᠣᠨᠬᠠᠯ ᠲᠠᠢ  ᠪᠠᠶᠢᠳᠠᠭ᠃ ᠨᠠᠭᠠᠳᠣ ᠵᠠᠬ᠎ᠠ ᠠᠴᠠ ᠴᠣᠬᠤᠰ ᠶᠠᠷᠢᠪᠠᠯ᠂ ᠡᠳᠥᠷ ᠳᠣᠳᠤᠮ ᠤᠨ ᠠᠮᠢᠳᠤᠷᠠᠯ ᠳᠤ ᠡᠴᠢᠭᠡ ᠡᠬᠡ ᠠᠬᠠᠰ  ᠵᠠᠬᠠᠰ ᠤᠨ ᠰᠠᠨᠠᠭ᠎ᠠ ᠶᠢ ᠨᠢ ᠳᠠᠭᠠᠭᠤᠯᠵᠤ᠂ ᠬᠠᠯᠠᠭᠤᠨ ᠬᠦᠢᠲᠡᠨ ᠢ ᠨᠢ ᠵᠣᠬᠢᠴᠠᠭᠤᠯᠤᠨ᠂ ᠢᠳᠡᠭᠡᠨ ᠤᠮᠳᠠᠭᠠᠨ ᠢ ᠨᠢ  ᠳᠤᠷ᠎ᠠ ᠲᠠᠢ ᠠᠮᠲᠠ ᠲᠠᠢ ᠵᠦᠢ ᠵᠣᠬᠢᠰᠲᠠᠢ ᠳᠣᠬᠢᠷᠠᠭᠤᠯᠵᠤ ᠥᠭᠳᠡᠭ᠃ ᠦᠷ᠎ᠡ ᠬᠡᠦᠬᠡᠳ ᠪᠣᠯᠤᠬᠰᠠᠤᠨ ᠡᠴᠢᠭᠡ  ᠡᠬᠡ ᠪᠠᠨ ᠠᠰᠠᠷᠠᠨ ᠬᠠᠷᠠᠭᠠᠯᠵᠠᠬᠤ ᠠᠵᠢᠯ ᠢ ᠥᠪᠡᠷ ᠤᠨ ᠢᠶᠠᠨ ᠪᠡᠶᠡᠯᠡᠭᠦᠯᠪᠡᠰᠦ ᠵᠣᠬᠢᠬᠤ ᠡᠭᠦᠷᠭᠡ ᠵᠠᠶᠢᠯᠠᠭᠤᠯᠵᠤ  ᠪᠣᠯᠤᠰᠢ ᠦᠭᠡᠢ ᠬᠠᠷᠢᠭᠤᠴᠠᠯᠭ᠎ᠠ ᠭᠡᠵᠦ ᠦᠵᠡᠳᠡᠭ᠃ ᠮᠠᠨ ᠤ ᠮᠤᠩᠭᠤᠯ ᠬᠦᠮᠦᠨ ᠡᠴᠢᠭᠡ ᠡᠬᠡ ᠠᠬᠠᠮᠠᠳ  ᠨᠠᠰᠤᠲᠠᠨ ᠢᠶᠠᠨ ᠠᠰᠠᠷᠠᠨ ᠬᠥᠨᠳᠦᠯᠡᠬᠦ ᠶᠢ ᠬᠠᠮᠤᠭ ᠡᠷᠬᠢᠮ ᠳᠡᠭᠡᠳᠦ ᠡᠯᠪᠡᠷᠢᠯ ᠵᠢᠷᠤᠮ ᠪᠣᠯᠭᠠᠨ ᠦᠵᠡᠵᠦ ᠡᠷᠬᠢᠮᠨᠡᠳᠡᠭ  ᠪᠣᠯᠬᠤᠷ ᠠᠬᠤᠢ ᠠᠮᠢᠳᠤᠷᠠᠯ ᠳᠣᠮᠳᠠ ᠮᠠᠰᠢ ᠣᠯᠠᠨ ᠬᠢᠴᠢᠶᠡᠨ ᠰᠠᠬᠢᠬᠤ ᠪᠣᠯᠭᠤᠮᠵᠢᠯᠠᠨ ᠰᠡᠷᠡᠮᠵᠢᠯᠡᠬᠦ ᠴᠡᠭᠡᠷ ᠶᠣᠰᠣᠨ  ᠪᠠᠶᠢᠳᠠᠭ᠃ ᠡ᠊ᠠᠳᠡ ᠬᠡᠳᠦ ᠶᠢ ᠲᠣᠳᠤᠷᠠᠭᠤᠯᠪᠠᠯ ᠳᠠᠷᠤᠢ ᠠᠬᠠᠮᠠᠳ ᠨᠠᠰᠤᠲᠠᠨ ᠤ ᠳᠡᠷᠭᠡᠲᠡ ᠶᠡᠭᠡ ᠳᠠᠭᠤᠨ ᠢᠶᠠᠷ  ᠶᠠᠷᠢᠳᠠᠭ ᠦᠭᠡᠢ᠂ ᠲᠡᠳᠡᠨᠦᠰ ᠤᠨ ᠦᠭᠡ ᠵᠤᠭᠤᠭ ᠲᠤ ᠬᠤᠪᠢ ᠣᠷᠤᠳᠠᠭ ᠦᠭᠡᠢ᠂ ᠳᠡᠷᠭᠡᠲᠡ ᠨᠢ ᠡᠯᠳᠡᠪ ᠡᠰᠡᠨ  ᠪᠤᠵᠠᠷ ᠱᠠᠯᠢᠭ ᠦᠭᠡ ᠶᠠᠷᠢᠳᠠᠭ ᠦᠭᠡᠢ᠂ ᠨᠡᠩ ᠢᠯᠠᠩᠭᠤᠶ᠎ᠠ ᠡᠴᠢᠭᠡ ᠡᠬᠡ ᠶᠢᠨ ᠵᠢᠭᠠᠵᠤ ᠵᠠᠩᠳᠤᠷᠣᠬᠰᠠᠨ ᠢᠣᠨᠬᠠᠯ  ᠰᠢᠭᠦᠮᠵᠢᠯᠡᠯ ᠢ ᠬᠥᠯᠢᠴᠡᠩᠭᠦᠢ ᠪᠠᠷ ᠰᠣᠨᠤᠰᠤᠨ ᠰᠤᠷᠭᠠᠯ ᠪᠣᠯᠭᠠᠨ ᠰᠢᠩᠭᠡᠭᠡᠨ ᠠᠪᠬᠤ ᠠᠴᠠ ᠪᠢᠰᠢ ᠡᠰᠡᠷᠭᠦ ᠠᠴᠠ ᠨᠢ  ᠦᠭᠡ ᠵᠦᠷᠢᠵᠦ ᠬᠠᠷᠢᠭᠤ ᠲᠤᠰᠬᠠᠨ ᠬᠡᠳᠡᠷᠯᠡᠵᠦ ᠣᠬᠳᠤ ᠪᠣᠯᠳᠠᠭ ᠦᠭᠡᠢ ᠁          ᠡᠳᠡᠭᠡᠷ ᠵᠦᠢᠯ ᠤᠨ ᠡᠩ ᠤᠨ ᠮᠦᠷᠳᠡᠭᠡᠨ ᠡᠭᠡᠯ ᠪᠣᠰᠤ ᠠᠮᠢᠳᠤᠷᠠᠯ ᠤᠨ ᠵᠠᠩ ᠵᠠᠩᠰᠢᠯ ᠨᠢ ᠦᠨᠡᠨ ᠳᠡᠭᠡᠨ  ᠡᠳᠦᠭᠡ ᠶᠢᠨ ᠡᠪ ᠬᠠᠮᠳᠤ ᠨᠠᠮ ᠤᠨ ᠤᠷᠢᠶᠠᠯᠠᠨ ᠱᠠᠭᠠᠷᠳᠠᠵᠤ ᠪᠦᠬᠦᠢ ᠨᠡᠶᠢᠭᠡᠮ ᠨᠡᠶᠢᠲᠡ ᠶᠢᠨ ᠶᠣᠰᠣ ᠮᠤᠷᠠᠯ ᠤᠨ  ᠪᠠᠷᠢᠮᠵᠢᠶ᠎ᠠ ᠯᠤᠭ᠎ᠠ ᠡᠭᠡᠭᠡ ᠠᠳᠠᠯᠢ ᠪᠣᠯᠬᠤᠷ ᠬᠦᠮᠦᠨ ᠪᠦᠬᠦᠨ ᠣᠨᠴᠠᠭᠠᠶᠢᠯᠠᠨ ᠵᠠᠯᠠᠭᠤ ᠪᠠᠭᠠᠴᠤᠳ ᠮᠡᠳᠡᠨ ᠠᠪᠴᠤ  ᠵᠢᠷᠤᠮᠯᠠᠨ ᠰᠠᠬᠢᠪᠠᠰᠤ ᠵᠣᠬᠢᠨ᠎ᠠ᠃ ᠡᠶ᠎ᠡ ᠵᠣᠬᠢᠴᠠᠯ ᠤᠨ ᠦᠨᠳᠦᠰᠦ ᠰᠠᠭᠤᠷᠢ ᠡᠨᠡ ᠪᠣᠯᠵᠤ ᠲᠠᠭᠠᠷᠠᠨ᠎ᠠ᠃
 
ᠢᠷᠡᠯᠲᠡ᠄ ᠲᠦᠩᠯᠢᠶᠤᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号