ᠴᠠᠭᠠᠨ ᠰᠠᠷ᠎ᠠ ᠶᠢᠨ ᠵᠣᠯᠭᠠᠯᠲᠠ ᠶᠢᠨ ᠶᠣᠰᠤᠨ
ᠨᠡᠶᠢᠲᠡᠯᠡᠭᠰᠡᠨ ᠴᠠᠭ᠄
2021/2/19
   ᠴᠠᠭᠠᠨ ᠰᠠᠷ᠎ᠠ ᠶᠢᠨ ᠵᠣᠯᠭᠠᠯᠲᠠ ᠶᠢᠨ ᠶᠣᠰᠤᠨ ᠪᠣᠯ ᠴᠠᠭᠠᠨ ᠰᠠᠷ᠎ᠠ ᠳᠤ ᠠᠭᠤᠯᠵᠠᠨ ᠮᠡᠨᠳᠦᠴᠢᠯᠡᠬᠦ ᠶᠣᠰᠤᠨ ᠢ ᠵᠢᠭᠠᠨ᠎ᠠ᠃ ᠡᠭᠦᠨ ᠳᠤ ᠬᠠᠳᠠᠭ ᠢᠶᠠᠷ ᠵᠣᠯᠭᠠᠬᠤ᠂ ᠬᠦᠬᠦᠷ ᠢᠶᠠᠷ ᠵᠣᠯᠭᠠᠬᠤ᠂ ᠳᠠᠯᠤ ᠮᠦᠷᠥ ᠪᠠᠷ ᠵᠣᠯᠭᠠᠬᠤ᠂ ᠪᠡᠯᠡᠭ ᠢᠶᠠᠷ ᠵᠣᠯᠭᠠᠬᠤ᠂ ᠰᠦᠭᠦᠷᠡᠵᠦ ᠵᠣᠯᠭᠠᠬᠤ ᠵᠡᠷᠭᠡ ᠪᠣᠢ᠃    ᠬᠠᠳᠠᠭ ᠢᠶᠠᠷ ᠵᠣᠯᠭᠠᠬᠤ— ᠬᠠᠳᠠᠭ ᠪᠠᠷᠢᠨ ᠮᠦᠷᠭᠦᠵᠦ ᠵᠣᠯᠭᠠᠳᠠᠭ ᠵᠠᠩᠰᠢᠯ᠃ ᠬᠡᠦᠬᠡᠳ ᠠᠴᠢ ᠨᠠᠷ ᠨᠢ ᠡᠪᠦᠭᠡ ᠡᠮᠡᠭᠡ᠂ ᠡᠴᠢᠭᠡ ᠡᠬᠡ ᠵᠡᠷᠭᠡ ᠠᠬᠠᠮᠠᠳ ᠨᠠᠰᠤᠲᠠᠳ ᠢᠶᠠᠨ ᠬᠦᠨᠳᠦᠳᠭᠡᠨ ᠰᠠᠭᠤᠯᠭᠠᠭᠰᠠᠨ ᠤ ᠳᠠᠷᠠᠭ᠎ᠠ᠂ ᠬᠠᠳᠠᠭ ᠭᠠᠷᠭᠠᠨ ᠬᠤᠶᠠᠷ ᠭᠠᠷ ᠢᠶᠠᠷ ᠢᠶᠠᠨ ᠳᠡᠯᠭᠡᠨ ᠪᠠᠷᠢᠭᠠᠳ ᠰᠦᠭᠦᠷᠡᠵᠦ ᠮᠦᠷᠭᠦᠨ᠎ᠡ᠃ ᠠᠬᠠᠮᠠᠳ ᠨᠠᠰᠤᠲᠠᠳ ᠨᠢ ᠴᠤ ᠬᠤᠭᠤᠰᠤᠨ ᠭᠠᠷ ᠢᠶᠠᠷ ᠪᠣᠰᠤᠳ ᠤᠨ ᠬᠠᠳᠠᠭ ᠢ ᠲᠣᠰᠤᠨ ᠠᠪᠳᠠᠭ ᠦᠭᠡᠢ ᠲᠤᠯᠠ ᠮᠦᠨ ᠬᠠᠳᠠᠭ ᠭᠠᠷᠭᠠᠨ ᠬᠤᠶᠠᠷ ᠭᠠᠷ ᠳᠡᠭᠡᠷ᠎ᠡ ᠪᠠᠨ ᠳᠡᠯᠭᠡᠨ ᠪᠠᠷᠢᠭᠰᠠᠨ ᠬᠡᠪ ᠢᠶᠠᠷ ᠪᠣᠰᠤᠳ ᠤᠨ ᠬᠠᠳᠠᠭ ᠢ ᠲᠣᠰᠤᠨ ᠠᠪᠳᠠᠭ᠃ ᠥᠶ᠎ᠡ ᠬᠤᠷᠠᠭ ᠤᠨ ᠬᠦᠮᠦᠰ ᠪᠣᠯ ᠬᠠᠷᠢᠯᠴᠠᠨ ᠬᠠᠳᠠᠭ ᠤᠨ ᠠᠮᠠ ᠪᠠᠨ ᠠᠭᠤᠯᠵᠠᠭᠤᠯᠤᠨ  ᠵᠣᠭᠰᠤᠭ᠎ᠠ ᠪᠠᠷ ᠢᠶᠠᠨ ᠵᠣᠯᠭᠠᠨ᠎ᠠ᠃ ᠡᠷ᠎ᠡ ᠡᠮ᠎ᠡ ᠬᠤᠶᠠᠭᠤᠯᠠ ᠬᠠᠷᠢᠯᠴᠠᠨ ᠵᠣᠯᠭᠠᠯᠲᠠ ᠬᠢᠳᠡᠭ ᠦᠭᠡᠢ᠃    ᠬᠦᠬᠦᠷ ᠢᠶᠠᠷ ᠵᠤᠯᠭᠠᠯᠬᠤ— ᠬᠠᠷᠢᠯᠴᠠᠨ ᠬᠦᠬᠦᠷ ᠪᠠᠷᠢᠵᠤ ᠵᠣᠯᠭᠠᠳᠠᠭ ᠵᠠᠩᠰᠢᠯ᠃ ᠵᠠᠯᠠᠭᠤ ᠪᠠᠭᠠᠴᠤᠳ᠂ ᠳᠡᠭᠦᠦ ᠨᠠᠷ ᠬᠦᠮᠦᠨ ᠠᠬᠠᠮᠠᠳ ᠨᠠᠰᠤᠲᠠᠨ ᠳᠠᠭᠠᠨ ᠰᠢᠨ᠎ᠡ ᠵᠢᠯ ᠤᠨ ᠠᠮᠤᠷ ᠠᠶᠢᠯᠠᠳᠬᠠᠭᠰᠠᠨ ᠤ ᠳᠠᠷᠠᠭ᠎ᠠ ᠬᠦᠬᠦᠷ ᠢᠶᠠᠨ ᠭᠠᠷᠭᠠᠨ ᠬᠤᠶᠠᠷ ᠭᠠᠷ ᠢᠶᠠᠷ ᠢᠶᠠᠨ ᠡᠷᠭᠦᠨ ᠪᠠᠷᠢᠨ᠎ᠠ᠃ ᠠᠬᠠᠮᠠᠳ ᠬᠦᠮᠦᠨ ᠴᠤ ᠥᠪᠡᠷ ᠤᠨ ᠬᠦᠬᠦᠷ ᠢᠶᠠᠨ ᠵᠦᠷᠢᠭᠦᠯᠦᠨ ᠬᠠᠷᠢᠭᠤ ᠪᠠᠷᠢᠨ᠎ᠠ᠃ ᠠᠬᠠᠮᠠᠳ ᠬᠦᠮᠦᠨ ᠤ ᠬᠦᠬᠦᠷ ᠢ ᠬᠢᠴᠢᠶᠡᠩᠭᠦᠶᠢᠯᠡᠨ ᠲᠤᠰᠴᠤ ᠠᠪᠤᠭᠠᠳ ᠮᠠᠩᠨᠠᠢ ᠳᠡᠭᠡᠷ᠎ᠡ ᠪᠠᠨ ᠠᠳᠢᠰᠯᠠᠭᠠᠳ ᠡᠭᠡᠭᠦᠯᠦᠨ ᠪᠠᠷᠢᠳᠠᠭ᠃ ᠥᠶ᠎ᠡ ᠬᠤᠷᠠᠭ ᠤᠨ ᠬᠦᠮᠦᠰ ᠪᠣᠯ ᠵᠤᠭᠰᠤᠭᠰᠠᠨ ᠶᠤᠰᠤᠭᠠᠷ ᠢᠶᠠᠨ ᠬᠦᠬᠦᠷ ᠢᠶᠠᠨ ᠲᠤᠯᠭᠠᠨ ᠰᠤᠯᠢᠯᠴᠠᠵᠤ ︽ᠰᠠᠶᠢᠨ ᠰᠢᠨᠡᠯᠡᠪᠡᠦ ᠤᠤ︖︾ ᠭᠡᠵᠦ ᠬᠠᠷᠢᠯᠴᠠᠨ ᠠᠰᠠᠭᠤᠯᠴᠠᠨ ᠵᠣᠯᠭᠠᠨ᠎ᠠ᠃ ᠨᠡᠷ᠎ᠡ ᠬᠦᠨᠳᠦᠲᠦ ᠬᠦᠮᠦᠰ ᠪᠣᠶᠤ ᠦᠨᠳᠦᠷ ᠨᠠᠰᠤᠲᠠᠨ ᠲᠠᠢ ᠬᠦᠬᠦᠷ ᠰᠣᠯᠢᠯᠴᠠᠭᠰᠠᠨ ᠤ  ᠪᠠᠨ ᠳᠠᠷᠠᠭ᠎ᠠ ᠬᠦᠨᠳᠦᠳᠭᠡᠯ ᠳᠠᠭᠤᠳᠠᠯᠭ᠎ᠠ ᠪᠠᠷ ᠨᠢ ᠳᠠᠭᠤᠳᠠᠨ ᠮᠦᠷᠭᠦᠨ ᠶᠣᠰᠤᠯᠠᠵᠤ ᠢᠷᠦᠭᠡᠯ ᠢ ᠨᠢ ᠬᠦᠷᠲᠡᠳᠡᠭ᠃    ᠳᠠᠯᠤ ᠮᠦᠷᠥ ᠪᠠᠷ ᠵᠣᠯᠭᠠᠬᠤ— ᠥᠶ᠎ᠡ ᠬᠤᠷᠠᠭ ᠤᠨ ᠬᠦᠮᠦᠰ ᠠᠭᠤᠯᠵᠠᠬᠤ ᠳᠠᠭᠠᠨ ᠬᠠᠷᠢᠯᠴᠠᠨ ᠲᠡᠪᠡᠷᠢᠯᠴᠡᠨ ᠬᠤᠶᠠᠷ ᠭᠠᠷ ᠢᠶᠠᠷ ᠨᠦᠬᠦᠭᠡ ᠬᠦᠮᠦᠨ ᠤ ᠪᠠᠨ ᠳᠠᠯᠤ ᠶᠢ ᠱᠦᠷᠭᠦᠭᠡᠵᠦ ᠵᠣᠯᠭᠠᠳᠠᠭ ᠵᠠᠩᠰᠢᠯ ᠢ ᠬᠡᠯᠡᠨ᠎ᠡ᠃    ᠪᠡᠯᠡᠭ ᠢᠶᠠᠷ ᠵᠣᠯᠭᠠᠬᠤ— ᠴᠠᠭᠠᠨ ᠰᠠᠷ᠎ᠠ ᠳᠤ ᠨᠢᠭᠤᠷ ᠠᠭᠤᠯᠵᠠᠨ ᠵᠣᠯᠭᠠᠵᠤ ᠴᠢᠳᠠᠬᠤ ᠦᠭᠡᠢ ᠬᠦᠮᠦᠰ ᠪᠣᠰᠤᠳ ᠢᠶᠠᠷ ᠶᠠᠮᠠᠷ ᠨᠢᠭᠡᠨ ᠵᠦᠢᠯ ᠤᠨ ᠥᠴᠦᠬᠡᠨ ᠪᠡᠯᠡᠭ ᠳᠠᠮᠵᠢᠭᠤᠯᠤᠨ ᠬᠦᠷᠭᠡᠵᠦ ᠰᠢᠨ᠎ᠡ ᠵᠢᠯ ᠤᠨ ᠵᠣᠯᠭᠠᠯᠲᠠ ᠪᠣᠯᠭᠠᠳᠠᠭ ᠵᠠᠩᠰᠢᠯ᠃    ᠰᠦᠭᠦᠷᠡᠵᠦ ᠵᠣᠯᠭᠠᠬᠤ— ᠠᠬᠠᠮᠠᠳ ᠭᠦᠮᠦᠨ ᠲᠠᠢ ᠠᠭᠤᠯᠵᠠᠬᠤ ᠳᠠᠭᠠᠨ ᠬᠤᠶᠠᠷ ᠭᠠᠷ ᠢᠶᠠᠨ ᠪᠠᠷᠠᠭᠤᠨ ᠡᠪᠦᠳᠦᠭ ᠳᠡᠭᠡᠷ᠎ᠡ ᠪᠠᠨ ᠲᠠᠯᠪᠢᠨ ᠪᠠᠷᠠᠭᠤᠨ ᠡᠪᠦᠳᠦᠭ ᠢᠶᠠᠨ ᠪᠣᠰᠬᠠᠨ ᠵᠡᠭᠦᠨ ᠡᠪᠦᠳᠦᠭ ᠢᠶᠠᠨ ᠭᠠᠵᠠᠷ ᠲᠤᠯᠭᠠᠨ ᠲᠣᠯᠤᠭᠠᠢ ᠪᠠᠨ ᠪᠦᠬᠦᠶᠢᠰᠭᠢᠵᠦ᠄ ︽ᠪᠡᠶ᠎ᠡ ᠠᠮᠤᠷᠬᠠᠨ ᠤᠤ︖︾᠂ ︽ᠠᠮᠤᠷ ᠰᠠᠶᠢᠨ ᠰᠢᠨᠡᠯᠡᠪᠡᠦ ᠤᠤ︖︾ ᠭᠡᠵᠦ ᠠᠮᠤᠷ ᠠᠰᠠᠭᠤᠳᠠᠭ ᠵᠠᠩᠰᠢᠯ ᠢ ᠬᠡᠯᠡᠨ᠎ᠡ᠃
 
ᠢᠷᠡᠯᠲᠡ᠄ ᠰᠠᠭᠤᠭᠳᠠᠯᠲᠤ ᠬᠦᠷᠢᠶ᠎ᠡ ᠸᠢᠴᠠᠲ ᠲᠠᠪᠴᠠᠩ ᠤᠨ ᠮᠣᠩᠭᠤᠯ ᠬᠡᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号