ᠲᠠᠪᠣᠨ ᠮᠦᠰᠦ ᠶᠢᠨ ᠰᠣᠷᠭᠠᠯ | ᠵᠣᠬᠢᠶᠠᠭᠴᠢ᠄ ᠠᠯᠳᠠᠨ᠋ᠧᠴᠢᠷ | ᠲᠠᠪᠣᠨ ᠮᠦᠰᠦ ᠪᠠᠷ ᠬᠡᠦᠬᠡᠳ ᠢᠶᠠᠨ ᠰᠣᠷᠭᠠᠵᠦ | ᠰᠡᠳᠭᠢᠯ ᠨᠢᠭᠡᠳᠭᠡᠨ ᠪᠦᠯᠬᠦᠮᠳᠡᠭᠦᠯᠦᠭᠡᠳ | ᠲᠠᠷᠬᠠᠨ ᠮᠣᠩᠭᠤᠯ ᠤᠨ ᠬᠤᠶᠢᠴᠢᠰ ᠢ | ᠠᠷᠪᠠᠨ ᠬᠤᠷᠣᠭᠤ ᠰᠢᠬ ᠨᠢᠬᠳᠠᠷᠠᠭᠤᠯᠤᠬᠰᠠᠨ | ᠠᠯᠣᠨ ᠡᠬᠡ ᠶᠢᠨ ᠠᠷᠣᠣᠬᠠᠨ ᠪᠣᠳᠣᠯᠭ᠎ᠠ | ᠠᠶ᠎ᠠ ᠦᠨᠡᠬᠡᠷ ᠬᠦᠨ | ᠠᠯᠳᠠᠨ ᠬᠠᠰ ᠤᠨ ᠰᠣᠷᠭᠠᠯ ᠬᠠᠶᠢᠷᠠᠯᠠᠬᠰᠠᠨ | ᠬᠠᠷᠠᠴᠠ ᠶᠠᠭᠤᠳᠠᠢ ᠬᠤᠯᠠ︕ | ᠲᠡᠦᠬᠡ ᠱᠠᠰᠳᠢᠷ ᠠᠴᠠ ᠲᠦᠮᠡᠨ ᠬᠠᠭᠤᠳᠠᠰᠣ | ᠪᠠᠭᠠᠳᠣᠷᠯᠢᠬ ᠦᠯᠢᠭᠡᠷ ᠢ ᠣᠡᠭᠰᠢᠪᠠᠰᠦ | ᠲᠡᠯᠡᠭᠰᠡᠨ ᠨᠣᠮᠣ ᠶᠢᠨ ᠲᠡᠷᠭᠡᠯ ᠬᠦᠪᠴᠢᠨ ᠢᠶᠠᠷ | ᠨᠠᠷᠠᠨ ᠰᠠᠷᠠᠨ ᠬᠢᠯᠠᠯᠵᠠᠮᠣᠢ | ᠮᠦᠡᠭᠬᠡ ᠲᠡᠭᠷᠢ ᠳᠤ ᠰᠢᠪᠰᠢᠭᠰᠡᠭᠡᠷ ᠢᠷᠯᠡᠭᠰᠡᠨ | ᠬᠤᠷᠴᠠ ᠮᠦᠰᠦᠳ ᠴᠢᠨᠦ | ᠮᠦᠡᠭᠭᠦᠨ ᠬᠢᠯᠪᠡᠭᠡ ᠮᠦᠯᠢᠭᠦᠨ ᠬᠠᠷᠠᠴᠠ ᠪᠠᠷ ᠢᠶᠠᠨ | ᠲᠡᠯᠡᠬᠡᠢ ᠶᠢᠷᠳᠢᠨᠴᠦ ᠶᠢ ᠴᠡᠴᠡᠷᠭᠡᠮᠦᠢ | ᠬᠦᠴᠦ ᠡᠷᠴᠢᠯᠡᠭᠰᠡᠨ ᠲᠠᠪᠣᠨ ᠮᠦᠰᠦᠳ | ᠰᠠᠭᠠᠳᠠᠬ ᠲᠤᠷ ᠪᠠᠶᠢᠬᠤ ᠶᠢᠨ ᠣᠴᠢᠷ | ᠬᠦᠴᠦᠷᠬᠡᠭ ᠲᠠᠶᠢᠰᠣᠨ ᠴᠢᠪᠢᠯᠳᠦ ᠬᠤᠯᠠᠭᠠᠢ | ᠪᠢᠳᠡᠨ ᠢ ᠬᠡᠷᠭᠢᠵᠦ ᠴᠢᠳᠠᠨᠠᠮ︕ | ᠡᠬᠡ ᠠᠯᠣᠨ ᠤ ᠠᠯᠳᠠᠨ ᠰᠣᠷᠭᠠᠯ ᠢ | ᠣᠮᠠᠷᠳᠠᠨ ᠬᠠᠶᠠᠬᠳᠠᠬᠰᠠᠨ ᠴᠠᠬ ᠲᠤᠷ | ᠡᠷᠴᠢᠮ ᠠᠯᠳᠠᠷᠠᠬᠰᠠᠨ ᠲᠡᠭᠡᠰᠦ ᠮᠡᠳᠦ | ᠡ᠊ᠨᠳᠡ ᠲᠡᠨᠳᠡ ᠬᠠᠶᠠᠬᠳᠠᠮᠣᠢ᠃ | ᠮᠣᠩᠭᠤᠯ ᠬᠡᠯᠡ | ᠲᠡᠭᠷᠢᠯᠢᠭ ᠴᠢᠩᠬᠢᠰ ᠤᠨ ᠠᠯᠳᠠᠷᠰᠢᠭᠤᠯᠣᠬᠰᠠᠨ ᠲᠠᠷᠬᠠᠨ ᠡᠬᠡ ᠬᠡᠯᠡ | ᠲᠡᠭᠷᠢ ᠭᠠᠵᠠᠷ ᠢ ᠲᠣᠯᠭᠠᠭᠤᠷᠢᠯᠠᠬᠰᠠᠨ ᠢᠳᠡᠷᠡᠭᠦᠨ ᠪᠣᠰᠤᠭ᠎ᠠ ᠦᠰᠦᠭ | ᠲᠠᠳᠠᠳᠣᠩᠭ᠎ᠠ ᠡᠷᠳᠡᠮᠳᠡᠨ ᠤ ᠵᠣᠬᠢᠶᠠᠬᠰᠠᠨ ᠣᠢᠢᠭᠤᠷᠵᠢᠨ ᠬᠡᠯᠡ | ᠲᠠᠶᠢᠴᠢᠨ ᠮᠣᠩᠭᠤᠯ ᠤᠨ ᠨᠢᠭᠤᠴᠠ ᠲᠣᠪᠴᠢᠶᠠᠨ ᠢ ᠦᠪᠯᠡᠨ ᠠᠯᠳᠠᠷᠰᠢᠭᠤᠯᠵᠦ | ᠠᠭᠤᠣ ᠲᠡᠦᠬᠡ ᠪᠠᠨ ᠠᠯᠳᠠᠨ ᠬᠠᠭᠤᠳᠠᠰᠣᠨᠠ ᠴᠠᠳᠢᠬᠯᠠᠬᠰᠠᠨ | ᠠᠰᠣᠷᠢ ᠲᠡᠭᠷᠢ ᠶᠢᠨ ᠪᠣᠶᠠᠨ ᠢᠪᠡᠭᠡᠯᠳᠦ ᠪᠣᠰᠤᠭ᠎ᠠ ᠮᠣᠩᠭᠤᠯ ᠬᠡᠯᠡ | ᠪᠣᠯᠪᠠᠰᠣᠨ ᠲᠡᠦᠬᠡ ᠶᠢᠨ ᠲᠣᠷᠭᠠᠨ ᠬᠦᠰᠢᠭᠡ ᠶᠢ ᠦᠷ ᠤᠨ ᠲᠣᠶᠠᠭ᠎ᠠ ᠰᠢᠬ ᠨᠡᠭᠡᠭᠡᠭᠰᠡᠨ | ᠪᠣᠮᠠᠨ ᠦᠶ᠎ᠡ ᠣᠯᠠᠮᠵᠢᠯᠠᠨ ᠵᠠᠯᠭᠠᠮᠵᠢᠯᠠᠬᠤ ᠪᠣᠰᠤᠭ᠎ᠠ ᠣᠬᠠᠭᠠᠨ ᠤ ᠰᠣᠷᠢᠭ᠎ᠠ | ᠪᠣᠳᠣᠯ ᠣᠶᠣᠨ ᠢ ᠭᠡᠭᠡᠷᠡᠭᠦᠯᠦᠨ ᠠᠷᠢᠭᠤᠳᠬᠠᠬᠤ ᠪᠢᠯᠢᠭ ᠰᠣᠶᠣᠯ ᠤᠨ ᠲᠡᠭᠡᠵᠢ | ᠪᠣᠬᠳᠠ ᠴᠢᠩᠬᠢᠰ ᠤᠨ ᠬᠤᠪᠢᠯᠭᠠᠨ ᠬᠠᠷᠠᠴᠠ ᠦᠨᠢᠳᠡ ᠪᠢᠰᠢᠷᠡᠭᠦᠰᠢᠳᠡᠢ | ᠲᠡᠯᠡᠬᠡᠢ ᠶᠢ ᠲᠣᠪᠴᠢᠯᠠᠬᠰᠠᠨ ᠠᠬᠳᠠ ᠶᠢᠨ ᠲᠣᠭᠤᠷᠠᠢ ᠲᠠᠴᠢᠭᠢᠨᠠᠮᠠ ᠪᠣᠰᠤᠭ᠎ᠠ | ᠲᠡᠯᠭᠡᠷᠡᠭᠦᠯᠦᠨ ᠪᠢᠴᠢᠭᠰᠡᠨ ᠪᠣᠰᠤᠭ᠎ᠠ ᠬᠡᠯᠡ ᠲᠡᠭᠷᠢᠯᠢᠭ ᠨᠠᠮᠳᠠᠷ | ᠨᠠᠷᠠᠨ ᠵᠦᠭ ᠦᠭᠰᠦᠭᠰᠡᠨ ᠨᠡᠭᠦᠳᠡᠯ ᠰᠣᠶᠣᠯ ᠢᠶᠠᠨ ᠲᠡᠭᠡᠵᠢᠯᠡᠵᠦ | ᠨᠠᠢᠮᠠᠨ ᠵᠠᠭᠤᠨ ᠤ ᠪᠣᠭᠤᠷᠣᠯ ᠴᠠᠳᠢᠬ ᠢ ᠬᠡᠯᠬᠢᠨ ᠰᠦᠨᠳᠡᠷᠯᠡᠵᠦ | ᠬᠦᠭᠵᠢᠭᠰᠡᠨ ᠲᠦᠯᠦ ᠠᠴᠠ ᠪᠣᠷᠬᠠᠨ ᠬᠠᠯᠳᠣᠨ ᠲᠣᠮᠤᠭ ᠣᠴᠢ ᠴᠠᠬᠢᠭᠤᠯᠵᠦ | ᠬᠦᠷᠦᠰᠦ ᠲᠡᠯᠡᠬᠡᠢ ᠳᠤ ᠮᠣᠩᠭᠤᠯ ᠰᠦᠷ ᠢ ᠱᠣᠭᠤᠨ ᠰᠦᠨᠳᠡᠷᠯᠡᠬᠦᠢ |