ᠬᠠᠶᠢᠷ᠎ᠠ ᠶᠢᠨ ᠮᠦᠭᠦ
ᠨᠡᠶᠢᠲᠡᠯᠡᠭᠰᠡᠨ ᠴᠠᠭ᠄
2021/1/7
   ᠡᠯᠡᠰᠦᠨ ᠠᠶᠢᠯ ᠤᠨ ᠲᠤᠮᠳᠠᠬᠢ ᠭᠦᠬᠡ ᠴᠡᠩᠬᠡᠷ ᠤᠷᠤᠢ ᠲᠠᠢ ᠭᠤᠷᠪᠠᠨ ᠲᠠᠰᠤᠯᠭ᠎ᠠ ᠰᠢᠨᠡᠬᠡᠨ ᠪᠠᠶᠢᠰᠢᠩ ᠤᠨ ᠡᠭᠦᠳᠡᠨ ᠳᠤ ᠬᠡᠳᠦ ᠬᠡᠳᠦᠨ ᠮᠠᠰᠢᠨ ᠲᠡᠷᠬᠡ ᠵᠤᠭᠰᠤᠵᠦ ᠭᠦᠮᠦᠰ ᠶᠠᠭᠠᠷᠠᠯᠳᠤᠵᠦ ᠪᠠᠶᠢᠬᠤ ᠠᠴᠠ ᠡᠨᠡ ᠦᠯᠢᠬᠡᠷ ᠡᠬᠢᠯᠡᠵᠦ ᠪᠠᠶᠢᠨ᠎ᠠ᠂ ᠤᠩᠰᠢᠭᠴᠢᠳ ᠮᠢᠨᠢ︕    ᠮᠠᠷᠢᠶᠠᠯᠢᠭ ᠲᠤᠮᠳᠠ ᠶᠢᠨ ᠪᠡᠶ᠎ᠡ ᠳᠡᠭᠡᠨ ᠡᠷᠢᠶᠠᠨ ᠡᠩᠬᠡᠷ ᠬᠤᠷᠮᠤᠶᠢᠴᠢ ᠪᠦᠰᠡᠯᠡᠵᠦ ᠰᠠᠪᠠᠯᠠᠭᠰᠠᠨ ᠮᠦᠭᠦ ᠶᠢ ᠵᠠᠬᠢᠶᠠᠯᠠᠭᠰᠠᠨ ᠲᠤᠭ᠎ᠠ ᠪᠠᠷ ᠪᠦᠷᠢᠳᠬᠡᠨ ᠦᠭᠴᠦ ᠪᠠᠶᠢᠭ᠎ᠠ ᠪᠠᠶᠠᠷ ᠪᠦᠰᠡᠭᠦᠢ᠄     —  ᠭᠦᠬᠡ ᠡ᠂ ᠪᠠᠰᠠ ᠲᠠᠪᠤᠨ ᠰᠠᠪᠠ ᠠᠪᠤᠭᠠᠳ ᠢᠷᠡᠬᠡᠷᠡᠢ ᠬᠡᠵᠦ ᠲᠠᠭᠤᠳᠠᠬᠤ ᠪᠠᠷ ᠲᠠᠮᠢ ᠤᠳᠠᠯ ᠦᠬᠡᠢ ᠭᠦᠬᠡ ᠨᠢ ᠬᠡᠷ ᠤᠨ ᠵᠡᠭᠦᠨ ᠲᠠᠯ᠎ᠠ ᠳᠤ ᠵᠠᠯᠭᠠᠵᠦ ᠪᠠᠷᠢᠭᠰᠠᠨ ᠲᠤᠯᠠᠭᠠᠬᠠᠨ ᠲᠦᠭᠦᠮ ᠬᠡᠷ ᠤᠨ ᠡᠭᠦᠳᠠ ᠤᠩᠭᠤᠶᠢᠯᠭᠠᠵᠦ ᠵᠢᠳᠭᠦᠭᠦᠷ ᠲᠡᠷᠬᠡ ᠪᠠᠷ ᠭᠦᠷᠬᠡᠵᠦ ᠢᠷᠡᠪᠡ᠃    ᠭᠦᠬᠡ ᠡᠨᠡ ᠵᠢᠯ ᠭᠤᠴᠢᠨ ᠬᠤᠶᠠᠷᠳᠠᠢ᠂ ᠭᠤᠵᠤᠭᠤᠷᠬᠠᠨ ᠲᠠᠶᠢᠪᠤᠭᠤ ᠵᠢᠰᠦ ᠲᠠᠢ᠂ ᠵᠡᠭᠦᠨ ᠬᠠᠴᠡᠷ ᠲᠤ ᠨᠢ ᠮᠡᠳᠡᠭᠳᠡᠮ᠎ᠡ ᠪᠤᠷᠤ ᠮᠡᠩᠬᠡ ᠲᠠᠢ ᠦᠨᠳᠦᠷᠬᠡᠨ ᠪᠡᠶ᠎ᠡ ᠲᠠᠢ ᠡᠴᠡᠩᠬᠡᠷ ᠵᠠᠯᠠᠭᠤ ᠪᠠᠶᠢᠯ᠎ᠠ᠃ ᠠᠪᠤ ᠡᠵᠢ ᠠᠴᠠ ᠪᠠᠨ ᠡᠬᠡᠴᠢ  ᠲᠠᠢ ᠬᠤᠶᠠᠭᠤᠯᠠ ᠪᠠᠨ ᠨᠠᠷᠠ ᠰᠠᠷᠠᠨ ᠤ ᠬᠡᠷᠡᠯ ᠲᠠᠢ ᠠᠷᠭ᠎ᠠ ᠪᠢᠯᠢᠭ ᠤᠨ ᠵᠢᠷᠤᠬᠠᠢ ᠲᠠᠢ ᠵᠠᠶᠠᠭᠠᠵᠦ ᠪᠢᠯᠡ᠃ ᠡᠬᠡᠴᠢ  ᠨᠢ ᠪᠠᠯᠭᠠᠰᠤᠨ ᠲᠦᠪ ᠲᠤ ᠬᠠᠷᠢᠯᠠᠵᠦ ᠶᠠᠪᠤᠭᠰᠠᠨ ᠠᠴᠠ ᠭᠦᠬᠡ ᠠᠪᠤ ᠡᠵᠢ ᠲᠠᠢ ᠪᠠᠨ ᠭᠤᠷᠪᠠᠭᠤᠯᠠ ᠠᠮᠢᠳᠤᠷᠠᠵᠦ ᠪᠠᠶᠢᠭ᠎ᠠ ᠪᠤᠯᠪᠠᠴᠦ ᠡᠵᠢ ᠶᠢᠨ ᠬᠢᠨ ᠤᠯᠠᠨ ᠵᠢᠯ ᠡᠪᠡᠳᠴᠢᠨ ᠭᠦᠬᠡᠬᠡᠭᠰᠡᠨ ᠪᠠ ᠭᠦᠬᠡ ᠶᠢᠨ ᠭᠤᠷᠪᠠᠨ ᠵᠢᠯ ᠤᠨ ᠶᠡᠭᠡ ᠰᠤᠷᠭᠠᠭᠤᠯᠢ ᠶᠢᠨ ᠠᠮᠢᠳᠤᠷᠠᠯ ᠨᠢ ᠬᠡᠷ ᠪᠦᠯᠢ ᠶᠢᠨ ᠠᠮᠢᠳᠤᠷᠠᠯ ᠢ ᠨᠢ ᠶᠠᠳᠠᠭᠤ ᠵᠦᠳᠡᠭᠦᠦ ᠭᠦᠷᠦᠯᠴᠡᠭᠦᠢ ᠪᠤᠰᠤ ᠪᠤᠯᠭᠠᠵᠦ ᠤᠷᠬᠢᠵᠠᠢ᠃    ᠡᠯᠡᠰᠦᠨ ᠠᠶᠢᠯ ᠤᠨ ᠲᠠᠷᠢᠶᠠᠴᠢᠨ ᠭᠠᠵᠠᠷ ᠭᠦᠷᠦᠰᠦ ᠮᠠᠭᠤᠳᠠᠢ᠂ ᠲᠡᠭᠷᠢ ᠲᠦᠰᠢᠵᠦ ᠲᠠᠷᠢᠶᠠᠯᠠᠳᠠᠭ ᠠᠴᠠ ᠵᠢᠯ ᠵᠢᠯ ᠤᠨ ᠤᠷᠤᠯᠭ᠎ᠠ ᠲᠡᠭᠰᠢ ᠦᠬᠡᠢ᠂ ᠬᠤᠷᠢ ᠭᠠᠷᠤᠢ ᠦᠬᠡᠷ ᠨᠢ ᠠᠳᠬᠤ ᠠᠳᠬᠤ ᠮᠦᠩᠭᠦ ᠬᠤᠪᠢᠷᠠᠵᠦ ᠡᠮᠨᠡᠯᠬᠡ  ᠶᠢᠨ ᠡᠭᠦᠳᠡ ᠪᠠᠷ ᠤᠷᠤᠰᠬᠤ ᠨᠢ ᠤᠷᠤᠰᠤᠨ ᠤᠳᠤᠯ᠎ᠠ᠃    ᠠᠮᠢᠳᠤᠷᠠᠯ ᠰᠢᠯᠤᠭᠤᠨ ᠵᠠᠮ ᠲᠠᠢ ᠪᠢᠰᠢ ᠪᠤᠯᠬᠤᠷ ᠠᠷᠭ᠎ᠠ ᠵᠤᠷᠢᠭ ᠬᠤᠶᠠᠷ ᠮᠤᠬᠤᠷᠳᠠᠭᠰᠠᠨ ᠭᠦᠮᠦᠨ ᠳᠤ ᠠᠷᠢᠬᠢ ᠬᠠᠨᠢᠯᠠᠳᠠᠭ ᠰᠢᠭ᠋ ᠠᠪᠤ ᠨᠢ ᠨᠢᠬᠡ ᠦᠶ᠎ᠡ ᠯᠤᠩᠬᠤ ᠲᠠᠪᠠᠷᠢᠵᠦ ᠯᠤᠤᠬ᠎ᠠ ᠲᠠᠢ ᠨᠢᠳᠦ᠂ ᠨᠢᠯᠪᠤᠰᠤ ᠲᠠᠢ ᠡᠳᠦᠷ ᠬᠤᠨᠤᠭ  ᠢ ᠦᠩᠬᠡᠷᠡᠬᠡᠵᠦ ᠢᠪᠡᠬᠡᠯ ᠦᠬᠡᠢ ᠠᠮᠢᠳᠤᠷᠠᠯ ᠳᠠᠭᠠᠨ ᠭᠤᠮᠤᠷᠬᠠᠵᠦ ᠢᠳᠡᠬᠡᠯ ᠠᠯᠳᠠᠵᠦ ᠶᠠᠪᠤᠭᠰᠠᠨ ᠤᠳᠠᠭ᠎ᠠ ᠲᠠᠢ ᠠᠵᠠᠢ᠃    ᠭᠠᠴᠠᠭ᠎ᠠ ᠵᠦᠪᠯᠡᠯ ᠠᠴᠠ ᠨᠢ ᠶᠠᠳᠠᠭᠤ ᠡᠷᠦᠬᠡ ᠶᠢᠨ ᠲᠤᠭᠠᠨ ᠳᠤ ᠤᠷᠤᠭᠤᠯᠵᠦ ᠲᠡᠳᠭᠦᠮᠵᠢ ᠶᠢᠨ ᠮᠦᠩᠭᠦ ᠦᠭᠭᠦᠭᠰᠡᠨ ᠴᠦ ᠲᠤᠤᠷᠠᠳᠠᠭᠰᠠᠨ ᠲᠦᠪᠰᠢᠨ ᠲᠡᠬᠡᠭᠰᠢᠯᠡᠭᠦ ᠦᠬᠡᠢ ᠲᠤᠬᠢᠳᠠᠢ ᠵᠠᠮ ᠤᠯᠳᠠᠬᠤ ᠦᠬᠡᠢ ᠪᠠᠶᠢᠵᠠᠢ᠃ ᠭᠦᠬᠡ ᠶᠡᠭᠡ ᠰᠤᠷᠭᠠᠭᠤᠯᠢ ᠪᠠᠨ ᠲᠡᠭᠦᠰᠬᠡᠵᠦ ᠠᠵᠢᠯ ᠠᠯᠪᠠ ᠳᠤ ᠰᠢᠯᠭᠠᠭᠤᠯᠤᠭᠰᠠᠨ ᠪᠤᠯᠪᠠᠴᠦ ᠡᠯ᠎ᠡ ᠰᠢᠯᠳᠠᠭᠠᠨ  ᠠᠴᠠ ᠠᠵᠠ ᠦᠬᠡᠶᠢᠳᠡᠵᠦ ᠪᠠᠰᠠ ᠲᠡᠭᠦᠨ ᠲᠠᠢ ᠭᠤᠷᠪᠠᠨ ᠵᠢᠯ ᠨᠠᠷᠬᠢᠭᠰᠠᠨ ᠢᠨᠠ᠊ ᠦᠬᠢᠨ ᠨᠢ ᠰᠠᠯᠤᠨ ᠤᠳᠤᠵᠦ ᠶᠠᠳᠠᠭᠤ ᠠᠮᠢᠳᠤᠷᠠᠯ ᠲᠠᠢ ᠲᠡᠭᠦᠨ ᠳᠤ ᠢᠯᠠᠭᠳᠠᠭᠰᠠᠨ ᠢᠨᠠᠭ ᠤᠨ ᠵᠤᠪᠠᠯ ᠨᠡᠮᠡᠵᠠᠢ᠃ ᠭᠦᠬᠡ ᠬᠡᠷ ᠲᠡᠭᠡᠨ ᠢᠷᠡᠭᠰᠡᠨ  ᠤ ᠲᠠᠷᠠᠭ᠎ᠠ ᠲᠠᠮᠡᠢ ᠤᠳᠠᠯ ᠦᠬᠡᠢ ᠬᠠᠮᠳᠦ ᠰᠤᠷᠤᠯᠭᠠᠳᠠᠨ ᠲᠠᠢ ᠪᠠᠨ ᠪᠤᠯᠵᠤᠵᠦ ᠡᠮᠦᠨ᠎ᠡ ᠤᠷᠤᠨ ᠳᠤ ᠭᠦᠴᠦᠨ ᠤ ᠠᠵᠢᠯ ᠭᠢᠬᠦ ᠪᠠᠷ ᠶᠠᠪᠤᠵᠠᠢ ᠁    ᠪᠠᠶᠠᠷ ᠬᠡᠷ᠎ᠡ ᠲᠤᠭᠳᠠᠭᠰᠠᠨ ᠠᠷᠠᠯᠵᠢᠶᠠᠨ ᠤ ᠬᠠᠨᠢᠳᠠᠨ ᠢᠶᠠᠨ ᠮᠤᠷᠳᠠᠭᠤᠯᠵᠦ ᠬᠡᠷ ᠲᠡᠭᠡᠨ ᠤᠷᠤᠵᠦ ᠢᠷᠡᠨ ᠨᠢᠭᠤᠷ ᠭᠠᠷ ᠢᠶᠠᠨ ᠤᠬᠢᠶᠠᠵᠦ ᠪᠠᠷᠠᠭᠰᠠᠨ ᠤ ᠲᠠᠷᠠᠭ᠎ᠠ ᠭᠠᠷ ᠤᠳᠠᠰᠤᠨ ᠤ ᠰᠢᠭᠤᠳ ᠨᠡᠪᠳᠡᠷᠡᠭᠦᠯᠬᠡ ᠪᠠᠨ ᠰᠡᠭᠦᠯ᠎ᠠ᠃ ᠤᠴᠢᠷ  ᠨᠢ ᠡᠨᠡ ᠡᠳᠦᠷ ᠲᠡᠷᠡ ᠬᠡᠳᠦᠨ ᠰᠦᠯᠵᠢᠶᠠᠨ ᠤ ᠨᠠᠶᠢᠵᠠ ᠳᠠᠭᠠᠨ ᠦᠪᠡᠷ ᠤᠨ ᠢᠶᠠᠨ ᠲᠤᠬᠠᠢ ᠲᠦᠭᠦᠮ ᠦᠩᠬᠡᠷᠡᠯᠳᠠ  ᠪᠠᠨ ᠲᠠᠨᠢᠯᠴᠠᠭᠤᠯᠬᠤ ᠪᠠᠷ ᠪᠤᠯᠵᠤᠭᠰᠠᠨ ᠪᠠᠶᠢᠵᠠᠢ᠃    ᠪᠠᠶᠠᠷ ᠤᠨ ᠰᠢᠭᠤᠳ ᠨᠡᠪᠳᠡᠷᠡᠭᠦᠯᠬᠡ ᠨᠡᠬᠡᠬᠡᠮᠡᠭᠴᠡ ᠬᠡᠳᠦᠨ ᠲᠦᠮᠡᠨ ᠪᠠᠭ᠋ᠠᠳᠠᠳ ᠨᠢ ᠬᠤᠶᠢᠨ᠎ᠠ ᠬᠤᠶᠢᠨ᠎ᠠ ᠠᠴᠠ ᠭᠠᠷᠴᠦ ᠢᠷᠡᠨ ᠮᠤᠩᠭᠤᠯ ᠬᠢᠳᠡᠳ ᠬᠡᠯᠡ ᠪᠠᠷ ᠲᠠᠭᠠᠯᠠᠨ ᠮᠠᠨᠳᠤᠴᠢᠯᠠᠵᠦ ᠪᠠᠶᠢᠯ᠎ᠠ᠃    —  ᠲᠠᠨᠠᠷ ᠰᠠᠶᠢᠨ ᠪᠠᠶᠢᠨᠠᠤ︖ ᠬᠡᠵᠦ ᠪᠠᠶᠠᠷ ᠨᠡᠪᠳᠡᠷᠡᠭᠦᠯᠬᠡ ᠪᠠᠨ ᠡᠬᠢᠯᠡᠯ᠎ᠡ᠃    —  ᠮᠢᠨᠤ ᠨᠤᠳᠤᠭ ᠪᠤᠯ ᠡᠾᠧᠨᠠᠨ ᠮᠤᠵᠢ ᠶᠢᠨ ᠨᠢᠬᠡᠨ ᠠᠭᠤᠯᠠᠨ ᠲᠤᠰᠬᠤᠨ ᠪᠤᠯᠤᠨ᠎ᠠ᠃ ᠲᠤᠮᠳᠠᠳᠦ ᠰᠤᠷᠭᠠᠭᠤᠯᠢ ᠶᠢᠨ ᠰᠤᠷᠤᠯᠭ᠎ᠠ ᠶᠢᠨ ᠨᠠᠮᠳᠠᠷ ᠲᠠᠢ᠂ ᠤᠯᠠᠨ ᠵᠢᠯ ᠭᠠᠳᠠᠭᠰᠢ ᠭᠠᠷᠴᠦ ᠭᠦᠴᠦᠨ ᠤ ᠠᠯᠪᠠ ᠬᠢᠵᠦ ᠬᠤᠪᠢ ᠵᠠᠶᠠᠭᠠᠨ ᠤ ᠲᠡᠩᠨᠡᠭᠦᠷ ᠲᠡᠬᠡᠷ᠎ᠡ ᠤᠬᠢᠯᠠᠵᠦ ᠢᠨᠢᠶᠡᠵᠦ ᠶᠢᠷᠳᠢᠨᠴᠦ ᠶᠢᠨ ᠠᠯᠠᠭ ᠪᠤᠯᠤᠭ ᠲᠤ ᠲᠦᠬᠡᠷᠢᠯᠳᠦᠵᠦ ᠶᠠᠪᠤᠯ᠎ᠠ᠃ ᠭᠤᠸᠠᠩᠰᠢ ᠶᠢᠨ ᠨᠢᠬᠡᠨ ᠪᠠᠷᠢᠯᠭ᠎ᠠ ᠶᠢᠨ ᠭᠠᠵᠠᠷ ᠲᠤ ᠪᠠᠶᠢᠬᠤ ᠳᠠᠭᠠᠨ ᠮᠤᠩᠭᠤᠯ ᠵᠠᠯᠠᠭᠤ ᠭᠦᠬᠡ ᠲᠠᠢ ᠲᠠᠨᠢᠯᠴᠠᠭᠰᠠᠨ ᠶᠤᠮ᠃ ᠡᠨᠡ ᠨᠢ ᠮᠢᠨᠤ ᠨᠢᠬᠡ ᠨᠠᠰᠤᠨ ᠤ ᠠᠮᠢᠳᠤᠷᠠᠯ ᠢ ᠦᠬᠡᠷᠡᠴᠢᠯᠡᠵᠦ ᠪᠢᠯᠡ᠃ ᠬᠤᠷᠸ᠎ᠠ ᠬᠡᠳᠡᠭ ᠬᠢᠵᠠᠭᠠᠷ ᠦᠬᠡᠢ ᠠᠭᠤᠳᠠᠮ᠂ ᠠᠮᠢᠳᠤᠷᠠᠯ ᠤᠨ ᠵᠠᠮ ᠮᠠᠰᠢ ᠤᠯᠠᠨ ᠪᠠᠶᠢᠨ᠎ᠠ ᠰᠢᠦ᠃ ᠭᠠᠭᠴᠠᠭᠦ ᠪᠢᠳᠠᠨ ᠤ ᠦᠪᠡᠷ ᠤᠨ ᠵᠦᠪ ᠰᠤᠩᠭᠤᠯᠳᠠ ᠯᠠ ᠬᠠᠮᠤᠭ ᠤᠨ ᠵᠠᠩᠬᠢᠯᠠᠭ᠎ᠠ ᠪᠤᠯᠤᠨ᠎ᠠ᠃ ᠪᠠᠶᠠᠷ ᠨᠢᠬᠡ ᠦᠶ᠎ᠡ ᠮᠤᠩᠭᠤᠯ ᠬᠡᠯᠡ ᠪᠠᠷ ᠶᠠᠷᠢᠪᠠᠯ ᠨᠢᠬᠡ ᠦᠶ᠎ᠡ ᠬᠢᠳᠡᠳ ᠬᠡᠯᠡ ᠪᠠᠷ ᠶᠠᠷᠢᠵᠦ ᠪᠠᠶᠢᠯ᠎ᠠ᠃    ᠮᠠᠰᠢ ᠤᠯᠠᠨ ᠮᠠᠭᠳᠠᠭᠠᠯ ᠤᠨ ᠦᠬᠡ ᠲᠡᠮᠳᠡᠭ᠂ ᠲᠤᠭᠤᠷ ᠤᠨ ᠴᠡᠴᠡᠭ ᠭᠠᠷ ᠤᠳᠠᠰᠦ ᠶᠢ ᠨᠢ ᠪᠠᠭᠳᠠᠵᠦ ᠶᠠᠳᠠᠮ᠎ᠠ ᠤᠷᠤᠵᠦ ᠢᠷᠡᠨ᠂ ᠵᠠᠷᠢᠮ ᠨᠢ ᠰᠤᠨᠢᠨ ᠰᠠᠶᠢᠬᠠᠨ ᠠᠰᠠᠭᠤᠯᠳᠠ ᠠᠰᠠᠭᠤᠵᠦ ᠪᠠᠶᠢᠯ᠎ᠠ ᠁    —  ᠭᠦᠬᠡ ᠪᠤᠯ ᠮᠢᠨᠤ ᠨᠠᠰᠤᠨ ᠲᠤᠷᠰᠢ ᠬᠠᠶᠢᠷᠠᠯᠠᠵᠦ ᠭᠦᠨᠳᠦᠯᠡᠵᠦ ᠶᠠᠪᠤᠬᠤ ᠡᠷᠡᠭᠳᠡᠢ ᠪᠤᠯᠤᠨ᠎ᠠ᠃ ᠮᠤᠩᠭᠤᠯ ᠭᠦᠮᠦᠨ ᠤ ᠰᠠᠶᠢᠬᠠᠨ ᠵᠠᠩ ᠰᠠᠶᠢᠨ ᠰᠤᠷᠳᠠᠯ ᠲᠠᠢ᠃ ᠰᠢᠭᠤᠳ ᠬᠡᠯᠡᠪᠡᠯ ᠭᠦᠬᠡ᠂ ᠭᠦᠬᠡ ᠶᠢᠨ ᠠᠪᠤ ᠡᠵᠢ᠂ ᠡᠯᠡᠰᠦᠨ ᠠᠶᠢᠯ ᠤᠨ ᠠᠷᠠᠳ ᠲᠦᠮᠡᠨ ᠠᠴᠠ ᠪᠢ ᠮᠤᠩᠭᠤᠯ ᠭᠦᠮᠦᠨ ᠤ ᠲᠤᠬᠠᠢ ᠪᠦᠷᠢᠨ ᠤᠶᠢᠯᠠᠭᠠᠵᠦ ᠮᠡᠳᠡᠯ᠎ᠡ᠃ ᠭᠦᠬᠡ ᠪᠢᠳᠠ ᠬᠤᠶᠠᠷ ᠨᠤᠳᠤᠭ ᠲᠠᠭᠠᠨ ᠪᠤᠴᠠᠵᠦ ᠢᠷᠡᠭᠦ ᠳᠤ ᠪᠢ ᠮᠤᠩᠭᠤᠯ ᠦᠬᠡ ᠲᠦᠭᠦᠬᠡᠷᠭᠦ ᠦᠬᠡᠢ ᠨᠡᠩ ᠴᠦ ᠶᠠᠷᠢᠵᠦ ᠴᠢᠳᠠᠬᠤ ᠦᠬᠡᠢ ᠪᠠᠶᠢᠵᠠᠢ᠃ ᠠᠶᠢᠯ ᠠᠶᠢᠮᠠᠭ ᠤᠨ ᠬᠢᠨ ᠭᠦᠬᠡ ᠶᠢ ᠵᠢᠮᠠᠯᠠᠵᠦ ᠡᠮᠦᠨ᠋ ᠤᠷᠤᠨ ᠤ ᠬᠢᠳᠡᠳ ᠬᠡᠤᠬᠡᠨ ᠢ ᠲᠠᠭᠠᠭᠤᠯᠵᠦ ᠢᠷᠡᠯ᠎ᠡ᠂ ᠱᠠᠯ ᠫᠤᠯ ᠬᠡᠳ ᠬᠠᠷᠢᠶᠠᠴᠠᠢ ᠶᠢᠨ ᠰᠦᠨᠠᠰᠦ ᠪᠠᠶᠢᠬ᠎ᠠ ᠬᠡᠵᠦ ᠪᠦᠭᠦᠳᠡᠬᠡᠷ ᠢᠶᠠᠨ ᠨᠠᠳᠠ ᠶᠢ ᠦᠵᠡᠨ ᠶᠠᠳᠠᠵᠦ ᠲᠠᠭ᠎ᠠ ᠦᠬᠡᠢ ᠪᠠᠶᠢᠭᠰᠠᠨ ᠶᠤᠮ᠃ ᠡᠨᠡ ᠪᠦᠭᠦᠨ ᠳᠤ ᠪᠢ ᠭᠤᠮᠤᠷᠬᠠᠵᠦ ᠰᠠᠭᠤᠭ᠎ᠠ ᠦᠬᠡᠢ᠂ ᠬᠠᠷᠢᠨ ᠭᠦᠬᠡ ᠠᠴᠠ ᠮᠤᠩᠭᠤᠯ ᠦᠬᠡ ᠶᠢ ᠬᠢᠴᠢᠶᠠᠨ ᠰᠤᠷᠤᠭᠰᠠᠨ ᠶᠤᠮ᠃ ᠬᠤᠷᠢᠮᠯᠠᠭᠠᠳ ᠪᠢᠳᠠ ᠭᠦᠬᠡᠷᠦᠭᠦᠨ ᠰᠠᠶᠢᠬᠠᠨ ᠦᠬᠢᠨ ᠲᠠᠢ ᠪᠤᠯᠵᠦ ᠠᠪᠤ ᠡᠵᠢ ᠶᠢᠨ ᠰᠡᠳᠬᠢᠯ ᠰᠠᠨᠠᠭ᠎ᠠ ᠴᠦ ᠪᠠᠶᠠᠷᠯᠡᠩᠭᠤᠢ ᠪᠤᠯᠴᠢᠬᠠᠵᠦ ᠡᠵᠢ ᠶᠢᠨ ᠪᠡᠶ᠎ᠡ  ᠨᠢ ᠡᠷᠡᠭᠦᠯᠰᠢᠵᠦ ᠠᠪᠤ ᠴᠦ ᠠᠵᠢᠯ ᠠᠮᠢᠳᠤᠷᠠᠯ ᠳᠠᠭᠠᠨ ᠰᠢᠭᠤᠳᠴᠦ ᠠᠷᠢᠬᠢ ᠲᠠᠷᠠᠰᠦ ᠶᠢ ᠬᠡᠮᠵᠢᠶ᠎ᠡ ᠲᠠᠢ ᠡᠳ᠋ᠯᠡᠭᠦ ᠪᠤᠯᠵᠠᠢ᠃    —  ᠨᠡᠪᠳᠡᠷᠡᠭᠦᠯᠦᠭᠴᠢ ᠡ᠂ ᠶᠠᠭᠠᠬᠢᠭᠠᠳ ᠮᠦᠭᠦ ᠲᠠᠷᠢᠵᠦ ᠡᠬᠢᠯᠡᠭᠰᠡᠨ ᠢᠶᠠᠨ ᠶᠠᠷᠢᠭᠠᠷᠠᠢ ᠬᠡᠰᠡᠨ ᠵᠠᠬᠢᠶ᠎ᠠ ᠬᠡᠳᠦ ᠬᠡᠳᠦ ᠪᠠᠷ ᠲᠤᠳᠤᠷᠠᠯ᠎ᠠ᠃ ᠶᠠᠭ ᠡᠨᠡ ᠦᠶ᠎ᠡ ᠮᠠᠯ ᠢᠶᠠᠨ ᠪᠤᠷᠳᠤᠨ ᠲᠡᠵᠢᠬᠡᠵᠦ ᠪᠠᠷᠠᠭᠰᠠᠨ ᠭᠦᠬᠡ ᠤᠷᠤᠭᠠᠳ ᠢᠷᠡᠯ᠎ᠡ᠃    —  ᠨᠠᠶᠢᠵᠠᠨᠠᠷ ᠮᠢᠨᠢ᠂ ᠵᠢᠭᠠᠬᠠᠨ ᠭᠦᠯᠢᠶᠡᠵᠦ ᠪᠠᠶᠢᠭᠠᠷᠠᠢ᠃ ᠡᠨᠡ ᠲᠤᠬᠠᠢ ᠮᠢᠨᠦ ᠨᠦᠭᠦᠷ ᠭᠦᠬᠡ ᠪᠠᠷ ᠶᠠᠷᠢᠭᠤᠯᠤᠶ᠎ᠠ ᠬᠡᠵᠦ ᠪᠠᠶᠠᠷ ᠰᠡᠳᠬᠢᠯ ᠲᠤᠭᠳᠤᠯᠤᠨ᠎ᠠ᠃ ᠤᠳᠠᠵᠦ ᠲᠦᠳᠡᠯ ᠦᠬᠡᠢ ᠮᠤᠩᠭᠤᠯ ᠲᠡᠪᠡᠯ ᠲᠠᠢ ᠭᠦᠬᠡ ᠵᠠᠯᠠᠭᠤ ᠰᠢᠭᠤᠳ ᠨᠡᠪᠳᠡᠷᠡᠭᠦᠯᠬᠡ ᠳᠤ ᠢᠯᠡᠷᠡᠯ᠎ᠡ᠃    —  ᠲᠠᠶᠠᠭᠠᠷ ᠰᠠᠶᠢᠨ ᠤᠤ︖ ᠪᠢ ᠲᠠᠨᠠᠷ ᠤᠨ ᠲᠠᠨᠢᠯ ᠲᠠᠰᠤᠯ ᠪᠤᠯᠤᠭᠰᠠᠨ ︽ᠭᠦᠭᠦᠬᠡᠴᠢᠨ ᠭᠦᠬᠡ︾ ᠪᠤᠯᠤᠨ᠎ᠠ᠃ ᠲᠠᠨᠠᠷ ᠲᠠᠭᠠᠨ ᠰᠠᠶᠢᠨ ᠤ ᠡᠭᠦᠳᠡ ᠨᠡᠬᠡᠬᠡᠵᠦ ᠮᠠᠨᠳᠤᠴᠢᠯᠠᠨ ᠵᠤᠯᠭᠠᠶ᠎ᠠ᠂ ᠰᠠᠶᠢᠬᠠᠨ ᠤ ᠢᠷᠦᠬᠡᠯ ᠢᠯᠡᠬᠡᠵᠦ ᠪᠠᠶᠠᠷᠯᠠᠨ ᠲᠠᠯᠠᠷᠬᠠᠶ᠎ᠠ︕ ᠲᠠᠨᠠᠷ ᠭᠠᠷᠠᠭ ᠤᠨ ᠡᠳᠦᠷ ᠤᠨ ᠤᠷᠤᠢ ᠪᠤᠯᠭᠠᠨ ᠶᠠᠪᠤᠭᠳᠠᠳᠠᠭ ᠪᠢᠳᠠᠨ ᠤ ︽ᠬᠠᠶᠢᠷ᠎ᠠ ᠶᠢᠨ ᠮᠦᠭᠦ︾ ᠲᠤᠰᠬᠠᠢ ᠨᠡᠪᠳᠡᠷᠡᠭᠦᠯᠬᠡ ᠶᠢ ᠰᠤᠨᠤᠰᠴᠦ ᠠᠩᠬᠠᠷᠴᠦ ᠪᠠᠶᠢᠬᠤ ᠶᠢ ᠪᠢ ᠢᠳᠡᠬᠡᠵᠦ ᠪᠠᠶᠢᠨ᠎ᠠ᠃ ᠡᠨᠡ ᠦᠶ᠎ᠡ ᠰᠦᠯᠵᠢᠶᠡᠨ ᠤ ᠪᠠᠭ᠋ᠠᠳᠠᠳ ᠠᠴᠠ ︽ᠭᠦᠭᠦᠬᠡᠴᠢᠨ ᠭᠦᠬᠡ︾ ᠠᠴᠠ ᠦᠷᠢᠳᠠᠪᠡᠷ ᠨᠢᠬᠡ ᠲᠠᠭᠤᠤ ᠰᠤᠨᠤᠰᠤᠶ᠎ᠠ ᠬᠡᠰᠡᠨ ᠭᠤᠶᠤᠴᠢᠯᠠᠯ ᠱᠠᠭᠠᠷᠳᠠᠯᠭ᠎ᠠ ᠢᠷᠡᠯ᠎ᠡ︕ ᠭᠦᠬᠡ ᠵᠠᠯᠠᠭᠤ ᠲᠠᠭᠤᠤ ᠰᠠᠶᠢᠬᠠᠨ ᠲᠠᠭᠤᠯᠠᠳᠠᠭ ᠠᠴᠠ ︽ᠭᠦᠭᠦᠬᠡᠴᠢᠨ ᠭᠦᠬᠡ︾ ᠴᠤᠯᠠ ᠭᠦᠷᠳᠡᠭᠰᠡᠨ ᠨᠢ ᠠᠪᠤ ᠡᠵᠢ ᠨᠢ ᠴᠦ ᠠᠶᠢᠯ ᠠᠶᠢᠮᠠᠭ ᠲᠠᠭᠠᠨ ᠵᠦᠬᠡᠷ ᠰᠠᠶᠢᠬᠠᠨ ᠲᠠᠭᠤᠯᠠᠳᠠᠭ ᠲᠠᠢ ᠬᠤᠯᠪᠤᠭᠠᠳᠠᠢ ᠪᠠᠶᠢᠬ᠎ᠠ᠃         ᠪᠠᠶᠠᠷ ᠤᠷᠢᠵᠦ ᠪᠤᠷᠤᠭᠠᠨ ᠱᠠᠬᠢᠨ᠎ᠠ         ᠪᠤᠷᠬᠠᠨ ᠲᠡᠭᠷᠢ ᠠᠴᠠ ᠢᠷᠦᠬᠡᠯ ᠢᠷᠡᠯ᠎ᠡ         ᠪᠤᠭᠤᠷᠤᠯ ᠡᠯᠡᠰᠦᠨ ᠤ ᠡᠯᠢᠬᠡᠨ ᠳᠤ         ᠪᠤᠷᠭᠠᠰᠦ ᠪᠢᠳᠠ ᠬᠤᠶᠠᠷ ᠪᠠᠶᠠᠰᠤᠨ᠎ᠠ ᠳ᠋ᠠ    ᠪᠠᠶᠠᠷᠯᠠᠵᠦ ᠭᠦᠪᠰᠡᠭᠰᠡᠨ ᠪᠠᠶᠠᠷ ᠴᠦ ᠭᠦᠬᠡ ᠶᠢ ᠬᠠᠪᠰᠤᠷᠴᠦ ᠲᠠᠭᠤᠯᠤᠨ᠎ᠠ᠄         ᠭᠦᠭᠵᠢᠯ ᠨᠡᠮᠡᠵᠦ ᠪᠤᠷᠤᠭᠠᠨ ᠰᠢᠪᠡᠷᠡᠨ᠎ᠡ         ᠭᠦᠬᠡ ᠲᠡᠭᠷᠢ ᠠᠴᠠ ᠢᠪᠡᠬᠡᠯ ᠢᠷᠡᠯ᠎ᠡ         ᠭᠦᠰᠡᠯᠳᠦ ᠡᠯᠡᠰᠦᠨ ᠤ ᠬᠠᠶᠢᠷ᠎ᠠ ᠳᠤ         ᠭᠦᠬᠡᠷᠦᠭᠦᠨ ᠮᠦᠭᠦ ᠲᠤᠷᠮᠤᠶᠢᠨ ᠤᠷᠭᠤᠨ᠎ᠠ ᠳ᠋ᠠ ᠁    ᠭᠦᠬᠡ ᠶᠢᠨ ᠭᠦᠩᠬᠢᠨᠡᠮ᠎ᠡ ᠲᠠᠭᠤ᠂ ᠪᠠᠶᠠᠷ ᠤᠨ ᠪᠠᠭ᠋ᠠᠷᠤᠮ᠎ᠠ ᠡᠬᠡᠰᠢᠭ ᠢ ᠤᠯᠠᠨ ᠪᠠᠭ᠋ᠠᠳᠠᠳ ᠨᠢ ᠲᠤᠭᠤᠵᠦ᠄    —  ᠲᠠᠨ ᠤ ᠬᠤᠶᠠᠭᠤᠯᠠ ᠴᠢᠨᠢ ᠤᠰᠤᠨ ᠤ ᠬᠤᠶᠠᠷ ᠠᠩᠬᠢᠷ᠂ ᠡᠯᠡᠰᠦᠨ ᠤ ᠬᠤᠤᠰ ᠭᠤᠤᠷᠭᠤᠯᠳᠠᠢ᠂ ᠬᠡᠯᠡᠨ ᠤ ᠪᠠᠶᠠᠨ ᠡᠬᠡᠰᠢᠭ ᠪᠠᠶᠢᠨ᠎ᠠ ᠳ᠋ᠠ ᠬᠡᠰᠡᠨ ᠪᠢᠴᠢᠬᠡᠰᠦ ᠢᠯᠡᠬᠡᠵᠦ ᠪᠠᠶᠢᠯ᠎ᠠ ᠁    —  ᠪᠢ ᠭᠤᠸᠠᠩᠰᠢ ᠳᠤ ᠰᠢ ᠰᠢ ︵ᠪᠠᠶᠠᠷ ᠤᠨ ᠬᠢᠳᠡᠳ ᠨᠠᠷ᠎ᠠ︶ ᠲᠠᠢ ᠲᠠᠨᠢᠯᠴᠠᠵᠦ ᠬᠤᠪᠢ ᠵᠠᠶᠠᠭ᠎ᠠ ᠪᠠᠨ ᠬᠤᠯᠪᠤᠵᠦ ᠨᠤᠳᠤᠭ ᠲᠠᠭᠠᠨ ᠢᠷᠡᠵᠦ ᠠᠪᠤ ᠡᠵᠢ ᠲᠠᠢ ᠪᠠᠨ ᠠᠮᠢᠳᠤᠷᠠᠯ᠎ᠠ᠃ ᠬᠡᠪᠡᠴᠦ ᠡᠨᠡ ᠬᠡᠳᠦᠨ ᠵᠢᠯ ᠰᠦᠷᠡᠬᠡᠢ ᠭᠠᠩᠳᠠᠭᠰᠠᠨ ᠠᠴᠠ ᠠᠮᠢᠳᠤᠷᠠᠯ ᠤᠨ ᠤᠷᠤᠯᠭ᠎ᠠ ᠠᠨᠠᠢ ᠪᠠᠶᠢᠯ᠎ᠠ᠃ ᠶᠠᠭ ᠡᠨᠡ ᠦᠶ᠎ᠡ ᠲᠡᠬᠡᠷ᠎ᠡ ᠵᠠᠰᠠᠭ ᠠᠴᠠ ᠠᠶᠤᠯᠳᠠᠢ ᠬᠠᠭᠤᠴᠢᠨ ᠬᠡᠷ ᠪᠠᠶᠢᠰᠢᠩ ᠢ ᠨᠤᠷᠠᠭᠠᠵᠦ ᠴᠡᠮᠴᠡᠬᠡᠷ ᠰᠠᠶᠢᠬᠠᠨ ᠬᠡᠷ ᠰᠠᠭᠤᠴᠠ ᠪᠠᠷᠢᠭᠤᠯᠵᠦ ᠨᠦᠭᠦᠪᠦᠷᠢ ᠮᠦᠩᠭᠦ ᠤᠯᠭᠤᠬᠤ ᠲᠦᠷᠦ ᠶᠢᠨ ᠪᠤᠳᠤᠯᠭ᠎ᠠ ᠶᠠᠪᠤᠭᠤᠯᠤᠭᠰᠠᠨ ᠠᠴᠠ ᠪᠢᠳᠠ ᠰᠢᠨ᠎ᠡ ᠰᠠᠷᠠᠭᠤᠯᠬᠠᠨ ᠬᠡᠷ ᠲᠠᠢ ᠪᠤᠯᠵᠦ ᠢᠳᠡᠬᠡᠯ ᠵᠤᠷᠢᠭ ᠨᠡᠮᠡᠭᠳᠡᠭᠰᠡᠨ ᠶᠤᠮ᠃ ᠬᠡᠷ ᠤᠨ ᠬᠠᠰᠢᠶᠠᠨ ᠤ ᠰᠤᠯᠠ ᠭᠠᠵᠠᠷ ᠢ ᠠᠰᠢᠭᠯᠠᠵᠦ ᠰᠢ ᠰᠢ ᠮᠦᠭᠦ ᠲᠠᠷᠢᠬᠤ ᠶᠢ ᠰᠠᠨᠠᠭᠠᠴᠢᠯᠠᠭᠰᠠᠨ ᠶᠤᠮ᠃ ᠡᠭᠦᠨ ᠳᠤᠨᠢ ᠠᠪᠤ ᠡᠵᠢ ᠪᠢᠳᠠ ᠭᠤᠷᠪᠠᠭᠤᠯᠠ ᠢᠳᠡᠬᠡᠯ ᠦᠬᠡᠢ ᠲᠤᠷᠠᠮᠵᠢᠬᠠᠨ ᠪᠠᠶᠢᠬᠤ  ᠳᠤ ᠪᠠᠶᠠᠷ ᠬᠠᠷᠢᠨ ᠮᠠᠰᠢ ᠰᠢᠭᠤᠷᠬᠠᠢ ᠪᠠᠷ ᠲᠤᠷᠰᠢᠨ ᠬᠢᠭᠦ ᠪᠠᠷ ᠲᠤᠭᠳᠠᠯ᠎ᠠ᠃ ᠰᠢ ᠰᠢ ᠮᠤᠩᠭᠤᠯ ᠦᠬᠡ ᠶᠢ ᠲᠤᠷᠦ ᠦᠬᠡᠢ ᠬᠡᠯᠡᠵᠦ ᠴᠢᠳᠠᠬᠤ ᠪᠤᠯᠴᠢᠬᠠᠵᠦ ᠠᠪᠤ ᠡᠵᠢ ᠲᠠᠢ ᠦᠵᠡᠯ ᠪᠤᠳᠤᠯᠳᠠ ᠪᠠᠨ ᠭᠦᠨ ᠨᠡᠪᠳᠡᠷᠡᠯᠴᠡᠭᠦ ᠪᠤᠯᠤᠯ᠎ᠠ᠃ ᠰᠢ ᠰᠢ ᠡᠮᠦᠨ᠎ᠡ ᠨᠢ ᠨᠢᠬᠡᠨ ᠮᠦᠭᠦ ᠲᠠᠷᠢᠬᠤ ᠭᠠᠵᠠᠷ ᠵᠢᠯ ᠬᠠᠭᠠᠰ ᠠᠵᠢᠯᠯᠠᠵᠦ ᠦᠩᠬᠡᠷᠡᠭᠰᠡᠨ ᠲᠤᠷᠰᠢᠯᠭ᠎ᠠ ᠲᠠᠢ ᠪᠤᠯᠬᠤᠷ ᠲᠡᠭᠦᠨ ᠳᠤ  ᠵᠦᠪᠬᠡᠨ ᠪᠢᠳᠠᠨ ᠤ ᠬᠠᠪᠰᠤᠷᠤᠯᠭ᠎ᠠ ᠱᠠᠭᠠᠷᠳᠠᠭᠳᠠᠵᠦ ᠪᠠᠶᠢᠯ᠎ᠠ᠃ ᠲᠡᠬᠡᠬᠡᠳ ᠪᠢᠳᠠ ᠰᠡᠳᠬᠢᠯ ᠨᠢᠬᠡᠳᠴᠦ ᠮᠦᠭᠦ ᠲᠠᠷᠢᠵᠦ ᠤᠷᠭᠤᠭᠤᠯᠬᠤ ᠠᠵᠢᠯ ᠢᠶᠠᠨ ᠡᠬᠢᠯᠡᠨ ᠲᠦᠪᠬᠢᠨᠡᠭᠦᠯᠦᠭᠰᠡᠨ ᠶᠤᠮ ᠁    —  ᠭᠦᠬᠡ ᠡ᠂ ᠠᠮᠵᠢᠯᠳᠠ ᠭᠦᠰᠡᠶ᠎ᠡ︕ ᠲᠠᠭᠤᠤ ᠶᠢ ᠴᠢᠨᠢ ᠲᠠᠬᠢᠭᠠᠳ ᠰᠤᠨᠤᠰᠤᠶ᠎ᠠ ᠬᠡᠰᠡᠨ ᠪᠢᠴᠢᠯᠬᠡ ᠵᠠᠯᠭ᠎ᠠ ᠵᠠᠯᠭ᠎ᠠ ᠢᠷᠡᠭᠰᠡᠭᠡᠷ᠃    ᠭᠦᠬᠡ ᠲᠠᠭᠤᠯᠠᠯ᠎ᠠ᠃ ᠮᠤᠩᠭᠤᠯ ᠲᠠᠭᠤᠨ ᠤ ᠭᠦᠭ ᠠᠶᠠᠯᠭᠤ ᠰᠦᠯᠵᠢᠶᠠᠨ ᠤ ᠲᠤᠤᠷ ᠢᠶᠠᠷ ᠰᠠᠴᠤᠷᠠᠨ ᠲᠤᠯᠬᠢᠶᠠᠯᠠᠵᠦ ᠬᠢᠵᠠᠭᠠᠷ ᠦᠬᠡᠢ ᠤᠷᠴᠢᠯᠠᠩ ᠤᠨ ᠠᠢ ᠵᠠᠢ ᠳᠤ ᠭᠬᠢᠷ ᠦᠬᠡᠢ ᠲᠤᠷᠭᠠᠨ ᠡᠬᠡᠰᠢᠭ ᠢ ᠭᠦᠷᠬᠡᠵᠦ ᠨᠠᠷᠠᠨ  ᠤ ᠠᠯᠳᠠᠨ ᠡᠨᠧᠷᠬᠢ ᠰᠢᠭ ᠬᠡᠷᠡᠯᠳᠦ ᠠᠷᠢᠭᠤᠰᠬᠠᠯ ᠢ ᠢᠪᠡᠬᠡᠨ ᠲᠠᠷᠬᠠᠭᠠᠨ᠎ᠠ᠃    ᠪᠠᠶᠠᠷ ᠭᠦᠬᠡ ᠬᠤᠶᠠᠭᠤᠯᠠ ᠶᠢᠨ ᠮᠦᠭᠦ ᠲᠠᠷᠢᠵᠦ ᠪᠠᠶᠠᠵᠢᠯ ᠤᠨ ᠵᠠᠮ ᠡᠯᠭᠦᠭᠰᠡᠨ ᠨᠢ ᠪᠠᠯᠭᠠᠰᠤ ᠭᠠᠴᠠᠭᠠᠨ ᠤ ᠭᠦᠴᠦᠳᠠᠢ ᠲᠡᠮᠵᠢᠯᠬᠡ ᠶᠢ ᠤᠯᠵᠦ ᠲᠠᠳᠠ ᠮᠦᠭᠦ ᠲᠠᠷᠢᠬᠤ ᠲᠤᠯᠠᠭᠠᠯᠠᠭᠴᠢ ᠰᠠᠷᠠᠪᠴᠢ ᠪᠠᠨ ᠵᠠᠰᠠᠨ ᠦᠷᠬᠡᠳᠬᠡᠵᠦ ᠰᠢᠨ᠎ᠡ ᠮᠡᠷᠬᠡᠵᠢᠳᠠᠨ ᠲᠠᠢ ᠬᠠᠷᠢᠯᠴᠠᠵᠦ ᠵᠦᠪᠯᠡᠯᠬᠡ ᠠᠪᠴᠦ ᠮᠡᠷᠬᠡᠵᠢᠯ ᠤᠨ ᠤᠯᠠᠨ ᠨᠤᠮ ᠲᠡᠪᠳᠡᠷ ᠵᠠᠬᠢᠶᠠᠯᠠᠨ ᠰᠤᠷᠤᠯᠴᠠᠵᠦ ᠨᠢᠬᠡᠨᠳᠠ ᠮᠦᠭᠦ ᠲᠠᠷᠢᠬᠤ ᠵᠢᠱᠢᠶᠠᠴᠢ ᠡᠷᠦᠬᠡ ᠪᠠᠷ ᠰᠤᠩᠭᠤᠭᠳᠠᠵᠦ ᠠᠶᠢᠯ ᠠᠶᠢᠮᠠᠭ ᠤᠨ ᠢᠶᠠᠨ ᠦᠢᠯᠡᠰ ᠪᠦᠳᠦᠬᠡᠵᠦ ᠪᠠᠶᠠᠵᠢᠨ ᠴᠢᠨᠡᠬᠡᠯᠢᠭᠵᠢᠭᠦ ᠶᠢᠨ ᠲᠠᠭᠠᠭᠤᠯᠤᠭᠴᠢ ᠪᠠᠷ ᠵᠢᠳᠭᠦᠵᠦ ᠶᠠᠪᠤᠨ᠎ᠠ᠃ ᠰᠦᠯᠵᠢᠶ᠎ᠡ ᠲᠠᠪᠴᠠᠩ ᠲᠤ ︽ᠬᠠᠶᠢᠷ᠎ᠠ ᠶᠢᠨ ᠮᠦᠭᠦ︾ ᠲᠤᠰᠬᠠᠢ ᠨᠡᠪᠳᠡᠷᠡᠭᠦᠯᠬᠡ ᠭᠠᠷᠭᠠᠭᠰᠠᠨ ᠠᠴᠠ ᠨᠠᠶᠢᠬᠡᠮ ᠲᠠᠶᠠᠭᠠᠷ ᠲᠤ ᠬᠠᠯᠠᠮᠰᠢᠯ ᠵᠤᠭᠤᠭ ᠪᠤᠯᠵᠦ ᠬᠠᠶᠢᠷ᠎ᠠ ᠵᠤᠷᠢᠭᠵᠢᠭᠤᠯᠤᠯ ᠭᠦᠷᠳᠡᠵᠦ ᠤᠯᠠᠮᠵᠢᠯᠠᠯᠳᠦ ᠠᠮᠢᠳᠤᠷᠠᠯ ᠠᠴᠠ ᠵᠤᠷᠢᠭᠳᠠᠢ ᠵᠠᠶᠢᠳᠠᠨ ᠰᠢᠨ᠎ᠡ ᠡᠷᠢᠯᠬᠡᠶᠢᠯᠡᠯ ᠬᠠᠶᠢᠵᠦ ᠤᠷᠤᠯᠭ᠎ᠠ ᠪᠠᠨ ᠨᠡᠮᠡᠭᠳᠡᠭᠦᠯᠵᠦ ᠪᠠᠶᠢᠨ᠎ᠠ᠃ ᠡᠨᠡ ᠵᠢᠯ ᠤᠨ ᠲᠠᠪᠤᠨ ᠰᠠᠷ᠎ᠠ ᠶᠢᠨ ᠨᠢᠬᠡᠨ ᠤ ᠲᠡᠯᠡᠬᠡᠢ ᠶᠢᠨ ᠭᠦᠳᠡᠯᠮᠦᠷᠢᠴᠢᠳ ᠤᠨ ᠪᠠᠶᠠᠷ ᠢᠶᠠᠷ ᠪᠠᠯᠭᠠᠰᠤᠨ ᠤ ᠵᠠᠰᠠᠭ ᠤᠨ ᠤᠷᠳᠤᠨ ᠠᠴᠠ ᠨᠢ ᠲᠡᠳᠡᠨ ᠢ ︽ᠦᠨᠳᠦᠰᠦᠳᠠᠨ ᠤ ᠪᠦᠯᠭᠦᠮᠳᠠᠯ ᠤᠨ ᠲᠡᠷᠢᠭᠦᠨ ᠤ ᠵᠢᠱᠢᠶᠡᠴᠢ ᠡᠷᠦᠬᠡ︾ ᠪᠠᠷ ᠲᠤᠳᠤᠷᠠᠭᠤᠯᠤᠨ ᠭᠦᠬᠢᠭᠦᠯᠦᠭᠰᠡᠨ ᠨᠢ ᠵᠤᠷᠢᠭ ᠢ ᠨᠢ ᠭᠦᠪᠴᠢᠯᠡᠵᠦ ᠵᠢᠯᠤᠭᠤ ᠶᠢ ᠨᠢ ᠮᠢᠯᠢᠶᠠᠵᠠᠢ᠃    ᠬᠠᠭᠠᠰ ᠮᠠᠯᠵᠢᠵᠦ ᠬᠠᠭᠠᠰ ᠲᠠᠷᠢᠶᠠᠯᠠᠬᠤ ᠡᠯᠡᠰᠦ ᠮᠠᠩᠬᠠᠨ ᠨᠤᠳᠤᠭ ᠲᠤ ᠰᠢᠨ᠎ᠡ ᠶᠢ ᠰᠦᠪᠡᠭᠴᠢᠯᠡᠵᠦ ᠠᠮᠢᠳᠤᠷᠠᠯ  ᠢᠶᠠᠨ ᠦᠬᠡᠳᠠ ᠲᠠᠳᠠᠭᠰᠠᠨ ᠪᠠᠶᠠᠷ ᠭᠦᠬᠡ ᠬᠤᠶᠠᠷ ᠤᠨ ᠠᠭᠠᠭ ᠵᠠᠯᠠᠭᠤ ᠨᠠᠰᠤᠨ ᠤ ᠬᠠᠯᠠᠭᠤᠨ ᠴᠢᠰᠦ ᠤᠷᠬᠢᠯᠦᠨ ᠪᠠᠳᠠᠷᠠᠵᠦ ᠬᠠᠶᠢᠷ᠎ᠠ ᠦᠢᠯᠡᠰ ᠤᠨ ᠬᠢᠨ ᠬᠡᠬᠡᠨ ᠮᠦᠷ ᠲᠤᠷᠠᠶᠢᠳᠠᠯ᠎ᠠ ᠲᠤᠳᠤᠷᠠᠨ᠎ᠠ᠃    ᠡᠯᠡᠰᠦ ᠨᠢ ᠬᠠᠯᠠᠭᠤᠬᠠᠨ ᠨᠤᠳᠤᠭ ᠤᠨ ᠬᠠᠶᠢᠷ᠎ᠠ ᠶᠢᠨ ᠭᠦᠷᠦᠰᠦᠨ᠎ᠡ ᠲᠤᠮᠤ ᠲᠤᠮᠤ ᠠᠩᠬᠢᠯᠦᠮ᠎ᠠ ᠮᠦᠭᠦ ᠲᠤᠷᠮᠤᠯᠵᠠᠨ ᠤᠷᠭᠤᠭᠰᠠᠭᠠᠷ ᠁
 
ᠢᠷᠡᠯᠲᠡ᠄ ᠨᠤᠳᠤᠭ ᠤᠰᠤᠨ ᠤ ᠤᠷᠠᠨ ᠵᠤᠬᠢᠶᠠᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号