ᠲᠡᠮᠥᠷ ᠬᠤᠯᠤᠭᠠᠨ᠎ᠠ ᠵᠢᠯ ᠤᠨ ᠡᠪᠦᠯ | ᠲᠡᠨᠡᠭ ᠳᠠᠭᠠᠷᠢᠵᠤ ᠡᠷᠲᠡ ᠪᠠᠭᠤᠪᠠ | ᠵᠤᠨ ᠢ ᠰᠡᠭᠦᠯᠲᠡᠵᠦ ᠳᠠᠷᠤᠨ ᠪᠠᠭᠤᠪᠠ | ᠨᠠᠮᠤᠷ ᠢ ᠵᠠᠯᠬᠢᠵᠦ ᠨᠤᠯᠭᠤ ᠪᠠᠭᠤᠪᠠ | ᠵᠢᠮ᠎ᠡ ᠠᠴᠠ ᠭᠠᠵᠢᠵᠤ ᠵᠤᠳᠯᠠᠵᠤ ᠪᠠᠭᠤᠪᠠ | ᠵᠣᠭᠰᠤᠯ ᠦᠭᠡᠢ ᠰᠢᠭᠤᠷᠴᠤ ᠪᠠᠭᠤᠪᠠ | ᠡᠷᠭᠢᠰᠢ ᠦᠭᠡᠢ ᠭᠡᠵᠦ ᠡᠷ᠎ᠡ ᠲᠠᠢ ᠪᠠᠭᠤᠪᠠ | ᠡᠵᠡᠨ ᠨᠢ ᠭᠡᠵᠦ ᠡᠷᠬᠡ ᠲᠠᠢ ᠪᠠᠭᠤᠪᠠ | ᠡᠭᠦᠷᠢ ᠮᠢᠨᠦᠬᠢ ᠭᠡᠵᠦ ᠣᠮᠤᠭ ᠲᠠᠢ ᠪᠠᠭᠤᠪᠠ | ᠡᠯᠳᠡᠪ ᠮᠠᠶ᠋ᠢᠭ ᠢᠶᠠᠷ ᠤᠯᠠᠷᠢᠵᠤ ᠪᠠᠭᠤᠪᠠ | ᠡᠯᠢᠭᠡᠲᠡᠨ ᠵᠢᠷᠦᠬᠡᠲᠡᠨ ᠳᠤ ᠬᠤᠤᠷ ᠲᠠᠢ ᠪᠠᠭᠤᠪᠠ | ᠡᠳ᠋ ᠬᠦᠷᠦᠩᠭᠡ ᠳᠤ ᠶᠤᠷᠤ ᠲᠠᠢ ᠪᠠᠭᠤᠪᠠ | ᠨᠢᠯᠬ᠎ᠠ ᠪᠠᠯᠴᠢᠷ ᠢ ᠤᠬᠢᠯᠠᠭᠤᠯᠵᠤ ᠪᠠᠭᠤᠪᠠ | ᠨᠠᠰᠤᠳᠠᠢ ᠵᠠᠯᠠᠭᠤ ᠶᠢ ᠴᠡᠴᠡᠷᠡᠭᠦᠯᠵᠦ ᠪᠠᠭᠤᠪᠠ | ᠡᠷᠡᠭᠦᠯ ᠮᠠᠬᠠᠪᠣᠳ ᠢ ᠡᠮᠵᠡᠭᠯᠡᠭᠦᠯᠵᠦ ᠪᠠᠭᠤᠪᠠ | ᠰᠠᠷᠠᠭᠤᠯ ᠤᠬᠠᠭᠠᠨ ᠢ ᠰᠡᠪᠲᠦᠭᠦᠯᠵᠦ ᠪᠠᠭᠤᠪᠠ | ᠪᠦᠯᠢᠶᠠᠨ ᠠᠮᠢ ᠶᠢ ᠪᠣᠯᠢᠶᠠᠵᠤ ᠪᠠᠭᠤᠪᠠ | ᠪᠦᠲᠦᠨ ᠠᠮᠢᠳᠤᠷᠠᠯ ᠢ ᠪᠣᠰᠠᠨᠢᠭᠤᠯᠵᠤ ᠪᠠᠭᠤᠪᠠ᠃ | ᠰᠦᠷᠡᠬᠡᠢ ᠲᠠᠴᠢᠭᠢᠨᠠᠵᠤ ᠪᠠᠭᠤᠭᠰᠠᠨ ᠤ ᠤᠴᠢᠷ | ᠰᠡᠷᠡᠮᠵᠢ ᠦᠭᠡᠶᠢᠲᠡᠭᠰᠡᠳ ᠢ ᠰᠤᠴᠢᠭᠠᠵᠤ ᠰᠡᠷᠡᠭᠡᠪᠡ | ᠠᠶᠢᠬᠤᠪᠳᠦᠷ ᠳᠤᠭᠰᠢᠷᠠᠵᠤ ᠪᠠᠭᠤᠭᠰᠠᠨ ᠤ ᠤᠴᠢᠷ | ᠠᠵᠢᠭ ᠠᠯᠳᠠᠭᠰᠠᠳ ᠢ ᠰᠡᠷᠡᠭᠡᠵᠦ ᠤᠬᠠᠭᠠᠷᠠᠭᠤᠯᠪᠠ᠃ | ᠲᠡᠭᠷᠢ ᠶᠢᠨ ᠵᠦᠢ ᠠᠴᠠ ᠲᠡᠷᠰᠯᠡᠭᠰᠡᠨ ᠤ ᠤᠴᠢᠷ | ᠲᠡᠰᠭᠡᠯ ᠦᠭᠡᠢ ᠨᠢᠭᠡᠨ ᠴᠠᠭ ᠲᠤ | ᠳᠤᠨᠢᠯᠵᠤ ᠠᠷᠢᠯᠬᠤ ᠨᠢ ᠮᠠᠭᠠᠳ ᠶᠣᠮ᠃ | ᠪᠣᠰᠤᠳᠴᠢ ᠵᠢᠮ᠎ᠡ ᠠᠴᠠ ᠭᠠᠵᠢᠭᠰᠠᠨ ᠤ ᠤᠴᠢᠷ | ᠪᠣᠯᠵᠣᠰᠢ ᠦᠭᠡᠢ ᠨᠢᠭᠡᠨ ᠦᠶ᠎ᠡ ᠳᠤ | ᠪᠣᠷᠤᠭᠤᠯᠠᠵᠤ ᠣᠳᠬᠤ ᠨᠢ ᠯᠠᠪᠳᠠᠢ ᠶᠣᠮ᠃ | ᠣᠷᠴᠢᠬᠤ ᠤᠯᠠᠷᠢᠯ ᠤᠨ ᠵᠠᠮ ᠵᠢᠮ᠎ᠡ ᠪᠠᠷ | ᠤᠷᠢᠬᠠᠨ ᠬᠠᠪᠤᠷ ᠳᠠᠬᠢᠨᠲᠠ ᠢᠪᠡᠭᠡᠵᠦ | ᠥᠩᠭᠡ ᠶᠢᠨ ᠴᠡᠴᠡᠭ ᠪᠠᠰᠠ ᠴᠤ ᠲᠡᠯᠭᠡᠷᠡᠬᠦ ᠶᠣᠮ᠃ | ᠲᠡᠯᠡᠬᠡᠢ ᠶᠢᠷᠲᠢᠨᠴᠤ ᠶᠢᠨ ᠵᠦᠢ ᠶᠤᠰᠤᠭᠠᠷ | ᠳᠤᠯᠠᠭᠠᠨ ᠬᠠᠪᠤᠷ ᠳᠠᠬᠢᠨᠳᠠ ᠢᠯᠪᠢᠵᠦ | ᠲᠦᠮᠡᠨ ᠠᠮᠢᠲᠠᠨ ᠮᠥᠨ ᠬᠦ ᠲᠦᠯᠵᠢᠬᠦ ᠶᠣᠮ᠃ |