ᠠᠷᠢᠭᠤᠨ ᠴᠡᠪᠡᠷ ᠠᠵᠢᠯ  ᠳᠤ ᠠᠵᠠ ᠲᠤᠬᠢᠶᠠᠯ ᠲᠤᠬᠳᠠᠳᠠᠭ
ᠨᠡᠶᠢᠲᠡᠯᠡᠭᠰᠡᠨ ᠴᠠᠭ᠄
2021/2/23
    ᠭᠦᠮᠦᠰ ᠢ ᠭᠦᠮᠦᠨ ᠪᠣᠯᠭᠠᠨ ᠭᠦᠮᠦᠵᠢᠭᠦᠯᠭᠦ ᠂ ᠭᠦᠰᠠᠯ ᠳᠤ ᠲᠡᠮᠡᠣᠯᠤᠭᠦᠯᠭᠦ ᠡᠭᠦᠷᠭᠡ ᠶᠢ ᠭᠡᠷ ᠲᠠᠨᠢᠭᠤᠯᠳᠠᠭ ᠣᠴᠢᠷ ᠲᠠᠢ᠃ ᠭᠡᠷ ᠪᠣᠯ ᠭᠦᠮᠦᠰ ᠤᠨ ᠠᠮᠣᠷ ᠲᠡᠶᠢᠪᠣᠩ ᠠᠮᠠᠷᠠᠯᠳᠠ ᠶᠢᠨ ᠭᠠᠷᠠᠮ ᠂ ᠮᠦᠷᠦᠭᠡᠳᠣᠯ ᠪᠡᠶᠡᠯᠡᠭᠦᠯᠳᠡᠭ ᠭᠠᠵᠠᠷ ᠂ ᠰᠠᠶᠢᠨ ᠰᠠᠶᠢᠬᠠᠨ ᠠᠮᠢᠳᠣᠷᠠᠯ ᠤᠨ ᠲᠠᠯᠠᠪᠣᠷ ᠂ ᠮᠦᠡ ᠴᠤ ᠠᠵᠢᠯ ᠦᠢᠯᠠᠰ ᠤᠨ ᠠᠷᠣ ᠲᠦᠰᠢᠭ ᠂ ᠠᠵᠨ ᠵᠢᠷᠭᠠᠯ ᠤᠨ ᠲᠣᠷᠭᠠᠨ ᠪᠡᠯᠴᠢᠭᠡᠷ ᠶᠣᠮ ᠡ᠃ ᠭᠦᠮᠦᠨ ᠤ ᠲᠦᠷᠦᠯᠭᠢ ᠶᠢᠨ ᠴᠢᠨᠠᠷ ᠪᠣᠯ ᠠᠷᠢᠭᠤᠨ ᠴᠡᠪᠡᠷ ᠰᠠᠶᠢᠨ ᠰᠠᠶᠢᠬᠠᠨ ᠣᠷᠴᠢᠨ ᠲᠣᠭᠤᠷᠢᠨ ᠂ ᠣᠷᠣᠨ ᠰᠠᠭᠤᠴᠨ ᠶᠢ ᠭᠦᠰᠡᠮᠵᠢᠯᠡᠳᠡᠭ᠃ ᠴᠡᠪᠡᠷ ᠰᠠᠶᠢᠬᠠᠨ ᠭᠡᠷ ᠨᠢ ᠰᠠᠪᠰᠢᠭᠰᠠᠨ ᠰᠠᠳᠭᠢᠯ ᠶᠠᠳᠠᠷᠠᠭᠰᠠᠨ ᠪᠡᠶ᠎ᠡ ᠶᠢ ᠲᠡᠶᠢᠪᠣᠰᠢᠷᠠᠭᠤᠯᠵᠥ ᠂ ᠵᠣᠯ ᠵᠢᠷᠭᠠᠯ ᠤᠨ ᠮᠡᠳᠡᠷᠡᠮᠵᠢ  ᠶᠢ ᠲᠡᠭᠡᠭᠰᠢᠯᠡᠭᠦᠯᠳᠡᠭ ᠰᠢᠤ᠃ ᠭᠡᠷ ᠢᠶᠠᠨ ᠠᠷᠢᠭᠤᠨ ᠴᠡᠪᠡᠷ ᠪᠠᠶᠢᠯᠭᠠᠬᠤ  ᠨᠢ ᠨᠢᠭᠡ ᠭᠦᠮᠦᠨ ᠤ ᠠᠮᠢᠳᠣᠷᠠᠯ ᠳᠤ ᠪᠣᠯᠣᠭᠰᠠᠨ ᠣᠪᠣᠷ ᠢ ᠢᠯᠡᠷᠡᠭᠦᠯᠭᠦ ᠪᠠᠷ ᠪᠠᠷᠠᠬᠤ ᠦᠭᠡᠢ ᠂ ᠦᠪᠡᠷ ᠤᠨ ᠢᠶᠠᠨ ᠠᠮᠢᠳᠣᠷᠠᠯ ᠢ ᠦᠨᠦᠷ ᠠᠮᠳᠠ  ᠲᠠᠢ ᠂ ᠣᠳᠬ᠎ᠠ ᠣᠴᠢᠷ ᠲᠠᠢ ᠦᠩᠭᠡᠷᠡᠭᠦᠯᠭᠦ ᠴᠢᠳᠠᠪᠣᠷᠢ ᠶᠢ ᠢᠯᠡᠷᠡᠭᠦᠯᠳᠡᠭ᠃ ︽ᠪᠡᠶ᠎ᠡ ᠪᠠᠨ ᠵᠠᠰᠠᠭᠠᠳ ᠭᠡᠷ ᠢᠶᠠᠨ ᠵᠠᠰᠨ ᠂ ᠭᠡᠷ ᠢᠶᠠᠨ ᠵᠠᠰᠠᠭᠠᠳ ᠲᠦᠷᠦ ᠪᠠᠨ ᠵᠠᠰᠨ︾ ᠭᠡᠳᠡᠭ᠃ ᠠᠵᠨ ᠵᠢᠷᠭᠠᠯ ᠲᠠᠢ ᠠᠮᠢᠳᠣᠷᠠᠶ᠎ᠠ ᠭᠡᠪᠡᠯ ᠭᠡᠷ ᠢᠶᠠᠨ ᠴᠡᠪᠡᠷᠯᠡᠭᠦ ᠠᠴᠠ ᠡᠭᠢᠯᠡᠭᠡᠷᠡᠢ᠃      ᠭᠡᠷ ᠢᠶᠠᠨ ᠠᠷᠢᠭᠤᠨ ᠴᠡᠪᠡᠷ ᠪᠠᠶᠢᠯᠭᠠᠬᠤ ᠪᠣᠯ ᠮᠣᠩᠭᠤᠯᠴᠣᠳ ᠤᠨ ᠡᠷᠭᠢᠮ ᠰᠠᠶᠢᠬᠠᠨ ᠰᠣᠷᠳᠠᠯ ᠰᠢᠤ᠃ ᠲᠡᠭᠡᠳᠣᠰ ᠤᠨ ᠠᠷᠢᠭᠤᠨ ᠰᠣᠷᠳᠠᠯ ᠪᠢᠳᠠᠨ ᠤ ᠠᠮᠢᠳᠣᠷᠠᠯ ᠤᠨ ᠲᠣᠯᠢ ᠮᠦᠨ᠃ ᠮᠣᠩᠭᠤᠯᠴᠣᠳ ᠰᠢᠨ᠎ᠠ ᠵᠢᠯ   ᠢᠶᠠᠨ ᠠᠷᠢᠭᠤᠨ ᠴᠡᠪᠡᠷ ᠡᠩᠭᠡ ᠰᠠᠶᠢᠬᠠᠨ ᠣᠭᠳᠤᠪᠠᠯ ᠢᠷᠡᠭᠦ ᠵᠢᠯ ᠳᠤ ᠪᠠᠨ ᠡᠷᠡᠭᠦᠯ ᠮᠠᠠᠳᠤ ᠂ ᠭᠡᠰᠢᠭ ᠪᠣᠶᠠᠨ ᠢᠷᠡᠵᠥ ᠭᠡᠶᠢᠮᠣᠷᠢ ᠲᠡᠭᠳᠡᠭᠦ ᠶᠢ ᠪᠡᠯᠭᠡᠰᠢᠶᠠᠵᠥ ᠂ ᠰᠢᠨᠡᠯᠡᠭᠦ ᠶᠢᠨ ᠡᠮᠣᠨ᠎ᠠ ᠭᠭᠢᠷ ᠤᠳ ᠢᠶᠠᠨ ᠣᠭᠢᠶᠠᠵᠥ ᠂ ᠬᠠᠨ᠎ᠠ ᠭᠡᠷᠡᠮ ᠤᠨ ᠬᠤᠭ ᠲᠣᠭᠤᠰᠣ ᠪᠠᠨ ᠱᠥᠭᠦᠷᠳᠠᠨ ᠬᠤᠷᠭᠤ ᠰᠠᠪᠠ ᠪᠠᠨ ᠴᠡᠪᠡᠷᠯᠡᠨ ᠲᠢᠭᠯᠡᠵᠥ ᠂ ᠬᠠᠰᠢᠶ᠎ᠠ ᠭᠦᠷᠢᠶ᠎ᠡ ᠪᠠᠨ ᠡᠪ ᠲᠢᠭ ᠲᠠᠢ ᠪᠣᠯᠭᠠᠬᠤ ᠂ ᠬᠠᠶᠢᠰᠣᠨ ᠲᠣᠯᠭ᠎ᠠ ᠪᠠᠨ ᠠᠷᠴᠢᠨ ᠭᠢᠯᠠᠶᠢᠯᠭᠠᠬᠤ ᠮᠠᠳᠤ ᠶᠢᠨ ᠠᠷᠢᠭᠤᠨ ᠴᠡᠪᠡᠷᠯᠡᠭᠡ ᠶᠢᠨ ᠠᠵᠢᠯ ᠭᠡᠳᠡᠭ᠃ ᠴᠡᠪᠡᠷᠭᠡᠨ ᠰᠠᠶᠢᠬᠠᠨ ᠠᠮᠢᠳᠣᠷᠠᠬᠤ ᠰᠠᠨᠠᠭ᠎ᠠ ᠪᠣᠳᠣᠯ  ᠨᠢ ᠠᠮᠢᠳᠣᠷᠠᠯ ᠢᠶᠠᠨ ᠦᠩᠭᠡᠵᠢᠭᠦᠯᠭᠦ ᠡᠷᠴᠢᠮ ᠭᠦᠴᠤ ᠪᠣᠯᠵᠥ ᠬᠤᠪᠢᠷᠠᠳᠠᠭ ᠶᠣᠮ᠃      ᠠᠷᠢᠭᠤᠨ ᠴᠡᠪᠡᠷ ᠭᠡᠷ ᠨᠢ ᠭᠡᠷ ᠤᠨ ᠭᠦᠮᠦᠰ ᠤᠨ ᠡᠪ ᠡᠶ᠎ᠡ ᠶᠢ ᠲᠣᠭᠢᠷᠠᠭᠤᠯᠳᠠᠭ᠃ ᠣᠴᠢᠷ ᠨᠢ ᠠᠷᠢᠭᠤᠨ ᠴᠡᠪᠡᠷ ᠭᠡᠷ ᠲᠤ ︽ᠭᠦᠡᠳᠣᠳᠭᠡᠯ︾   ᠢᠶᠠᠷ ᠰᠠᠭᠤᠷᠢᠯᠠᠭᠰᠠᠨ ᠬᠠᠶᠢᠷ᠎ᠠ ᠣᠷᠣᠰᠢᠵᠥ ᠪᠠᠶᠢᠳᠠᠭ᠃ ᠠᠶᠢᠯ ᠭᠡᠳᠡᠭ ᠡᠷ᠎ᠡ ᠭᠦᠮᠦᠨ ᠢᠶᠠᠷ ᠨᠡᠷᠡᠯᠡᠭᠳᠡᠵᠥ ᠡᠭᠡᠨᠡᠷ ᠢᠶᠠᠷ ᠢᠶᠠᠨ ᠦᠨᠡᠯᠡᠭᠳᠡᠳᠡᠭ᠃ ᠡᠮᠡᠭᠳᠡᠢ ᠭᠦᠮᠦᠨ ᠦᠭᠡ ᠶᠢᠨ ᠰᠠᠶᠢᠬᠠᠨ ᠦᠢᠯᠨ  ᠶᠢᠨ ᠠᠷᠢᠭᠤᠨ ᠢᠶᠠᠷ ᠡᠪ ᠡᠶ᠎ᠡ ᠪᠦᠷᠢᠳᠦᠭᠰᠠᠨ ᠭᠡᠷ ᠪᠦᠯᠢ ᠶᠢ ᠪᠦᠳᠦᠭᠡᠳᠡᠭ᠃ ᠡᠮᠡᠭᠳᠡᠢ ᠭᠦᠮᠦᠨ ᠡᠪ  ᠢ ᠡᠷᠭᠢᠮᠯᠡᠭᠦ ᠣᠬᠠᠭᠠᠨ ᠢᠶᠠᠷ ᠬᠠᠳᠠᠭᠤ ᠵᠣᠷᠢᠭ ᠂ ᠦᠯᠡᠮᠵᠢ ᠭᠦᠳᠡᠯᠮᠣᠷᠢ ᠶᠢ ᠵᠠᠷᠣᠴᠠᠭᠤᠯᠵᠥ ᠪᠠᠶᠢᠭᠠᠳ ᠭᠡᠷ ᠤᠨ ᠭᠦᠮᠦᠰ ᠲᠤ  ᠪᠠᠨ ᠲᠠᠭᠠᠯᠠᠮᠵᠢᠳᠠᠢ ᠰᠠᠶᠢᠬᠠᠨ ᠣᠷᠴᠢᠨ ᠲᠣᠭᠤᠷᠢᠨ ᠢ ᠪᠣᠢ ᠪᠣᠯᠭᠠᠪᠠᠯ ᠡᠷ᠎ᠡ ᠡᠮ᠎ᠡ ᠶᠢᠨ ᠣᠶᠣᠨ ᠰᠠᠨᠠᠭᠠᠨ ᠤ ᠠᠮᠢᠳᠣᠷᠠᠯ ᠡᠶ᠎ᠡ ᠵᠣᠭᠢᠴᠠᠩᠭᠤᠢ ᠪᠣᠯᠵᠥ ᠂ ᠡᠴᠢᠭᠡ ᠡᠭᠡ ᠪᠣᠯᠣᠨ ᠭᠡᠣᠭᠡᠳ ᠤᠨ ᠬᠠᠷᠢᠴᠠᠭ᠎ᠠ ᠡᠶ᠎ᠡ ᠨᠠᠶᠢᠷ ᠲᠠᠢ ᠪᠣᠯᠣᠨ᠎ᠠ᠃ ᠠᠶᠢᠯ ᠭᠡᠷ ᠭᠡᠵᠥ ᠡᠪ ᠡᠶ᠎ᠡ ᠲᠠᠢ ᠪᠠᠶᠢᠪᠠᠯ ᠵᠢᠷᠭᠠᠯ ᠭᠡᠵᠥ ᠲᠠᠷᠨ ᠡ᠃ ᠡᠨ᠋ᠨ ᠵᠢᠷᠭᠠᠯ ᠪᠣᠯ ᠲᠠᠨ ᠤ ᠭᠡᠷ  ᠲᠤ ᠪᠠᠨ ᠵᠠᠷᠣᠴᠠᠭᠤᠯᠣᠭᠰᠠᠨ ᠭᠦᠴᠦ ᠭᠦᠳᠡᠯᠮᠣᠷᠢ ᠪᠠᠷ ᠪᠠᠶᠠᠯᠡᠭᠳᠡᠨ᠎ᠡ ᠰᠢᠤ᠃      ᠭᠡᠷ ᠢᠶᠠᠨ ᠴᠡᠪᠡᠷᠯᠡᠭᠦ ᠨᠢ ᠪᠠᠰᠨ ᠰᠠᠳᠭᠡᠯ ᠰᠠᠨᠠᠭ᠎ᠠ ᠪᠠᠨ ᠴᠡᠪᠡᠷᠯᠡᠵᠥ ᠪᠠᠶᠢᠬᠤ ᠶᠠᠪᠣᠳᠠᠯ ᠮᠦᠨ᠃ ᠭᠡᠷ ᠤᠨ ᠡᠳ᠋ ᠪᠤᠳᠠᠰ ᠢᠶᠠᠨ ᠲᠠᠰ ᠲᠠᠷᠠᠭ᠎ᠠ ᠲᠠᠢ ᠪᠠᠶᠢᠯᠭᠠᠬᠤ ᠪᠣᠯ ᠨᠢᠭᠡ ᠵᠦᠢᠯ ᠤᠨ ᠠᠮᠢᠳᠣᠷᠠᠯ ᠤᠨ ᠵᠠᠩᠰᠢᠯ ᠪᠣᠯᠬᠤ ᠶᠣᠮ᠃ ᠭᠡᠷ ᠢᠶᠠᠨ ᠶᠡᠭᠡ ᠪᠠᠷ ᠵᠠᠰᠠᠵᠥ ᠴᠢᠮᠡᠭᠰᠠᠨ ᠦᠭᠡᠢ ᠪᠠᠶᠢᠵᠥ ᠪᠣᠯᠣᠨ᠎ᠠ ᠂ ᠵᠦᠪᠭᠡᠨ ᠴᠡᠪᠡᠷ ᠵᠣᠭᠢᠮᠵᠢᠳᠠᠢ ᠪᠠᠶᠢᠯᠭᠠᠪᠠᠯ ᠪᠣᠯᠴᠢᠬᠠᠨ᠎ᠠ᠃ ᠭᠡᠷ ᠤᠨ ᠠᠷᠢᠭᠤᠨ ᠴᠡᠪᠡᠷ ᠨᠢ ᠪᠠᠶᠠᠨ ᠶᠠᠳᠠᠭᠤ ᠲᠠᠢ ᠬᠤᠯᠪᠣᠭ᠎ᠠ ᠦᠭᠡᠢ ᠂ ᠰᠣᠷᠣᠯᠭ᠎ᠠ ᠶᠢᠨ ᠨᠠᠮᠳᠠᠷ ᠲᠠᠢ ᠴᠤ ᠬᠠᠷᠢᠴᠠᠭ᠎ᠠ ᠦᠭᠡᠢ ᠂ ᠬᠠᠷᠢᠨ ᠠᠮᠢᠳᠣᠷᠠᠬᠤᠢ ᠶᠢᠨ ᠣᠪᠣᠷ ᠲᠠᠢ ᠬᠤᠯᠪᠣᠭᠳᠠᠳᠠᠭ᠃ ᠭᠡᠷ ᠤᠨ ᠡᠳ᠋ ᠭᠦᠷᠦᠩᠭᠡ ᠨᠢ ᠭᠡᠳᠤᠢ ᠠᠷᠪᠢᠨ ᠪᠠᠶᠢᠯ᠎ᠠ ᠭᠡᠳ ᠠᠷᠴᠢᠵᠥ ᠴᠡᠪᠡᠷᠯᠡᠭᠦ ᠦᠭᠡᠢ ᠪᠣᠯ ᠰᠠᠶᠢᠬᠠᠨ ᠶᠠᠭᠤᠮ᠎ᠠ ᠪᠣᠯᠪᠠᠴᠤ ᠰᠠᠷᠳᠠᠶᠢᠵᠥ ᠦᠩᠭᠡ ᠨᠢ ᠲᠠᠷᠣᠭᠳᠠᠵᠥ ᠴᠢᠨᠠᠷ ᠨᠢ ᠪᠠᠭᠤᠷᠠᠨ᠎ᠠ ᠰᠢᠤ᠃ ᠡᠳ᠋ᠯᠡᠯ ᠭᠡᠷᠡᠭᠰᠠᠯ ᠢᠶᠠᠨ ᠲᠢᠭᠯᠡᠵᠥ ᠂ ᠭᠠᠷ ᠵᠠᠭᠤᠷ᠎ᠠ ᠡᠳ᠋ᠯᠡᠬᠦ ᠵᠦᠢᠯ ᠢ ᠬᠠᠮᠢᠶᠠᠳᠠᠭᠤᠯᠵᠥ ᠲᠡᠯᠪᠢᠬᠤ ᠦᠭᠡᠢ ᠪᠣᠯ ᠭᠡᠷᠡᠭᠯᠡᠭᠦ ᠴᠠᠭ ᠲᠤ ᠬᠠᠶᠢᠵᠥ ᠣᠯᠳᠠᠬᠤ ᠦᠭᠡᠢ ᠪᠣᠯᠣᠭᠰᠠᠭᠠᠷ ᠠᠭᠤᠷ ᠣᠴᠠᠭᠠᠷ ᠭᠦᠳᠡᠯᠵᠥ ᠂ ᠨᠢᠭᠡᠨ ᠨᠢᠭᠡ ᠳᠤ ᠪᠠᠨ ᠵᠠᠩᠨᠠᠵᠥ ᠂ ᠭᠡᠯᠨ ᠠᠮᠠ ᠵᠦᠷᠢᠵᠥ ᠴᠣᠣᠭᠢᠶᠠᠨ ᠪᠣᠯᠵᠥ ᠮᠡᠳᠡᠨ᠎ᠡ᠃ ᠭᠡᠷ ᠤᠨ ᠢᠶᠠᠨ ᠶᠠᠭᠤᠮ᠎ᠠ ᠬᠡᠣᠮ᠎ᠠ  ᠪᠠᠨ ᠲᠢᠭᠳᠡᠢ ᠮᠦᠷᠳᠡᠭᠡᠨ ᠲᠣᠭᠳᠠᠪᠣᠷᠢᠳᠠᠢ ᠪᠠᠶᠢᠷᠢ ᠳᠤ ᠲᠠᠯᠪᠢᠵᠥ ᠪᠠᠶᠢᠭᠠᠷᠠᠢ ᠃      ᠠᠷᠢᠭᠤᠨ ᠴᠡᠪᠡᠷᠯᠡᠭᠡ ᠭᠢᠭᠦ ᠪᠣᠯ ᠭᠡᠣᠭᠡᠳ ᠢᠶᠠᠨ ᠭᠦᠮᠦᠵᠢᠭᠦᠯᠭᠦ ᠶᠠᠪᠣᠴᠨ ᠮᠦᠨ᠃ ᠭᠡᠷ ᠤᠨ ᠠᠵᠢᠯ ᠠᠬᠤᠢ ᠭᠢᠭᠦ ᠨᠢ ᠪᠠᠶ᠎ᠠ ᠶᠢᠨ ᠭᠦᠳᠡᠯᠮᠣᠷᠢ ᠳᠤ ᠬᠠᠷᠢᠶᠠᠯᠠᠭᠳᠠᠬᠤ ᠪᠠᠷ ᠪᠠᠷᠠᠬᠤ ᠦᠭᠡᠢ ᠣᠶᠣᠨ ᠤ ᠪᠣᠯᠪᠠᠰᠣᠷᠠᠯ ᠳᠤ ᠪᠠᠰᠨ ᠠᠭᠤᠯᠤᠭᠳᠠᠵᠥ ᠪᠠᠶᠢᠳᠠᠭ᠃ ᠭᠦᠳᠡᠯᠮᠣᠷᠢ ᠶᠢ ᠬᠠᠶᠢᠷᠠᠯᠠᠬᠤ ᠪᠣᠯ ᠭᠦᠮᠦᠨ ᠲᠦᠷᠦᠯᠭᠡᠳᠠᠨ ᠤ ᠬᠠᠮᠤᠭ ᠤᠨ ᠪᠣᠯᠪᠠᠰᠣᠨ ᠰᠣᠷᠳᠠᠯ ᠰᠢᠤ᠃ ᠠᠷᠢᠭᠤᠨ ᠴᠡᠪᠡᠷ ᠂ ᠬᠠᠯᠠᠭᠤᠨ ᠲᠣᠯᠠᠭᠠᠨ ᠣᠷᠴᠢᠨ ᠲᠣᠭᠤᠷᠢᠨ ᠳᠤ ᠭᠡᠣᠭᠡᠳ ᠪᠠᠶᠠᠷ ᠪᠠᠶᠠᠰᠣᠯ  ᠢᠶᠠᠷ ᠲᠦᠭᠦᠷᠡᠩ ᠪᠠᠶᠢᠳᠠᠭ ᠃ ᠪᠠᠶᠠᠷ ᠪᠠᠶᠠᠰᠣᠩᠭᠤᠢ ᠪᠠᠶᠢᠬᠤ ᠨᠢ ᠭᠡᠣᠭᠡᠳ ᠤᠨ ᠡᠷᠡᠭᠦᠯ ᠰᠠᠷᠠᠭᠤᠯ ᠦᠰᠦᠨ ᠪᠦᠢᠵᠢᠬᠤ ᠂ ᠠᠪᠢᠶᠠᠰ ᠪᠢᠯᠢᠭ ᠢ ᠨᠡᠭᠡᠭᠡᠭᠳᠡᠭᠦᠯᠭᠦ ᠂ ᠰᠣᠷᠣᠯᠴᠠᠬᠤ ᠣᠷᠮ᠎ᠠ ᠶᠢ ᠭᠦᠭᠵᠢᠬᠡᠭᠦ ᠳᠤ ᠴᠢᠬᠤᠯᠨ ᠰᠠᠭᠤᠷᠢ ᠪᠣᠯᠳᠠᠭ ᠶᠣᠮ᠃ ᠡᠳᠦᠭᠡ ᠠᠰᠠᠷ ᠭᠡᠷ ᠲᠤ ᠰᠠᠭᠤᠭᠰᠠᠨ ᠠᠶᠢᠯ ᠭᠡᠵᠥ ᠣᠰᠣ ᠲᠦᠯᠡᠭᠡ ᠨᠢ ᠪᠦᠷ ᠪᠠᠯᠠᠨ ᠪᠠᠶᠢᠵᠥ ᠂ ᠭᠡᠣᠭᠡᠳ ᠲᠤ ᠭᠦᠳᠡᠯᠮᠣᠷᠢᠯᠡᠭᠦ ᠵᠠᠪᠰᠢᠶᠠᠨ ᠴᠦᠭᠡᠨ ᠂ ᠢᠯᠡᠩᠭᠤᠶ᠎ᠠ ᠭᠦᠴᠢᠷ ᠪᠣᠳᠣᠯᠢᠶᠠᠠᠳᠠᠢ ᠠᠵᠢᠯ ᠭᠡᠵᠥ ᠦᠭᠡᠢ ᠂ ᠭᠡᠪᠡᠴᠤ ᠬᠤᠪᠴᠠᠰᠤ ᠬᠤᠨᠠᠷ ᠣᠭᠢᠶᠠᠬᠤ ᠂ ᠠᠶᠠᠭ᠎ᠠ ᠱᠠᠵᠠᠩ ᠣᠭᠢᠶᠠᠬᠤ ᠂ ᠭᠡᠷ ᠢᠶᠠᠨ ᠠᠷᠴᠢᠵᠥ ᠵᠦᠯᠭᠦᠭᠦ ᠮᠠᠳᠤ ᠶᠢᠨ ᠠᠵᠢᠯ ᠠᠬᠤᠢ ᠶᠢ ᠭᠡᠣᠭᠡᠳ ᠢᠶᠠᠷ ᠭᠢᠯᠭᠡᠵᠥ ᠪᠣᠯᠪᠠᠰᠣᠷᠠᠭᠤᠯᠬᠤ ᠴᠢᠬᠤᠯᠨ ᠲᠠᠢ ᠶᠣᠮ ᠃ ᠭᠡᠣᠭᠡᠳ ᠲᠤ ᠠᠯᠢᠪᠠ ᠪᠦᠭᠦᠨ ᠢ ᠪᠡᠯᠡᠳᠭᠡᠵᠥ ᠦᠭᠭᠦᠭᠡᠳ ᠪᠠᠶᠢᠪᠠᠯ ᠭᠦᠳᠡᠯᠮᠣᠷᠢ ᠠᠴᠠ ᠬᠤᠯᠠᠳᠠᠵᠥ ᠂ ᠡᠨᠡᠷᠢᠯ ᠬᠠᠶᠢᠷ᠎ᠠ ᠶᠢ ᠮᠡᠳᠡᠭᠦ ᠦᠭᠡᠢ ᠂ ᠠᠴᠢᠯᠠᠯ ᠲᠠᠯᠠᠷᠬᠠᠯ ᠢ ᠭᠦᠢᠴᠡᠳᠭᠡᠭᠦ ᠦᠭᠡᠢ ᠭᠦᠢᠳᠠᠨ ᠠᠮᠢᠳᠠᠨ ᠪᠣᠯᠣᠨ᠎ᠠ᠃ ︽ᠡᠷᠭᠡ ᠶᠢ ᠰᠣᠷᠬᠤ ᠪᠠᠷ ᠪᠡᠷᠭᠡ ᠶᠢ ᠰᠣᠷ︾ ᠭᠡᠳᠡᠭ ᠨᠢ ᠶᠣᠰᠣᠳᠠᠢ ᠣᠨᠣᠭᠠᠵᠥ ᠭᠡᠯᠡᠭᠰᠠᠨ ᠦᠭᠡ ᠪᠠᠶᠢᠨ᠎ᠠ᠃ ᠭᠦᠳᠡᠯᠮᠣᠷᠢ ᠠᠬᠤᠢ ᠪᠠᠷ ᠲᠠᠮᠵᠢᠵᠥ ᠭᠡᠣᠭᠡᠳ ᠲᠤ ᠪᠠᠨ ᠠᠮᠢᠳᠣᠷᠠᠯ ᠤᠨ ᠣᠬᠠᠭᠠᠨ ᠢ ᠡᠵᠡᠮᠰᠢᠭᠦᠯᠵᠥ ᠂ ᠭᠦᠳᠡᠯᠮᠣᠷᠢ ᠪᠣᠯ ᠵᠣᠯ ᠵᠢᠷᠭᠠᠯ  ᠢ ᠪᠦᠳᠦᠭᠡᠭᠦ ᠣᠷᠢᠳᠠᠯ ᠨᠦᠭᠦᠴᠠᠯ ᠪᠣᠯᠬᠤ ᠶᠢ ᠲᠠᠨᠢᠭᠤᠯᠵᠥ ᠂ ᠭᠡᠣᠭᠡᠳ ᠲᠤ ᠭᠡᠷ ᠪᠦᠯᠢ ᠳᠤ  ᠪᠠᠨ ᠶᠠᠮᠠᠷ ᠡᠭᠦᠷᠭᠡ ᠬᠠᠷᠢᠭᠤᠴᠠᠯᠭ᠎ᠠ ᠭᠦᠢᠴᠡᠳᠭᠡᠭᠦ ᠂ ᠦᠪᠡᠷ ᠤᠨ ᠪᠡᠶ᠎ᠡ ᠪᠠᠨ ᠬᠡᠷᠬᠢᠨ ᠲᠠᠭᠠᠭᠠᠬᠤ ᠴᠢᠳᠠᠪᠣᠷᠢ ᠶᠢ ᠣᠬᠠᠭᠠᠷᠠᠭᠤᠯᠵᠥ ᠮᠡᠳᠡᠭᠦᠯᠦᠭᠡᠷᠡᠢ᠃      ︽ᠭᠡᠷ︾   ᠲᠤ  ᠪᠠᠨ ᠪᠦᠭᠦ ᠰᠠᠳᠭᠡᠯ ᠢᠶᠠᠨ ᠂ ᠪᠦᠳᠦᠨ ᠵᠠᠶᠠᠭ᠎ᠠ ᠪᠠᠨ ᠂ ᠪᠦᠷᠢᠨ ᠬᠠᠷᠢᠭᠤᠴᠠᠯᠭ᠎ᠠ ᠪᠠᠨ ᠵᠣᠷᠢᠭᠤᠯᠣᠭᠠᠷᠠᠢ ︕
 
ᠢᠷᠡᠯᠲᠡ᠄ ᠲᠦᠩᠯᠢᠶᠤᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号